ᠵᠠᠨᠠᠪᠠᠽᠠᠷ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «ᠥᠨᠳᠥᠷ ᠭᠡᠭᠡᠨ» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ
ᠥᠨᠳᠥᠷ ᠭᠡᠭᠡᠨ ᠵᠠᠨᠠᠪᠠᠽᠠᠷ

ᠥᠨᠳᠥᠷ ᠭᠡᠭᠡᠨ ᠵᠠᠨᠠᠪᠠᠽᠠᠷ ᠪᠣᠯ ᠮᠣᠩᠭᠣᠯ ᠤᠯᠤᠰ ᠤᠨ ᠲᠥᠷᠥ ᠨᠡᠶᠢᠭᠡᠮ᠂ ᠱᠠᠰᠢᠨ ᠰᠤᠶᠤᠯ ᠤᠨ ᠨᠡᠷᠡᠲᠦ ᠵᠢᠳᠬᠦᠯᠲᠡᠨ᠂ ᠰᠢᠷ᠎ᠠ ᠶᠢᠨ ᠱᠠᠰᠢᠨ ᠤ ᠠᠩᠬᠠᠨ ᠤ ᠲᠡᠷᠢᠭᠦᠨ ᠪᠤᠶᠤ ᠠᠩᠬᠠᠳᠤᠭᠠᠷ ᠪᠣᠭᠳᠠ ᠵᠠᠪᠽᠤᠨᠳᠠᠮᠪᠠ ᠬᠤᠲᠤᠭᠲᠤ ᠪᠠᠶᠢᠪᠠ᠃

ᠲᠡᠷᠡ ᠪᠡᠷ 1635 ᠣᠨ ᠳᠤ ᠬᠠᠯᠬ᠎ᠠ ᠍ ᠤᠨ ᠲᠦᠰᠢᠶᠡᠲᠦ ᠬᠠᠨ ᠭᠣᠮᠪᠣᠳᠣᠷᠵᠢ  ᠶᠢᠨ ᠬᠣᠶᠠᠳᠤᠭᠠᠷ ᠬᠥᠪᠡᠭᠦᠨ ᠪᠣᠯᠵᠤ᠂ ᠬᠠᠨᠳᠠᠵᠠᠮᠰᠤ ᠬᠠᠲᠤᠨ ᠠᠴᠠ ᠣᠳᠣ ᠶᠢᠨ ᠥᠪᠦᠷ ᠬᠠᠩᠭᠠᠢ ᠠᠶᠢᠮᠠᠭ ᠤᠨ ᠵᠦᠢᠯ ᠰᠤᠮᠤ ᠍ ᠤᠨ ᠶᠢᠰᠦᠨ ᠵᠦᠢᠯ ᠭᠡᠳᠡᠭ ᠭᠠᠵᠠᠷ ᠢᠰᠢᠳᠣᠷᠵᠢ ᠨᠡᠷ᠎ᠡ ᠲᠡᠢ ᠪᠡᠷ ᠲᠥᠷᠦᠵᠡᠢ᠃ 1640 ᠣᠨ ᠳᠤ ᠳᠠᠯᠠᠢ ᠯᠠᠮᠠᠪᠠᠨᠴᠢᠨ ᠪᠣᠭᠳᠠ ᠠᠴᠠ ᠵᠠᠪᠵᠤᠨᠳᠠᠷᠨᠠᠲ ᠍ ᠤᠨ ᠬᠤᠪᠢᠯᠭᠠᠨ ᠢᠶᠠᠷ ᠲᠣᠳᠣᠷᠠᠭᠤᠯᠤᠨ ᠵᠠᠨᠠᠪᠠᠽᠠᠷ ᠢ 5 ᠨᠠᠰᠤᠲᠠᠢ ᠪᠠᠶᠢᠬᠤ ᠳᠤ ᠨᠢ ᠠᠩᠬᠠᠳᠤᠭᠠᠷ ᠪᠣᠭᠳᠠ ᠵᠢᠪᠽᠤᠨᠳᠠᠮᠪᠠ ᠬᠤᠲᠤᠭᠲᠤ ᠶᠢᠨ ᠰᠢᠷᠡᠭᠡᠨ ᠳᠦ ᠵᠠᠯᠠᠵᠤ ᠬᠠᠯᠬ᠎ᠠ ᠮᠣᠩᠭᠣᠯ ᠍ ᠤᠨ ᠰᠢᠷ᠎ᠠ ᠶᠢᠨ ᠱᠠᠰᠢᠨ ᠤ ᠲᠡᠷᠢᠭᠦᠨ ᠳᠦ ᠡᠷᠭᠦᠮᠵᠢᠯᠡᠵᠡᠢ᠃

ᠲᠡᠷᠡ ᠪᠡᠷ ᠪᠠᠭ᠎ᠠ ᠨᠠᠰᠤᠨ ᠠᠴᠠ ᠪᠠᠨ ᠪᠤᠷᠬᠠᠨ ᠤ ᠱᠠᠰᠢᠨ ᠤ ᠲᠤᠩᠭᠠᠮᠠᠯ ᠰᠢᠵᠢᠷ ᠠᠯᠲᠠ ᠮᠡᠲᠦ ᠰᠢᠷ᠎ᠠ ᠶᠢᠨ ᠱᠠᠰᠢᠨ ᠤ ᠰᠤᠳᠤᠷ ᠬᠢᠭᠡᠳ ᠲᠠᠷᠨᠢ ᠶᠢᠨ ᠰᠤᠷᠭᠠᠯ᠂ ᠨᠣᠮᠯᠠᠯ᠂ ᠵᠠᠩ ᠦᠢᠯᠡ ᠳᠦ ᠰᠤᠷᠤᠯᠴᠠᠵᠤ ᠂ ᠤᠯᠠᠮ ᠢᠶᠠᠷ 1649 ᠣᠨ ᠳᠤ ᠴᠠᠰᠤᠲᠤ ᠶᠢᠨ ᠣᠷᠣᠨ ᠢ ᠵᠣᠷᠢᠨ ᠪᠠᠨᠴᠢᠨ ᠴᠣᠶᠢᠵᠢᠵᠠᠯᠰᠠᠨ ᠪᠣᠭᠳᠠ ᠳᠤ ᠪᠠᠷᠠᠭᠠᠯᠬᠠᠨ ᠱᠠᠪᠢ ᠣᠷᠣᠵᠤ ᠂ ᠱᠠᠰᠢᠨ ᠤ ᠲᠠᠪᠤᠨ ᠶᠡᠬᠡ ᠤᠬᠠᠭᠠᠨ ᠢ ᠵᠢᠭᠠᠯᠭᠠᠨ ᠡᠰᠢ ᠣᠨᠣᠯ ᠤᠨ ᠡᠷᠳᠡᠮ ᠢ ᠲᠡᠭᠦᠰ ᠡᠵᠡᠮᠰᠢᠭᠡᠳ ᠡᠬᠡ ᠨᠤᠲᠤᠭ ᠲᠤ ᠪᠠᠨ ᠪᠤᠴᠠᠨ ᠢᠷᠡᠵᠦ ᠨᠣᠮ ᠤᠨ ᠬᠦᠷᠢᠶ᠎ᠡ ᠬᠡᠶᠢᠳ᠂ ᠰᠤᠷᠭᠠᠭᠤᠯᠢ ᠶᠢ ᠣᠯᠠᠨ ᠢᠶᠠᠷ ᠪᠠᠶᠢᠭᠤᠯᠤᠭᠰᠠᠨ᠃ ᠲᠡᠭᠦᠨ ᠦ ᠡᠷᠭᠦᠭᠰᠡᠨ ᠵᠠᠨᠠᠪᠠᠽᠠᠷ ᠭᠡᠳᠡᠭ ᠨᠡᠷ᠎ᠡ ᠨᠢ 《ᠠᠶᠤᠩᠭᠠᠲᠤ ᠍ ᠴᠡᠴᠡᠨ ᠪᠢᠯᠢᠭ》 ᠭᠡᠰᠡᠨ ᠤᠳᠬ᠎ᠠ ᠲᠠᠢ ᠰᠠᠨᠰᠺᠷᠢᠳ᠋ ᠭᠠᠷᠤᠯ ᠲᠠᠢ ᠦᠭᠡ᠃ ᠵᠠᠨᠠᠪᠠᠽᠠᠷ 1723 ᠣᠨ ᠳᠤ ᠪᠡᠭᠡᠵᠢᠩ ᠦᠨ ᠰᠢᠷ᠎ᠠ ᠰᠦᠮ᠎ᠡ ᠳᠦ ᠨᠠᠰᠤ ᠪᠠᠷᠠᠵᠠᠢ᠃ ᠡᠳᠦᠭᠡ ᠵᠠᠨᠠᠪᠠᠽᠠᠷ ᠤᠨ ᠨᠡᠷᠡᠮᠵᠢᠲᠦ ᠳᠦᠷᠰᠦᠯᠡᠬᠦ ᠤᠷᠠᠯᠢᠭ ᠤᠨ ᠮᠦᠽᠧᠢ ᠤᠯᠠᠭᠠᠨᠪᠠᠭᠠᠲᠤᠷ ᠬᠣᠳᠠ ᠳᠤ ᠪᠠᠶᠢᠳᠠᠭ᠃

ᠨᠠᠮᠲᠠᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠠᠨᠠᠪᠠᠽᠠᠷ 1635 ᠣᠨ ᠤ ᠪᠢᠯᠢᠭ ᠦᠨ ᠲᠣᠭᠠᠯᠠᠯ ᠤᠨ 9 ᠍ ᠳᠦᠭᠡᠷ ᠰᠠᠷ᠎ᠠ ᠶᠢᠨ 25 ᠡᠳᠦᠷ (ᠣᠳᠣ ᠶᠢᠨ ᠥᠪᠦᠷ ᠬᠠᠩᠭᠠᠢ ᠠᠶᠢᠮᠠᠭ ᠤᠨ) ᠶᠢᠰᠦᠨ ᠵᠦᠢᠯ ᠭᠡᠳᠡᠭ ᠭᠠᠵᠠᠷ᠂ ᠪᠣᠷᠵᠢᠭᠢᠨ ᠣᠪᠣᠭᠲᠤ ᠬᠠᠯᠬ᠎ᠠ ᠶᠢᠨ ᠲᠦᠰᠢᠶᠡᠲᠦ ᠬᠠᠨ ᠭᠣᠮᠪᠣᠳᠣᠷᠵᠢ ᠡᠶᠢᠨ ᠭᠡᠷ ᠪᠦᠯᠢ ᠳᠦ ᠲᠥᠷᠦᠵᠡᠢ᠃ ᠭᠡᠭᠡᠨ ᠰᠡᠴᠡᠨ ᠬᠠᠨ ᠱᠣᠯᠣᠢ ᠡᠴᠢᠭᠡ ᠡᠬᠡ ᠲᠡᠢ ᠨᠢ ᠠᠭᠤᠯᠵᠠᠬᠤ ᠪᠠᠷ ᠢᠷᠡᠭᠡᠳ ᠲᠡᠭᠦᠨ ᠢ ᠰᠠᠶᠢᠨ ᠯᠠᠮ᠎ᠠ ᠪᠣᠯᠬᠤ ᠶᠤᠮ ᠭᠡᠰᠡᠨ ᠰᠠᠨᠠᠯ ᠬᠡᠯᠡᠭᠡᠳ (ᠭᠡᠷᠡᠯ᠂ ᠳᠡᠭᠡᠳᠦ) ᠨᠡᠷ᠎ᠡ ᠬᠠᠶᠢᠷᠠᠯᠠᠭᠠᠳ ᠮᠣᠷᠳᠠᠵᠠᠢ᠃ ᠳᠠᠯᠠᠢ ᠯᠠᠮᠠ᠂ ᠪᠠᠨᠴᠢᠨ ᠯᠠᠮᠠ ᠳᠤ ᠡᠨᠡ ᠪᠣᠯᠤᠮᠵᠢ ᠶᠢ ᠣᠯᠭᠣᠭᠤᠯᠬᠤ ᠪᠠᠷ ᠡᠯᠴᠢ ᠢᠯᠡᠭᠡᠬᠦ ᠪᠡᠷ ᠰᠢᠢᠳᠴᠠᠢ᠃

ᠪᠠᠨᠴᠢᠨ ᠯᠠᠮᠠ ᠳᠠᠯᠠᠢ ᠯᠠᠮᠠ ᠲᠠᠢ ᠬᠣᠯᠪᠣᠭ᠎ᠠ ᠪᠠᠷᠢᠭᠰᠠᠨ ᠨᠢ[ᠵᠠᠰᠠᠪᠤᠷᠢᠯᠠᠬᠤ | ᠺᠣᠳ᠋ ᠢᠶᠠᠷ ᠵᠠᠰᠠᠬᠣ]

15 ᠨᠠᠰᠤᠨ ᠳᠤ ᠪᠠᠨ ᠂ 1649 ᠣᠨ ᠤ ᠡᠴᠦᠰ ᠲᠦ ᡀᠠᠰᠠ ᠤᠷᠤᠭᠤ ᠶᠠᠪᠤᠭᠰᠠᠨ᠃ ᠲᠥᠪᠡᠳ ᠦᠨ ᠨᠡᠶᠢᠰᠯᠡᠯ ᠳᠦ ᠵᠢᠯ ᠬᠠᠭᠠᠰ ᠪᠠᠶᠢᠬᠤ ᠳᠤ ᠪᠠᠨ ᠵᠠᠨᠠᠪᠠᠽᠠᠷ᠂ ᠸᠠᠳᠠᠷᠢᠭ ᠤᠨ ᠲᠠᠪᠤᠳᠤᠭᠠᠷ ᠳᠠᠯᠠᠢ ᠯᠠᠮᠠ ᠶᠢ ᠵᠠᠯᠠᠬᠤ ᠶᠣᠰᠣᠯᠠᠯ ᠳᠤ ᠣᠷᠣᠵᠤ᠂ ᠲᠡᠨᠳᠡ ᠲᠡᠭᠦᠨ ᠢ ᠬᠤᠪᠢᠯᠭᠠᠨ ᠳᠤ ᠡᠷᠭᠦᠮᠵᠢᠯᠡᠨ᠂ ᠵᠢᠪᠽᠤᠨᠳᠠᠮᠪᠠ ᠲᠡᠭᠦᠨ ᠳᠦ ᠥᠪᠡᠷ ᠦᠨ ᠲᠠᠮᠠᠭ᠎ᠠ ᠲᠠᠢ ᠲᠣᠷᠭᠠᠨ ᠪᠠᠯᠳᠠᠬᠢᠨ ᠪᠡᠯᠡᠳᠬᠡᠭᠰᠡᠨ᠃ ᠳᠠᠷᠠᠭ᠎ᠠ ᠨᠢ ᠲᠠᠱᠯᠤᠩᠫᠣ ᠬᠡᠶᠢᠳ ᠲᠦ ᠰᠢᠭᠠᠳ᠋ᠽᠧᠳ ᠵᠠᠨᠠᠪᠠᠽᠠᠷ ᠳᠦᠷᠪᠡᠳᠦᠭᠡᠷ ᠪᠠᠨᠴᠢᠨ ᠯᠠᠮᠠ ᠶᠢ ᠲᠥᠯᠦᠭᠡᠯᠡᠭᠰᠡᠨ ᠪᠠᠶᠢᠪᠠ᠃ ᠲᠡᠷᠡ ᠲᠡᠭᠦᠨ ᠦ ᠶᠡᠬᠡ ᠪᠠᠭᠰᠢ ᠨᠢ ᠪᠣᠯᠤᠭᠰᠠᠨ᠃ ᠮᠥᠨ ᠵᠠᠨᠠᠪᠠᠽᠠᠷ ᠭᠠᠨᠳᠠᠨ ᠫᠦᠨᠴᠣᠭᠯᠢᠨ ᠬᠡᠶᠢᠳ ᠲᠦ ᠵᠣᠴᠢᠯᠠᠪᠠ᠃ ᠵᠠᠨᠠᠪᠠᠽᠠᠷ ᠲᠦᠪᠡᠳ ᠲᠦ ᠠᠶᠢᠯᠴᠢᠯᠠᠭᠰᠠᠨ ᠤ ᠳᠠᠷᠠᠭ᠎ᠠ ᠣᠯᠠᠨ ᠲᠥᠪᠡᠳ ᠲᠠᠩᠭᠣᠳ ᠯᠠᠮᠠ ᠲᠠᠢ ᠡᠬᠡ ᠣᠷᠣᠨ ᠳᠤ ᠪᠠᠨ ᠢᠷᠡᠭᠰᠡᠨ᠃ 1653 ᠣᠨ ᠤ ᠡᠬᠢ ᠪᠡᠷ ᠵᠠᠨᠠᠪᠠᠽᠠᠷ ᠂ ᠭᠣᠪᠢ ᠶᠢ ᠲᠤᠭᠤᠯᠵᠤ᠂ ᠥᠪᠥᠷ ᠮᠣᠩᠭᠣᠯ ᠳᠤ 5 ᠍ ᠳᠦᠭᠡᠷ ᠳᠠᠯᠠᠢ ᠯᠠᠮᠠ ᠲᠠᠢ ᠠᠭᠤᠯᠵᠠᠭᠰᠠᠨ᠃ ᠲᠡᠷᠡ ᠴᠢᠩ ᠤᠯᠤᠰ ᠍ ᠤᠨ ᠡᠶᠡᠪᠡᠷ ᠵᠠᠰᠠᠭᠴᠢ ᠬᠠᠭᠠᠨ ᠲᠠᠢ ᠠᠭᠤᠯᠵᠠᠭᠠᠳ ᠢᠷᠡᠵᠦ᠂ ᠮᠥᠨ ᠲᠡᠭᠦᠨ ᠢ ᠡᠷᠳᠡᠨᠢ ᠵᠤᠤ ᠬᠦᠷᠲᠡᠯ᠎ᠡ ᠳᠠᠭᠠᠯᠳᠤᠨ ᠶᠠᠪᠤᠵᠠᠢ᠃ 1655 ᠣᠨ ᠤ ᠨᠠᠮᠤᠷ ᠳᠠᠬᠢᠭᠠᠳ ᠲᠥᠪᠡᠳ ᠲᠦ ᠥᠪᠡᠷ ᠦᠨ ᠪᠠᠭᠰᠢ ᠪᠠᠨᠴᠢᠨ ᠯᠠᠮᠠ ᠳᠤ ᠪᠠᠷᠠᠭᠠᠯᠬᠠᠵᠠᠢ᠃ ᠲᠡᠭᠦᠨ ᠲᠡᠢ᠂ ᠪᠠᠰᠠ ᠳᠠᠯᠠᠢ ᠯᠠᠮᠠ ᠲᠠᠢ ᠠᠭᠤᠯᠵᠠᠭᠠᠳ 1656 ᠣᠨ ᠤ ᠨᠠᠮᠤᠷ ᠵᠠᠨᠠᠪᠠᠽᠠᠷ ᠬᠠᠯᠬ᠎ᠠ ᠳᠤ ᠢᠷᠡᠪᠡ᠃

ᠴᠢᠩ ᠤᠯᠤᠰ ᠳᠤ ᠬᠠᠯᠬ᠎ᠠ ᠮᠣᠩᠭᠣᠯ ᠳᠠᠭᠠᠷ᠎ᠠ ᠣᠷᠣᠬᠤ ᠳᠤ ᠣᠷᠣᠯᠴᠠᠭᠰᠠᠨ ᠨᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠠᠯᠬ᠎ᠠ ᠶᠢᠨ ᠦᠢᠮᠡᠭᠡᠨ ᠰᠠᠮᠠᠭᠤᠨ ᠨᠢ ᠬᠠᠯᠬ᠎ᠠ ᠶᠢᠨ ᠲᠦᠰᠢᠶᠡᠲᠦ ᠬᠠᠨ ᠴᠢᠮᠡᠳᠳᠣᠷᠵᠢ᠂ ᠵᠠᠰᠠᠭᠲᠤ ᠬᠠᠨ ᠴᠢᠩᠭᠦᠨ ᠨᠠᠷ ᠤᠨ ᠳᠦᠷᠪᠡᠭᠰᠡᠳ ᠦᠨ ᠮᠠᠷᠭᠤᠭᠠᠨ ᠢᠶᠠᠷ ᠡᠬᠢᠯᠡᠪᠡ᠃ 1684 ᠣᠨ ᠳᠤ ᠴᠢᠩ ᠤᠯᠤᠰ ᠤᠨ ᠡᠩᠬᠡ ᠠᠮᠤᠭᠤᠯᠠᠩ ᠬᠠᠭᠠᠨ᠂ ᠬᠠᠯᠬ᠎ᠠ ᠶᠢᠨ ᠬᠠᠭᠠᠳ ᠤᠨ ᠳᠣᠲᠣᠭᠠᠳᠤ ᠮᠠᠷᠭᠤᠭᠠᠨ ᠳᠤ ᠣᠷᠣᠯᠴᠠᠨ 5 ᠍ ᠳᠦᠭᠠᠷ ᠳᠠᠯᠠᠢ ᠯᠠᠮᠠ ᠳᠤ ᠵᠠᠬᠢᠳᠠᠯ ᠢᠯᠡᠭᠡᠨ᠂ ᠲᠡᠭᠦᠨ ᠦ ᠲᠥᠯᠥᠭᠡᠯᠡᠭᠴᠢᠳ ᠢ ᠬᠠᠯᠬ᠎ᠠ ᠤᠷᠤᠭᠤ ᠢᠯᠡᠭᠡᠬᠦ ᠶᠢ ᠬᠦᠰᠡᠵᠦ᠂ ᠳᠠᠶᠢᠯᠲᠤᠵᠤ ᠪᠠᠶᠢᠭ᠋ ᠠ ᠲᠠᠯ᠎ᠠ ᠤᠳ ᠢ ᠡᠪᠯᠡᠷᠡᠭᠦᠯᠬᠦ ᠶᠢ ᠬᠦᠰᠡᠵᠡᠢ᠃ 2 ᠤᠳᠠᠭ᠎ᠠ ᠶᠢᠨ ᠡᠪᠯᠡᠷᠡᠭᠦᠯᠬᠦ ᠣᠷᠣᠯᠳᠤᠯᠭ᠎ᠠ ᠪᠦᠲᠦᠭᠰᠡᠨ ᠦᠭᠡᠢ ᠴᠤ 1686 ᠣᠨ ᠤ ᠨᠠᠮᠤᠷ ᠬᠤᠷᠠᠯ ᠪᠣᠯᠵᠤ᠂ ᠳᠠᠯᠠᠢ ᠯᠠᠮᠠ ᠠᠴᠠ ᠭᠡᠯᠦᠩᠫᠠ ᠶᠢᠨ ᠭᠠᠨᠳᠠᠩ ᠬᠡᠶᠢᠳ ᠦᠨ ᠭᠣᠣᠯ ᠲᠥᠯᠥᠭᠡᠯᠡᠭᠴᠢ ᠴᠤᠯᠲᠷᠢᠮ ᠳᠠᠷᠢᠾᠧ ᠢᠷᠡᠵᠡᠢ᠃ ᠲᠡᠭᠦᠨ ᠲᠡᠢ ᠵᠡᠷᠭᠡᠴᠡᠨ ᠴᠢᠩ ᠤᠯᠤᠰ ᠤᠨ ᠡᠷᠭᠦᠮᠵᠢᠯᠡᠯᠳᠦ ᠲᠦᠰᠢᠮᠡᠯ ᠠᠷᠨᠠᠢ᠂ ᠵᠠᠨᠠᠪᠠᠽᠠᠷ ᠣᠷᠣᠯᠴᠠᠭᠰᠠᠨ᠂ ᠡᠩᠬᠡ ᠠᠮᠤᠭᠤᠯᠠᠩ ᠬᠠᠭᠠᠨ ᠤ ᠲᠤᠰᠬᠠᠢ ᠤᠷᠢᠯᠭ᠎ᠠ ᠪᠠᠷ ᠲᠡᠭᠦᠨ ᠦ ᠲᠣᠮᠣ ᠠᠬ᠎ᠠ ᠴᠢᠮᠡᠳᠳᠣᠷᠵᠢ᠂ ᠵᠠᠰᠠᠭᠲᠤ ᠬᠠᠭᠠᠨ ᠤ ᠳᠦᠷᠪᠡᠭᠰᠡᠳ ᠢ ᠪᠤᠴᠠᠭᠠᠨ ᠠᠪᠴᠢᠷᠠᠪᠠ᠃ ᠣᠶᠢᠷᠠᠳ ᠤᠨ ᠬᠠᠭᠠᠨ ᠭᠠᠯᠳᠠᠨ ᠪᠣᠱᠤᠭᠳᠤ ᠂ ᠲᠦᠰᠢᠶᠡᠲᠦ ᠬᠠᠨ ᠪᠠ ᠵᠠᠰᠠᠭᠲᠤ ᠬᠠᠨ ᠬᠣᠶᠠᠷ ᠍ ᠢ ᠡᠪᠯᠡᠷᠡᠭᠦᠯᠦᠨ ᠵᠥᠪᠰᠢᠯᠴᠡᠬᠦ ᠳᠤ ᠬᠦᠷᠴᠡᠢ᠃ ᠭᠡᠪᠡᠴᠦ ᠲᠦᠰᠢᠶᠡᠲᠦ ᠬᠠᠨ᠂ ᠵᠢᠪᠽᠤᠨᠳᠠᠮᠪᠠ ᠵᠠᠨᠠᠪᠠᠽᠠᠷ ᠤᠨ ᠳᠡᠮᠵᠢᠯᠭᠡ ᠪᠡᠷ ᠳᠠᠬᠢᠨ ᠳᠠᠶᠢᠨ ᠳᠡᠭᠳᠡᠭᠡᠵᠦ᠂ ᠵᠠᠰᠠᠭᠲᠤ ᠬᠠᠨ᠂ ᠭᠠᠯᠳᠠᠨ ᠪᠣᠱᠤᠭᠳᠤ ᠍ ᠤᠨ ᠠᠬ᠎ᠠ ᠳᠣᠷᠵᠢᠵᠠᠪ ᠨᠠᠷ ᠠᠮᠢ ᠦᠷᠡᠭᠳᠡᠪᠡ᠃ ᠡᠭᠦᠨ ᠡᠴᠡ ᠡᠭᠦᠰᠴᠦ ᠣᠶᠢᠷᠠᠳ  ᠬᠠᠯᠬ᠎ᠠ ᠳᠤ ᠳᠠᠭᠠᠷᠢᠨ ᠣᠷᠣᠵᠤ᠂ ᠲᠦᠰᠢᠶᠡᠲᠦ ᠬᠠᠨ ᠢᠯᠠᠭᠳᠠᠯ ᠬᠦᠯᠢᠶᠡᠪᠡ᠃ ᠭᠠᠯᠳᠠᠨ ᠪᠣᠱᠤᠭᠳᠤ ᠵᠠᠨᠠᠪᠠᠽᠠᠷ ᠤᠨ ᠬᠤᠪᠢ ᠤᠨ ᠬᠡᠶᠢᠳ ᠢ ᠤᠰᠠᠳᠬᠠᠵᠤ᠂ ᠥᠨᠳᠥᠷ ᠭᠡᠭᠡᠨ ᠡᠬᠢᠯᠡᠭᠡᠳ ᠡᠷᠳᠡᠨᠢ ᠵᠤᠤ ᠤᠷᠤᠭᠤ ᠵᠢᠭᠤᠳᠠᠵᠤ᠂ ᠳᠠᠷᠠᠭ᠎ᠠ ᠨᠢ ᠣᠶᠢᠷᠠᠳ ᠤᠳ ᠲᠤ ᠬᠥᠭᠡᠭᠡᠭᠳᠡᠵᠦ᠂ ᠤᠩᠰᠢ ᠤᠷᠤᠭᠤ ᠶᠠᠪᠤᠭᠰᠠᠨ᠃ ᠡᠨᠡ ᠨᠢ ᠲᠦᠰᠢᠶᠡᠲᠦ ᠬᠠᠨ᠂ ᠵᠠᠨᠠᠪᠠᠽᠠᠷ ᠲᠠᠢ ᠬᠠᠮᠲᠤ 1688 ᠣᠨ ᠳᠤ ᠮᠠᠨᠵᠤ ᠴᠢᠩ ᠤᠯᠤᠰ ᠠᠴᠠ ᠴᠡᠷᠢᠭ ᠦᠨ ᠲᠤᠰᠠᠯᠠᠮᠵᠢ ᠬᠦᠰᠡᠬᠦ ᠳᠦ ᠬᠦᠷᠭᠡᠪᠡ᠃ ᠤᠯᠤᠰ ᠤᠨ ᠵᠥᠪᠯᠡᠯ ᠪᠡᠭᠡᠵᠢᠩ ᠦᠨ ᠣᠷᠳᠣᠨ᠂ ᠡᠨᠡ ᠪᠣᠯ ᠴᠢᠩ ᠦᠨ ᠨᠣᠶᠠᠷᠬᠠᠯ ᠬᠠᠯᠬ᠎ᠠ ᠳᠤ ᠲᠣᠭᠲᠠᠬᠤ ᠲᠣᠬᠢᠷᠠᠮᠵᠢᠲᠠᠢ ᠨᠥᠬᠥᠴᠡᠯ ᠪᠣᠯᠬᠤ ᠶᠢ ᠬᠦᠯᠢᠶᠡᠨ ᠵᠦᠪᠰᠢᠶᠡᠷᠡᠪᠡ᠃ 1688 ᠣᠨ ᠤ 10 ᠰᠠᠷ᠎ᠠ ᠶᠢᠨ ᠢᠯᠠᠭᠳᠠᠯ ᠤᠨ ᠳᠠᠷᠠᠭ᠎ᠠ ᠲᠦᠰᠢᠶᠡᠲᠦ ᠬᠠᠨ᠂ ᠵᠠᠨᠠᠪᠠᠽᠠᠷ ᠬᠤᠶᠠᠷ ᠴᠢᠩ ᠤᠨ ᠵᠠᠰᠠᠭ ᠤᠨ ᠭᠠᠵᠠᠷ ᠲᠤ ᠮᠠᠨᠵᠤ ᠶᠢᠨ ᠨᠣᠶᠠᠷᠬᠠᠯ ᠳᠤ ᠪᠠᠭᠲᠠᠭᠠᠵᠤ ᠥᠭᠬᠦ ᠶᠢ ᠠᠯᠪᠠᠨ ᠶᠣᠰᠣᠭᠠᠷ ᠬᠦᠰᠡᠯ᠎ᠡ᠃ 1691 ᠣᠨ ᠤ 5 ᠰᠠᠷ᠎ᠠ ᠳᠤ ᠳᠣᠯᠣᠭᠠᠨ ᠨᠠᠭᠤᠷ ᠲᠤ ᠬᠠᠯᠬ᠎ᠠ ᠶᠢᠨ ᠬᠠᠭᠠᠳ ᠤᠨ ᠬᠤᠷᠠᠯ ᠳᠤ ᠣᠷᠣᠵᠤ᠂ ᠬᠠᠯᠬ᠎ᠠ ᠶᠢ ᠴᠢᠩ ᠤᠯᠤᠰ ᠤᠨ ᠮᠡᠳᠡᠯ ᠳᠦ ᠣᠷᠣᠬᠤ ᠶᠢ ᠬᠦᠯᠢᠶᠡᠨ ᠵᠦᠪᠰᠢᠶᠡᠷᠡᠪᠡ᠃ ᠬᠠᠯᠬ᠎ᠠ ᠨᠢ ᠴᠢᠩ ᠤᠯᠤᠰ ᠤᠨ ᠵᠠᠰᠠᠭ ᠤᠨ ᠤᠳᠤᠷᠢᠳᠤᠯᠭ᠎ᠠ ᠲᠠᠢ ᠵᠥᠪᠬᠡᠨ ᠲᠤᠬᠠᠢ ᠶᠢᠨ ᠨᠥᠬᠥᠴᠡᠯ ᠳᠦ ᠡᠷᠲᠡᠨ ᠦ ᠬᠦᠨᠳᠦᠲᠦ ᠳᠡᠭᠡᠳᠦ ᠡᠷᠳᠡᠮᠲᠦ ᠬᠠᠭᠠᠨ ᠵᠢᠪᠽᠤᠨᠳᠠᠮᠪᠠ ᠬᠤᠲᠤᠭᠲᠤ ᠮᠣᠩᠭᠣᠯ ᠤᠨ ᠱᠠᠰᠢᠨ ᠤ ᠲᠡᠷᠢᠭᠦᠨ ᠢᠶᠡᠷ ᠠᠯᠪᠠᠨ ᠶᠣᠰᠣᠭᠠᠷ ᠡᠷᠭᠦᠮᠵᠢᠯᠡᠭᠳᠡᠪᠡᠯ ᠳᠠᠭᠠᠷ᠎ᠠ ᠣᠷᠣᠬᠤ ᠶᠢ ᠬᠦᠯᠢᠶᠡᠨ ᠵᠥᠪᠰᠢᠶᠡᠷᠡᠨ᠎ᠡ ᠭᠡᠵᠡᠢ ᠃

ᠲᠠᠭᠠᠯᠠᠯ ᠲᠡᠭᠦᠰᠪᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠠᠨᠠᠪᠠᠽᠠᠷ 89 ᠨᠠᠰᠤᠨ ᠳᠤ ᠪᠠᠨ ᠴᠢᠩ ᠤᠯᠤᠰ ᠍ ᠤᠨ ᠨᠡᠶᠢᠰᠯᠡᠯ ᠪᠡᠭᠡᠵᠢᠩ ᠤᠨ ᠣᠶᠢᠷᠠᠯᠴᠠᠭ᠎ᠠ ᠰᠢᠷ᠎ᠠ ᠰᠦᠮ᠎ᠡ ᠳᠤ ᠵᠣᠴᠢᠯᠠᠬᠤ ᠳᠤ ᠪᠠᠨ 1723 ᠣᠨ ᠤ ᠬᠠᠪᠤᠷ ᠤᠨ ᠡᠬᠢᠨ ᠰᠠᠷ᠎ᠠ ᠶᠢᠨ 14 ᠍ ᠦ ᠡᠳᠦᠷ ᠲᠠᠭᠠᠯᠠᠯ ᠲᠡᠭᠦᠰᠪᠡ᠃ ᠲᠡᠭᠦᠨ ᠦ ᠱᠠᠷᠢᠯ ᠢ ᠡᠬᠢᠯᠡᠭᠡᠳ ᠶᠡᠬᠡ ᠬᠦᠷᠢᠶᠡᠨ ᠳᠦ᠂ ᠳᠠᠷᠠᠭ᠎ᠠ ᠨᠢ 《ᠠᠮᠤᠷ ᠪᠠᠶᠠᠰᠬᠤᠯᠠᠩᠲᠤ ᠬᠡᠶᠢᠳ 》 ᠲᠦ ᠪᠠᠶᠢᠷᠢᠯᠠᠭᠤᠯᠪᠠ᠃ ᠡᠨᠡ ᠨᠢ ᠴᠢᠩ ᠤᠯᠤᠰ ᠤᠨ ᠨᠠᠶᠢᠷᠠᠯᠲᠤ ᠲᠥᠪ ᠬᠠᠭᠠᠨ  ᠤ ᠲᠤᠰᠢᠶᠠᠯ ᠢᠶᠠᠷ 1726 ᠣᠨ ᠳᠤ ᠪᠠᠶᠢᠭᠤᠯᠤᠭᠰᠠᠨ ᠬᠡᠶᠢᠳ ᠶᠤᠮ᠃ ᠬᠤᠶᠠᠳᠤᠭᠠᠷ ᠪᠣᠭᠳᠠ ᠭᠡᠭᠡᠨ ᠨᠢ ᠵᠠᠨᠠᠪᠠᠽᠠᠷ ᠤᠨ ᠠᠴᠢ᠂ ᠮᠥᠨ ᠲᠦᠰᠢᠶᠡᠲᠦ ᠬᠠᠨ ᠤ ᠭᠡᠷ ᠪᠦᠯᠢ ᠡᠴᠡ ᠲᠣᠳᠣᠷᠠᠵᠠᠢ᠃

ᠱᠠᠰᠢᠨ ᠤ ᠦᠢᠯᠡ ᠠᠵᠢᠯᠯᠠᠭ᠎ᠠ᠂ ᠬᠠᠯᠬ᠎ᠠ ᠳᠤ ᠬᠡᠶᠢᠳ ᠪᠠᠶᠢᠭᠤᠯᠤᠭᠰᠠᠨ ᠨᠢ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠲᠦᠪᠡᠳ ᠡᠴᠡ ᠵᠠᠨᠠᠪᠠᠽᠠᠷ ᠡᠬᠡ ᠣᠷᠣᠨ ᠳᠤ ᠪᠠᠨ ᠢᠷᠡᠭᠡᠳ ᠡᠷᠳᠡᠨᠢ ᠵᠤᠤ ᠶᠢᠨ ᠰᠤᠷᠭᠠᠭᠤᠯᠢ ᠲᠠᠢ ᠬᠣᠯᠪᠣᠭ᠎ᠠ ᠲᠠᠢ ᠬᠡᠶᠢᠳ ᠦᠨ ᠣᠶᠢᠷᠠᠯᠴᠠᠭ᠎ᠠ ᠠᠮᠢᠳᠤᠷᠠᠬᠤ ᠶᠢ ᠬᠦᠰᠡᠬᠦ ᠦᠭᠡᠢ ᠪᠠᠶᠢᠭ᠎ᠠ ᠪᠠᠨ ᠵᠠᠷᠯᠠᠵᠤ᠂ ᠨᠡᠭᠦᠳᠡᠯ ᠦᠨ ᠬᠡᠶᠢᠳ ᠶᠡᠬᠡ ᠬᠦᠷᠢᠶ᠎ᠡ ᠶᠢ ᠪᠠᠶᠢᠭᠤᠯᠵᠤ ᠂ 7 ᠠᠶᠢᠮᠠᠭ ᠢ ᠬᠠᠷᠢᠶᠠᠯᠠᠵᠤ ᠪᠠᠶᠢᠪᠠ᠃ ᠨᠡᠭᠦᠳᠡᠯ ᠦᠨ ᠬᠡᠶᠢᠳ ᠨᠢᠭᠡ ᠭᠠᠵᠠᠷ ᠠᠴᠠ ᠨᠥᠭᠥᠭᠡ ᠭᠠᠵᠠᠷ ᠲᠤ ᠨᠡᠭᠦᠳᠡᠯᠡᠭᠰᠡᠭᠡᠷ ᠡᠴᠦᠰ ᠲᠦ ᠨᠢ ᠬᠠᠯᠬ᠎ᠠ ᠶᠢᠨ ᠨᠡᠶᠢᠰᠯᠡᠯ ᠪᠣᠯᠪᠠ᠃ ᠮᠥᠨ ᠬᠠᠯᠬ᠎ᠠ ᠳᠤ ᠢᠷᠡᠭᠰᠡᠨ ᠦ ᠪᠡᠨ ᠳᠠᠷᠠᠭ᠎ᠠ ᠲᠡᠷᠡ ᠪᠠᠽᠠᠷᠳᠠᠷᠠ ᠬᠦᠷᠢᠶ ᠡ ᠶᠢ ᠪᠠᠶᠢᠭᠤᠯᠪᠠ᠃
  • 1654 ᠣᠨ ᠳᠤ ᠬᠡᠨᠲᠡᠢ ᠶᠢᠨ ᠠᠭᠤᠯᠠᠨ ᠳᠤ (ᠣᠳᠣ ᠶᠢᠨ ᠲᠥᠪ ᠠᠶᠢᠮᠠᠭ ᠲᠤ) ᠵᠠᠨᠠᠪᠠᠽᠠᠷ ᠷᠧᠪᠠᠭᠧᠵᠡᠢ ᠶᠢᠨᠳᠠᠨ ᠱᠠᠳᠤᠪᠯᠢᠩ ᠨᠣᠮ ᠤᠨ ᠶᠡᠬᠡ ᠬᠦᠷᠢᠶ ᠡ ᠶᠢ ᠪᠠᠶᠢᠭᠤᠯᠪᠠ᠃
  • 1654 ᠣᠨ ᠳᠤ ᠰᠢᠪᠡᠭᠡᠲᠦ ᠠᠭᠤᠯᠠ (ᠣᠳᠣ ᠶᠢᠨ ᠥᠪᠦᠷ ᠬᠠᠩᠭᠠᠢ ᠠᠶᠢᠮᠠᠭ ᠲᠤ) 19 ᠨᠠᠰᠤᠲᠠᠢ ᠵᠠᠨᠠᠪᠠᠽᠠᠷ "ᠠᠵᠠ ᠵᠢᠷᠭᠠᠯ ᠲᠠᠢ ᠭᠠᠭᠴᠠᠭᠠᠷᠳᠠᠯ ᠤᠨ ᠬᠡᠶᠢᠳ᠂ ᠥᠨᠳᠥᠷ ᠭᠡᠭᠡᠨ ᠦ ᠤᠷᠣᠯᠠᠩ" (ᠲᠥᠪᠬᠡᠨ ᠬᠡᠶᠢᠳ) ᠥᠪᠡᠷ ᠦᠨ ᠤᠷᠣᠯᠠᠩ ᠢ ᠪᠠᠨ ᠪᠠᠶᠢᠭᠤᠯᠪᠠ᠃

ᠰᠣᠶᠣᠮᠪᠣ ᠦᠰᠦᠭ ᠢ ᠵᠣᠬᠢᠶᠠᠭᠰᠠᠨ ᠨᠢ[ᠵᠠᠰᠠᠪᠤᠷᠢᠯᠠᠬᠤ | ᠺᠣᠳ᠋ ᠢᠶᠠᠷ ᠵᠠᠰᠠᠬᠣ]

1686 ᠣᠨ ᠳᠤ ᠵᠠᠨᠠᠪᠠᠽᠠᠷ ᠰᠢᠨ᠎ᠡ ᠦᠰᠦᠭ 《 ᠰᠣᠶᠣᠮᠪᠣ 》 ᠦᠰᠦᠭ   ᠢ ᠵᠣᠬᠢᠶᠠᠪᠠ᠃ ᠡᠨᠡᠳᠬᠡᠭ ᠦᠨ ᠪᠢᠴᠢᠭ ᠦᠰᠦᠭ 《ᠯᠠᠨᠴᠠ》 ᠳᠡᠭᠡᠷ᠎ᠡ ᠦᠨᠳᠦᠰᠦᠯᠡᠨ᠂ ᠲᠥᠪᠡᠳ ᠦᠨ ᠫᠠᠭᠪᠠ ᠯᠠᠮᠠ ᠍ ᠤᠨ 《ᠳᠥᠷᠪᠡᠯᠵᠢᠨ ᠦᠰᠦᠭ》 ᠳᠡᠭᠡᠷ᠎ᠡ ᠲᠤᠯᠭᠠᠭᠤᠷᠢᠯᠠᠭᠰᠠᠨ᠃ ᠰᠢᠨ᠎ᠡ ᠦᠰᠦᠭ ᠨᠢ 3 ᠬᠡᠯᠡᠨ ᠦ ︵ ᠰᠠᠨᠰᠺᠷᠢᠳ᠋ ᠂ ᠲᠥᠪᠡᠳ ᠪᠠ ᠮᠣᠩᠭᠣᠯ ︶ ᠠᠪᠢᠶ᠎ᠠ ᠵᠦᠢ ᠶᠢᠨ ᠢᠯᠭᠠᠭ᠎ᠠ ᠶᠢ ᠪᠦᠷᠢᠨ ᠬᠠᠷᠠᠭᠤᠯᠵᠤ ᠴᠢᠳᠠᠭᠰᠠᠨ᠃ ᠡᠨᠡ ᠨᠢ ᠣᠳᠣ ᠬᠦᠷᠲᠡᠯ᠎ᠡ ᠭᠣᠶᠣᠯ ᠴᠢᠮᠡᠭᠯᠡᠯ ᠦᠨ ᠵᠣᠷᠢᠯᠭ᠎ᠠ ᠪᠠᠷ ᠮᠣᠩᠭᠣᠯ ᠤᠨ ᠪᠤᠳ᠋ᠳ᠋ᠾᠠᠶᠢᠰᠲ ᠤᠳ ᠠᠰᠢᠭᠯᠠᠵᠤ ᠪᠠᠶᠢᠨ᠎ᠠ᠃ ᠡᠨᠡ ᠪᠡᠯᠭᠡᠳᠡᠯ ᠠᠷᠪᠠᠨ ᠳᠣᠯᠤᠳᠤᠭᠠᠷ ᠵᠠᠭᠤᠨ ᠤ ᠮᠣᠩᠭᠣᠯ ᠤᠯᠤᠰ ᠤᠨ ᠪᠡᠯᠭᠡ ᠲᠡᠮᠳᠡᠭ ᠪᠣᠯᠵᠤ᠂ ᠣᠳᠣ ᠦᠶ᠎ᠡ ᠳᠦ ᠮᠣᠩᠭᠣᠯ ᠤᠨ ᠳᠠᠯᠪᠠᠭᠠᠨ ᠳᠡᠭᠡᠷ᠎ᠡ ᠪᠠᠶᠢᠷᠢᠯᠠᠵᠤ ᠪᠠᠶᠢᠨ᠎ᠠ᠃

ᠤᠷᠠᠨ ᠪᠠᠷᠢᠮᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠠᠨᠠᠪᠠᠽᠠᠷ ᠪᠤᠳ᠋ᠳ᠋ᠾᠠ ᠶᠢᠨ᠂ ᠪᠣᠳᠢᠰᠠᠳᠢᠣ᠎ᠠ᠂ ᠪᠤᠳ᠋ᠳ᠋ᠾᠠ ᠶᠢᠨ ᠵᠢᠳᠬᠦᠯᠲᠡᠨ ᠨᠦᠭᠦᠳ  ᠤᠨ ᠰᠢᠪᠠᠷ ᠪᠠᠷᠢᠮᠠᠯ ᠤᠳ ᠢᠶᠠᠷ ᠢᠶᠠᠨ ᠠᠯᠳᠠᠷᠲᠠᠢ᠃ ᠲᠡᠷᠡ ᠤᠷᠠᠨ ᠪᠠᠷᠢᠮᠠᠯ ᠲᠠᠢ ᠠᠩᠬ᠎ᠠ 1650 ᠣᠨ ᠳᠤ ᡀᠠᠰᠠ ᠳᠤ ᠣᠴᠢᠬᠤ ᠳᠤ ᠪᠠᠨ ᠲᠠᠨᠢᠯᠴᠠᠵᠠᠢ᠃ ᠨᠧᠫᠠᠯ ᠤᠨ ᠤᠷᠠᠨ ᠪᠠᠷᠢᠮᠠᠯᠴᠢ ᠳᠤ ᠫᠣᠲ᠋ᠠᠯ ᠤᠨ ᠣᠷᠳᠣᠨ ᠪᠠᠷᠢᠬᠤ ᠶᠢ ᠠᠵᠢᠭᠯᠠᠵᠠᠢ ᠃ ᠰᠢᠨᠵᠢᠭᠡᠴᠢᠳ ᠵᠠᠨᠠᠪᠠᠽᠠᠷ ᠤᠨ ᠤᠷᠠᠨ ᠪᠦᠲᠦᠭᠡᠯ ᠨᠧᠫᠯ ᠤᠨ ᠬᠢ ᠲᠠᠢ ᠠᠳᠠᠯᠢ᠂ ᠬᠠᠷᠢᠨ ᠲᠥᠪᠡᠳ ᠦᠨ ᠬᠢ ᠲᠡᠢ ᠠᠳᠠᠯᠢ ᠦᠭᠡᠢ ᠶᠢ ᠠᠵᠢᠭᠯᠠᠵᠣ ᠪᠠᠶᠢᠪᠠ᠃ ᠨᠡᠯᠢᠶᠡᠳ ᠠᠯᠳᠠᠷᠲᠠᠢ ᠪᠦᠲᠦᠭᠡᠯ ᠨᠢ « ᠴᠠᠭᠠᠨ ᠳ᠋ᠠᠷ᠎ᠠ ᠡᠬᠡ » ᠂ « ᠨᠣᠭᠤᠭᠠᠨ ᠳ᠋ᠠᠷ᠎ᠠ ᠡᠬᠡ » ᠂ « ᠪᠤᠳᠢ ᠰᠣᠪᠤᠷᠭ᠎ᠠ »᠃ ᠡᠮᠡᠭᠲᠡᠶᠢᠯᠡᠭ᠂ ᠮᠡᠳᠡᠷᠡᠮᠵᠢ ᠲᠡᠢ ᠳᠦᠷᠰᠦᠯᠡᠯ ᠨᠣᠭᠣᠭᠠᠨ ᠳ᠋ᠠᠷ᠎ᠠ ᠡᠬᠡ ᠳᠦ ᠬᠠᠷᠠᠭᠳᠠᠨ᠎ᠠ᠂ ᠲᠡᠭᠦᠨ ᠦ ᠬᠠᠮᠤᠭ ᠤᠨ ᠰᠠᠶᠢᠨ ᠪᠦᠲᠦᠭᠡᠯ ᠢ ᠧᠦ᠋ᠷᠣᠫᠠ ᠶᠢᠨ ᠰᠡᠷᠭᠦᠨ ᠮᠠᠨᠳᠤᠯᠲᠠ ᠍ ᠤᠨ ᠤᠷᠠᠨ ᠪᠠᠷᠢᠮᠠᠯ ᠲᠠᠢ ᠠᠳᠠᠯᠢᠳᠬᠠᠳᠠᠭ᠃ ᠪ ᠷᠢᠨᠴᠢᠨ ᠵᠠᠨᠠᠪᠠᠽᠠᠷ ᠢ «ᠮᠣᠩᠭᠣᠯ ᠤᠨ ᠮᠢᠺᠧᠯᠢᠨᠵᠧᠯᠠ» ᠭᠡᠵᠡᠢ᠃ ᠥᠨᠳᠥᠷ ᠭᠡᠭᠡᠨ ᠦ ᠤᠷᠠᠯᠢᠭ ᠤᠨ ᠪᠦᠲᠦᠭᠡᠯ 2 ᠤᠳᠠᠭ᠎ᠠ ᠤᠰᠠᠳᠬᠠᠭᠳᠠᠬᠤ ᠠᠶᠤᠯ ᠳᠤ ᠥᠷᠲᠥᠵᠦ᠂ ᠵᠠᠷᠢᠮ ᠨᠢ ᠭᠡᠮᠲᠦᠭᠰᠡᠨ᠃ ᠠᠩᠬᠠᠨ ᠤ ᠤᠳᠠᠭ᠎ᠠ ᠵᠦᠩᠭᠠᠷ ᠠᠷᠪᠠᠨ ᠳᠣᠯᠤᠳᠤᠭᠠᠷ ᠵᠠᠭᠤᠨ ᠤ ᠲᠡᠭᠦᠰᠬᠡᠯ ᠳᠦ ᠬᠠᠯᠬ᠎ᠠ ᠤᠷᠤᠭᠤ ᠬᠠᠯᠳᠠᠬᠤ ᠳᠤ᠂ ᠨᠦᠬᠦᠭᠡ ᠨᠢ ᠬᠤᠷᠢᠳᠤᠭᠠᠷ ᠵᠠᠭᠤᠨ ᠤ 30 ᠍ ᠊ᠭᠠᠳ ᠣᠨ ᠤ ᠴᠣᠶᠢᠪᠠᠯᠰᠠᠩ ᠤᠨ ᠱᠠᠰᠢᠨ ᠤ ᠡᠰᠡᠷᠬᠦ ᠬᠡᠯᠮᠡᠭᠳᠡᠭᠦᠯᠦᠯᠲᠡ ᠶᠢᠨ ᠦᠶ᠎ᠡ ᠳᠦ᠃ ᠵᠠᠨᠠᠪᠠᠽᠠᠷ ᠤᠨ ᠲᠤᠰᠬᠠᠢ ᠬᠡᠪ ᠮᠠᠶ᠋ᠢᠭ ᠨᠢ «ᠵᠠᠨᠠᠪᠠᠽᠠᠷ ᠤᠨ ᠰᠤᠷᠭᠠᠭᠤᠯᠢ» ᠬᠡᠮᠡᠨ ᠨᠡᠷᠡᠯᠡᠭᠳᠡᠵᠡᠢ᠃

ᠪᠢᠴᠢᠭᠡᠰᠦ