ᠥᠭᠦᠯᠡᠯ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠥᠭᠦᠯᠡᠯ (ᠰᠲ᠋ᠠᠲ᠋ᠢᠶ᠎ᠠ᠃ Article). ᠣᠷᠣᠨ ᠵᠠᠢ᠂ ᠴᠠᠭ ᠬᠤᠭᠤᠴᠠᠭᠠᠨ ᠤ ᠥᠷᠭᠡᠨ ᠬᠦᠷᠢᠶᠡᠨ ᠳᠦ ᠰᠣᠩᠭᠣᠵᠤ ᠠᠪᠤᠭᠰᠠᠨ ᠪᠠᠷᠢᠮᠲᠠ ᠳᠤ ᠭᠦᠨᠵᠡᠭᠡᠢ ᠳᠦᠩ ᠰᠢᠨᠵᠢᠯᠡᠭᠡ ᠬᠢᠵᠦ᠂ ᠲᠡᠭᠦᠨ ᠦ ᠤᠴᠢᠷ ᠰᠢᠯᠲᠠᠭᠠᠨ ᠢ ᠭᠠᠷᠭᠠᠬᠤ ᠵᠠᠮ ᠢᠶᠠᠷ ᠦᠨᠡᠯᠡᠯᠲᠡ ᠥᠭᠴᠦ᠂ ᠳ᠋ᠦᠩᠨᠡᠯᠲᠡ ᠬᠢᠳᠡᠭ ᠰᠢᠨᠵᠢᠯᠡᠯ ᠳᠦ ᠪᠢᠴᠢᠯᠭᠡ ᠶᠢᠨ ᠲᠥᠷᠥᠯ ᠢ ᠥᠭᠦᠯᠡᠯ ᠭᠡᠵᠦ ᠨᠡᠷᠡᠯᠡᠳᠡᠭ᠃ ᠥᠭᠦᠯᠡᠯ ᠪᠣᠯ ᠨᠡᠶᠢᠲᠡᠯᠡᠯ ᠦᠨ ᠲᠥᠷᠥᠯ ᠵᠦᠢᠯ ᠦᠨ ᠳᠣᠲᠣᠷ᠎ᠠ ᠠᠴᠠ ᠰᠡᠳᠦᠪ ᠦᠨ ᠬᠠᠮᠤᠷᠬᠤ ᠬᠦᠷᠢᠶ᠎ᠡ ᠬᠠᠮᠤᠭ ᠤᠨ ᠥᠷᠭᠡᠨ᠂ ᠮᠡᠳᠡᠭᠡᠯᠡᠯ ᠦᠨ ᠪᠠᠭᠲᠠᠭᠠᠮᠵᠢ ᠰᠠᠶᠢᠲᠠᠢ᠂ ᠲᠠᠨᠢᠨ ᠮᠡᠳᠡᠬᠦᠢ ᠶᠢᠨ ᠠᠴᠢ ᠬᠣᠯᠪᠣᠭᠳᠠᠯ ᠥᠨᠳᠥᠷ ᠲᠥᠷᠥᠯ ᠵᠦᠢᠯ ᠪᠥᠭᠡᠳ ᠭᠣᠣᠯ ᠵᠣᠷᠢᠯᠭ᠎ᠠ ᠨᠢ ᠨᠡᠶᠢᠭᠡᠮ ᠤᠨ ᠠᠮᠢᠳᠤᠷᠠᠯ ᠤᠨ ᠪᠠᠷᠢᠮᠲᠠ᠂ ᠦᠢᠯᠡ ᠶᠠᠪᠤᠳᠠᠯ ᠢ ᠰᠢᠨᠵᠢᠯᠡᠨ ᠰᠤᠳᠤᠯᠬᠤ᠂ ᠨᠢᠭᠡᠳᠬᠡᠨ ᠳ᠋ᠦᠩᠨᠡᠬᠦ ᠳᠦ ᠣᠷᠣᠰᠢᠨ᠎ᠠ᠃ ᠥᠭᠦᠯᠡᠯ ᠦᠨ ᠠᠮᠢᠨ ᠰᠦᠨᠡᠰᠦ ᠨᠢ ᠪᠠᠷᠢᠮᠲᠠ᠂ ᠪᠠᠷᠢᠮᠲᠠ ᠶᠢᠨ ᠨᠡᠶᠢᠯᠡᠪᠦᠷᠢ ᠴᠣᠭᠴᠠ ᠪᠠᠶᠢᠳᠠᠭ᠃ ᠥᠭᠡᠷ᠎ᠡ ᠪᠡᠷ ᠬᠡᠯᠡᠪᠡᠯ᠂ ᠪᠠᠷᠢᠮᠲᠠ ᠲᠤᠰᠬᠠᠵᠤ ᠪᠤᠢ ᠠᠰᠠᠭᠤᠳᠠᠯ ᠤᠨ ᠦᠨᠳᠦᠰᠦ ᠰᠠᠭᠤᠷᠢ ᠶᠢ ᠪᠦᠷᠢᠳᠦᠭᠦᠯᠵᠦ᠂ ᠵᠣᠬᠢᠶᠠᠭᠴᠢ ᠶᠢᠨ ᠭᠠᠷᠭᠠᠬᠤ ᠤᠳᠬ᠎ᠠ ᠰᠠᠨᠠᠭᠠᠨ ᠤ 《ᠬᠡᠯᠬᠢᠶᠡᠰᠦ》 ᠪᠣᠯᠳᠠᠭ᠃ ᠵᠣᠬᠢᠶᠠᠭᠴᠢ ᠲᠣᠳᠣᠷᠬᠠᠢ ᠨᠢᠭᠡ ᠪᠠᠷᠢᠮᠲᠠ ᠶᠢᠨ ᠲᠠᠯ᠎ᠠ ᠪᠠᠷ ᠵᠥᠪᠬᠡᠨ ᠳᠦᠲᠦᠨᠡᠬᠦ ᠲᠡᠳᠦᠢ ᠦᠭᠡᠢ ᠤᠩᠰᠢᠭᠴᠢᠳ ᠢ ᠶᠠᠮᠠᠷ ᠨᠢᠭᠡ ᠦᠵᠡᠯ ᠪᠣᠳᠣᠯ᠂ ᠤᠳᠬ᠎ᠠ ᠰᠠᠨᠠᠭᠠᠨ ᠤ ᠵᠥᠪ ᠪᠤᠷᠤᠭᠤ ᠳᠤ ᠢᠲᠡᠭᠡᠭᠦᠯᠦᠨ ᠦᠨᠡᠮᠰᠢᠭᠦᠯᠬᠦ ᠦᠨᠳᠦᠰᠦᠯᠡᠯ ᠪᠣᠯᠬᠤ ᠣᠨᠴᠠᠯᠢᠭ ᠲᠠᠢ ᠶᠤᠮ᠃ ᠲᠡᠶᠢᠮᠦ ᠡᠴᠡ ᠪᠠᠷᠢᠮᠲᠠ ᠨᠢ ᠵᠣᠬᠢᠶᠠᠭᠴᠢ ᠶᠢᠨ ᠰᠠᠨᠠᠭ᠎ᠠ ᠪᠣᠳᠣᠯ ᠢ ᠬᠥᠭᠵᠢᠭᠦᠯᠬᠦ ᠳᠤ ᠡᠬᠢᠯᠡᠬᠦ ᠴᠡᠭ ᠨᠢ ᠪᠣᠯᠵᠤ᠂ ᠲᠡᠭᠦᠨ ᠢ 《ᠪᠡᠬᠢᠵᠢᠭᠦᠯᠵᠦ》 ᠥᠭᠳᠡᠭ᠃ 《ᠥᠭᠦᠯᠡᠯ ᠬᠡᠮᠵᠢᠶᠡᠨ ᠦ ᠬᠤᠪᠢ ᠳᠤ ᠲᠣᠮᠣ᠂ ᠠᠭᠤᠯᠭ᠎ᠠ ᠶᠢᠨ ᠬᠤᠪᠢ ᠳᠤ ᠭᠦᠨᠵᠡᠭᠡᠢ ᠪᠠᠶᠢᠳᠠᠭ ᠢᠶᠠᠷ ᠢᠶᠠᠨ ᠨᠡᠶᠢᠲᠡᠯᠡᠯ ᠦᠨ ᠬᠠᠮᠤᠭ ᠤᠨ ᠲᠣᠮᠣ ᠵᠦᠢᠯ ᠦᠨ ᠨᠢᠭᠡᠨ ᠳᠦ ᠣᠷᠣᠳᠠᠭ᠃ ᠰᠣᠨᠢᠨ ᠤ ᠪᠢᠴᠢᠯᠭᠡ ᠶᠢᠨ ᠶᠡᠬᠡᠩᠬᠢ ᠵᠦᠢᠯ ᠦᠢᠯᠡ ᠶᠠᠪᠤᠳᠠᠯ ᠳᠤ ᠳᠦᠩ ᠰᠢᠨᠵᠢᠯᠡᠭᠡ ᠬᠢᠬᠦ ᠳᠦ ᠪᠡᠨ ᠮᠡᠳᠡᠭᠡᠯᠡᠬᠦ ᠠᠷᠭ᠎ᠠ ᠶᠢ ᠭᠣᠣᠯᠴᠢᠯᠠᠳᠠᠭ ᠪᠣᠯ ᠥᠭᠦᠯᠡᠯ ᠦᠢᠯᠡ ᠶᠠᠪᠤᠳᠠᠯ ᠢ ᠪᠠᠷᠢᠮᠲᠠ ᠪᠣᠯᠭᠠᠨ ᠠᠪᠴᠤ ᠲᠡᠭᠦᠨ ᠳᠡᠭᠡᠷ᠎ᠡ ᠪᠡᠨ ᠲᠤᠯᠭᠠᠭᠤᠷᠢᠯᠠᠨ ᠨᠥᠬᠥᠴᠡᠯ ᠪᠠᠶᠢᠳᠠᠯ ᠢ ᠨᠠᠷᠢᠪᠴᠢᠯᠠᠨ ᠠᠪᠴᠤ ᠦᠵᠡᠭᠡᠳ ᠨᠣᠴᠢᠲᠠᠢ ᠦᠨᠡᠯᠡᠯᠲᠡ ᠳ᠋ᠦᠩᠨᠡᠯᠲᠡ ᠬᠢᠵᠦ᠂ ᠤᠭ ᠪᠠᠷᠢᠮᠲᠠ ᠶᠢᠨ ᠨᠡᠶᠢᠭᠡᠮ ᠤᠨ ᠠᠴᠢ ᠬᠣᠯᠪᠣᠭᠳᠠᠯ ᠢ ᠲᠣᠳᠣᠳᠬᠠᠨ ᠭᠠᠷᠭᠠᠵᠤ ᠢᠷᠡᠳᠡᠭ》 (56.77). ᠥᠭᠦᠯᠡᠯ ᠮᠡᠳᠡᠭᠡᠯᠡᠯ ᠦᠨ ᠪᠢᠴᠢᠯᠭᠡ ᠶᠢᠨ ᠲᠥᠷᠥᠯ ᠰᠢᠭ ᠦᠢᠯᠡ ᠶᠠᠪᠤᠳᠠᠯ ᠢ ᠲᠠᠶᠢᠯᠤᠩᠨᠠᠬᠤ᠂ ᠨᠡᠶᠢᠲᠡᠯᠡᠯ ᠦᠷᠠᠨ ᠰᠠᠶᠢᠬᠠᠨ ᠤ ᠪᠢᠴᠢᠯᠭᠡ ᠶᠢᠨ ᠲᠥᠷᠥᠯ ᠰᠢᠭ ᠰᠡᠳᠦᠪ ᠢ ᠤᠷᠠᠨ ᠰᠠᠶᠢᠬᠠᠨ ᠤ ᠠᠷᠭ᠎ᠠ ᠪᠠᠷ ᠪᠣᠯᠪᠠᠰᠤᠷᠠᠭᠤᠯᠬᠤ ᠪᠢᠰᠢ ᠨᠡᠶᠢᠭᠡᠮ ᠤᠨ ᠰᠤᠳᠤᠯᠭ᠎ᠠ ᠷᠤ ᠭᠦᠨᠵᠡᠭᠡᠢ ᠬᠠᠨᠳᠤᠵᠤ᠂ ᠬᠦᠮᠦᠰ ᠢ ᠲᠣᠳᠣᠷᠬᠠᠢ ᠦᠢᠯᠡ ᠠᠵᠢᠯᠯᠠᠭᠠᠨ ᠳᠤ ᠤᠷᠢᠶᠠᠯᠠᠨ ᠳᠠᠭᠤᠳᠠᠭᠰᠠᠨ᠂ ᠲᠤᠬᠠᠢ ᠶᠢᠨ ᠠᠰᠠᠭᠤᠳᠠᠯ ᠤᠨ ᠲᠠᠯ᠎ᠠ ᠪᠠᠷ ᠡᠷᠭᠢᠴᠡᠭᠦᠯᠦᠨ ᠪᠣᠳᠣᠬᠤ ᠳᠤ ᠨᠦᠯᠦᠭᠡᠯᠡᠬᠦ ᠰᠢᠨᠵᠢ ᠲᠡᠢ ᠪᠠᠶᠢᠳᠠᠭ᠃ ᠥᠭᠦᠯᠡᠯ ᠦᠨ ᠵᠣᠬᠢᠶᠠᠮᠵᠢ ᠨᠢ ᠯᠣᠭᠢᠭ ᠬᠣᠯᠪᠣᠭ᠎ᠠ ᠰᠠᠶᠢᠲᠠᠢ᠂ ᠤᠳᠬ᠎ᠠ ᠰᠠᠨᠠᠭ᠎ᠠ᠂ ᠪᠠᠷᠢᠮᠲᠠ ᠨᠤᠭᠤᠳ ᠤᠨ ᠬᠣᠭᠣᠷᠣᠨᠳᠣᠬᠢ ᠬᠣᠯᠪᠣᠭ᠎ᠠ ᠪᠠᠲᠤ ᠪᠥᠬᠡ᠂ ᠵᠥᠪᠬᠡᠨ ᠨᠡᠶᠢᠲᠡᠯᠡᠯ ᠦᠨ ᠥᠩᠭᠡ ᠠᠶᠠᠰ ᠢᠶᠠᠷ ᠪᠢᠴᠢᠭᠳᠡᠳᠡᠭ ᠢᠶᠡᠷ ᠢᠶᠡᠨ ᠪᠤᠰᠤᠳ ᠲᠥᠷᠥᠯ ᠵᠦᠢᠯ ᠦᠳ ᠡᠴᠡ ᠶᠡᠬᠡᠬᠡᠨ ᠢᠯᠭᠠᠭ᠎ᠠ ᠲᠠᠢ ᠶᠤᠮ᠃ ᠥᠭᠦᠯᠡᠯ ᠦᠨ ᠪᠦᠲᠦᠴᠡ ᠵᠣᠬᠢᠶᠠᠮᠵᠢ ᠶᠢᠨ ᠨᠢᠭᠡ ᠭᠣᠣᠯ ᠣᠨᠴᠠᠯᠢᠭ ᠰᠢᠨᠵᠢ ᠨᠢ ᠨᠡᠶᠢᠭᠡᠮ ᠤᠨ ᠠᠮᠢᠳᠤᠷᠠᠯ ᠤᠨ ᠴᠢᠬᠤᠯᠠ ᠠᠰᠠᠭᠤᠳᠠᠯ ᠢ ᠥᠷᠭᠡᠨ ᠬᠦᠷᠢᠶᠡᠨ ᠳᠦ ᠲᠤᠰᠬᠠᠬᠤ᠂ ᠭᠦᠨᠵᠡᠭᠡᠢ ᠰᠤᠳᠤᠯᠬᠤ ᠨᠡᠶᠢᠲᠡᠯᠡᠯ ᠦᠨ ᠴᠢᠬᠤᠯᠠ ᠬᠡᠯᠪᠡᠷᠢ ᠪᠣᠯᠬᠤ ᠶᠢᠨ ᠬᠠᠮᠲᠤ ᠤᠩᠰᠢᠭᠴᠢᠳ ᠲᠤ ᠠᠰᠠᠭᠤᠳᠠᠯ ᠤᠨ ᠭᠣᠣᠯ ᠰᠠᠨᠠᠭ᠎ᠠ᠂ ᠤᠳᠬ᠎ᠠ ᠤᠴᠢᠷ ᠢ ᠲᠣᠳᠣᠷᠬᠠᠢ ᠪᠠᠷᠢᠮᠲᠠ᠂ ᠳ᠋ᠦᠩᠨᠡᠯᠲᠡ᠂ ᠦᠨᠳᠦᠰᠦᠯᠡᠯ ᠳᠦ ᠲᠤᠯᠭᠠᠭᠤᠷᠢᠯᠠᠨ ᠬᠦᠷᠭᠡᠬᠦ ᠳᠦ ᠣᠷᠣᠰᠢᠨ᠎ᠠ᠃ ᠥᠭᠦᠯᠡᠯ ᠳᠦ ᠵᠣᠬᠢᠶᠠᠭᠴᠢ ᠦᠨᠡᠨ ᠪᠣᠳᠠᠲᠠᠢ ᠪᠠᠷᠢᠮᠲᠠ ᠶᠢ ᠵᠠᠳᠠᠯᠤᠨ ᠰᠢᠨᠵᠢᠯᠡᠵᠦ᠂ ᠨᠢᠭᠡᠳᠬᠡᠨ ᠳ᠋ᠦᠩᠨᠡᠵᠦ᠂ ᠯᠣᠭᠢᠭ ᠳᠠᠷᠠᠭᠠᠯᠠᠯ ᠤᠨ ᠳᠠᠭᠠᠤ ᠥᠭᠦᠯᠡᠬᠦ ᠵᠠᠮ ᠢᠶᠠᠷ ᠲᠣᠳᠣᠷᠬᠠᠢ ᠨᠢᠭᠡ ᠤᠳᠬ᠎ᠠ ᠰᠠᠨᠠᠭ᠎ᠠ ᠶᠢ ᠭᠦᠨᠵᠡᠭᠡᠶᠢᠷᠡᠭᠦᠯᠦᠨ ᠬᠥᠭᠵᠢᠭᠦᠯᠵᠦ᠂ ᠲᠠᠶᠢᠯᠪᠤᠷᠢᠯᠠᠨ ᠲᠠᠨᠢᠭᠤᠯᠬᠤ ᠵᠣᠷᠢᠯᠭ᠎ᠠ ᠲᠠᠯᠪᠢᠳᠠᠭ᠃ ᠥᠭᠦᠯᠡᠯ ᠢ ᠵᠣᠬᠢᠶᠠᠭᠴᠢ ᠶᠢᠨ ᠡᠮᠦᠨ᠎ᠡ ᠪᠡᠨ ᠲᠠᠯᠪᠢᠭᠰᠠᠨ ᠵᠣᠷᠢᠯᠭ᠎ᠠ᠂ ᠪᠢᠴᠢᠯᠭᠡ ᠶᠢᠨ ᠠᠷᠭ᠎ᠠ ᠶᠢᠨ ᠬᠤᠪᠢ ᠳᠤ ᠷᠧᠳᠠᠺᠼᠢ ᠶᠢᠨ᠂ ᠰᠤᠷᠲᠠᠯᠴᠢᠯᠠᠭᠠᠨ ᠤ᠂ ᠰᠢᠨᠵᠢᠯᠡᠬᠦ ᠤᠬᠠᠭᠠᠨ ᠤ᠂ ᠠᠰᠠᠭᠤᠳᠠᠯ ᠳᠡᠪᠰᠢᠭᠦᠯᠦᠭᠰᠡᠨ᠂ ᠲᠠᠶᠢᠯᠪᠤᠷᠢ᠂ ᠥᠭᠦᠯᠡᠯ ᠡᠷᠭᠢᠴᠡᠭᠦᠯᠦᠯ ᠭᠡᠵᠦ ᠠᠩᠭᠢᠯᠠᠵᠤ ᠪᠣᠯᠤᠨ᠎ᠠ᠃ ᠥᠭᠦᠯᠡᠯ ᠦᠨ ᠴᠢᠨᠠᠷ᠂ ᠠᠴᠢ ᠬᠣᠯᠪᠣᠭᠳᠠᠯ᠂ ᠦᠨ᠎ᠡ ᠴᠡᠨ᠎ᠡ ᠨᠢ ᠰᠡᠳᠦᠪ ᠢᠶᠡᠨ ᠵᠥᠪ ᠰᠤᠩᠭᠤᠬᠤ᠂ ᠣᠨᠣᠪᠴᠢᠲᠠᠢ ᠪᠦᠲᠦᠴᠡ ᠵᠣᠬᠢᠶᠠᠮᠵᠢ ᠬᠢᠬᠦ᠂ ᠵᠥᠪ ᠨᠠᠶᠢᠷᠠᠭᠤᠯᠤᠨ ᠪᠢᠴᠢᠬᠦ᠂ ᠪᠠᠷᠢᠮᠲᠠ ᠨᠤᠭᠤᠳ ᠢ ᠣᠨᠣᠪᠴᠢᠲᠠᠢ ᠵᠠᠳᠠᠯᠤᠨ ᠰᠢᠨᠵᠢᠯᠡᠵᠦ᠂ ᠦᠨᠳᠦᠰᠦᠯᠡᠯ ᠰᠠᠶᠢᠲᠠᠢ ᠦᠨᠡᠯᠡᠯᠲᠡ ᠥᠭᠴᠦ᠂ ᠳ᠋ᠦᠩᠨᠡᠯᠲᠡ ᠬᠢᠬᠦ ᠦᠢᠯᠡ ᠠᠵᠢᠯᠯᠠᠭᠠᠨ ᠠᠴᠠ ᠰᠢᠭᠤᠳ ᠰᠢᠯᠲᠠᠭᠠᠯᠠᠳᠠᠭ᠃ ᠡᠨᠡ ᠪᠣᠯ ᠥᠭᠦᠯᠡᠯ ᠪᠢᠴᠢᠭᠴᠢ ᠶᠢᠨ ᠤᠷ᠎ᠠ ᠴᠢᠳᠠᠪᠤᠷᠢ ᠲᠠᠢ ᠬᠣᠯᠪᠣᠭ᠎ᠠ ᠲᠠᠢ ᠶᠤᠮ᠃ ᠤᠷ᠎ᠠ ᠴᠢᠳᠠᠪᠤᠷᠢ ᠭᠡᠳᠡᠭ ᠪᠣᠯ ᠠᠯᠢ ᠨᠢᠭᠡ ᠦᠢᠯᠡ ᠶᠠᠪᠤᠳᠠᠯ᠂ ᠦᠵᠡᠭᠳᠡᠯ  ᠦᠨ ᠮᠥᠨ ᠴᠢᠨᠠᠷ᠂ ᠠᠯᠢ ᠨᠢᠭᠡ ᠤᠳᠬ᠎ᠠ ᠰᠠᠨᠠᠭᠠᠨ ᠤ ᠵᠥᠪ ᠪᠤᠶᠤ ᠪᠤᠷᠤᠭᠤ ᠶᠢ ᠤᠩᠰᠢᠭᠴᠢᠳ ᠲᠤ ᠲᠣᠪᠴᠢ᠂ ᠲᠣᠳᠣᠷᠬᠠᠢ ᠦᠵᠡᠭᠦᠯᠬᠦ᠂ ᠲᠡᠭᠦᠨ ᠳᠦ ᠤᠩᠰᠢᠭᠴᠢᠳ ᠢ ᠦᠨᠡᠮᠰᠢᠭᠦᠯᠦᠨ ᠢᠳᠡᠪᠬᠢᠵᠢᠭᠦᠯᠬᠦ ᠴᠢᠳᠠᠪᠤᠷᠢ ᠮᠥᠨ᠃ ᠡᠨᠡ ᠪᠣᠯ ᠥᠭᠦᠯᠡᠯ ᠰᠡᠳᠬᠦᠯᠴᠢ ᠡᠴᠡ ᠢᠮᠠᠭᠲᠠ ᠥᠨᠳᠥᠷ ᠤᠷ᠎ᠠ ᠴᠢᠳᠠᠪᠤᠷᠢ ᠱᠠᠭᠠᠷᠳᠠᠳᠠᠭ ᠭᠡᠰᠡᠨ ᠦᠭᠡ ᠶᠤᠮ᠃

http://wiki.uhaan.com/index.php?title=ᠥᠭᠦᠯᠡᠯ&oldid=331689》 ᠍  ᠡᠴᠡ ᠠᠪᠤᠭᠰᠠᠨ

ᠪᠢᠴᠢᠭᠡᠰᠦ