ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
<tr class="mergedtoprow"> <td>ᠴᠠᠭ ᠤᠨ ᠪᠥᠰᠡ</td> <td>GMT+8 </td> </tr> <tr class="mergedtoprow"> <td>ᠴᠠᠬᠢᠮ ᠭᠠᠵᠠᠷ</td> <td>nmg.gov.cn (ᠬᠢᠲᠠᠳ ᠢᠶᠠᠷ)</td> </tr> </table> ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ (ᠬᠢᠲᠠᠳ ᠢᠶᠠᠷ内蒙古自治区) — ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠍ ᠤᠨ ᠥᠪᠡᠷᠲᠡᠭᠡᠨ ᠵᠠᠰᠠᠬᠤ ᠣᠷᠣᠨ (ᠨᠢᠭᠡᠳᠦᠭᠡᠷ ᠲᠦᠪᠰᠢᠨ ᠦ ᠨᠢᠭᠡᠴᠡ)᠃ ᠬᠣᠶᠢᠳᠤ ᠲᠠᠯ᠎ᠠ ᠪᠠᠷ ᠢᠶᠠᠨ ᠮᠣᠩᠭᠣᠯ ᠤᠯᠤᠰᠣᠷᠣᠰ ᠬᠣᠯᠪᠣᠭᠠᠨ ᠤ ᠤᠯᠤᠰ ᠍ ᠲᠠᠢ ᠬᠢᠯᠢ ᠵᠠᠯᠭᠠᠳᠠᠭ ᠪᠣᠯ ᠤᠯᠤᠰ ᠳᠣᠲᠣᠷ᠎ᠠ ᠬᠠᠷᠠᠮᠦ᠋ᠷᠡᠨᠭᠢᠷᠢᠨᠯᠢᠶᠤᠤᠨᠢᠩᠾᠸᠪᠸᠢᠱᠠᠨ ᠰᠢᠱᠠᠨᠰᠢᠭᠠᠨᠰᠤᠨᠢᠩᠰᠢᠶᠠ ᠭᠡᠬᠦ 8 ᠮᠤᠵᠢ ᠣᠷᠣᠨ ᠲᠠᠢ ᠬᠠᠶᠠᠭᠠᠯᠠᠨ᠎ᠠ᠃ ᠣᠷᠣᠨ ᠤ ᠲᠥᠪ ᠨᠢ ᠬᠦᠬᠡᠬᠤᠲᠠ᠂ ᠬᠠᠮᠤᠭ ᠤᠨ ᠲᠣᠮᠣ ᠬᠣᠲᠠ ᠨᠢ ᠪᠤᠭᠤᠳᠤ᠃ 1947 ᠣᠨ ᠤ 5 ᠰᠠᠷ᠎ᠠ ᠶᠢᠨ 1 ᠍ ᠳᠦ ᠤᠯᠠᠭᠠᠨᠬᠣᠲᠠ ᠳᠦ ᠲᠥᠪᠯᠡᠨ ᠪᠠᠶᠢᠭᠤᠯᠤᠭᠳᠠᠭᠰᠠᠨ᠃ 1,183,000 ᠺᠦᠸᠠᠳ᠋ ᠺᠢᠯᠣᠮᠧᠲ᠋ᠷ ᠲᠠᠯᠠᠪᠠᠢ ᠲᠠᠢ᠂ 2010 ᠣᠨ ᠤ ᠪᠠᠶᠢᠳᠠᠯ ᠢᠶᠠᠷ 24,706,321 ᠬᠦᠮᠦᠨ ᠠᠮᠠ ᠲᠠᠢ᠃ 2000 ᠣᠨ ᠤ ᠪᠠᠶᠢᠳᠠᠯ ᠢᠶᠠᠷ ᠬᠦᠮᠦᠨ ᠠᠮᠠ ᠶᠢᠨ 79.17% ᠍ ᠢ ᠬᠢᠲᠠᠳ ᠦᠨᠳᠦᠰᠦᠲᠡᠨ᠂ 17.13% ᠍ ᠶᠢ ᠮᠣᠩᠭᠣᠯ ᠦᠨᠳᠦᠰᠦᠲᠡᠨ᠂ 3.70% ᠍ ᠶᠢ ᠪᠤᠰᠤᠳ ᠤᠭᠰᠠᠭᠠᠲᠠᠨ ᠡᠵᠡᠯᠡᠵᠦ ᠪᠠᠶᠢᠨ᠎ᠠ᠃ ᠥᠪᠡᠷᠲᠡᠭᠡᠨ ᠵᠠᠰᠠᠬᠤ ᠣᠷᠣᠨ ᠤ ᠳᠣᠲᠣᠷ᠎ᠠ ᠬᠢᠲᠠᠳᠮᠣᠩᠭᠣᠯ 2 ᠠᠯᠪᠠᠨ ᠶᠣᠰᠣᠨ ᠤ ᠬᠡᠯᠡ ᠲᠠᠢ᠃

ᠨᠡᠷ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠥᠪᠥᠷ ᠮᠣᠩᠭᠣᠯ ᠬᠡᠮᠡᠬᠦ ᠨᠡᠷᠡᠢᠳᠦᠯ ᠨᠢ ᠬᠣᠶᠠᠷ ᠣᠨᠳᠣᠣ ᠣᠳᠬ᠎ᠠ ᠪᠠᠷ ᠳᠡᠯᠡᠬᠡᠢ ᠳᠦ ᠲᠠᠨᠢᠭᠳᠠᠳᠠᠭ᠃

  1. ᠮᠣᠩᠭᠣᠯ ᠬᠡᠯᠡᠨ ᠳᠦ ᠭᠠᠵᠠᠷ ᠣᠷᠣᠨ ᠢ ᠵᠢᠭᠠᠬᠤ ᠳᠤ ᠠᠭᠤᠯᠠ ᠶᠢᠨ ᠠᠷᠤ᠂ ᠥᠪᠥᠷ ᠭᠡᠵᠦ ᠲᠦᠭᠡᠮᠡᠯ ᠬᠡᠷᠡᠭᠯᠡᠭᠳᠡᠳᠡᠭ᠃ ᠭᠣᠪᠢ ᠶᠢᠨ ᠬᠣᠢᠳᠤ ᠲᠠᠯ᠎ᠠ ᠶᠢᠨ ᠨᠤᠲᠤᠭ ᠢ «ᠠᠷᠤ ᠮᠣᠩᠭᠣᠯ»᠂ ᠡᠮᠦᠨᠡᠲᠦ ᠲᠠᠯ᠎ᠠ ᠶᠢᠨ ᠨᠤᠲᠤᠭ ᠢ «ᠥᠪᠥᠷ ᠮᠣᠩᠭᠣᠯ» ᠭᠡᠵᠡᠢ ᠭᠡᠬᠦ ᠲᠠᠶᠢᠯᠪᠤᠷᠢ ᠪᠠᠶᠢᠳᠠᠭ᠃
  2. ᠬᠢᠲᠠᠳ ᠬᠡᠯᠡ ᠪᠡᠷ "内蒙古" (Nèi Měnggǔ᠂ «ᠳᠣᠲᠣᠭᠠᠳᠤ ᠮᠣᠩᠭᠣᠯ») ᠭᠡᠵᠦ ᠨᠡᠷᠡᠯᠡᠳᠡᠭ᠃ ᠡᠨᠡ ᠨᠡᠷ᠎ᠡ ᠶᠢ ᠮᠠᠨᠵᠤ ᠬᠡᠯᠡ  ᠪᠡᠷ dorgi (ᠳᠣᠲᠣᠭᠠᠳᠤ)᠂ tulergi (ᠭᠠᠳᠠᠭᠠᠳᠤ) ᠭᠡᠳᠡᠭ ᠡᠴᠡ ᠤᠯᠠᠮᠵᠢᠯᠠᠭᠰᠠᠨ ᠭᠡᠬᠦ ᠲᠠᠶᠢᠯᠪᠤᠷᠢ ᠪᠠᠶᠢᠳᠠᠭ᠃ ᠳᠡᠯᠡᠬᠡᠢ ᠶᠢᠨ ᠪᠣᠰᠣᠳ ᠭᠡᠯᠡᠨ ᠳᠦ ᠶᠡᠭᠡᠪᠴᠢᠯᠡᠨ ᠡᠨᠡ ᠣᠳᠬ᠎ᠠ ᠪᠠᠷ ᠣᠷᠴᠢᠭᠣᠯᠣᠭᠳᠠᠭᠰᠠᠨ ᠪᠠᠢᠳᠠᠭ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠦᠨᠳᠦᠰᠦᠲᠡᠨ ᠦ ᠨᠤᠲᠤᠭ ᠍ ᠵᠠᠷᠢᠮ ᠳᠦ ᠪᠡᠨ ᠠᠷᠤ᠂ ᠥᠪᠥᠷ᠂ ᠪᠠᠷᠠᠭᠤᠨ᠂ ᠵᠡᠭᠦᠨ ᠭᠠᠷ ᠪᠣᠯᠤᠨ ᠬᠤᠪᠢᠶᠠᠷᠢᠯᠠᠭᠳᠠᠭᠳᠠᠳᠠᠭ ᠪᠠᠶᠢᠯ᠎ᠠ᠃ ᠪᠠᠷᠠᠭᠤᠨ ᠤᠷᠢᠳᠤ ᠵᠦᠭ ᠲᠤ ᠠᠯᠲᠠᠢ᠂ ᠵᠡᠭᠦᠨ ᠤᠷᠢᠳᠤ ᠵᠦᠭ ᠲᠤ ᠭᠣᠪᠢ ᠨᠢ ᠰᠠᠭᠤᠷᠢᠰᠢᠮᠠᠯ ᠬᠢᠲᠠᠳ ᠠᠴᠠ ᠨᠡᠭᠦᠳᠡᠯᠴᠢ ᠤᠮᠠᠷᠠᠳᠤ ᠶᠢᠨ ᠦᠨᠳᠦᠰᠦᠲᠡᠨ ᠨᠦᠭᠦᠳ ᠢ ᠲᠤᠰᠠᠭᠠᠷ ᠪᠠᠶᠢᠯᠭᠠᠬᠤ ᠪᠠᠶᠢᠭᠠᠯᠢ ᠶᠢᠨ ᠰᠠᠭᠠᠳ ᠲᠣᠳᠬᠠᠷ ᠪᠣᠯᠳᠠᠭ ᠪᠠᠶᠢᠴᠠᠢ᠃

ᠵᠡᠭᠦᠨ ᠮᠣᠩᠭᠣᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠯᠲᠠᠨ ᠬᠠᠨ

ᠶᠤᠸᠠᠨ ᠤᠯᠤᠰ (ᠶᠡᠬᠡ ᠬᠠᠭᠠᠨ ᠤ ᠤᠯᠤᠰ) ᠬᠢᠲᠠᠳ  ᠤᠷᠤᠨ ᠤᠬᠤᠷᠢᠨ ᠭᠠᠷᠴᠤ ᠴᠠᠭᠠᠨ ᠬᠡᠷᠡᠮ ᠡᠴᠡ ᠤᠮᠠᠷᠠᠳᠤ ᠨᠤᠲᠤᠭ ᠠᠬᠢᠨ ᠮᠣᠩᠭᠣᠯᠴᠤᠳ ᠤᠨ ᠲᠥᠪ ᠪᠣᠯᠪᠠ᠃ ᠡᠬᠢᠨ ᠦ ᠵᠠᠭᠤᠨ ᠳᠤ ᠪᠠᠷᠠᠭᠤᠨ (ᠳᠥᠷᠪᠡᠨ ᠣᠶᠢᠷᠠᠳ)᠂ ᠵᠡᠭᠦᠨ ᠬᠣᠶᠠᠷ ᠪᠣᠯᠤᠨ ᠲᠤᠰᠠᠭᠠᠷᠯᠠᠵᠤ᠂ ᠲᠡᠷᠡ ᠲᠣᠮᠳᠠ ᠪᠠᠨ ᠵᠡᠭᠦᠨ ᠮᠣᠩᠭᠣᠯ ᠨᠢ ᠪᠠᠷᠠᠭᠤᠨ᠂ ᠵᠡᠭᠦᠨ ᠬᠣᠶᠠᠷ ᠭᠠᠷ ᠲᠤ ᠬᠤᠪᠢᠶᠠᠭᠳᠠᠵᠠᠢ᠃ ᠲᠣᠬᠠᠢᠯᠠᠪᠠᠯ ᠬᠠᠯᠬ᠎ᠠᠴᠠᠬᠠᠷᠤᠷᠢᠶᠠᠩᠬᠠᠢ ᠭᠤᠷᠪᠠ ᠪᠤᠶᠤ ᠵᠡᠭᠦᠨ ᠭᠠᠷ ᠬᠠᠭᠠᠨ ᠢᠶᠠᠷ ᠤᠳᠤᠷᠢᠳᠤᠭᠤᠯᠵᠤ᠂ ᠲᠦᠮᠡᠳᠬᠣᠷᠴᠢᠨᠶᠦᠩᠰᠢᠶᠡᠪᠦ ᠭᠤᠷᠪᠠ ᠪᠤᠶᠤ ᠪᠠᠷᠠᠭᠤᠨ ᠭᠠᠷ ᠵᠢᠨᠦᠩ ᠢᠶᠠᠷ ᠵᠠᠯᠠᠭᠤᠯᠵᠤ ᠪᠠᠶᠢᠯ᠎ᠠ᠃

1504 ᠣᠨ ᠳᠤ ᠪᠠᠲᠤᠮᠦ᠋ᠩᠬᠡ ᠳᠠᠶᠠᠨ ᠬᠠᠭᠠᠨ ᠥᠭᠡᠳᠡ ᠪᠣᠯᠤᠭᠰᠠᠨ ᠤ ᠬᠣᠶᠢᠨ᠎ᠠ ᠣᠷᠣᠨ ᠨᠢ 12 ᠬᠥᠪᠡᠭᠦᠨ ᠳᠤ ᠰᠠᠯᠵᠤ ᠥᠪᠯᠡᠭᠳᠡᠪᠡ᠃ ᠠᠷᠤ ᠬᠠᠯᠬ᠎ᠠ (ᠣᠳᠣ ᠶᠢᠨ ᠮᠣᠩᠭᠣᠯ ᠤᠯᠤᠰ  ᠦᠨ ᠳᠡᠶᠢᠯᠦᠩᠬᠢ ᠬᠡᠰᠡᠭ) ᠣᠳᠬᠣᠨ ᠬᠦᠦ ᠭᠡᠷᠰᠡᠩᠡᠳ᠋ ᠣᠴᠢᠵᠤ᠂ ᠥᠪᠥᠷ ᠬᠠᠯᠬ᠎ᠠ ᠵᠡᠷᠭᠡ ᠪᠤᠰᠤᠳ ᠵᠡᠭᠦᠨ ᠮᠣᠩᠭᠣᠯ ᠤᠨ ᠶᠡᠬᠡᠩᠬᠢ ᠬᠡᠰᠡᠭ ᠬᠣᠵᠢᠮ ᠥᠪᠥᠷ ᠮᠣᠩᠭᠣᠯ ᠪᠣᠯᠤᠭᠰᠠᠨ ᠶᠤᠮ᠃

16 ᠍ ᠳᠦᠭᠡᠷ ᠵᠠᠭᠤᠨ ᠤ ᠳᠤᠮᠳᠠ ᠦᠶ᠎ᠡ ᠳᠦ ᠪᠠᠷᠰᠪᠣᠯᠤᠳ ᠵᠢᠨᠦᠩ ᠦᠨ ᠬᠦᠦ ᠲᠦᠮᠡᠳ ᠦᠨ ᠠᠯᠲᠠᠨ ᠬᠦᠴᠦᠷᠭᠡᠭᠵᠢᠪᠡ᠃ ᠲᠡᠷᠡ ᠴᠠᠬᠠᠷ ᠲᠤ ᠰᠠᠭᠤᠬᠤ ᠬᠠᠭᠠᠨ ᠲᠠᠢ ᠵᠡᠷᠭᠡᠴᠡᠭᠡ ᠪᠡᠷ ᠬᠠᠨ ᠴᠣᠯᠠᠲᠠᠨ ᠪᠣᠯᠵᠠᠢ᠃ ᠠᠯᠲᠠᠨ ᠬᠠᠨ ᠮᠢᠩ ᠤᠯᠤᠰ ᠍ ᠢ ᠤᠤᠯᠭᠠᠯᠠᠨ ᠳᠣᠪᠲᠣᠯᠵᠤ᠂ ᠬᠤᠳᠠᠯᠳᠤᠭᠠᠨ ᠤ ᠠᠰᠢᠭᠲᠠᠢ ᠨᠥᠬᠥᠴᠡᠯ ᠢ ᠲᠤᠯᠭᠠᠨ ᠬᠦᠯᠢᠶᠡᠯᠭᠡᠵᠦ᠂ 1552 ᠣᠨ ᠳᠤ ᠣᠶᠢᠷᠠᠳ ᠤᠨ ᠵᠠᠷᠢᠮ ᠢ ᠶᠡᠬᠡ ᠪᠡᠷ ᠳᠠᠷᠤᠵᠤ᠂ ᠬᠥᠬᠡ ᠨᠠᠭᠤᠷ ᠤᠨ ᠭᠠᠵᠠᠷ ᠢ ᠡᠵᠡᠯᠡᠵᠦ ᠪᠠᠶᠢᠴᠠᠢ᠃ ᠮᠥᠨ 1575 ᠣᠨ ᠳᠤ ᠬᠦᠬᠡᠬᠤᠲᠠ ᠍ ᠢ ᠡᠭᠦᠰᠬᠡᠨ ᠪᠠᠶᠢᠭᠤᠯᠤᠭᠰᠠᠨ ᠨᠢ ᠡᠳᠦᠭᠡ ᠥᠪᠥᠷ ᠮᠣᠩᠭᠣᠯ ᠤᠨ ᠦᠪᠡᠷᠲᠡᠭᠡᠨ ᠵᠰᠠᠬᠤ ᠤᠷᠤᠨ ᠦ ᠲᠦᠪ ᠬᠣᠲᠠ ᠶᠤᠮ᠃ 1577 ᠣᠨ ᠳᠤ ᠠᠯᠲᠠᠨ ᠬᠠᠨ ᠲᠥᠪᠡᠳ ᠦᠨ ᠭᠡᠯᠦᠭᠪᠠ ᠶᠣᠰᠣ ᠶᠢᠨ ᠶᠡᠬᠡ ᠯᠠᠮᠠ ᠰᠣᠳᠨᠠᠮᠵᠠᠮᠰᠤ ᠳᠤ ᠳᠠᠯᠠᠢ ᠯᠠᠮᠠ ᠴᠣᠯᠠ ᠡᠷᠭᠦᠮᠵᠢᠯᠡᠵᠡᠢ᠃

ᠴᠢᠩ ᠤᠯᠤᠰ ᠤᠨ ᠦᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

17 ᠍ ᠳᠦᠭᠡᠷ ᠵᠠᠭᠤᠨ ᠤ ᠡᠬᠢ ᠪᠡᠷ ᠴᠠᠬᠠᠷ ᠤᠨ ᠯᠢᠭᠳᠡᠨ ᠬᠠᠭᠠᠨ ᠮᠣᠩᠭᠣᠯ ᠤᠨ ᠬᠠᠭᠠᠨ ᠭᠡᠬᠦ ᠨᠡᠷ᠎ᠡ ᠲᠡᠢ ᠪᠣᠯᠪᠠᠴᠤ ᠦᠨᠡᠨ ᠳᠦ ᠪᠡᠨ ᠮᠣᠩᠭᠣᠯ ᠨᠣᠶᠠᠳ ᠪᠡᠶ᠎ᠡ ᠳᠠᠩ ᠲᠤᠰ ᠲᠤᠰ ᠲᠤ ᠪᠠᠨ ᠨᠤᠲᠤᠭ ᠢᠶᠠᠨ ᠮᠡᠳᠡᠨ ᠰᠠᠭᠤᠵᠤ ᠪᠠᠶᠢᠪᠠ᠃ ᠲᠡᠷᠡ ᠡᠪ ᠢᠶᠡᠷ ᠨᠣᠶᠠᠳ ᠢ ᠨᠢᠭᠡᠳᠬᠡᠬᠦ ᠶᠢ ᠬᠢᠴᠢᠶᠡᠭᠰᠡᠨ ᠪᠣᠯᠪᠠᠴᠤ ᠰᠠᠨᠠᠭᠰᠠᠨ ᠳᠤ ᠪᠠᠨ ᠬᠦᠷᠦᠭᠡ ᠦᠭᠡᠢ᠃ ᠬᠠᠷᠠᠴᠢᠨ᠂ ᠬᠣᠷᠴᠢᠨ᠂ ᠥᠪᠥᠷ ᠬᠠᠯᠬ᠎ᠠ ᠶᠢᠨ ᠨᠣᠶᠠᠳ ᠵᠦᠷᠴᠢᠳ ᠤᠨ ᠨᠤᠷᠬᠠᠴᠢ ᠲᠠᠢ ᠬᠤᠯᠪᠤᠭᠠᠯᠠᠪᠠ᠃ ᠯᠢᠭᠳᠡᠨ ᠬᠠᠭᠠᠨ ᠬᠡᠳᠦ ᠬᠡᠳᠦᠨ ᠢᠯᠠᠭᠳᠠᠯ ᠤᠨ ᠳᠠᠷᠠᠭ᠎ᠠ 1634 ᠣᠨ ᠳᠤ ᠬᠥᠬᠡ ᠨᠠᠭᠤᠷ ᠵᠦᠭ ᠤᠬᠤᠷᠢᠵᠤ ᠶᠠᠪᠤᠭᠠᠳ ᠭᠠᠨᠰᠤ ᠳᠤ ᠡᠪᠡᠳᠴᠢᠨ ᠢᠶᠡᠷ ᠨᠠᠰᠤ ᠡᠴᠦᠰᠯᠡᠵᠡᠢ᠃ ᠬᠦᠬᠡᠬᠤᠲᠠ ᠮᠠᠨᠵᠤ ᠳᠤ ᠡᠵᠡᠯᠡᠭᠳᠡᠨ ᠮᠠᠨᠵᠤ ᠶᠢᠨ ᠬᠠᠭᠠᠨ ᠠᠪᠠᠬᠠᠢ ᠥᠪᠡᠷ ᠢ ᠪᠡᠨ ᠮᠣᠩᠭᠣᠯ ᠤᠨ ᠬᠠᠭᠠᠨ ᠡᠷᠭᠦᠮᠵᠢᠯᠡᠪᠡ᠃ ᠢᠩᠭᠢᠵᠦ ᠣᠳᠣ ᠶᠢᠨ ᠥᠪᠥᠷ ᠮᠣᠩᠭᠣᠯ ᠣᠷᠣᠨ ᠴᠢᠩ ᠤᠯᠤᠰ ᠤᠨ ᠨᠤᠲᠤᠭ ᠳᠡᠪᠢᠰᠬᠡᠷ ᠪᠣᠯᠵᠤ ᠪᠠᠶᠢᠯ᠎ᠠ᠃ ᠡᠨᠡ ᠦᠶᠡᠰ 1691 ᠣᠨ ᠬᠦᠷᠲᠡᠯ᠎ᠡ ᠠᠷᠤ ᠬᠠᠯᠬ᠎ᠠ ᠲᠤᠰᠠᠭᠠᠷ ᠪᠠᠶᠢᠭᠰᠠᠨ᠃

ᠬᠢᠲᠠᠳ ᠢ ᠮᠠᠨᠵᠤ ᠦᠨᠳᠦᠰᠦᠲᠡᠨ ᠪᠠᠶᠢᠯᠳᠤᠨ ᠡᠵᠡᠯᠡᠬᠦ ᠳᠦ ᠥᠪᠥᠷ ᠮᠣᠩᠭᠣᠯ ᠭᠣᠣᠯᠯᠠᠬᠤ ᠡᠭᠦᠷᠭᠡ ᠲᠡᠢ ᠣᠷᠣᠯᠴᠠᠭᠰᠠᠨ ᠪᠥᠭᠡᠳ ᠴᠢᠩ ᠤᠯᠤᠰ ᠤᠨ ᠳᠣᠣᠷ᠎ᠠ 49 ᠬᠣᠰᠢᠭᠤ ᠪᠣᠯᠤᠨ ᠬᠤᠪᠢᠶᠠᠭᠳᠠᠵᠠᠢ᠃ ᠬᠠᠷᠢᠶᠠᠲᠤ ᠶᠢᠨ ᠶᠣᠰᠣᠭᠠᠷ 17 ᠍ ᠳᠦᠭᠡᠷ ᠵᠠᠭᠤᠨ ᠤ ᠡᠴᠦᠰ ᠢᠶᠡᠷ ᠭᠠᠯᠳᠠᠨ ᠪᠣᠱᠣᠭᠲᠤ ᠶᠢᠨ ᠡᠰᠡᠷᠬᠦᠦ᠂ 18 ᠍ ᠳᠦᠭᠡᠷ ᠵᠠᠭᠤᠨ ᠤ ᠳᠤᠮᠳᠠᠭᠤᠷ ᠵᠦᠩᠭᠠᠷ ᠤᠨ ᠬᠠᠭᠠᠨᠲᠤ ᠤᠯᠤᠰ ᠤᠨ ᠡᠰᠡᠷᠬᠦ ᠠᠶᠠᠨ ᠳᠠᠶᠢᠨ ᠳᠤ ᠣᠷᠣᠯᠴᠠᠵᠠᠢ᠃ 19 ᠍ ᠳᠦᠭᠡᠷ ᠵᠠᠭᠤᠨ ᠤ ᠥᠪᠥᠷ ᠮᠣᠩᠭᠣᠯ ᠤᠨ ᠤᠷᠠᠨ ᠵᠣᠬᠢᠶᠠᠯ ᠣᠨᠴᠠᠭᠠᠢ ᠬᠥᠭᠵᠢᠵᠦ ᠪᠠᠶᠢᠯ᠎ᠠ᠃ ᠲᠡᠷᠡ ᠳᠤᠮᠳᠠ ᠠᠴᠠ ᠸᠠᠩᠴᠢᠨᠪᠠᠯ ᠤᠨ ᠢᠨᠵᠠᠨᠨᠠᠰᠢ ᠬᠡᠮᠡᠬᠦ ᠨᠡᠷᠡᠲᠦ ᠵᠣᠬᠢᠶᠠᠯᠴᠢ ᠲᠦᠷᠦᠭᠰᠡᠨ ᠪᠢᠯᠡ᠃ 19 ᠍ ᠳᠦᠭᠡᠷ ᠵᠠᠭᠤᠨ ᠤ ᠡᠴᠦᠰ ᠢᠶᠡᠷ ᠮᠠᠨᠵᠤ ᠶᠢᠨ ᠨᠣᠶᠠᠷᠬᠠᠯ ᠤᠨ ᠡᠰᠡᠷᠬᠦ ᠳᠤᠭᠤᠶᠢᠯᠠᠩ ᠬᠥᠳᠡᠯᠭᠡᠭᠡᠨ ᠥᠷᠨᠢᠭᠰᠡᠨ᠃ ᠬᠥᠳᠡᠯᠭᠡᠭᠡᠨ ᠦ ᠨᠢᠭᠡ ᠢᠳᠡᠪᠬᠢᠲᠡᠨ ᠨᠢ ᠰᠢᠯᠦᠭᠴᠢ ᠬᠡᠰᠢᠭᠪᠠᠲᠦ ᠪᠠᠶᠢᠵᠠᠢ᠃ ᠬᠥᠳᠡᠯᠭᠡᠭᠡᠨ ᠮᠠᠨᠵᠤ ᠶᠢᠨ ᠴᠡᠷᠢᠭ ᠦᠨ ᠬᠦᠴᠦᠨ ᠳᠦ ᠳᠠᠷᠤᠭᠳᠠᠵᠠᠢ᠃

ᠬᠣᠷᠢᠳᠤᠭᠠᠷ ᠵᠠᠭᠤᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠣᠪᠴᠢᠯᠠᠪᠠ

ᠵᠠᠰᠠᠭ ᠵᠠᠬᠢᠷᠭᠠᠨ ᠤ ᠬᠤᠪᠢᠶᠠᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠨᠵᠤ ᠴᠢᠩ ᠭᠦᠷᠦᠨ 1636 ᠣᠨ ᠳᠤ ᠭᠣᠪᠢ ᠶᠢᠨ ᠡᠮᠦᠨᠡᠬᠢ ᠮᠣᠩᠭᠣᠯ ᠢ ᠪᠦᠷᠢᠨ ᠡᠵᠡᠯᠡᠵᠦ ᠠᠪᠤᠭᠠᠳ 6 ᠴᠢᠭᠤᠯᠭᠠᠨ ᠳᠤ ᠬᠤᠪᠢᠶᠠᠵᠤ᠂ ᠭᠠᠳᠠᠭᠠᠳᠤ ᠮᠣᠩᠭᠣᠯ ᠤᠨ ᠲᠥᠷᠥ ᠶᠢ ᠵᠠᠰᠠᠬᠤ ᠶᠠᠮᠤᠨ ᠪᠠᠶᠢᠭᠤᠯᠤᠨ᠂ ᠲᠡᠭᠦᠨ ᠦ ᠪᠡᠨ ᠮᠣᠩᠭᠣᠯ ᠵᠤᠷᠭᠠᠨ ᠬᠡᠮᠡᠨ ᠨᠡᠷᠡᠯᠡᠬᠦ ᠪᠣᠯᠵᠠᠢ᠃ ᠡᠨᠡ 6 ᠴᠢᠭᠤᠯᠭᠠᠨ ᠢ ᠰᠢᠯᠢ ᠶᠢᠨ ᠭᠣᠣᠯ ᠤᠨ᠂ ᠵᠢᠷᠢᠮ ᠦᠨ᠂ ᠵᠣᠰᠣᠲᠤ ᠶᠢᠨ᠂ ᠶᠡᠭᠡ ᠵᠣᠣ  ᠶᠢᠨ᠂ ᠵᠤᠤ ᠤᠳᠠ ᠶᠢᠨ᠂ ᠤᠯᠠᠭᠠᠨᠴᠠᠪ ᠤᠨ ᠴᠢᠭᠤᠯᠭᠠᠨ ᠬᠡᠮᠡᠨ ᠨᠡᠷᠡᠯᠡᠵᠦ᠂ ᠡᠳᠡᠭᠡᠷ ᠴᠢᠭᠤᠯᠭᠠᠨ 1912 ᠣᠨ ᠬᠦᠷᠲᠡᠯ᠎ᠡ ᠬᠡᠪ ᠢᠶᠡᠷ ᠣᠷᠣᠰᠢᠨ ᠲᠣᠭᠲᠠᠨᠢᠵᠤ᠂ ᠲᠡᠬᠦᠨ ᠡᠴᠡ ᠰᠡᠬᠦᠯ ᠦᠶ᠎ᠡ  ᠰᠢᠯᠢ ᠶᠢᠨ ᠭᠣᠣᠯ᠂ ᠵᠢᠷᠢᠮ᠂ ᠬᠥᠯᠦᠨ ᠪᠤᠶᠢᠷ᠂ ᠵᠣᠰᠣᠲᠤ᠂ ᠤᠯᠠᠭᠠᠨᠴᠠᠪ᠂ ᠪᠠᠶᠠᠨᠨᠠᠭᠤᠷ (ᠤᠷᠠᠳ)᠂ ᠶᠡᠭᠡ ᠵᠣᠣ ᠂ ᠵᠤᠤ ᠤᠳᠠ᠂ ᠬᠢᠩᠭᠠᠨ᠂ ᠠᠯᠠᠱᠠ ᠠᠶᠢᠮᠠᠭ ᠪᠣᠯᠤᠨ ᠬᠤᠪᠢᠶᠠᠭᠳᠠᠭᠰᠠᠨ ᠃ ᠬᠣᠵᠢᠮ ᠨᠢ ᠠᠢᠮᠠᠭ ᠤᠳ ᠢ ᠠᠶᠢᠮᠠᠭ  ᠶᠢ ᠬᠣᠲᠠ ᠪᠣᠯᠭᠠᠭᠰᠠᠨ ᠪᠥᠭᠡᠳ ᠰᠢᠯᠢ ᠶᠢᠨ ᠭᠣᠣᠯ᠂ ᠬᠢᠩᠭᠠᠨ᠂ ᠠᠯᠠᠱᠠ 3 ᠠᠶᠢᠮᠠᠭ ᠢᠶᠠᠷ ᠢᠶᠠᠨ ᠦᠯᠡᠳᠡᠵᠦ ᠪᠠᠶᠢᠨ᠎ᠠ᠃

ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠥᠪᠡᠷ ᠢᠶᠡᠨ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠨᠢᠭᠡᠳᠦᠭᠡᠷ ᠲᠦᠪᠰᠢᠨ ᠦ ᠵᠠᠰᠠᠭ ᠵᠠᠬᠢᠷᠭᠠᠨ ᠤ ᠨᠢᠭᠡᠴᠡ᠃ ᠬᠠᠷᠢᠨ ᠳᠣᠲᠣᠷ᠎ᠠ ᠪᠠᠨ ᠬᠣᠶᠠᠳᠤᠭᠠᠷ ᠲᠦᠪᠰᠢᠨ ᠦ (ᠠᠶᠢᠮᠠᠭᠲᠠᠢ ᠲᠡᠩᠴᠡᠬᠦ) 12 ᠨᠢᠭᠡᠴᠡ ᠳᠦ ᠬᠤᠪᠢᠶᠠᠭᠳᠠᠳᠠᠭ᠃ ᠡᠨᠡ ᠲᠦᠪᠰᠢᠨ ᠦ ᠨᠢᠭᠡᠴᠡ ᠨᠦᠭᠦᠳ ᠴᠢᠩ ᠤᠯᠤᠰ ᠍ ᠤᠨ ᠦᠶᠡᠰ ᠴᠢᠭᠤᠯᠭᠠᠨ᠂ 20 ᠵᠠᠭᠤᠨ ᠠᠴᠠ ᠠᠶᠢᠮᠠᠭ (ᠬᠢᠲᠠᠳ ᠢᠶᠠᠷ méng) ᠭᠡᠵᠦ ᠨᠡᠷᠡᠯᠡᠭᠳᠡᠭᠰᠡᠭᠡᠷ ᠢᠷᠡᠭᠰᠡᠨ᠃ ᠡᠭᠦᠨ ᠦ ᠠᠳᠠᠯᠢ ᠪᠠᠷ ᠭᠤᠷᠪᠠᠳᠤᠭᠠᠷ ᠲᠦᠪᠰᠢᠨ ᠳᠦ ᠬᠣᠰᠢᠭᠤ(ᠬᠢᠲᠠᠳ ᠢᠶᠠᠷ ) ᠦᠨᠳᠦᠰᠦᠨ ᠨᠢᠭᠡᠴᠡ ᠪᠣᠯᠳᠠᠭ ᠤᠯᠠᠮᠵᠢᠯᠠᠯ ᠲᠠᠢ᠃ 1990 ᠍ ᠣᠨ ᠠᠴᠠ ᠠᠶᠢᠮᠠᠭ ᠤᠳ ᠢ ᠬᠣᠲᠠ (ᠬᠢᠲᠠᠳ ᠢᠶᠠᠷ 地级市 dìjíshì) ᠪᠣᠯᠭᠠᠨ ᠬᠤᠪᠢᠷᠠᠭᠠᠭᠰᠠᠭᠠᠷ ᠣᠳᠣ ᠪᠠᠷ (ᠠᠯᠠᠱᠠᠬᠢᠩᠭᠠᠨᠰᠢᠯᠢ ᠶᠢᠨ ᠭᠣᠣᠯ) ᠠᠶᠢᠮᠠᠭ ᠨᠡᠷ᠎ᠡ ᠪᠡᠷ ᠢᠶᠡᠨ ᠪᠠᠶᠢᠨ᠎ᠠ᠃ ᠬᠥᠯᠦᠨ ᠪᠤᠶᠢᠷᠪᠠᠶᠠᠨᠨᠠᠭᠤᠷᠤᠯᠠᠭᠠᠨᠴᠠᠪ ᠭᠤᠷᠪᠠ ᠨᠡᠷ᠎ᠡ ᠪᠡᠨ ᠬᠠᠳᠠᠭᠠᠯᠠᠵᠤ ᠦᠯᠡᠳᠡᠭᠰᠡᠨ ᠪᠣᠯ ᠵᠢᠷᠢᠮ ᠲᠦᠩᠯᠢᠶᠣᠣ ᠭᠡᠬᠦ ᠬᠢᠲᠠᠳ ᠠᠯᠪᠠᠨ ᠨᠡᠷ᠎ᠡ ᠲᠡᠢ ᠪᠣᠯᠵᠤ ᠥᠭᠡᠷᠡᠴᠢᠯᠡᠭᠳᠡᠵᠡᠢ᠃ ᠶᠡᠬᠡ ᠵᠤᠤ ᠬᠠᠷᠢᠨ ᠣᠷᠳᠣᠰ ᠭᠡᠵᠦ ᠥᠭᠡᠷ᠎ᠡ ᠨᠢᠭᠡ ᠮᠣᠩᠭᠣᠯ ᠨᠡᠷ᠎ᠡ ᠪᠡᠷ ᠰᠣᠯᠢᠭᠳᠠᠭᠰᠠᠨ᠃ ᠦᠯᠡᠳᠡᠵᠦ ᠪᠤᠢ ᠭᠤᠷᠪᠠᠨ ᠠᠶᠢᠮᠠᠭ ᠤᠨ ᠵᠡᠷᠭᠡᠮᠵᠢ ᠶᠠᠪᠤᠭᠠᠨ ᠳᠠᠭᠠᠨ ᠪᠠᠰᠠ ᠥᠭᠡᠷᠡᠴᠢᠯᠡᠭᠳᠡᠬᠦ ᠰᠢᠨᠵᠢ ᠲᠡᠢ᠃

ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ
ᠥᠪᠡᠷᠲᠡᠭᠡᠨ ᠵᠠᠰᠠᠬᠤ ᠣᠷᠣᠨ
ᠤᠯᠤᠰ ᠣᠷᠣᠨ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ
ᠮᠤᠵᠢ᠂ ᠣᠷᠣᠨ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ
ᠠᠶᠢᠮᠠᠭ᠂ ᠲᠣᠭᠣᠷᠢᠭ 9 ᠬᠣᠲᠠ᠂ 3 ᠠᠶᠢᠮᠠᠭ
ᠬᠣᠰᠢᠭᠤ᠂ ᠰᠢᠶᠠᠨ 101 ᠨᠤᠲᠤᠭ
ᠰᠤᠮᠤ᠂ ᠰᠢᠶᠠᠩ 1425 ᠨᠤᠲᠤᠭ
ᠭᠠᠵᠠᠷ ᠨᠤᠲᠤᠭ 1,183,000 ᠺᠦᠸᠠᠳ᠋ ᠺᠢᠯᠣᠮᠧᠲ᠋ᠷ
ᠬᠦᠮᠦᠨ ᠠᠮᠠ (ᠲᠣᠭᠠᠯᠠᠯ) 2010 ᠣᠨ ᠳᠤ 24,706,321 ᠬᠦᠮᠦᠨ
ᠨᠢᠭᠲᠠᠴᠠ ᠰᠡᠶᠢᠷᠡᠭ 20.2 ᠬᠦᠮᠦᠨ/км²
ᠠᠷᠠᠳ ᠲᠦᠮᠡᠨ 79.2% - ᠬᠢᠲᠠᠳ᠂ 17.1% - ᠮᠣᠩᠭᠣᠯ
ᠨᠤᠲᠤᠭ ᠤᠨ ᠣᠯᠠᠨ ᠥᠪᠥᠷ ᠮᠣᠩᠭᠣᠯ ᠤᠨ ᠬᠢᠨ
1947 ᠣᠨ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠡᠭᠦᠰᠦᠨ ᠪᠠᠶᠢᠭᠤᠯᠤᠭᠳᠠᠭᠰᠠᠨ
ᠨᠠᠮ ᠤᠨ ᠱᠦᠵᠢ ᠸᠠᠩ ᠵᠢᠶᠣᠨ
ᠥᠪᠡᠷᠲᠡᠭᠡᠨ ᠵᠠᠰᠠᠬᠤ ᠣᠷᠣᠨ ᠤ ᠳᠠᠷᠤᠭ᠎ᠠ ᠪᠦ᠋ ᠰᠢᠶᠣᠣ ᠯᠢᠨ (ᠣᠷᠣᠯᠠᠭᠴᠢ)</th>
ᠭᠠᠵᠠᠷ ᠤᠨ ᠵᠢᠷᠤᠭ
Nei Mongol prfc map.png
# ᠮᠣᠩᠭᠣᠯ ᠨᠡᠷ᠎ᠡ ᠬᠢᠲᠠᠳ ᠨᠡᠷ᠎ᠡ ᠡᠷᠳᠡᠮ ᠰᠢᠨᠵᠢᠯᠡᠭᠡᠨ ᠦ ᠯᠠᠲ᠋ᠢᠨ ᠭᠠᠯᠢᠭ  ᠭᠠᠵᠠᠷ ᠨᠤᠲᠤᠭ
(км²)
ᠬᠦᠮᠦᠨ ᠠᠮᠠ
(2010 ᠲᠣᠭᠠᠯᠠᠯ)
ᠵᠠᠰᠠᠭ ᠵᠠᠬᠢᠷᠭᠠᠨ ᠤ
ᠲᠥᠪ
1 ᠠᠯᠠᠱᠠ ᠠᠶᠢᠮᠠᠭ 阿拉善盟 (Ālāshàn Méng) alaša ayimaɣ 267,574 231,334 ᠪᠠᠶᠠᠨᠬᠣᠲᠠ
2 ᠪᠠᠶᠠᠨᠨᠠᠭᠤᠷ ᠬᠣᠲᠠ 巴彦淖尔市 (Bāyànnào'ěr Shì) bayannaɣur qota 65,788 1,669,915 ᠯᠢᠨᠾᠸ ᠲᠣᠭᠣᠷᠢᠭ
3 ᠦᠬᠠᠢ ᠬᠣᠲᠠ 乌海市 (Wūhǎi Shì) üqai qota 1,754 532,902 ᠬᠠᠢᠪᠣᠸᠠᠨᠢ ᠲᠣᠭᠣᠷᠢᠭ
4 ᠣᠷᠳᠣᠰ ᠬᠣᠲᠠ 鄂尔多斯市 (È'ěrduōsī Shì) ordus qota 86,752 1,940,653 ᠳ᠋ᠦᠩᠱᠸᠩ ᠲᠣᠭᠣᠷᠢᠭ
5 ᠪᠤᠭᠤᠳᠤ ᠬᠣᠲᠠ 包头市 (Bāotóu Shì) buɣutu qota 27,768 2,650,364 ᠬᠥᠨᠳᠡᠯᠡᠨ ᠲᠣᠭᠣᠷᠢᠭ
6 ᠬᠦᠬᠡᠬᠤᠲᠠ 呼和浩特市Hūhéhàotè Shì) kökeqota 17,271 2,866,615 ᠬᠤᠶᠢᠮᠢᠨᠢ ᠲᠣᠭᠣᠷᠢᠭ
7 ᠤᠯᠠᠭᠠᠨᠴᠠᠪ ᠬᠣᠲᠠ 乌兰察布市 (Wūlánchábù Shì) ulaɣančab qota 54,491 2,143,590 ᠵᠢᠨᠢᠩ ᠬᠣᠳᠠ
8 ᠰᠢᠯᠢ ᠶᠢᠨ ᠭᠣᠣᠯ ᠠᠶᠢᠮᠠᠭ 锡林郭勒盟 (Xīlínguōlè Méng) sili-yin ɣoul ayimaɣ 201,494 1,028,022 ᠰᠢᠯᠢ ᠶᠢᠨ ᠬᠣᠲᠠ
9 ᠤᠯᠠᠭᠠᠨᠬᠠᠳᠠ ᠬᠣᠲᠠ 赤峰市 (Chìfēng Shì) ulaɣanqada qota 90,021 4,341,245 ᠰᠥᠩ ᠱᠠᠨ ᠳᠡᠭᠦᠷᠭᠡ
10 ᠲᠦᠩᠯᠢᠶᠣᠣ ᠬᠣᠲᠠ 通辽市 (Tōngliáo Shì) töngliyao qota 59,535 3,139,153 ᠬᠣᠷᠴᠢᠨ ᠲᠣᠭᠣᠷᠢᠭ
11 ᠬᠢᠩᠭᠠᠨ ᠠᠶᠢᠮᠠᠭ 兴安盟 (Xīng'ān Méng) qingɣan ayimaɣ 59,806 1,613,250 ᠤᠯᠠᠭᠠᠨᠬᠣᠲᠠ
12 ᠬᠥᠯᠦᠨ ᠪᠤᠶᠢᠷ ᠬᠣᠲᠠ 呼伦贝尔市 (Hūlúnbèi'ěr Shì) kölün-buyir qota 263,953 2,549,278 ᠬᠠᠶᠢᠯᠠᠷ

ᠬᠣᠶᠠᠳᠤᠭᠠᠷ (ᠠᠶᠢᠮᠠᠭ) ᠲᠦᠪᠰᠢᠨ ᠡᠴᠡ ᠳᠣᠣᠷ᠎ᠠ ᠭᠤᠷᠪᠠᠳᠤᠭᠠᠷ (ᠬᠣᠰᠢᠭᠤ) ᠲᠦᠪᠰᠢᠨ ᠳᠦ 21 ᠲᠣᠭᠣᠷᠢᠭ᠂ 11 ᠰᠢᠶᠠᠨ ᠤ ᠳᠡᠰ ᠦᠨ ᠬᠣᠲᠠ᠂ 17 ᠰᠢᠶᠠᠨ ᠂ 49 ᠬᠣᠰᠢᠭᠤ᠂ 3 ᠥᠪᠡᠷᠲᠡᠭᠡᠨ ᠵᠠᠰᠠᠬᠤ ᠬᠣᠰᠢᠭᠤ ᠪᠦᠭᠦᠳᠡ 101 ᠨᠢᠭᠡᠴᠡ ᠳᠦ ᠬᠤᠪᠢᠶᠠᠭᠳᠠᠵᠤ ᠪᠠᠶᠢᠭ᠎ᠠ᠃ ᠳᠥᠷᠪᠡᠳᠦᠭᠡᠷ (ᠰᠤᠮᠤ) ᠲᠦᠪᠰᠢᠨ ᠳᠦ 532 ᠪᠠᠯᠭᠠᠰᠤ᠂ 407 ᠰᠢᠶᠠᠩ ᠂ 277 ᠰᠤᠮᠤ᠂ 18 ᠦᠪᠡᠷᠳᠡᠭᠡᠨ ᠵᠠᠰᠠᠬᠣ ᠰᠢᠶᠠᠩ᠂ 1 ᠦᠪᠡᠷᠳᠡᠭᠡᠨ ᠵᠠᠰᠠᠬᠣ ᠰᠤᠮᠤ᠂ 190 ᠬᠣᠷᠢᠶ᠎ᠠ ᠪᠤᠶᠤ ᠪᠦᠭᠦᠳᠡ 1425 ᠨᠢᠭᠡᠴᠡ ᠳᠦ ᠬᠤᠪᠢᠶᠠᠭᠳᠠᠳᠠᠭ᠃

ᠬᠦᠮᠦᠨ ᠠᠮᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠳᠦ 2000 ᠣᠨ ᠤ ᠪᠠᠶᠢᠳᠠᠯ ᠢᠶᠠᠷ 2384 ᠲᠦᠮᠡᠨ ᠬᠦᠮᠦᠨ ᠰᠠᠭᠤᠷᠢᠰᠢᠵᠤ ᠪᠠᠶᠢᠨ᠎ᠠ᠃ ᠬᠦᠮᠦᠨ ᠠᠮᠠ ᠶᠢᠨ 79.17% ᠬᠢᠲᠠᠳ ᠦᠨᠳᠦᠰᠦᠲᠡᠨ᠂ 17.13% ᠪᠣᠯᠬᠤ 3,995,349 ᠨᠢ ᠮᠣᠩᠭᠣᠯ ᠦᠨᠳᠦᠰᠦᠲᠡᠨ ᠪᠠᠶᠢᠭ᠎ᠠ ᠠᠴᠠ ᠭᠠᠳᠠᠨ᠎ᠠ ᠪᠤᠰᠤᠳ 48 ᠤᠭᠰᠠᠭᠠᠲᠠᠨ ᠤ ᠲᠥᠯᠥᠭᠡᠯᠡᠯ ᠨᠡᠶᠢᠯᠡᠭᠡᠳ 3.70% ᠍ ᠶᠢ ᠡᠵᠡᠯᠡᠵᠦ ᠪᠠᠶᠢᠨ᠎ᠠ᠃

ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠦᠨᠳᠦᠰᠦᠲᠡᠨ ᠤ ᠪᠦᠲᠦᠴᠡ
(2000 ᠣᠨ ᠤ ᠲᠣᠭᠠᠯᠠᠯᠭ᠎ᠠ)
ᠦᠨᠳᠦᠰᠦᠲᠡᠨ ᠬᠦᠮᠦᠨ ᠠᠮᠠ ᠶᠢᠨ ᠲᠣᠭ᠎ᠠ ᠡᠵᠡᠯᠡᠬᠦ ᠬᠤᠪᠢ (%)
ᠬᠢᠲᠠᠳ 18,465,586 79.17 %
ᠮᠣᠩᠭᠣᠯ 3,995,349 17.13 %
ᠮᠠᠨᠵᠤ 499,911 2.14 %
ᠬᠣᠲᠣᠩ 209,850 0.90 %
ᠳᠠᠭᠤᠷ 77,188 0.33 %
ᠡᠸᠡᠩᠬᠢ 26,201 0.11 %
ᠰᠣᠯᠣᠩᠭᠣᠰ 21,859 0.09 %
ᠣᠷᠣᠰ 5,020 0.02 %
ᠤᠷᠴᠤᠨ 3,573 0.015 %
ᠰᠢᠪᠡᠭᠡ 3,023 0.01 %
ᠪᠤᠰᠤᠳ 15,787 0.085 %

ᠥᠪᠥᠷ ᠮᠣᠩᠭᠣᠯ ᠤᠨ 4 ᠵᠠᠭᠣ ᠭᠠᠷᠣᠢ ᠲᠦᠮᠡᠨ ᠮᠣᠩᠭᠣᠯ ᠨᠢ ᠲᠣᠮᠳᠠᠳᠣ ᠣᠯᠣᠰ ᠳ᠋ᠡᠭᠢ ᠮᠣᠩᠭᠣᠯᠴᠤᠳ ᠍ ᠤᠨ 68.72% ᠨᠢ ᠪᠣᠯᠵᠤ ᠪᠠᠶᠢᠭ᠎ᠠ᠃ ᠲᠡᠦᠬᠡᠨ ᠨᠤᠲᠤᠭ ᠪᠣᠯᠤᠨ ᠬᠡᠯᠡ ᠠᠶᠠᠯᠭᠤ ᠪᠠᠷ ᠢᠯᠭᠠᠷᠠᠳᠠᠭ ᠠᠴᠠ ᠴᠠᠬᠠᠷᠰᠥᠨᠢᠳᠦᠵᠦᠮᠦᠴᠢᠨᠠᠪᠠᠭ᠎ᠠᠠᠪᠬᠠᠨᠠᠷᠤᠷᠠᠳᠣᠷᠳᠣᠰᠬᠣᠱᠤᠳᠬᠠᠯᠬ᠎ᠠᠪᠠᠭᠠᠷᠢᠨᠠᠷᠤ ᠬᠣᠷᠴᠢᠨᠣᠩᠨᠢᠭᠣᠳᠬᠡᠰᠢᠭᠲᠡᠨᠬᠣᠷᠴᠢᠨᠬᠠᠷᠠᠴᠢᠨᠳᠥᠷᠪᠡᠳᠪᠠᠷᠭᠤᠪᠤᠷᠢᠶᠠᠳᠲᠦᠮᠡᠳᠥᠭᠡᠯᠡᠳᠲᠣᠷᠭᠤᠳ ᠭᠡᠬᠦ ᠮᠡᠲᠦ ᠪᠡᠷ ᠣᠯᠠᠨ ᠶᠠᠰᠤᠲᠤ ᠮᠣᠩᠭᠣᠯᠴᠤᠳ ᠥᠪᠥᠷ ᠮᠣᠩᠭᠣᠯ ᠳᠤ ᠪᠠᠶᠢᠭ᠎ᠠ᠃ ᠬᠠᠯᠬ᠎ᠠ ᠲᠠᠢ ᠣᠶᠢᠷ᠎ᠠ ᠴᠠᠬᠠᠷ ᠠᠶᠠᠯᠭᠤ ᠶᠢ ᠰᠢᠯᠤᠭᠤᠨ ᠬᠥᠬᠡ ᠬᠣᠰᠢᠭᠤᠨ ᠤ ᠠᠮᠠᠨ ᠠᠶᠠᠯᠭᠤᠨ ᠳᠤ ᠦᠨᠳᠦᠰᠦᠯᠡᠨ ᠥᠪᠥᠷ ᠮᠣᠩᠭᠣᠯ ᠳᠠᠬᠢ ᠮᠣᠩᠭᠣᠯ ᠬᠡᠯᠡᠨ ᠦ ᠪᠠᠷᠢᠮᠵᠢᠶ᠎ᠠ ᠠᠪᠢᠶ᠎ᠠ ᠭᠡᠵᠦ ᠲᠣᠭᠲᠠᠭᠠᠴᠠᠢ᠃ ᠮᠣᠩᠭᠣᠯ ᠬᠡᠯᠡ ᠪᠡᠷ ᠪᠢᠴᠢᠬᠦ᠂ ᠤᠩᠰᠢᠬᠤ ᠳᠤ ᠪᠠᠨ ᠮᠣᠩᠭᠣᠯ ᠪᠢᠴᠢᠭ ᠢᠶᠡᠨ ᠭᠡᠭᠡᠯ ᠦᠭᠡᠢ ᠬᠡᠷᠡᠭᠯᠡᠵᠦ ᠪᠠᠶᠢᠭ᠎ᠠ᠃

ᠵᠢᠷᠤᠭ ᠤᠨ ᠴᠣᠮᠣᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ