ᠥᠨᠳᠥᠷ ᠵᠢᠯ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠥᠨᠳᠥᠷ ᠵᠢᠯ ᠭᠡᠳᠡᠭ ᠨᠢ ᠴᠠᠭᠠᠯᠪᠤᠷᠢ ᠶᠢᠨ ᠵᠢᠯᠡᠶᠢᠭ ᠠᠰᠲ᠋ᠷᠣᠨᠣᠮ ᠤᠨ ᠪᠤᠶᠤ ᠤᠯᠠᠷᠢᠯ ᠤᠨ ᠵᠢᠯᠡᠶᠢᠨ ᠮᠥᠴᠡᠯᠭᠡ ᠲᠡᠢ ᠲᠠᠭᠠᠷᠠᠭᠤᠯᠬᠤ ᠶᠢᠨ ᠲᠤᠯᠠᠳᠠ ᠶᠡᠷᠦᠳᠡ ᠶᠢᠨ ᠬᠢ ᠡᠴᠡ ᠨᠢᠭᠡ ᠡᠳᠦᠷ ᠢᠶᠡᠷ (ᠨᠠᠷᠠ ᠰᠠᠷᠠᠨ ᠤ ᠲᠣᠭᠠᠯᠠᠯ ᠳᠤ ᠨᠢᠭᠡ ᠰᠠᠷ᠎ᠠ ᠪᠠᠷ) ᠢᠯᠡᠭᠦᠦ ᠪᠠᠶᠢᠳᠠᠭ ᠵᠢᠯ ᠢ ᠬᠡᠯᠡᠨ᠎ᠡ᠃ ᠤᠯᠠᠷᠢᠯ ᠪᠣᠯᠤᠨ ᠠᠰᠲ᠋ᠷᠣᠨᠣᠮ ᠤᠨ ᠦᠵᠡᠭᠳᠡᠯ  ᠦᠳ ᠦᠨ ᠮᠥᠴᠡᠯᠭᠡ ᠨᠢ ᠪᠦᠬᠦᠯᠢ ᠲᠣᠭ᠎ᠠᠲᠣᠢ ᠡᠳᠦᠷ ᠢᠶᠡᠷ ᠬᠡᠮᠵᠢᠭᠳᠡᠳᠡᠭ ᠦᠭᠡᠢ ᠲᠤᠯᠠ ᠴᠠᠭᠠᠯᠪᠤᠷᠢ ᠶᠢᠨ ᠵᠢᠯ ᠦᠳ ᠢ ᠪᠦᠭᠦᠳᠡ ᠶᠢ ᠢᠵᠢᠯ ᠡᠳᠦᠷ ᠲᠡᠢ ᠪᠡᠷ ᠬᠢᠪᠡᠯ ᠠᠭᠠᠵᠢᠮ ᠳᠤ ᠪᠠᠨ ᠵᠥᠷᠢᠭᠦᠦ ᠭᠠᠷᠴᠤ ᠢᠷᠡᠳᠡᠭ᠃ ᠡᠶᠢᠮᠦ ᠡᠴᠡ ᠤᠭ ᠵᠥᠷᠢᠭᠦᠦ ᠶᠢ ᠠᠷᠢᠯᠭᠠᠬᠤ ᠶᠢᠨ ᠲᠤᠯᠠᠳᠠ ᠵᠠᠷᠢᠮ ᠵᠢᠯ ᠳᠤ ᠨᠡᠮᠡᠯᠲᠡ ᠡᠳᠦᠷ (ᠰᠠᠷ᠎ᠠ) ᠣᠷᠣᠭᠤᠯᠵᠤ ᠥᠭᠳᠡᠭ ᠪᠠᠶᠢᠨ᠎ᠠ᠃ ᠥᠨᠳᠥᠷ ᠪᠢᠰᠢ ᠵᠢᠯ ᠢ ᠶᠡᠷᠦᠳᠡ ᠶᠢᠨ ᠵᠢᠯ ᠭᠡᠳᠡᠭ᠃

ᠵᠢᠱᠢᠶᠡᠯᠡᠪᠡᠯ᠂ ᠨᠡᠶᠢᠲᠡ ᠶᠢᠨ ᠨᠠᠷᠠᠨ ᠤ ᠲᠣᠭᠠᠯᠠᠯ ᠪᠣᠯᠬᠤ ᠭᠠᠷᠣᠷ ᠤᠨ ᠲᠣᠭᠠᠯᠠᠯ ᠳᠤ ᠶᠡᠷᠦᠳᠡ ᠶᠢᠨ ᠵᠢᠯ ᠦᠨ ᠬᠣᠶᠠᠳᠤᠭᠠᠷ ᠰᠠᠷ᠎ᠠ 28 ᠬᠣᠨᠣᠭ ᠲᠠᠢ ᠪᠠᠶᠢᠳᠠᠭ ᠪᠣᠯ ᠥᠨᠳᠥᠷ ᠵᠢᠯ ᠦᠨ ᠬᠣᠶᠠᠳᠤᠭᠠᠷ ᠰᠠᠷ᠎ᠠ ᠨᠢ 29 ᠬᠣᠨᠣᠭ ᠲᠠᠢ ᠪᠠᠶᠢᠳᠠᠭ᠃ ᠥᠭᠡᠷ᠎ᠡ ᠪᠡᠷ ᠬᠡᠯᠡᠪᠡᠯ᠂ ᠭᠠᠷᠣᠷ ᠤᠨ ᠲᠣᠭᠠᠯᠠᠯ ᠤᠨ ᠥᠨᠳᠥᠷ ᠵᠢᠯ 366 ᠬᠣᠨᠣᠭ ᠲᠠᠢ ᠪᠠᠶᠢᠳᠠᠭ ᠶᠤᠮ᠃ ᠮᠥᠨ ᠡᠭᠦᠨ ᠲᠡᠢ ᠲᠥᠰ ᠲᠡᠢ ᠪᠡᠷ᠂ ᠨᠠᠷᠠ ᠰᠠᠷᠠᠨ ᠤ ᠲᠣᠭᠠᠯᠠᠯ ᠪᠣᠯᠬᠤ ᠢᠪᠡᠷᠡᠢ ᠶᠢᠨ ᠲᠣᠭᠠᠯᠠᠯ ᠳᠤ 19 ᠵᠢᠯ ᠲᠤᠲᠤᠮ ᠳᠤ 7 ᠤᠳᠠᠭ᠎ᠠ 13 ᠳᠠᠬᠢ ᠰᠠᠷ᠎ᠠ ᠶᠢ ᠨᠡᠮᠡᠵᠦ ᠣᠷᠣᠭᠤᠯᠳᠠᠭ ᠠᠵᠢ᠃

ᠪᠢᠴᠢᠭᠡᠰᠦ