ᠥᠪᠦᠷᠬᠠᠩᠭᠠᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «ᠥᠪᠦᠷᠬᠠᠩᠭᠠᠢ ᠠᠶᠢᠮᠠᠭ» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ
ᠥᠪᠦᠷᠬᠠᠩᠭᠠᠢ ᠠᠶᠢᠮᠠᠭ
—  ᠠᠶᠢᠮᠠᠭ  —
 ᠨᠤᠲᠤᠭ ᠤᠨ ᠤᠳᠤᠷᠢᠳᠤᠯᠭ᠎ᠠ ᠶᠢᠨ ᠣᠷᠳᠣᠨ

ᠰᠦᠯᠳᠡ ᠲᠤᠭ

ᠰᠦᠯᠳᠡ ᠲᠡᠮᠳᠡᠭ
ᠮᠣᠩᠭᠣᠯ ᠣᠷᠣᠨ ᠳᠠᠬᠢ ᠥᠪᠦᠷᠬᠠᠩᠭᠠᠢ ᠠᠶᠢᠮᠠᠭ
ᠤᠯᠤᠰ Flag of Mongolia.svg ᠮᠣᠩᠭᠣᠯ
ᠠᠶᠢᠮᠠᠭ ᠥᠪᠦᠷᠬᠠᠩᠭᠠᠢ
ᠰᠤᠮᠤ (19) (ᠰᠤᠮᠤ ᠳᠤ ᠬᠡᠰᠡᠭ ᠷᠦᠦ)
ᠠᠶᠢᠮᠠᠭ ᠤᠨ ᠲᠥᠪ ᠠᠷᠪᠠᠶᠢᠬᠡᠭᠡᠷ᠎ᠡ
1931ᠤᠨ ᠠᠶᠢᠮᠠᠭ ᠡᠭᠦᠰᠦᠭᠰᠡᠨ
ᠭᠠᠵᠠᠷ ᠨᠤᠲᠤᠭ 62,895.33 ᠺᠦᠸᠠᠳ᠋ ᠺᠢᠯᠣᠮᠧᠲ᠋ᠷ
ᠬᠦᠮᠦᠨ ᠠᠮᠠ (ᠲᠣᠭᠠᠯᠠᠯ) 2010 ᠤᠨ ᠳᠤ 101,314 ᠬᠦᠮᠦᠨ
ᠬᠦᠮᠦᠨ ᠠᠮᠠ (ᠲᠣᠭᠠᠴᠠ᠃) 2011 ᠤᠨ ᠳᠤ 112,224 ᠬᠦᠮᠦᠨ
 ᠨᠢᠭᠲᠠᠴᠠ ᠰᠡᠶᠢᠷᠡᠭ 1.78 ᠬᠦᠮᠦᠨ/км²
ᠠᠷᠠᠳ ᠲᠦᠮᠡᠨ ᠦᠨᠳᠦᠰᠦᠨ ᠳᠦ ᠪᠡᠨ ᠮᠣᠩᠭᠣᠯ
ᠴᠤᠭᠭᠠᠷ ᠢᠶᠠᠨ ᠥᠪᠦᠷᠬᠠᠩᠭᠠᠢ ᠶᠢᠨ ᠬᠢᠨ
ᠵᠠᠰᠠᠭ ᠳᠠᠷᠤᠭ᠎ᠠ ᠳᠤᠯᠮᠠᠳᠣᠷᠵᠢ ᠶᠢᠨ
ᠲᠣᠭᠲᠠᠬᠤᠰᠦ᠋ᠷᠦᠩ (МАН)
ᠴᠠᠭ ᠤᠨ ᠪᠥᠰᠡ ᠤᠯᠠᠭᠠᠨᠪᠠᠭᠠᠲᠤᠷ ᠤᠨ ᠴᠠᠭ (GMT+8)

ᠥᠪᠦᠷᠬᠠᠩᠭᠠᠢᠮᠣᠩᠭᠣᠯ ᠤᠯᠤᠰ ᠍ ᠤᠨ ᠠᠶᠢᠮᠠᠭ᠃ 1931 ᠤᠨ ᠳᠤ ᠪᠠᠶᠢᠭᠤᠯᠤᠭᠳᠠᠭᠰᠠᠨ᠃

ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠤᠯᠠᠭᠠᠨ ᠴᠢᠳᠬᠤᠯᠠᠩ
ᠡᠷᠳᠡᠨᠢᠵᠤᠤ ᠶᠢᠨ ᠬᠡᠷᠡᠮ ᠬᠠᠵᠠᠭᠤ ᠠᠴᠠ ᠪᠠᠨ
ᠡᠷᠳᠡᠨᠢᠵᠤᠤ ᠶᠢᠨ ᠯᠠᠪᠢᠷᠠᠨ
ᠠᠶᠢᠮᠠᠭ ᠤᠨ ᠬᠥᠭᠵᠢᠮᠲᠦ ᠳ᠋ᠷᠠᠮ ᠤᠨ ᠲᠢᠶᠠᠲ᠋ᠷ
ᠭᠤᠴᠢᠨ-ᠤᠰᠤ ᠰᠤᠮᠤ ᠶᠢᠨ ᠲᠥᠪ

ᠮᠣᠩᠭᠣᠯ ᠤᠯᠤᠰ ᠍ ᠤᠨ ᠭᠠᠵᠠᠷ ᠵᠦᠢ ᠶᠢᠨ ᠬᠦᠢᠰᠦ ᠲᠥᠪ ᠴᠡᠭ ᠨᠢ ᠲᠤᠰ ᠠᠶᠢᠮᠠᠭ ᠤᠨ ᠪᠦᠷᠢᠳᠦ ᠰᠤᠮᠤ ᠶᠢᠨ ᠣᠩᠭᠣᠨ ᠬᠡᠮᠡᠬᠦ ᠠᠭᠤᠯᠠ ᠶᠢᠨ ᠥᠪᠥᠷ ᠲᠦ ᠪᠠᠶᠢᠳᠠᠭ᠃ ᠨᠤᠲᠤᠭ ᠤᠨ ᠬᠣᠶᠢᠳᠤ ᠬᠡᠰᠡᠭ ᠲᠦ ᠬᠠᠩᠭᠠᠢ ᠶᠢᠨ ᠨᠢᠷᠤᠭᠤᠨ ᠤ ᠰᠠᠯᠪᠤᠷᠢ ᠠᠭᠤᠯᠠᠰ᠂ ᠲᠥᠪ ᠬᠡᠰᠡᠭ ᠢᠶᠡᠷ ᠨᠢ ᠬᠥᠨᠳᠡᠢ ᠶᠢᠨ ᠲᠠᠯ᠎ᠠ᠂ ᠡᠮᠦᠨ᠎ᠡ ᠬᠡᠰᠡᠭ ᠢᠶᠡᠷ ᠨᠢ ᠠᠯᠲᠠᠢ ᠨᠢᠷᠤᠭᠤᠨ ᠤ ᠰᠠᠯᠪᠤᠷᠢ ᠠᠭᠤᠯᠠᠰ᠂᠂ ᠡᠯᠡᠰᠦᠷᠬᠡᠭ ᠲᠠᠯ᠎ᠠ ᠬᠡᠭᠡᠷ᠎ᠡ ᠶᠢᠨ ᠨᠤᠲᠤᠭ ᠲᠠᠢ᠃

ᠲᠤᠰ ᠠᠶᠢᠮᠠᠭ ᠤᠨ ᠨᠤᠲᠤᠭ ᠭᠠᠵᠠᠷ ᠵᠦᠢ ᠶᠢᠨ 3 ᠪᠥᠰᠡ ᠶᠢ ᠬᠠᠮᠤᠷᠬᠤ ᠲᠤᠯᠠ ᠪᠠᠶᠢᠭᠠᠯᠢ ᠶᠢᠨ ᠦᠯᠡᠮᠵᠢ ᠪᠠᠶᠠᠯᠢᠭ ᠲᠠᠢ᠃ ᠬᠠᠩᠭᠠᠢ ᠶᠢᠨ ᠨᠢᠷᠤᠭᠤᠨ ᠤᠬᠢᠲᠠᠷᠤᠨᠪᠢᠲᠡᠭᠦᠦᠳᠦᠮᠣᠩᠭᠣᠯ ᠠᠯᠲᠠᠢ ᠶᠢᠨ ᠨᠢᠷᠤᠭᠤ ᠶᠢᠨ ᠪᠠᠭᠠᠪᠤᠭᠳᠠᠮᠢᠩᠭᠠᠨ ᠢᠮᠠᠭᠠᠲᠤ ᠵᠡᠷᠭᠡ ᠳᠠᠯᠠᠢ ᠶᠢᠨ ᠲᠦᠪᠰᠢᠨ ᠡᠴᠡ ᠳᠡᠭᠡᠭᠰᠢ 2000-3590 m ᠥᠨᠳᠥᠷ ᠲᠦ ᠡᠷᠭᠦᠭᠳᠡᠭᠰᠡᠨ ᠰᠦᠷᠯᠢᠭ ᠠᠭᠤᠯᠠ᠂ ᠨᠢᠷᠤᠭᠤᠳ ᠣᠷᠣᠰᠢᠳᠠᠭ᠃ ᠮᠥᠨ 24 ᠮᠧᠲ᠋ᠷ ᠦᠨ ᠥᠨᠳᠥᠷ ᠡᠴᠡ ᠪᠠᠭᠤᠬᠤ ᠣᠷᠬᠣᠨ ᠭᠣᠣᠯ ᠤᠨ "ᠤᠯᠠᠭᠠᠨ ᠴᠢᠳᠬᠤᠯᠠᠩ"᠂ ᠳᠠᠯᠠᠢ ᠶᠢᠨ ᠲᠦᠪᠰᠢᠨ ᠡᠴᠡ ᠳᠡᠭᠡᠭᠰᠢ 2500 ᠮᠧᠲ᠋ᠷ ᠦᠨ ᠥᠨᠳᠥᠷ ᠲᠦ ᠤᠷᠤᠰᠢᠬᠤ ᠪᠠᠶᠢᠭᠠᠯᠢ ᠶᠢᠨ ᠥᠪᠡᠷᠮᠢᠴᠡ ᠲᠣᠭᠲᠠᠴᠠ ᠪᠦᠬᠦᠢ ᠦᠵᠡᠰᠬᠦᠯᠡᠩᠲᠦ ᠬᠦᠢᠰ ᠦᠨ ᠨᠠᠶ᠋ᠮᠠᠨ ᠨᠠᠭᠤᠷ ᠪᠣᠯᠤᠨ "ᠲᠠᠮᠴᠢ ᠶᠢᠨ ᠶᠣᠯᠣ ᠬᠠᠳᠠ" ᠵᠡᠷᠭᠡ ᠰᠣᠨᠢᠨ ᠰᠠᠶᠢᠬᠠᠨ ᠢᠶᠠᠷ ᠢᠶᠠᠨ ᠭᠠᠶᠢᠬᠠᠭᠳᠠᠭᠰᠠᠨ ᠭᠠᠵᠠᠷ ᠲᠤᠰ ᠠᠶᠢᠮᠠᠭ ᠲᠤ ᠣᠯᠠᠨ ᠪᠠᠶᠢᠳᠠᠭ᠃ ᠠᠷᠪᠠᠢᠬᠡᠭᠡᠷ᠎ᠡᠱᠠᠭᠵᠢᠳᠣᠯᠣᠭᠠᠳᠠᠢᠬᠣᠩᠭᠣᠷᠭᠤᠴᠢᠩ ᠦᠨ ᠲᠠᠯ᠎ᠠ ᠪᠣᠯᠤᠨ ᠣᠷᠬᠣᠨ ᠤ ᠬᠥᠨᠳᠡᠢ ᠵᠡᠷᠭᠡ ᠲᠡᠭᠰᠢ ᠠᠭᠤᠳᠠᠮ ᠲᠠᠯ᠎ᠠ ᠨᠤᠭᠤᠳ ᠪᠤᠢ᠃

ᠥᠪᠦᠷᠬᠠᠩᠭᠠᠢ ᠠᠶᠢᠮᠠᠭ ᠤᠨ ᠬᠣᠶᠢᠳᠤ ᠬᠡᠰᠡᠭ ᠨᠢ ᠬᠠᠩᠭᠠᠢ ᠶᠢᠨ ᠨᠢᠷᠤᠭᠤ ᠶᠢᠨ ᠥᠪᠥᠷ ᠦᠨ ᠠᠭᠤᠯᠠᠷᠬᠠᠭ᠂ ᠡᠮᠦᠨᠡᠲᠦ ᠬᠡᠰᠡᠭ ᠨᠢ ᠲᠠᠯ᠎ᠠ ᠬᠥᠨᠳᠡᠢ ᠪᠥᠭᠡᠳ ᠪᠠᠭᠠᠪᠤᠭᠳᠠᠠᠷᠴᠪᠤᠭᠳᠠ ᠠᠭᠤᠯᠠ ᠦᠳ ᠣᠷᠣᠰᠢᠳᠠᠭ᠃ ᠨᠤᠲᠤᠭ ᠤᠨ ᠲᠥᠪ ᠪᠠ ᠵᠡᠭᠦᠨ ᠬᠣᠶᠢᠳᠤ ᠬᠡᠰᠡᠭ ᠢᠶᠡᠷ ᠡᠷᠲᠡᠨ ᠦ ᠲᠥᠷᠥᠮᠡᠯ ᠦᠨ ᠡᠷᠡᠨ ᠦ ᠡᠯᠡᠰᠦᠨ ᠴᠢᠯᠠᠭᠤ᠂ ᠵᠠᠨᠠᠷ᠂ ᠪᠠᠷᠠᠭᠤᠨ ᠤᠷᠢᠳᠤ ᠬᠡᠰᠡᠭ ᠢᠶᠡᠷ ᠨᠢ ᠳᠡᠭᠡᠳᠦ ᠴᠡᠷᠳᠡ  ᠶᠢᠨ ᠭᠠᠯᠪᠠ ᠶᠢᠨ ᠬᠤᠷᠠᠳᠠᠰᠤ ᠶᠡᠬᠡ ᠲᠠᠷᠬᠠᠵᠠᠢ᠃ ᠨᠡᠭᠦᠷᠡᠰᠦ (ᠪᠠᠶᠠᠨᠲᠡᠭ), ᠪᠣᠯᠤᠨ ᠪᠠᠷᠢᠯᠭ᠎ᠠ ᠶᠢᠨ ᠮᠠᠲ᠋ᠧᠷᠢᠶᠠᠯ ᠍ ᠤᠨ ᠪᠠᠶᠠᠯᠢᠭ ᠪᠤᠢ᠃

ᠥᠪᠦᠷᠬᠠᠩᠭᠠᠢ ᠠᠶᠢᠮᠠᠭ ᠤᠨ ᠨᠤᠲᠤᠭ ᠢᠶᠠᠷ ᠣᠷᠬᠣᠨᠣᠩᠭᠢᠲᠠᠭᠠᠴᠠᠠᠷᠤ ᠠᠭᠤᠢ ᠵᠡᠷᠭᠡ ᠲᠣᠮᠣ ᠭᠣᠣᠯ ᠤᠳ ᠤᠷᠤᠰᠬᠤ ᠪᠥᠭᠡᠳ ᠤᠯᠠᠭᠠᠨ ᠴᠢᠳᠬᠤᠯᠠᠩᠨᠠᠢᠮᠠᠨ ᠨᠠᠭᠤᠷᠲᠠᠭᠠᠴᠠ ᠶᠢᠨ ᠴᠠᠭᠠᠨ ᠨᠠᠭᠤᠷ ᠵᠡᠷᠭᠡ ᠨᠠᠭᠤᠷ ᠦᠳ ᠲᠠᠢ᠃ ᠬᠤᠵᠢᠷᠲᠤ ᠶᠢᠨᠮᠣᠭᠠᠢᠳᠤᠬᠢᠲᠠᠷᠤᠨᠬᠦᠷᠮᠡᠲᠦ ᠶᠢᠨᠲᠠᠭᠠᠴᠠᠮᠥᠰᠦᠲᠦ ᠶᠢᠨᠬᠦᠷᠢᠨ ᠬᠠᠳᠠᠬᠣᠷᠣᠬᠠᠢ ᠲᠦᠷᠦᠭᠦᠦᠲᠠᠬᠢ ᠶᠢᠨ ᠭᠡᠬᠦᠴᠢᠯᠡᠨ ᠷᠠᠰᠢᠶᠠᠨ ᠤᠰᠤ ᠣᠯᠠᠨ ᠪᠤᠢ᠃

ᠭᠧᠣᠯᠣᠭᠢ᠂ ᠬᠠᠶᠢᠭᠤᠯ ᠤᠨ ᠰᠤᠳᠤᠯᠭᠠᠨ ᠤ ᠮᠠᠲ᠋ᠧᠷᠢᠶᠠᠯ ᠠᠴᠠ ᠦᠵᠡᠬᠦ ᠳᠦ ᠲᠤᠰ ᠠᠶᠢᠮᠠᠭ ᠤᠨ ᠨᠤᠲᠤᠭ ᠲᠤ ᠰᠤᠯᠠ ᠰᠢᠷᠤᠶ  ᠶᠢᠨ ᠠᠯᠲᠠ ᠶᠢᠨ 4 ᠣᠷᠳᠣ᠂ 10 ᠢᠯᠡᠷᠡᠯ᠂ ᠬᠣᠪᠣᠷ ᠮᠧᠲ᠋ᠠᠯ ᠤᠨ 9, ᠥᠩᠭᠡᠲᠦ ᠪᠣᠯᠤᠨ ᠬᠣᠯᠢᠮᠠᠭ ᠮᠧᠲ᠋ᠠᠯ ᠤᠨ 4, ᠲᠡᠮᠦᠷ ᠦᠨ 2, ᠡᠷᠦᠳᠡᠰᠦ ᠪᠤᠳᠤᠭ ᠤᠨ 4, ᠪᠠᠷᠢᠯᠭ᠎ᠠ ᠶᠢᠨ ᠮᠠᠲ᠋ᠧᠷᠢᠶᠠᠯ ᠤᠨ 12, ᠳᠠᠪᠤᠰᠤᠨ ᠤ 1 ᠣᠷᠳᠣ ᠢᠯᠡᠷᠡᠭᠡᠳ ᠪᠠᠶᠢᠨ᠎ᠠ᠃

ᠠᠮᠢᠲᠠᠨ᠂ ᠤᠷᠭᠤᠮᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠶᠢᠮᠠᠭ ᠤᠨ ᠨᠤᠲᠤᠭ ᠤᠨ ᠬᠣᠶᠢᠳᠤ ᠬᠡᠰᠡᠭ ᠲᠦ ᠠᠭᠤᠯᠠ ᠶᠢᠨ ᠬᠠᠷ᠎ᠠ ᠰᠢᠷᠤᠶ  ᠶᠢᠨ ᠬᠥᠷᠥᠰᠥ᠂ ᠵᠡᠭᠦᠨ ᠬᠡᠰᠡᠭ ᠢᠶᠡᠷ ᠨᠢ ᠬᠡᠭᠡᠷ᠎ᠡ ᠶᠢᠨ ᠬᠦᠷᠢᠨ ᠬᠥᠷᠥᠰᠥ᠂ ᠡᠮᠦᠨ᠎ᠡ ᠵᠠᠬ᠎ᠠ ᠪᠠᠷ ᠨᠢ ᠭᠣᠪᠢ ᠶᠢᠨ ᠰᠠᠷᠠᠯ ᠬᠥᠷᠥᠰᠥ᠂ ᠡᠯᠡᠰᠦᠨᠴᠢᠷ ᠬᠥᠷᠥᠰᠥ ᠲᠠᠷᠬᠠᠵᠠᠢ᠃ ᠨᠤᠲᠤᠭ ᠤᠨ ᠬᠣᠶᠢᠳᠤ ᠬᠡᠰᠡᠭ ᠲᠦ ᠬᠠᠩᠭᠠᠢ ᠶᠢᠨ ᠶᠡᠬᠡ ᠬᠥᠪᠴᠢ᠂ ᠲᠠᠶᠢᠭ᠎ᠠ᠂ ᠵᠡᠭᠦᠨ ᠬᠡᠰᠡᠭ ᠢᠶᠡᠷ ᠬᠡᠭᠡᠷ᠎ᠡ ᠶᠢᠨ ᠪᠥᠰᠡ ᠶᠢᠨ᠂ ᠡᠮᠦᠨ᠎ᠡ ᠬᠡᠰᠡᠭ ᠢᠶᠡᠷ ᠭᠣᠪᠢ ᠶᠢᠨ ᠤᠷᠭᠤᠮᠠᠯ ᠲᠠᠷᠬᠠᠵᠠᠢ᠃ ᠡᠨᠡ ᠠᠶᠢᠮᠠᠭ ᠤᠨ ᠨᠤᠲᠤᠭ ᠲᠤ ᠣᠢ᠂ ᠲᠠᠶᠢᠭ᠎ᠠ ᠠᠴᠠ ᠡᠬᠢᠯᠡᠭᠡᠳ ᠭᠣᠪᠢ ᠶᠢᠨ ᠬᠣᠪᠣᠷ ᠠᠮᠢᠲᠠᠳ ᠠᠮᠢᠳᠤᠷᠠᠨ᠎ᠠ᠃

ᠬᠠᠩᠭᠠᠢ ᠳᠤ ᠪᠤᠭᠤᠪᠣᠷᠣ ᠭᠥᠷᠥᠭᠡᠰᠦ᠂ ᠲᠠᠯ᠎ᠠ ᠬᠡᠭᠡᠷ᠎ᠡ ᠳᠦ ᠦᠨᠡᠭᠡᠴᠢᠨᠣ᠎ᠠᠬᠢᠷᠰᠠᠮᠠᠨᠤᠤᠯᠭᠣᠪᠢ ᠳᠤ ᠠᠷᠭᠠᠯᠢᠶᠠᠩᠭᠢᠷᠴᠠᠭᠠᠨ ᠵᠡᠭᠡᠷ᠎ᠡᠬᠠᠷ᠎ᠠ ᠰᠡᠭᠦᠯᠲᠦᠬᠣᠶᠢᠯᠣᠭ ᠵᠡᠷᠭᠡ ᠠᠩ ᠠᠮᠢᠲᠠᠨ ᠡᠯᠪᠡᠭ ᠲᠡᠢ ᠪᠥᠭᠡᠳ ᠳᠡᠯᠡᠬᠡᠢ ᠶᠢᠨ ᠤᠯᠠᠭᠠᠨ ᠨᠣᠮᠣᠨ ᠳᠤ ᠪᠢᠴᠢᠭᠳᠡᠭᠰᠡᠨ ᠳᠠᠷᠬᠠᠨ ᠴᠠᠭᠠᠵᠠᠲᠤ ᠬᠤᠯᠠᠨᠢᠷᠪᠢᠰ ᠴᠤ ᠪᠠᠶᠢᠳᠠᠭ᠃

ᠠᠵᠤ ᠦᠢᠯᠡᠳᠪᠦᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠳᠣ ᠤᠶᠠᠩᠭ᠎ᠠ ᠰᠤᠮᠤ ᠶᠢᠨ ᠪᠠᠷᠠᠭᠤᠨ ᠰᠥᠳᠦᠲᠡᠢ ᠶᠢᠨ ᠠᠯᠲᠠᠨ ᠤ ᠣᠷᠳᠣ ᠳᠤ ᠠᠰᠢᠭᠯᠠᠯᠲᠠ᠂ ᠨᠠᠷᠢᠪᠴᠢᠯᠠᠭᠰᠠᠨ ᠬᠠᠶᠢᠭᠤᠯ᠂ ᠪᠠᠲᠤ-ᠥᠯᠵᠡᠢ ᠰᠤᠮᠤ ᠍ ᠤᠨ ᠵᠡᠭᠦᠨ ᠰᠥᠳᠥᠲᠡᠢ᠂ ᠲᠠᠷᠠᠭᠲᠤ ᠰᠤᠮᠤ ᠍ ᠤᠨ ᠬᠠᠭᠤᠷᠠᠢ ᠰᠠᠶᠢᠷ᠂ ᠪᠠᠶᠠᠨ-ᠥᠨᠳᠥᠷ ᠰᠤᠮᠤ ᠶᠢᠨ ᠬᠥᠰᠢᠶ᠎ᠡ ᠳᠦ᠂ ᠵᠡᠭᠦᠨ ᠪᠠᠶᠠᠨ-ᠤᠯᠠᠭᠠᠨ ᠰᠤᠮᠤ ᠍ ᠤᠨ ᠰᠢᠪᠡᠭᠡᠲᠦ ᠵᠡᠷᠭᠡ ᠭᠠᠵᠠᠷ ᠤᠳ ᠲᠤ ᠠᠯᠲᠠᠨ ᠤ ᠡᠷᠢᠯ᠂ ᠦᠨᠡᠯᠡᠭᠡᠨ ᠦ ᠬᠠᠶᠢᠭᠤᠯ ᠤᠨ ᠠᠵᠢᠯ ᠬᠢᠭᠳᠡᠨ ᠵᠠᠷᠢᠮ ᠨᠢ ᠦᠢᠯᠡ ᠠᠵᠢᠯᠯᠠᠭ᠎ᠠ ᠪᠠᠨ ᠡᠬᠢᠯᠡᠭᠡᠳ ᠪᠠᠶᠢᠨ᠎ᠠ᠃ ᠬᠤᠵᠢᠷᠲᠤ ᠰᠤᠮᠤᠵᠡᠭᠦᠨ ᠪᠠᠶᠠᠨ-ᠤᠯᠠᠭᠠᠨ ᠰᠤᠮᠤᠪᠣᠭᠳᠠ ᠰᠤᠮᠤᠥᠯᠵᠡᠶᠢᠲᠦ ᠰᠤᠮᠤᠲᠥᠭᠥᠷᠢᠭ ᠰᠤᠮᠤᠪᠠᠷᠠᠭᠤᠨ ᠪᠠᠶᠠᠨ-ᠤᠯᠠᠭᠠᠨ ᠰᠤᠮᠤ ᠍ ᠤᠨ ᠨᠤᠲᠤᠭ ᠲᠤ ᠸᠣᠯᠹᠷᠠᠮᠮᠣᠯᠢᠪᠳᠧᠨ ᠵᠡᠷᠭᠡ ᠬᠣᠪᠣᠷ ᠮᠧᠲ᠋ᠠᠯ ᠤᠨ᠂ ᠰᠠᠩᠳᠤ ᠰᠤᠮᠤᠭᠤᠴᠢᠨ-ᠤᠰᠤ ᠰᠤᠮᠤᠪᠠᠶᠠᠨᠭᠣᠣᠯ ᠰᠤᠮᠤᠳ ᠤᠨ ᠨᠤᠲᠤᠭ ᠲᠤ ᠵᠡᠰ ᠦᠨ᠂ ᠲᠥᠭᠥᠷᠢᠭ᠂ ᠪᠣᠭᠳᠠ ᠰᠤᠮᠤ ᠶᠢᠨ ᠨᠤᠲᠤᠭ ᠲᠤ ᠲᠡᠮᠦᠷ ᠦᠨ᠂ ᠪᠣᠭᠳᠠ᠂ ᠪᠠᠷᠠᠭᠤᠨᠪᠠᠶᠠᠨ-ᠤᠯᠠᠭᠠᠨ᠂ ᠤᠶᠠᠩᠭ᠎ᠠ᠂ ᠬᠠᠷᠠᠬᠣᠷᠢᠨ᠂ ᠲᠠᠷᠠᠭᠲᠤ᠂ ᠶᠢᠰᠦᠨ ᠵᠦᠢᠯ ᠰᠤᠮᠤ ᠨᠤᠭᠤᠳ ᠤᠨ ᠨᠤᠲᠤᠭ ᠲᠤ ᠭᠣᠶᠣᠯ ᠴᠢᠮᠡᠭᠯᠡᠯ ᠦᠨ ᠴᠢᠯᠠᠭᠤᠨ ᠤ᠂ ᠪᠣᠭᠳᠠ᠂ ᠪᠠᠷᠠᠭᠤᠨᠪᠠᠶᠠᠨ-ᠤᠯᠠᠭᠠᠨ ᠰᠤᠮᠤᠨ ᠳᠤ ᠬᠦᠷᠢᠨ ᠨᠡᠭᠦᠷᠡᠰᠦᠨ ᠦ ᠣᠷᠳᠣ᠂ ᠢᠯᠡᠷᠡᠯ ᠪᠠᠶᠢᠳᠠᠭ᠃ ᠮᠥᠨ ᠪᠣᠭᠳᠠ᠂ ᠬᠠᠷᠠᠬᠣᠷᠢᠨ ᠰᠤᠮᠤᠨ ᠳᠤ ᠪᠢᠲ᠋ᠦᠶᠢᠮ᠂ ᠪᠣᠭᠳᠠ᠂ ᠲᠥᠭᠥᠷᠢᠭ ᠰᠤᠮᠤᠨ ᠳᠤ ᠡᠷᠦᠳᠡᠰᠦ ᠪᠤᠳᠤᠭ ᠤᠨ ᠲᠦᠭᠦᠬᠡᠢ ᠡᠳ᠋ ᠍ ᠦᠨ ᠢᠯᠡᠷᠡᠯ ᠪᠠᠶᠢᠭ᠎ᠠ ᠪᠥᠭᠡᠳ ᠪᠠᠷᠢᠯᠭ᠎ᠠ ᠶᠢᠨ ᠪᠦᠬᠦ ᠲᠥᠷᠥᠯ ᠦᠨ ᠲᠦᠭᠦᠬᠡᠢ ᠡᠳ᠋ ᠨᠡᠯᠢᠶᠡᠳ ᠰᠤᠮᠤᠨ ᠳᠤ ᠲᠠᠷᠬᠠᠭᠰᠠᠨ ᠨᠢ ᠰᠤᠳᠤᠯᠤᠭᠳᠠᠭᠰᠠᠨ ᠪᠠᠶᠢᠨ᠎ᠠ᠃

ᠥᠪᠦᠷᠬᠠᠩᠭᠠᠢ ᠠᠶᠢᠮᠠᠭ ᠮᠠᠨ ᠤ ᠣᠷᠣᠨ ᠤ ᠬᠠᠮᠤᠭ ᠤᠨ ᠣᠯᠠᠨ ᠮᠠᠯ ᠲᠠᠢ ᠠᠶᠢᠮᠠᠭ ᠶᠤᠮ᠃ ᠨᠤᠲᠤᠭ ᠤᠨ ᠬᠣᠶᠢᠳᠤ ᠬᠡᠰᠡᠭ ᠭᠠᠵᠠᠷ ᠲᠠᠷᠢᠶᠠᠯᠠᠩ ᠬᠥᠭᠵᠢᠭᠦᠯᠵᠡᠢ᠃ ᠪᠠᠷᠢᠯᠭ᠎ᠠ ᠶᠢᠨ ᠮᠠᠲ᠋ᠧᠷᠢᠶᠠᠯ ᠍ ᠤᠨ᠂ ᠬᠦᠨᠡᠰᠦᠨ ᠦ ᠦᠢᠯᠡᠳᠪᠦᠷᠢᠨᠤᠭᠤᠳ ᠪᠤᠢ᠃ ᠲᠤᠰ ᠠᠶᠢᠮᠠᠭ ᠡᠨᠧᠷᠭᠢᠵᠠᠮ ᠲᠡᠭᠡᠭᠡᠪᠦᠷᠢᠬᠠᠷᠢᠯᠴᠠᠭ᠎ᠠ ᠬᠣᠯᠪᠣᠭ᠎ᠠ ᠵᠡᠷᠭᠡ ᠳᠡᠳ᠋ ᠪᠦᠲᠦᠴᠡ ᠬᠠᠷᠢᠴᠠᠩᠭᠤᠢ ᠢᠯᠡᠭᠦᠦ ᠬᠥᠭᠵᠢᠭᠰᠡᠨ ᠪᠥᠭᠡᠳ ᠠᠷᠪᠠᠢᠬᠡᠭᠡᠷ᠎ᠡ-ᠤᠯᠠᠭᠠᠨᠪᠠᠭᠠᠲᠤᠷᠬᠠᠷᠠᠬᠣᠷᠢᠨ-ᠤᠯᠠᠭᠠᠨᠪᠠᠭᠠᠲᠤᠷ ᠬᠣᠲᠠ ᠶᠢᠨ ᠬᠣᠭᠣᠷᠣᠨᠳᠣ ᠴᠠᠷᠳᠠᠮᠠᠯ ᠵᠠᠮ ᠲᠠᠯᠪᠢᠭᠳᠠᠭᠰᠠᠨ᠃ ᠠᠶᠢᠮᠠᠭ ᠤᠨ ᠬᠣᠯᠪᠣᠭᠠᠨ ᠤ ᠭᠠᠵᠠᠷ ᠨᠤᠷᠸᠸᠢ ᠤᠯᠤᠰ ᠤᠨ ᠲᠣᠨᠣᠭ ᠲᠥᠬᠥᠭᠡᠷᠦᠮᠵᠢ ᠪᠣᠯᠬᠤ ᠲᠣᠭᠠᠨ ᠳᠠᠮᠵᠢᠭᠤᠯᠬᠤ ᠷᠠᠳᠢᠣ᠋ ᠷᠧᠯᠧᠢ ᠶᠢᠨ ᠱᠤᠭᠤᠮ ᠲᠠᠢ ᠪᠥᠭᠡᠳ ᠭᠧᠷᠮᠠᠨ ᠤᠯᠤᠰ ᠤᠨ ᠲᠣᠨᠣᠭ ᠲᠥᠬᠥᠭᠡᠷᠦᠮᠵᠢ ᠪᠡᠷ 1700 ᠨᠣᠮᠧᠷ ᠪᠦᠬᠦᠢ ᠲᠣᠭᠠᠨ ᠳᠠᠮᠵᠢᠭᠤᠯᠬᠤ ᠠᠦ᠋ᠲ᠋ᠣᠮᠠᠲ ᠲᠧᠯᠧᠹᠣᠨ ᠰᠲ᠋ᠠᠨᠼ ᠲᠠᠯᠪᠢᠵᠤ᠂ ᠥᠷᠭᠡᠳᠬᠡᠯ ᠬᠢᠵᠦ ᠪᠠᠢᠭ᠎ᠠ᠃ ᠲᠤᠰ ᠠᠶᠢᠮᠠᠭ ᠤᠨ 16 ᠰᠤᠮᠤ ᠲᠥᠪ ᠦᠨ ᠡᠷᠴᠢᠮ ᠬᠦᠴᠦᠨ ᠦ ᠨᠢᠭᠡᠳᠦᠭᠰᠡᠨ ᠰᠦᠯᠵᠢᠶᠡᠨ ᠳᠦ ᠬᠣᠯᠪᠣᠭᠳᠠᠭᠰᠠᠨ᠃

ᠥᠪᠦᠷᠬᠠᠩᠭᠠᠢ ᠠᠶᠢᠮᠠᠭ ᠲᠤ ᠤᠯᠤᠰ ᠤᠨ ᠦᠢᠯᠡᠳᠪᠦᠷᠢ ᠶᠢᠨ ᠭᠠᠵᠠᠷ 3, ᠲᠥᠷᠥ ᠶᠢᠨ ᠥᠮᠴᠢᠲᠤ ᠦᠢᠯᠡᠳᠪᠦᠷᠢ ᠶᠢᠨ ᠭᠠᠵᠠᠷ 4, ᠬᠤᠪᠢᠴᠠᠭᠠᠲᠤ ᠺᠣᠮᠫᠠᠨᠢ 18, ᠬᠢᠵᠠᠭᠠᠷᠯᠠᠭᠳᠠᠮᠠᠯ ᠬᠠᠷᠢᠭᠤᠴᠠᠯᠭᠠᠲᠠᠢ ᠺᠣᠮᠫᠠᠨᠢ 130, ᠨᠥᠬᠥᠷᠯᠡᠯ 46, ᠬᠣᠷᠰᠢᠶ᠎ᠠ 40, ᠬᠤᠪᠢ ᠪᠠᠷ  ᠢᠶᠠᠨ ᠡᠷᠬᠢᠯᠡᠬᠦ ᠠᠵᠤ ᠠᠬᠤᠢ 62 ᠠᠵᠢᠯᠯᠠᠵᠤ ᠪᠠᠶᠢᠨ᠎ᠠ᠃ ᠠᠵᠤ ᠦᠢᠯᠡᠳᠪᠦᠷᠢ ᠶᠢᠨ ᠴᠢᠭᠯᠡᠯ ᠦᠨ ᠠᠵᠤ ᠠᠬᠤᠢ ᠶᠢᠨ ᠨᠢᠭᠡᠴᠡ ᠨᠦᠭᠦᠳ ᠵᠢᠯ ᠳᠤ ᠳᠤᠮᠳᠠᠴᠢ ᠪᠠᠷ 6500,0-7932,1 ᠰᠠᠶ᠎ᠠ᠃ ᠲᠥᠭᠥᠷᠢᠭ ᠦᠨ ᠪᠦᠲᠦᠭᠡᠭᠳᠡᠬᠦᠨ ᠦᠢᠯᠡᠳᠪᠦᠷᠢᠯᠡᠵᠦ᠂ 7905,0 ᠣᠷᠴᠢᠮ ᠰᠠᠶ᠎ᠠ ᠲᠥᠭᠥᠷᠢᠭ ᠦᠨ ᠪᠣᠷᠣᠯᠠᠭᠤᠯᠤᠯᠲᠠ ᠬᠢᠵᠦ ᠪᠠᠶᠢᠨ᠎ᠠ᠃ ᠰᠲ᠋ᠠᠲ᠋ᠢᠰᠲ᠋ᠢᠭ ᠤᠨ ᠮᠡᠳᠡᠭᠡᠯᠡᠯ ᠳᠦ ᠬᠠᠮᠤᠷᠤᠭᠳᠠᠭᠰᠠᠨ ᠠᠵᠤ ᠠᠬᠤᠢ ᠶᠢᠨ ᠨᠢᠭᠡᠴᠡ ᠨᠦᠭᠦᠳ 377,1 ᠰᠠᠶ᠎ᠠ᠃ᠲᠥᠭᠥᠷᠢᠭ ᠦᠨ ᠪᠠᠷᠢᠯᠭ᠎ᠠ ᠤᠭᠰᠠᠷᠠᠯᠲᠠ᠂ ᠶᠡᠬᠡ ᠵᠠᠰᠠᠪᠤᠷᠢ ᠶᠢᠨ ᠠᠵᠢᠯ ᠭᠦᠢᠴᠡᠳᠭᠡᠵᠦ᠂ 33,6 ᠣᠷᠴᠢᠮ ᠮᠢᠩᠭᠠᠨ ᠲᠣᠨ ᠠᠴᠢᠶ᠎ᠠ᠂ 82,0 ᠮᠢᠩᠭᠠᠭᠠᠨ ᠬᠦᠮᠦᠨ ᠲᠡᠭᠡᠭᠡᠪᠦᠷᠢᠯᠡᠵᠦ᠂ ᠬᠤᠳᠠᠯᠳᠤᠭᠠᠨ ᠤ ᠴᠢᠭᠯᠡᠯ ᠦᠨ ᠠᠵᠤ ᠠᠬᠤᠢ ᠶᠢᠨ ᠨᠢᠭᠡᠴᠡ ᠨᠦᠭᠦᠳ 589,3 ᠭᠠᠷᠤᠢ ᠰᠠᠶ᠎ᠠ ᠲᠥᠭᠥᠷᠢᠭ ᠦᠨ ᠪᠠᠷᠠᠭ᠎ᠠ ᠪᠣᠷᠣᠯᠠᠭᠤᠯᠤᠯᠲᠠ ᠬᠢᠵᠦ ᠪᠠᠶᠢᠨ᠎ᠠ᠃

ᠲᠤᠰ ᠠᠶᠢᠮᠠᠭ ᠲᠤ ᠵᠢᠯ ᠳᠤ ᠪᠡᠨ 36,0 ᠮᠢᠩᠭᠠᠨ ᠲᠣᠨ ᠭᠤᠯᠢᠷ ᠦᠢᠯᠡᠳᠪᠦᠷᠢᠯᠡᠬᠦ ᠬᠦᠴᠦᠨ ᠴᠢᠳᠠᠯ ᠲᠠᠢ ᠬᠠᠷᠠᠬᠣᠷᠢᠨ ᠤ ᠭᠤᠯᠢᠷ ᠲᠡᠵᠢᠭᠡᠯ ᠦᠨ ᠦᠢᠯᠡᠳᠪᠦᠷᠢ᠂ 150 ᠮᠢᠩᠭᠠᠨ ᠲᠣᠨ ᠨᠡᠭᠦᠷᠡᠰᠦ ᠭᠠᠷᠭᠠᠬᠤ ᠴᠢᠳᠠᠯ ᠲᠠᠢ ᠪᠠᠶᠠᠨᠲᠡ ᠶᠢᠨ ᠨᠡᠭᠦᠷᠡᠰᠦᠨ ᠦ ᠠᠭᠤᠷᠬᠠᠢ ᠠᠵᠢᠯᠯᠠᠳᠠᠭ᠃ ᠮᠠᠯ ᠠᠵᠤ ᠠᠬᠤᠢ ᠠᠴᠠ ᠭᠠᠷᠬᠤ ᠪᠦᠲᠦᠭᠡᠭᠳᠡᠬᠦᠨ ᠢ ᠳᠤᠮᠳᠠᠴᠢ ᠪᠠᠷ ᠲᠣᠭᠠᠴᠠᠬᠤ ᠳᠤ ᠬᠣᠨᠢᠨ ᠤ ᠨᠣᠣᠰᠣ 1164,9 ᠲᠣᠨ᠂ ᠲᠡᠮᠡᠭᠡᠨ ᠦ ᠨᠣᠣᠰᠣ 82,4 ᠲᠣᠨ᠂ ᠨᠣᠣᠯᠣᠷ 255,7 ᠲᠣᠨ᠂ ᠪᠣᠳᠠ ᠶᠢᠨ ᠬᠥᠪᠦᠷᠡ 77,7 ᠲᠣᠨ᠂ ᠪᠣᠳᠠ ᠶᠢᠨ ᠬᠢᠯᠭᠠᠰᠤ 44,5 ᠲᠣᠨ ᠢ ᠲᠤᠰ ᠲᠤᠰ ᠪᠡᠯᠡᠳᠬᠡᠬᠦ ᠪᠠ ᠢᠩᠭᠡᠨ ᠡᠴᠡ 303,8 ᠮᠢᠠᠩᠭᠠᠨ ᠯᠢᠲ᠋ᠷ᠂ ᠭᠡᠭᠦᠦᠦᠨ ᠡᠴᠡ 5149,7 ᠮᠢᠩᠭᠠᠨ ᠯᠢᠲ᠋ᠷ᠂ ᠦᠨᠢᠶ᠎ᠡ ᠡᠴᠡ 9353,4 ᠮᠢᠩᠭᠠᠨ ᠯᠢᠲ᠋ᠷ᠂ ᠡᠮ᠎ᠡ ᠬᠣᠨᠢᠨ ᠠᠴᠠ 1452,0 ᠮᠢᠩᠭᠠᠨ ᠯᠢᠲ᠋ᠷ᠂ ᠡᠮ᠎ᠡ ᠢᠮᠠᠭᠠᠨ ᠠᠴᠠ 2164,8 ᠮᠢᠩᠭᠠᠨ ᠯᠢᠲ᠋ᠷ ᠰᠦ᠋ ᠍ ᠶᠢ ᠰᠠᠭᠠᠯᠢ ᠶᠢᠨ ᠬᠤᠭᠤᠴᠠᠭᠠᠨ ᠳᠤ ᠠᠰᠢᠭᠯᠠᠬᠤ ᠪᠣᠯᠤᠯᠴᠠᠭ᠎ᠠ ᠲᠠᠢ᠃

ᠪᠣᠯᠪᠠᠰᠤᠷᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠷᠪᠠᠢᠬᠡᠭᠡᠷ᠎ᠡ ᠬᠣᠳᠠ ᠳᠤ ᠰᠢᠨᠵᠢᠯᠡᠬᠦ ᠤᠬᠠᠭᠠᠨ᠂ ᠲᠧᠭᠨᠣᠯᠣᠭᠢ ᠶᠢᠨ ᠶᠡᠬᠡ ᠰᠤᠷᠭᠠᠭᠤᠯᠢ ᠍ ᠦᠨ ᠥᠪᠦᠷᠬᠠᠩᠭᠠᠢ ᠠᠶᠢᠮᠠᠭ ᠳᠠᠬᠢ ᠬᠠᠷᠢᠶ᠎ᠠ ᠰᠤᠷᠭᠠᠭᠤᠯᠢ᠂ ᠥᠪᠦᠷᠬᠠᠩᠭᠠᠢ ᠠᠶᠢᠮᠠᠭ ᠳᠠᠬᠢ МСҮТ(ᠥᠪᠦᠷᠬᠠᠩᠭᠠᠢ ᠠᠶᠢᠮᠠᠭ ᠳᠠᠬᠢ ᠮᠡᠷᠭᠡᠵᠢᠯ ᠤᠨ ᠰᠤᠷᠭᠠᠯᠲᠠ ᠦᠢᠯᠡᠳᠪᠦᠷᠢᠯᠡᠯ ᠤᠨ ᠲᠥᠪ)᠂ ᠶᠡᠷᠦᠩᠬᠡᠢ ᠪᠣᠯᠪᠠᠰᠤᠷᠠᠯ ᠶᠢᠨ 5 ᠰᠤᠷᠭᠠᠭᠤᠯᠢ ᠣᠶᠤᠲᠠᠨ ᠰᠤᠷᠤᠭᠴᠢᠳ ᠲᠤ ᠪᠣᠯᠪᠠᠰᠤᠷᠠᠯ ᠤᠨ ᠦᠢᠯᠡᠴᠢᠯᠡᠭᠡ ᠶᠠᠪᠤᠭᠤᠯᠵᠤ ᠪᠠᠶᠢᠳᠠᠭ᠃

ᠠᠶᠠᠯᠠᠯ ᠵᠢᠭᠤᠯᠴᠢᠯᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠷᠳᠡᠨᠢ ᠵᠤᠤ ᠶᠢᠨ ᠪᠠᠷ᠎ᠠ

ᠪᠠᠶᠢᠭᠠᠯᠢ ᠶᠢᠨ ᠦᠵᠡᠰᠬᠦᠯᠡᠩᠲᠦ ᠭᠠᠵᠠᠷ᠂ ᠵᠠᠮ ᠬᠠᠷᠢᠯᠴᠠᠭᠠᠨ ᠤ ᠥᠷᠭᠡᠨ ᠪᠣᠯᠤᠮᠵᠢ ᠶᠢ ᠲᠦᠰᠢᠭᠯᠡᠨ ᠪᠠᠶᠢᠭᠤᠯᠤᠭᠰᠠᠨ ᠤᠯᠤᠰ ᠤᠨ ᠬᠡᠮᠵᠢᠶᠡᠨ ᠳᠦ ᠲᠣᠮᠣᠬᠠᠨ ᠳᠤ ᠲᠣᠭᠠᠴᠠᠭᠳᠠᠬᠤ ᠬᠤᠵᠢᠷᠲᠤ ᠰᠤᠮᠤ ᠶᠢᠨ ᠠᠮᠠᠷᠠᠯᠲᠠ᠂ ᠷᠠᠰᠢᠶᠠᠨ ᠰᠤᠪᠢᠯᠠᠯ ᠤᠨ ᠭᠠᠵᠠᠷ᠂ ᠪᠠᠶᠠᠤᠪᠢ᠂ ᠬᠠᠷᠠᠬᠣᠷᠢᠨ ᠵᠢᠭᠤᠯᠴᠢᠨ ᠤ ᠪᠠᠭᠠᠵᠢ ᠨᠤᠭᠤᠳ ᠠᠵᠢᠯᠯᠠᠳᠠᠭ᠃

ᠲᠡᠭᠦᠨᠴᠢᠯᠡᠨ ᠲᠡᠦᠬᠡᠨ ᠳᠤᠷᠠᠰᠬᠠᠯᠲᠤ ᠭᠠᠵᠠᠷ ᠤᠨ ᠬᠠᠮᠤᠭ ᠤᠨ ᠲᠣᠮᠣ ᠴᠣᠭᠴᠠᠯᠠᠪᠤᠷᠢ ᠪᠣᠯᠬᠤ ᠡᠷᠳᠡᠨᠢ-ᠵᠤᠤ ᠬᠡᠶᠢᠳ᠂ ᠠᠷᠬᠧᠣᠯᠣᠭᠢ ᠶᠢᠨ ᠡᠺᠰᠫᠧᠳᠢᠼ ᠦᠳ ᠦᠨ ᠮᠠᠯᠲᠠᠵᠤ ᠭᠠᠷᠭᠠᠭᠰᠠᠨ ᠮᠣᠩᠭᠣᠯ ᠤᠨ ᠡᠵᠡᠨᠲᠦ ᠭᠦᠷᠦᠨ ᠦ ᠨᠡᠶᠢᠰᠯᠡᠯ ᠪᠠᠶᠢᠭᠰᠠᠨ ᠬᠠᠷᠠᠬᠣᠷᠣᠮ ᠬᠣᠲᠠ ᠶᠢᠨ ᠲᠤᠭᠤᠷᠢ ᠵᠡᠷᠭᠡ ᠪᠡᠷ ᠢᠶᠡᠨ ᠥᠪᠦᠷᠬᠠᠩᠭᠠᠢ ᠠᠶᠢᠮᠠᠭ ᠠᠯᠳᠠᠷ ᠲᠠᠢ ᠪᠢᠯᠡ᠃

ᠰᠤᠮᠤ ᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠤᠮᠤᠳ ᠤᠨ ᠭᠠᠵᠠᠷ ᠤᠨ ᠵᠢᠷᠤᠭ
ᠬᠦᠮᠦᠨ ᠠᠮᠠ ᠶᠢᠨ ᠲᠣᠭᠠᠨ ᠤ ᠬᠠᠷᠢᠴᠠᠭᠤᠯᠤᠯᠲᠠ[1]
ᠰᠤᠮᠤ ᠶᠢᠨ ᠨᠡᠷ᠎ᠡ ᠬᠦᠮᠦᠨ ᠠᠮᠠ ᠶᠢᠨ ᠲᠣᠭ᠎ᠠ
2004 ᠲᠣᠭᠠᠴᠠ᠃
ᠬᠦᠮᠦᠨ ᠠᠮᠠ ᠶᠢᠨ ᠲᠣᠭ᠎ᠠ
2006 ᠲᠣᠭᠠᠴᠠ᠃
ᠬᠦᠮᠦᠨ ᠠᠮᠠ ᠶᠢᠨ ᠲᠣᠭ᠎ᠠ
2008 ᠲᠣᠭᠠᠴᠠ᠃
ᠠᠷᠪᠠᠢᠬᠡᠭᠡᠷ᠎᠎ᠡ 22,546 24,954 25,622
ᠪᠠᠷᠠᠭᠤᠨᠪᠠᠶᠠᠨ-ᠤᠯᠠᠭᠠᠨ 2,586 2,502 2,556
ᠪᠠᠲᠤ-ᠥᠯᠵᠡᠢ 5,932 5,878 6,189
ᠪᠠᠶᠠᠨ-ᠥᠨᠳᠥᠷ 3,734 4,077 4,261
ᠪᠠᠶᠠᠨᠭᠣᠣᠯ 4,103 3,933 4,572
ᠪᠣᠭᠳᠠ 5,708 5,395 5,342
ᠪᠦᠷᠢ ᠳᠦ 3,171 3,258 3,135
ᠭᠤᠴᠢᠨ-ᠤᠰᠤ 2,290 2,279 2,260
ᠶᠢᠰᠦᠨ ᠵᠦᠢᠯ 3,584 3,415 3,422
ᠵᠡᠭᠦᠨ ᠪᠠᠶᠠᠨ-ᠤᠯᠠᠭᠠᠨ 4,268 4,343 4,436
ᠨᠠᠷᠢᠨᠲᠡᠭᠡᠯ 3,797 3,792 3,736
ᠥᠯᠵᠡᠶᠢᠲᠦ 2,805 2,678 2,741
ᠰᠠᠩᠳᠤ 3,706 3,540 3,525
ᠲᠠᠷᠠᠭᠲᠤ 3,860 3,424 3,313
ᠲᠥᠭᠥᠷᠢᠭ 2,839 2,691 2,689
ᠤᠶᠠᠩᠭ᠎ᠠ 10,003 10,510 9,581
ᠬᠠᠶᠢᠷᠬᠠᠨᠳᠤᠯᠠᠭᠠᠨ 3,388 3,462 3,510
ᠬᠠᠷᠠᠬᠣᠷᠢᠨ 12,546 13,270 12,901
ᠬᠤᠵᠢᠷᠲᠤ 6,781 6,749 6,649

ᠠᠯᠳᠠᠷᠲᠠᠨ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠠᠶᠢᠨ ᠤ ᠪᠠᠭᠠᠲᠤᠷ ᠤᠳ ᠤᠨ ᠬᠥᠰᠢᠶ᠎ᠡ ᠰᠠᠮᠪᠠᠷ᠎ᠠ
ᠶᠡᠷᠦᠩᠬᠡᠢ ᠰᠠᠶᠢᠳ ᠭᠡᠨᠳᠡᠩ ᠦ ᠬᠦᠷᠡᠯ ᠬᠥᠰᠢᠶ᠎ᠡ

ᠦᠨᠳᠦᠰᠦᠨ ᠦ ᠬᠥᠷᠥᠩᠭᠡ ᠣᠷᠣᠭᠤᠯᠤᠯᠲᠠ ᠶᠢᠨ ᠪᠠᠩᠬᠢ ᠵᠠᠬᠢᠷᠤᠯ ᠳ᠃ᠰᠤᠮᠢᠶᠠᠪᠠᠽᠠᠷ

ᠰᠫᠣᠷᠲ ᠤᠨ ᠠᠯᠳᠠᠷᠲᠠᠨ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠥᠬᠡᠴᠦᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠥᠪᠦᠷᠬᠠᠩᠭᠠᠢ ᠠᠶᠢᠮᠠᠭ ᠠᠴᠠ ᠳᠠᠷᠬᠠᠨ ᠠᠪᠤᠷᠭᠤ 1, ᠤᠯᠤᠰ ᠤᠨ ᠠᠪᠤᠷᠭᠤ 1, ᠤᠯᠤᠰ ᠤᠨ ᠠᠷᠰᠯᠠᠨ 6, ᠤᠯᠤᠰ ᠤᠨ ᠵᠠᠭᠠᠨ 10, ᠤᠯᠤᠰ ᠤᠨ ᠬᠠᠷᠴᠠᠭ᠎ᠠ 2, ᠤᠯᠤᠰ ᠤᠨ ᠨᠠᠴᠢᠨ 42 ᠲᠥᠷᠥᠨ ᠭᠠᠷᠴᠠᠢ᠃

ᠭᠠᠪᠢᠶᠠᠲᠤ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

 • МУУГЗ ᠰ᠃ᠰᠡᠩᠭᠡ
 • ᠮᠣᠩᠭᠣᠯ ᠤᠯᠤᠰ ᠤᠨ ᠭᠠᠪᠢᠶᠠᠲᠤ ᠵᠦᠵᠦᠭᠡᠴᠢᠨ ᠸᠴᠢᠷᠪᠠᠲᠤ
 • ᠮᠣᠩᠭᠣᠯ ᠤᠯᠤᠰ ᠤᠨ ᠭᠠᠪᠢᠶᠠᠲᠤ ᠵᠦᠵᠦᠭᠡᠴᠢᠨ ᠲᠦᠪᠰᠢᠨᠵᠢᠷᠭᠠᠯ
 • ᠮᠣᠩᠭᠣᠯ ᠤᠯᠤᠰ ᠤᠨ ᠭᠠᠪᠢᠶᠠᠲᠤ ᠵᠦᠵᠦᠭᠡᠴᠢᠨ ᠰᠤᠮᠢᠶ᠎ᠠ
 • ᠮᠣᠩᠭᠣᠯ ᠤᠯᠤᠰ ᠤᠨ ᠭᠠᠪᠢᠶᠠᠲᠤ ᠵᠦᠵᠦᠭᠡᠴᠢᠨ ᠲ᠃ᠠᠷᠢᠭᠤᠨ᠎ᠠ
 • ᠮᠣᠩᠭᠣᠯ ᠤᠯᠤᠰ ᠤᠨ ᠭᠠᠪᠢᠶᠠᠲᠤ ᠵᠦᠵᠦᠭᠡᠴᠢᠨ ᠲ᠃ᠪᠠᠶᠠᠰᠬᠤᠯᠠᠩ
 • ᠮᠣᠩᠭᠣᠯ ᠤᠯᠤᠰ ᠤᠨ ᠭᠠᠪᠢᠶᠠᠲᠤ ᠵᠦᠵᠦᠭᠡᠴᠢᠨ ᠭᠠᠯᠰᠠᠩᠲᠣᠭᠲᠠᠬᠤ
 • ᠮᠣᠩᠭᠣᠯ ᠤᠯᠤᠰ ᠤᠨ ᠭᠠᠪᠢᠶᠠᠲᠤ ᠵᠦᠵᠦᠭᠡᠴᠢᠨ ᠭᠠᠯᠮᠠᠳᠤᠬᠤ
 • ᠮᠣᠩᠭᠣᠯ ᠤᠯᠤᠰ ᠤᠨ ᠭᠠᠪᠢᠶᠠᠲᠤ ᠵᠦᠵᠦᠭᠡᠴᠢᠨ ᠪᠠᠲᠤᠲᠡᠮᠦᠷ
 • ᠮᠣᠩᠭᠣᠯ ᠤᠯᠤᠰ ᠤᠨ ᠭᠠᠪᠢᠶᠠᠲᠤ ᠵᠦᠵᠦᠭᠡᠴᠢᠨ ᠣᠳᠣᠨᠴᠢᠮᠡᠭ
 • МУГД ᠪ᠃ᠣᠯᠵᠢᠲᠤ
 • МУГД ᠰᠡᠷᠡᠩᠳᠠᠭᠪᠠ
 • МУГД ᠳᠠᠰᠢᠵᠠᠮᠼᠤ
 • МУГД ᠽ᠃ᠳᠦᠪᠴᠢᠩ
 • МУГТ ᠴ᠃ᠱᠣᠭᠣᠪᠲᠣᠷ
 • МУГТ ᠫᠦᠷᠪᠦᠰᠦ᠋ᠷᠦᠩ
 • ᠮᠣᠩᠭᠣᠯ ᠤᠯᠤᠰ ᠤᠨ ᠭᠠᠪᠢᠶ᠎ᠠ ᠳᠤ ᠪᠠᠭᠰᠢ ᠴ᠃ᠳᠠᠰᠢᠳᠣᠷᠵᠢ

ᠤᠶᠠᠭᠠᠴᠢᠳ[ᠵᠠᠰᠠᠪᠤᠷᠢᠯᠠᠬᠤ | ᠺᠣᠳ᠋ ᠢᠶᠠᠷ ᠵᠠᠰᠠᠬᠣ]

МУТМУ-2 МУМУ-3 МУАУ-16

 • МУТМУ᠎ᠡ᠃ᠡᠷᠳᠡᠨᠢᠴᠢᠯᠠᠭᠤᠨ
 • МУТМУ ᠭ᠃ᠪᠠᠲᠤᠬᠦᠦ
 • МУМУ ᠲ᠃ᠡᠩᠬᠡᠪᠠᠲᠤ
 • МУМУ ᠴ᠃ᠴᠢᠨ ᠳᠦ-ᠠᠶᠤᠱᠢ
 • МУМУ ᠪ᠃ᠣᠳᠬᠣᠨᠠᠭᠰᠠᠨ
 • МУАУ ᠪ᠃ᠳᠡᠮᠪᠡᠭᠡ
 • МУАУ ᠲ᠃ᠵᠢᠭᠵᠢᠳᠠᠰᠦ᠋ᠷᠦᠩ
 • МУАУ ᠯᠠ᠃ᠪᠠᠲᠤᠮᠦ᠋ᠩᠬᠡ
 • МУАУ ᠲ᠃ᠡᠩᠬᠡᠲᠠᠶᠢᠪᠤᠩ
 • МУАУ ᠴᠤ᠃ᠪᠢᠮᠪᠠᠰᠦ᠋ᠷᠦᠩ
 • МУАУ ᠣ᠃ᠭᠦᠵᠢᠷ
 • МУАУ ᠲᠡᠮᠦᠷᠪᠠᠭᠠᠲᠤᠷ
 • МУАУ ᠢᠨᠵᠢᠭ ᠢᠶᠡᠨ
 • МУАУ ᡀᠦᠨᠳᠦᠪ
 • ᠡᠷᠳᠡᠨᠢᠪᠠᠲᠤ ᠶᠢᠨ ᠡᠷᠳᠡᠨᠢᠴᠢᠯᠠᠭᠤᠨ - ᠲᠣᠳᠣ ᠮᠠᠩᠯᠠᠢ ᠤᠶᠠᠭᠠᠴᠢ

ᠵᠡᠭᠦᠯᠲᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ