ᠥᠨᠳᠦᠷᠬᠠᠩᠭᠠᠢ ᠰᠤᠮᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠥᠨᠳᠦᠷᠬᠠᠩᠭᠠᠢ ᠰᠤᠮᠤ
ᠥᠨᠳᠦᠷᠬᠠᠩᠭ᠋ᠠᠢ ᠰᠤᠮᠤ
ᠰᠤᠮᠤ
ᠤᠯᠤᠰ᠂ ᠣᠷᠣᠨ ᠮᠣᠩᠭᠣᠯ ᠮᠣᠩᠭᠣᠯ (ᠮᠣᠩᠭᠣᠯ ᠤᠯᠤᠰ)
ᠳᠡᠭᠡᠳᠦ ᠨᠤᠲᠤᠭ ᠤᠪᠰᠤ ᠠᠶᠢᠮᠠᠭ
ᠳᠣᠲᠣᠭᠠᠳᠤ ᠬᠤᠪᠢᠶᠠᠷᠢ ᠲᠠᠪᠤᠨ ᠪᠠᠭ:
1. ᠴᠠᠯᠠᠭᠤ
2. ᠪᠠᠲᠤᠰᠠᠶᠢᠬᠠᠨ
3. ᠴᠠᠭᠠᠨᠨᠠᠭᠤᠷ
4. ᠵᠢᠷᠭᠠᠯᠠᠩᠲᠤ
5. ᠴᠡᠴᠡᠷᠯᠢᠭ
ᠭᠠᠵᠠᠷ ᠨᠤᠲᠤᠭ 4.7 ᠮᠢᠩᠭᠠᠨ км² ᠣᠷᠤᠭᠤᠯᠵᠤ ᠬᠡᠷᠡᠭᠯᠡᠭᠰᠡᠨ ᠠᠯᠳᠠᠭ᠎ᠠ ᠄ ᠬᠦᠴᠦᠨ ᠦᠭᠡᠢ <ref> ᠲᠡᠮᠳᠡᠭ ︔ ᠠᠭᠤᠯᠭ᠎ᠠ ᠲᠠᠭᠯᠠᠭᠰᠠᠨ ᠦᠭᠡᠢ ᠣᠷᠤᠯᠪᠤᠷᠢ ᠨᠢ ᠡᠷᠬᠡᠪᠰᠢ name ᠴᠢᠨᠠᠷ ᠢ ᠨᠢ ᠲᠠᠭᠯᠠᠬᠤ ᠬᠡᠷᠡᠭᠲᠡᠢ ︕
ᠬᠦᠮᠦᠨ ᠠᠮᠠ (2012) 3,153 ᠬᠦᠮᠦᠨ ᠣᠷᠤᠭᠤᠯᠵᠤ ᠬᠡᠷᠡᠭᠯᠡᠭᠰᠡᠨ ᠠᠯᠳᠠᠭ᠎ᠠ ᠄ ᠬᠦᠴᠦᠨ ᠦᠭᠡᠢ <ref> ᠲᠡᠮᠳᠡᠭ ︔ ᠠᠭᠤᠯᠭ᠎ᠠ ᠲᠠᠭᠯᠠᠭᠰᠠᠨ ᠦᠭᠡᠢ ᠣᠷᠤᠯᠪᠤᠷᠢ ᠨᠢ ᠡᠷᠬᠡᠪᠰᠢ name ᠴᠢᠨᠠᠷ ᠢ ᠨᠢ ᠲᠠᠭᠯᠠᠬᠤ ᠬᠡᠷᠡᠭᠲᠡᠢ ︕
ᠰᠢᠤᠳᠠᠨ ᠳᠤᠭᠠᠷ 85030
ᠬᠠᠶᠠᠭ᠎ᠠ ᠵᠠᠯᠭᠠᠭ᠎ᠠ
ᠭᠠᠵᠠᠷ᠂ ᠨᠤᠲᠤᠭ
ᠪᠠᠷᠠᠭᠤᠨᠲᠤᠷᠤᠨ
ᠴᠠᠭᠠᠨᠬᠠᠶᠢᠷᠬᠠᠨ
ᠵᠡᠭᠦᠨ ᠬᠠᠩᠭ᠋ᠠᠢ
ᠰᠠᠨᠲᠠᠮᠠᠷᠭᠠᠴᠠ
ᠭᠠᠵᠠᠷ ᠳᠠᠢ-
ᠳ ᠤᠨ ᠤᠷᠲᠤ
ᠤᠯᠠᠭᠠᠨᠠᠭᠠᠮ (286 ᠺᠢᠯᠣᠮᠧᠲ᠋ᠷ)
ᠤᠯᠠᠭᠠᠨᠪᠠᠭᠠᠲᠤᠷ (1130 ᠺᠢᠯᠣᠮᠧᠲ᠋ᠷ) [1]

ᠥᠨᠳᠦᠷᠬᠠᠩᠭᠠᠢ ᠨᠢ ᠤᠪᠰᠤ ᠠᠶᠢᠮᠠᠭ ᠤᠨ ᠰᠤᠮᠤ ᠶᠤᠮ᠃ ᠬᠠᠨᠬᠥᠶᠢᠬᠡ ᠶᠢᠨ ᠨᠢᠷᠤᠭᠤ ᠶᠢ ᠳᠠᠮᠵᠢᠭ᠌ᠰᠠᠨ 422.4 ᠮᠢᠩᠭᠠᠨ ᠭᠠ ᠨᠤᠲᠤᠭ ᠳᠡᠪᠢᠰᠬᠡᠷ ᠲᠡᠢ᠃ ᠤᠯᠠᠭᠠᠨᠪᠠᠭᠠᠲᠤᠷᠠ ᠠᠴᠠ 1080 ᠺᠢᠯᠣᠮᠧᠲ᠋ᠷ᠂ ᠤᠯᠠᠭᠠᠨᠠᠭᠠᠮᠣ ᠠᠴᠠ 268 ᠺᠢᠯᠣᠮᠧᠲ᠋ᠷ ᠵᠠᠶᠢᠲᠠᠢ᠂ ᠲᠥᠪ ᠨᠢ ᠴᠡᠴᠡᠷᠯᠢᠭ. 2013 ᠣᠨ ᠤ ᠪᠠᠶᠢᠳᠠᠯ ᠢᠶᠠᠷ ᠬᠦᠮᠦᠨ ᠠᠮᠠ 3153, ᠡᠭᠦᠨ ᠡᠴᠡ ᠡᠷᠡᠭᠲᠡᠢ 1576, ᠡᠮᠡᠭᠲᠡᠢ 1577 ᠣᠷᠣᠰᠢᠨ ᠰᠠᠭᠤᠭᠴᠢ ᠲᠠᠢ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠠᠭᠤᠴᠢᠨ ᠢᠶᠠᠷ ᠬᠠᠯᠬ᠎ᠠ ᠶᠢᠨ ᠵᠠᠰᠠᠭᠲᠤ ᠬᠠᠨ ᠠᠶᠢᠮᠠᠭ ᠤᠨ ᠠᠴᠢᠲᠤ ᠸᠠᠩ ᠤᠨ ᠬᠣᠰᠢᠭᠤᠨ ᠤ ᠨᠤᠲᠤᠭ᠃ 1924 ᠣᠨ ᠠᠴᠠ ᠬᠠᠨᠲᠠᠶᠢᠰᠢᠷᠢ ᠤᠤᠯ ᠤᠨ ᠠᠶᠢᠮᠠᠭ ᠤᠨ ᠬᠠᠨᠬᠥᠶᠢᠬᠡᠢ ᠤᠤᠯ ᠤᠨ ᠬᠣᠰᠢᠭᠤ ᠭᠡᠵᠦ ᠪᠠᠶᠢᠭᠠᠳ 1931 ᠣᠨ ᠳᠤ ᠬᠠᠨᠬᠥᠶᠢᠬᠡᠢ ᠰᠤᠮᠤ ᠲᠠᠰᠤᠷᠴᠢ ᠳᠠᠷᠤᠭ᠎ᠠ ᠪᠠᠷ ᠨᠢ ᠫᠦᠨᠴᠠᠩᠨᠠᠮᠵᠢᠯ (ᠤᠯᠤᠰ ᠤᠨ ᠨᠠᠴᠢᠨ ᠼᠡᠳᠡᠨᠪᠠᠯᠵᠢᠷ ᠤᠨ ᠠᠪᠤ) ᠰᠣᠩᠭᠣᠭᠳᠠᠨ᠂ ᠰᠤᠮᠤ ᠳᠣᠲᠣᠷ᠎ᠠ ᠪᠠᠨ ᠠᠷᠪᠠ ᠬᠦᠷᠲᠡᠯ᠎ᠡ ᠳ᠋ᠤᠭᠠᠷ ᠲᠠᠢ ᠬᠣᠷᠢᠩᠭ ᠤᠳ ᠲᠤ ᠬᠤᠪᠢᠶᠠᠭᠳᠠᠵᠤ ᠪᠠᠶᠢᠭᠰᠠᠨ ᠢᠶᠠᠨ 1932 ᠣᠨ ᠳᠤ ᠥᠨᠳᠦᠷᠬᠠᠩᠭᠠᠢ ᠰᠤᠮᠤ ᠭᠡᠵᠦ ᠨᠡᠷᠡᠯᠡᠭᠳᠡᠬᠦ ᠪᠣᠯᠵᠤ᠂ ᠬᠣᠷᠢᠩᠭᠤᠳ ᠲᠠᠲᠠᠨ ᠪᠠᠭᠤᠭᠳᠠᠵᠤ 11 ᠪᠠᠭ ᠲᠠᠢ ᠪᠣᠯᠵᠠᠢ᠃ 1934 ᠣᠨ ᠳᠤ ᠮᠠᠯ ᠡᠮᠨᠡᠯᠭᠡ᠂ 1937 ᠣᠨ ᠳᠤ ᠬᠦᠮᠦᠨ ᠡᠮᠨᠡᠯᠭᠡ᠂ 1938 ᠣᠨ ᠳᠤ ᠭᠠᠷ ᠦᠢᠯᠡᠳᠪᠦᠷᠢ ᠶᠢᠨ ᠠᠷᠲ᠋ᠧᠯᠢ ᠪᠠᠶᠢᠭᠤᠯᠤᠭᠳᠠᠵᠤ᠂ 1939-1940 ᠣᠨ ᠳᠤ ᠬᠦᠮᠦᠨ᠂ ᠮᠠᠯ ᠤᠨ ᠪᠠᠭ᠎ᠠ ᠡᠮᠴᠢ ᠶᠢᠨ ᠰᠠᠯᠪᠤᠷᠢ᠂ 1940 ᠣᠨ ᠳᠤ ᠪᠠᠭ᠎ᠠ ᠰᠤᠷᠭᠠᠭᠤᠯᠢ ᠡᠮᠦᠨᠡᠬᠢ ᠰᠤᠷᠭᠠᠭᠤᠯᠢ ᠶᠢᠨ ᠰᠠᠭᠤᠷᠢᠨ ᠳᠡᠭᠡᠷ᠎ᠡ ᠪᠠᠶᠢᠭᠤᠯᠤᠭᠳᠠᠵᠤ ᠪᠠᠷᠢᠯᠭ᠎ᠠ ᠪᠠᠶᠢᠰᠢᠩ ᠲᠠᠢ ᠪᠣᠯᠵᠤ᠂ ᠣᠷᠣᠨ ᠲᠣᠭ᠎ᠠ ᠲᠥᠰᠥᠪ ᠨᠡᠮᠡᠨ ᠥᠷᠭᠡᠵᠢᠵᠡᠢ᠃

1939 ᠣᠨ ᠳᠤ ᠤᠯᠠᠭᠠᠨᠪᠤᠯᠤᠩ᠂ 1947 ᠣᠨ ᠳᠤ ᠰᠦ᠋ ᠲᠣᠰᠤᠨ ᠤ ᠵᠠᠪᠤᠳ᠋, 1949-1952 ᠣᠨ ᠳᠤ 《ᠤᠯᠠᠭᠠᠨ ᠡᠩᠭᠡᠷ》, 《ᠪᠠᠳᠠᠷᠠᠯ》, 1958 ᠣᠨ ᠳᠤ 《ᠬᠠᠨᠬᠥᠶᠢᠬᠡᠢ》 ᠨᠢᠭᠡᠳᠦᠯ ᠦᠳ ᠪᠠᠶᠢᠭᠤᠯᠤᠭᠳᠠᠵᠤ᠂ 1959 ᠣᠨ ᠭᠡᠬᠦ ᠳᠦ ᠴᠥᠮ ᠨᠢᠭᠡᠳᠴᠦ 《ᠰᠢᠨ᠎ᠡ ᠵᠠᠮ》 ᠨᠢᠭᠡᠳᠦᠯ ᠪᠣᠯᠵᠠᠢ᠃ 1955 ᠣᠨ ᠳᠤ ᠮᠠᠯ ᠤᠨ ᠶᠡᠬᠡ ᠡᠮᠴᠢ ᠶᠢᠨ ᠰᠠᠯᠪᠤᠷᠢ᠂ 1957 ᠣᠨ ᠳᠤ ᠬᠦᠮᠦᠨ ᠦ ᠶᠡᠬᠡ ᠡᠮᠴᠢ ᠶᠢᠨ ᠰᠠᠯᠪᠤᠷᠢ᠂ 1960 ᠣᠨ ᠳᠤ 7 ᠵᠢᠯ ᠦᠨ ᠳᠤᠮᠳᠠ ᠰᠤᠷᠭᠠᠭᠤᠯᠢ᠂ ХАА ᠍ ᠍ ᠦᠨ ᠴᠠᠭ ᠠᠭᠤᠷ ᠢ ᠠᠵᠢᠭᠯᠠᠬᠣ ᠴᠡᠭ᠂ 1963 ᠣᠨ ᠳᠤ ᠴᠡᠴᠡᠷᠯᠢᠭ᠂ 1963 ᠣᠨ ᠳᠤ ᠦᠨᠳᠦᠰᠦᠨ ᠦ ᠵᠥᠪᠯᠡᠯᠳᠦᠬᠦ ᠬᠣᠷᠢᠶ᠎ᠠ ᠦᠨ ᠰᠲ᠋ᠠᠨᠼ᠂ ᠪᠠᠩᠬᠢᠨ ᠤ ᠲᠣᠭᠠᠴᠠᠭᠠᠨ ᠤ ᠺᠠᠰᠰ᠂ 1964 ᠣᠨ ᠳᠤ ᠷᠠᠳᠢᠣ᠋ ᠦᠽᠧᠯ᠂ 1965 ᠣᠨ ᠳᠤ ᠶᠠᠰᠯᠢ᠂ ᠣᠩᠭᠣᠴᠠᠨ ᠤ ᠪᠠᠭᠤᠳᠠᠯ᠂ 1967 ᠣᠨ ᠳᠤ 8 ᠵᠢᠯ ᠦᠨ ᠳᠤᠮᠳᠠ ᠰᠤᠷᠭᠠᠭᠤᠯᠢ ᠲᠠᠢ ᠪᠣᠯᠵᠠᠢ᠃ 1958-1966 ᠣᠨ ᠬᠦᠷᠲᠡᠯ᠎ᠡ 30 ᠣᠷᠣ ᠲᠠᠢ ᠡᠮᠨᠡᠯᠭᠡ᠂ 320 ᠬᠡᠦᠬᠡᠳ ᠦᠨ ᠬᠢᠴᠢᠶᠡᠯ ᠦᠨ ᠪᠠᠶᠢᠷᠢ᠂ ᠰᠤᠮᠤ ᠶᠢᠨ ᠺᠯᠤᠶᠢᠪ᠂ ᠠᠷᠲ᠋ᠧᠯᠢ ᠶᠢᠨ ᠦᠢᠯᠡᠳᠪᠦᠷᠢᠯᠡᠯ ᠦᠨ ᠪᠠᠶᠢᠷᠢ᠂ ᠪᠠᠷᠢᠭᠠᠳᠠ ᠶᠢᠨ ᠤᠯᠠᠭᠠᠨ ᠪᠤᠯᠤᠩᠭᠤᠳ᠂ ᠨᠢᠭᠡᠳᠦᠯ ᠦᠨ 4 ᠠᠶᠢᠯ ᠤᠨ ᠰᠠᠭᠤᠴᠠ᠂ ᠬᠠᠯᠠᠭᠤᠨ ᠤᠰᠤ᠂ ᠭᠤᠸᠠᠩᠵᠠ ᠵᠣᠴᠢᠳ ᠪᠠᠭᠤᠳᠠᠯ᠂ ᠺᠣᠨᠲ᠋ᠣᠷ᠂ ᠨᠣᠮ ᠤᠨ ᠰᠠᠩ᠂ ᠣᠷᠣᠨ ᠨᠤᠲᠤᠭ ᠢ ᠰᠤᠳᠤᠯᠬᠤ ᠺᠠᠪᠢᠨᠧᠲ᠂ ᠠᠦ᠋ᠲ᠋ᠣ᠋ ᠭᠠᠷᠴᠤ᠂ ᠪᠠᠷᠠᠭᠠᠨ ᠤ ᠠᠭᠤᠯᠬᠤ ᠵᠡᠷᠭᠡ ᠪᠠᠷᠢᠯᠭ᠎ᠠ ᠨᠤᠭᠤᠳ ᠨᠡᠮᠡᠵᠦ ᠪᠠᠷᠢᠭᠳᠠᠵᠠᠢ᠃

2000 ᠣᠨ ᠭᠠᠷᠤᠭᠰᠠᠭᠠᠷ ᠣᠯᠠᠨ ᠡᠷᠦᠬᠡ ᠠᠶᠢᠯ ᠣᠷᠬᠣᠨ᠂ ᠳᠠᠷᠬᠠᠨ᠂ ᠲᠥᠪ᠂ ᠰᠡᠯᠡᠩᠭᠡ ᠠᠶᠢᠮᠠᠭ ᠲᠤ ᠮᠠᠯ ᠲᠠᠢ ᠪᠠᠨ ᠰᠢᠯᠵᠢᠭᠰᠡᠨ ᠵᠡᠷᠭᠡ ᠡᠴᠡ ᠰᠢᠯᠲᠠᠭᠠᠯᠠᠵᠤ ᠬᠦᠮᠦᠨ ᠠᠮᠠ ᠶᠢᠨ ᠲᠣᠭ᠎ᠠ ᠨᠡᠯᠢᠶᠡᠳ ᠪᠠᠭᠠᠰᠤᠭᠰᠠᠨ ᠪᠠᠶᠢᠨ᠎ᠠ᠃

ᠬᠦᠮᠦᠰ[ᠵᠠᠰᠠᠪᠤᠷᠢᠯᠠᠬᠤ | ᠺᠣᠳ᠋ ᠢᠶᠠᠷ ᠵᠠᠰᠠᠬᠣ]

ᠥᠨᠳᠦᠷᠬᠠᠩᠭᠠᠢ ᠰᠤᠮᠤ ᠠᠴᠠ ᠰᠣᠶᠣᠨ ᠭᠡᠭᠡᠷᠡᠭᠦᠯᠦᠭᠴᠢ᠂ ᠨᠡᠷᠡᠲᠦ ᠢᠷᠠᠭᠤ ᠨᠠᠶᠢᠷᠠᠭᠴᠢ ᠰ᠃ᠯᠤᠪᠰᠠᠩᠳᠣᠨᠳᠣᠪ᠂ ᠲᠥᠷᠥ ᠶᠢᠨ ᠰᠠᠶᠢᠳ ᠯᠠ᠃ᠭᠣᠨᠴᠣᠭᠳᠠᠮᠪᠠ ᠭᠦᠨ᠂ ᠲᠥᠷᠥ ᠶᠢᠨ ᠰᠠᠶᠢᠳ ᠫ᠃ᠳᠠᠮᠳᠢᠨ᠂ ᠭᠧᠨᠧᠷᠠᠯ ᠴᠤ᠃ᠲᠦᠮᠡᠨᠳᠡᠮᠪᠡᠷᠢᠯ᠂ ᠬᠥᠳᠡᠯᠮᠦᠷᠢ ᠶᠢᠨ ᠪᠠᠭᠠᠲᠤᠷ ᠯᠠ᠃ᠭᠠᠩᠭᠢᠶ᠎ᠠ᠂ ᠬ᠃ᠳᠡᠯᠡᠭ᠂ ᠥ᠃ᠰᠠᠨᠬᠤᠪᠤᠷᠭ᠎ᠠ᠂ ᠽ᠃ᠰᠢᠷᠬᠡᠦ᠂ ᠠᠷᠠᠳ ᠤᠨ ᠵᠦᠵᠦᠭᠡᠴᠢᠨ ᠭ᠃ᠲᠦᠮᠡᠨᠳᠡᠮᠪᠡᠷᠢᠯ᠂ ᠵ᠃ᡀᠠᠮᠣᠬᠦᠦ᠂ ᠲᠥᠷᠥ ᠶᠢᠨ ᠰᠣᠶᠣᠷᠬᠠᠯ ᠳᠤ ᠯᠠ᠃ᠰᠢᠷᠠᠪᠦᠳᠣᠷᠵᠢ᠂ ᠤᠯᠤᠰ ᠤᠨ ᠵᠠᠭᠠᠨ ᠮ᠃ᠶᠠᠷᠢᠨᠫᠢᠯ᠂ ᠵ᠃ᠭᠠᠩᠪᠣᠯᠣᠳ᠂ ᠨᠠᠴᠢᠨ ᠫ᠃ᠼᠡᠳᠡᠨᠪᠠᠯᠵᠢᠷ᠂ ᠸ᠃ᠮᠠᠯᠢᠶ᠎ᠠ᠂ ᠳ᠃ᠳᠠᠸᠠᠰᠠᠮᠪᠤᠤ᠂ ᠰ᠃ᠳᠠᠩᠭᠠᠰᠦ᠋ᠷᠦᠩ ᠵᠡᠷᠭᠡ ᠪᠥᠬᠡᠴᠦᠳ᠂ ᠠᠺᠠᠳᠧᠮᠢᠴᠢ ᠮ᠃ᠳᠠᠰᠢ᠂ ᠡᠷᠳᠡᠮᠲᠡᠨ ᠪ᠃ᠭᠠᠩᠪᠣᠯᠣᠳ᠂ ᠪ᠃ᠪᠠᠲᠤ-ᠣᠴᠢᠷ᠂ ᠵ᠃ᠪᠠᠲᠤ-ᠣᠴᠢᠷ᠂ ᠴ᠃ᠭᠦᠨᠳᠦᠰᠠᠮᠪᠤᠤ᠂ ᠳ᠃ᠳᠠᠮᠳᠢᠨ᠂ ᠳ᠃ᡀᠠᠨᠠᠭ᠂ ᠮ᠃ᠣᠳᠬᠣᠨ᠂ ᠷ᠃ᠷᠠᠭᠴᠠ᠂ ᠮ᠃ᠲᠠᠶᠢᠪᠤᠩ᠂ ᠮ᠃ᠪᠠᠭᠠᠲᠤᠷᠬᠡᠦ᠂ ᠲ᠃ᠮᠡᠨᠳᠦᠰᠠᠶᠢᠬᠠᠨ᠂ ᠪ᠃ᠨᠢᠮᠭᠡᠷᠡᠯ᠂ ᠳ᠃ᠮᠢᠩᠭᠠᠨᠪᠠᠶᠠᠷ᠂ ᠢᠷᠠᠭᠤ ᠨᠠᠶᠢᠷᠠᠭᠴᠢ ᠭ᠃ᠰᠠᠨᠵᠵᠠᠪ᠂ ᠵᠢᠷᠤᠭᠠᠴᠢ ᠢᠷᠠᠭᠤ ᠨᠠᠶᠢᠷᠠᠭᠴᠢ ᠪ᠃ᠫᠦᠷᠪᠦᠰᠦ᠋ᠷᠦᠩ᠂ ᠭᠡᠭᠡᠨ ᠮᠤᠵᠠ ᠨᠠᠭᠠᠳᠤᠮ ᠤᠨ ᠭᠠᠷᠨᠫᠷᠢ ᠱᠠᠩᠨᠠᠯᠲᠤ ᠵᠣᠬᠢᠶᠠᠯᠴᠢ᠂ ᠢᠷᠠᠭᠤ ᠨᠠᠶᠢᠷᠠᠭᠴᠢ ᠪ᠃ᠴᠣᠭᠨᠡᠮᠡᠬᠦ᠂ ᠮᠣᠩᠭᠣᠯ ᠤᠯᠤᠰ ᠤᠨ ᠠᠯᠳᠠᠷᠲᠤ ᠤᠶᠠᠭᠠᠴᠢ ᠳ᠃ᠴᠢᠨ ᠳᠦ-ᠠᠶᠤᠱᠢ᠂ ᠰᠦᠬᠡ ᠪᠡᠨ᠂ ᠵ᠃ᠳᠠᠮᠳᠢᠨ ᠵᠡᠷᠭᠡ ᠬᠦᠮᠦᠰ ᠲᠥᠷᠥᠨ ᠭᠠᠷᠴᠠᠢ᠃

ᠡᠳ᠋ ᠍ ᠍ ᠦᠨ ᠵᠠᠰᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠤᠮᠤ ᠶᠢᠨ ᠡᠳ᠋ ᠍ ᠍ ᠦᠨ ᠵᠠᠰᠠᠭ ᠲᠤ ᠮᠠᠯ ᠠᠵᠤ ᠠᠬᠤᠢ ᠭᠣᠣᠯᠯᠠᠨ᠎ᠠ᠃ 1990 ᠍ ᠍ ᠊ᠭᠡᠳ ᠣᠨ ᠤ ᠠᠷᠠᠳᠴᠢᠯᠠᠯ ᠤᠨ ᠵᠢᠯ ᠤᠨᠳ ᠲᠤ ᠮᠠᠯ ᠬᠥᠷᠥᠩᠭᠡ ᠬᠤᠪᠴᠠᠯᠠᠭᠳᠠᠭᠰᠠᠨ ᠢᠶᠠᠷ ᠮᠠᠯ ᠤᠨ ᠲᠣᠭ᠎ᠠ ᠥᠰᠴᠢ 1990 ᠣᠨ ᠳᠤ 102,000 ᠲᠣᠯᠣᠭᠠᠢ ᠮᠠᠯ ᠲᠣᠭᠠᠯᠠᠭᠳᠠᠭᠰᠠᠨ ᠪᠣᠯ 1999 ᠣᠨ ᠳᠤ 130,333 ᠲᠣᠯᠣᠭᠠᠢ ᠳᠤ ᠬᠦᠷᠴᠦ 30 ᠰᠢᠬᠠᠮ ᠮᠢᠩᠭᠠᠨ ᠲᠣᠯᠣᠭᠠᠢ ᠪᠠᠷ ᠥᠰᠦᠭᠰᠡᠨ ᠪᠣᠯᠪᠠᠴᠤ 2000 ᠣᠨ ᠳᠤ 93178 ᠮᠠᠯ ᠲᠣᠭᠠᠯᠠᠭᠤᠯᠵᠠᠢ᠃ 2013 ᠣᠨ ᠤ ᠪᠠᠶᠢᠳᠠᠯ ᠢᠶᠠᠷ 131,991 ᠮᠠᠯ ᠲᠣᠭᠠᠯᠠᠭᠤᠯᠤᠭᠰᠠᠨ ᠠᠴᠠ ᠢᠮᠠᠭ᠎ᠠ 57593, ᠦᠬᠡᠷ 6790, ᠠᠳᠤᠭᠤ 6572, ᠲᠡᠮᠡᠭᠡ 329, ᠬᠣᠨᠢ 60707 ᠪᠠᠶᠢᠨ᠎ᠠ᠃

ᠵᠡᠭᠦᠯᠲᠡ᠂ ᠲᠠᠶᠢᠯᠪᠤᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠠᠭᠪᠤᠷ:ᠯᠠᠪᠠᠯᠠᠬᠤ ᠬᠣᠯᠪᠣᠭᠠᠰᠤ

  1. ᠤᠪᠰᠤ ᠠᠶᠢᠮᠠᠭ ᠤᠨ ᠪᠦᠷᠢᠳᠭᠡᠯ ᠤᠨ ᠬᠡᠯᠲᠡᠰ᠃ «2012 ᠣᠨ ᠤ ᠵᠢᠯ ᠦᠨ ᠡᠮᠬᠢᠳᠬᠡᠯ».

ᠪᠢᠴᠢᠭᠡᠰᠦ