ᠤᠷᠳᠤᠰ ᠬᠤᠷᠢᠮ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠣᠷᠳᠣᠰ ᠬᠤᠷᠢᠮ ᠡᠷᠲᠡᠨ ᠦ ᠮᠣᠩᠭᠣᠯ ᠤᠯᠤᠰ ᠪᠣᠯᠤᠨ ᠶᠤᠸᠠᠨ ᠤᠯᠤᠰ ᠤᠨ ᠦᠶ᠎ᠡ ᠳᠦ ᠪᠤᠶ ᠪᠣᠯᠵᠤ ᠂15 ᠳ᠋ᠤᠭᠠᠷ ᠵᠠᠭᠤᠨ ᠳᠤ ᠂ ᠣᠷᠳᠣᠰ ᠠᠶᠢᠮᠠᠭ  ᠢ ᠳᠠᠭᠠᠯᠳᠤᠨ ᠣᠷᠳᠣᠰ ᠭᠠᠵᠠᠷ ᠤᠷᠤᠵᠤ ᠢᠷᠡᠵᠡᠢ ᠃ ᠴᠢᠩᠭᠢᠰ ᠬᠠᠭᠠᠨ ᠤ 《 ᠨᠠᠶᠮᠠᠨ ᠴᠠᠭᠠᠨ ᠤᠷᠳᠤ 》  ᠶᠢ ᠣᠷᠳᠣᠰ  ᠤᠨ ᠬᠢᠯᠢ ᠶᠢᠨ ᠳᠣᠲᠣᠷᠠᠬᠢ ᠭᠠᠨᠳᠠᠷᠢ ᠦᠨ ᠣᠪᠣᠭᠠᠨ ᠳᠡᠭᠡᠷ᠎ᠡ ᠲᠠᠬᠢᠵᠤ ᠪᠤᠢ᠃ ᠣᠷᠳᠣᠰ ᠬᠤᠷᠢᠮ ᠤᠨ ᠶᠣᠰᠣᠯᠠᠯ ᠨᠢ ᠣᠨᠴᠠᠭᠠᠶ ᠶᠣᠰᠣᠯᠠᠯ ᠵᠢᠷᠤᠮ   ᠢᠶᠠᠷ ᠢᠶᠠᠨ ᠪᠤᠰᠤᠳ ᠠᠴᠠ ᠢᠯᠭᠠᠭᠳᠠᠳᠠᠭ ᠃ ᠣᠷᠳᠣᠰ ᠨᠤᠲᠤᠭ  ᠲᠤ ᠣᠷᠳᠣᠰ ᠬᠤᠷᠢᠮ ᠤᠨ ᠶᠣᠰᠣᠯᠠᠯ ᠵᠢᠷᠤᠮ ᠤᠳᠤ ᠪᠣᠯᠲᠠᠯ᠎ᠠ ᠮᠥᠨ ᠯᠡ ᠨᠡᠯᠢᠶᠡᠳ ᠪᠦᠷᠢᠨ ᠪᠦᠲᠦᠨ ᠢᠶᠡᠷ ᠬᠠᠳᠠᠭᠠᠯᠠᠭᠰᠠᠭᠠᠷ ᠪᠠᠶᠢᠭ᠎ᠠ ᠂ ᠪᠥᠭᠡᠳ ᠲᠡᠭᠦᠨ ᠦ ᠬᠥᠭᠵᠢᠯᠲᠡ ᠬᠤᠪᠢᠷᠠᠯᠲᠠ  ᠪᠠᠷ ᠳᠡᠮᠵᠢᠨ ᠨᠢᠭᠡ ᠵᠦᠢᠯ ᠦᠨ ᠶᠣᠰᠣ ᠭᠣᠷᠢᠮ ᠲᠠᠢ ᠂ ᠳᠥᠷᠢᠮᠵᠢᠭᠦᠨ ᠵᠠᠩᠰᠢᠯ ᠪᠣᠯᠭᠠᠬᠤ ᠪᠠ ᠳᠠᠭᠤᠤ ᠪᠥᠵᠢᠭ  ᠪᠤᠯᠭᠠᠨ ᠨᠢᠭᠡᠨᠲᠡ ᠨᠢᠭᠡᠨ ᠠᠷᠠᠳ ᠤᠨ ᠵᠠᠩ ᠳᠠᠳᠬᠠᠯ  ᠪᠤᠶᠤ ᠰᠣᠶᠣᠯ ᠤᠨ ᠦᠵᠡᠭᠳᠡᠯ ᠪᠤᠯᠵᠠᠢ ᠃

2006 ᠣᠨ5 ᠰᠠᠷᠠᠶᠢᠨ20 ᠤ ᠡᠳᠦᠷ ᠂ ᠤᠷᠳᠤᠰ ᠬᠤᠷᠢᠮ ᠨᠢ ᠲᠥᠷᠥ ᠶᠢᠨ ᠶᠠᠪᠤᠳᠠᠯ ᠤᠨ ᠬᠣᠷᠢᠶᠠᠨ ᠤ ᠵᠥᠪᠰᠢᠶᠡᠷᠡᠯ ᠢᠶᠡᠷ ᠠᠩᠬᠠᠳᠠᠭᠴᠢ ᠪᠦᠯᠦᠭ ᠤᠯᠤᠰ ᠤᠨ ᠲᠡᠰ ᠤᠨ ᠪᠣᠳᠠᠰ ᠤᠨ ᠪᠤᠰᠤ ᠰᠣᠶᠣᠯ ᠤᠨ ᠥᠪ ᠦᠨ ᠨᠡᠷᠡᠰ ᠲᠦ ᠵᠢᠭᠰᠠᠭᠠᠭᠳᠠᠵᠠᠢ ᠃

8c67b3b26e1.jpg

ᠣᠳᠣᠬᠢ ᠪᠠᠶᠢᠳᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠥᠪᠥᠷ ᠮᠣᠩᠭᠣᠯ ᠤᠨ ᠭᠠᠵᠠᠷ ᠣᠷᠣᠨ ᠮᠠᠰᠢ ᠥᠷᠭᠡᠨ ᠠᠭᠤᠳᠠᠮ ᠪᠣᠯᠬᠣᠷ ᠮᠣᠩᠭᠣᠯ ᠦᠨᠳᠦᠰᠦᠲᠡᠨ ᠦ ᠤᠷᠤᠭ ᠤᠨ ᠶᠣᠰᠣᠯᠠᠯ ᠪᠣᠯ ᠤᠯᠠᠨ ᠶᠠᠩᠵᠤ ᠶᠢᠨ ᠪᠠᠶᠢᠳᠠᠭ ᠂ ᠢᠯᠠᠩᠭᠤᠶ᠎ᠠ ᠣᠷᠳᠣᠰ ᠬᠤᠷᠢᠮ ᠤᠨ ᠬᠠᠮᠤᠭ ᠤᠨ ᠭᠡᠷᠡᠯ ᠭᠢᠯᠪᠠᠭ᠎ᠠ  ᠲᠠᠶ ᠪᠣᠯᠭᠠᠳᠠᠭ ᠃ ᠤᠷᠳᠤᠰ ᠬᠤᠷᠢᠮ ᠨᠢᠭᠡᠨᠲᠡ 700 ᠭᠠᠷᠤᠶ ᠵᠢᠯ ᠤᠯᠠᠮᠵᠢᠯᠠᠭᠳᠠᠵᠤ ᠂ ᠤᠳᠤ ᠪᠣᠯᠲᠠᠯ᠎ᠠ ᠮᠥᠨ ᠡᠷᠲᠡᠨ ᠦ ᠬᠡᠪ ᠨᠠᠮᠪᠠ ᠪᠠ ᠪᠠᠬᠠᠷᠬᠠᠯ  ᠢ ᠡᠷᠬᠢᠮᠯᠡᠳᠡᠭ ᠪᠠᠶᠢᠨ᠎ᠠ ᠃ ᠲᠡᠷᠡ ᠥᠪᠡᠷ ᠦᠨ ᠦᠨᠳᠦᠰᠦᠲᠡᠨ ᠦ ᠥᠪᠡᠷᠮᠢᠴᠡ ᠣᠨᠴᠠᠯᠢᠭ ᠪᠦᠬᠦᠢ ᠂ ᠭᠦᠨ ᠵᠤᠵᠠᠭᠠᠨ ᠠᠮᠢᠳᠤᠷᠠᠯ ᠤᠨ ᠠᠭᠤᠷ ᠠᠮᠢᠰᠬᠤᠯ ᠂ ᠢᠷᠠᠭᠤ ᠰᠠᠶᠢᠬᠠᠨ ᠳᠠᠭᠤᠤ ᠪᠥᠵᠢᠭ ᠦᠨ ᠬᠡᠯᠪᠡᠷᠢ ᠪᠠ ᠬᠠᠯᠠᠭᠤᠨ ᠵᠤᠴᠢᠨᠰᠠᠭ ᠪᠠᠶᠢᠳᠠᠯ  ᠢᠶᠠᠷ ᠢᠶᠠᠨ ᠂ ᠠᠵᠢᠯᠴᠢ ᠬᠥᠳᠡᠯᠮᠦᠷᠢᠴᠢ ᠂ ᠡᠷᠡᠯᠬᠡᠭ ᠪᠠᠭᠠᠲᠤᠷᠯᠢᠭ ᠂ ᠤᠬᠠᠭᠠᠨ ᠪᠢᠯᠢᠭ ᠲᠡᠶ ᠣᠷᠳᠣᠰ ᠮᠤᠩᠭᠤᠯᠴᠤᠤᠨ  ᠤᠨ ᠰᠠᠢᠢᠨ ᠰᠠᠶᠢᠬᠠᠨ ᠠᠮᠢᠳᠤᠷᠠᠯ ᠤᠨ ᠬᠥᠭᠡᠭᠡᠴᠡᠯᠳᠦᠯ ᠪᠠ ᠭᠦᠳᠦᠰ ᠰᠢᠭᠤᠷᠬᠠᠶ ᠵᠠᠩ ᠴᠢᠨᠠᠷ ᠢᠶᠠᠨ ᠢᠯᠡᠳᠬᠡᠵᠡᠢ ᠃ ᠡᠶᠢᠮᠦ ᠡᠴᠡ ᠂ ᠤᠷᠳᠤᠰ ᠬᠤᠷᠢᠮ ᠥᠷᠭᠡᠨ ᠢᠶᠡᠷ ᠤᠯᠠᠮᠵᠢᠯᠠᠭᠳᠠᠨ ᠮᠠᠭᠲᠠᠭᠳᠠᠭᠰᠠᠨ ᠪᠠᠶᠢᠨ᠎ᠠ ᠃ ᠤᠷᠳᠤᠰ ᠬᠤᠷᠢᠮ ᠶᠡᠷᠦ ᠳᠡᠬᠡᠨ ᠬᠤᠶᠠᠷ ᠭᠤᠷᠪᠠᠨ ᠡᠳᠦᠷ ᠦᠷᠭᠦᠯᠵᠢᠯᠡᠨ ᠂ ᠭᠣᠶᠢᠳᠠ ᠰᠠᠶᠢᠬᠠᠨ ᠦᠨᠳᠦᠰᠦᠲᠡᠨ ᠦ ᠵᠠᠩ ᠦᠢᠯᠡ  ᠪᠡᠷ ᠪᠢᠯᠬᠠᠮ᠎ᠠ ᠪᠠᠶᠢᠳᠠᠭ᠃

ᠬᠤᠷᠢᠮ ᠤᠨ ᠠᠭᠤᠯᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠤᠷᠳᠤᠰ ᠬᠤᠷᠢᠮ ᠨᠢ ᠣᠷᠣᠭ ᠳᠣᠷᠠᠰᠬᠣ ᠂ ᠵᠠᠭᠣᠴᠢ ᠰᠤᠩᠭᠤᠬᠤ ᠂ ᠣᠷᠣᠭ ᠠᠰᠠᠭᠣᠬᠣ ᠂ ᠰᠠᠭᠠᠳᠠᠭ ᠮᠣᠷᠳᠠᠬᠤ ᠂ ᠬᠡᠣᠬᠡᠨ ᠬᠦ᠋ᠷᠭᠡᠬᠦ ᠵᠡᠷᠭᠡ ᠲᠡᠰ ᠳᠠᠷᠠᠭᠠᠯᠠᠯ ᠪᠦᠬᠦᠢ ᠠᠭᠣᠯᠭ᠎ᠠ ᠲᠠᠢ ᠃

  • ᠣᠷᠣᠭ ᠳᠣᠷᠠᠰᠬᠣ

ᠤᠷᠤᠭ ᠲᠤᠷᠠᠰᠬᠤ ᠬᠡᠳᠡᠭ  ᠨᠢ ᠠᠪᠤ ᠡᠵᠢ ᠪᠤᠯᠤᠭᠰᠠᠳ ᠬᠦ᠋ᠪᠡᠬᠦᠨ ᠪᠣᠶᠣ ᠬᠡᠣᠬᠡᠨ  ᠢᠶᠠᠨ ᠪᠡᠶ᠎ᠡ ᠵᠡᠷᠬᠡ  ᠳᠦ ᠬᠦ᠋ᠷᠬᠦ  ᠲᠠᠢ ᠵᠡᠷᠭᠡ ᠡᠷᠳᠡ  ᠨᠢᠬᠡ ᠡᠳᠦᠷ ᠠᠶᠢᠯ ᠬᠡᠷ ᠪᠤᠯᠭᠠᠬᠤ ᠪᠤᠶᠤ ᠬᠠᠷᠢ  ᠳᠦ ᠮᠤᠷᠳᠠᠭᠤᠯᠤᠨ ᠬᠦ᠋ᠷᠬᠡᠬᠦ  ᠶᠢ ᠰᠠᠨᠠᠭ᠎ᠠ ᠪᠤᠯᠤᠨ  ᠶᠡᠬᠡ ᠤᠴᠢᠷ ᠪᠤᠯᠭᠠᠵᠥ ᠲᠤᠷᠠᠰᠬᠤ  ᠶᠢ ᠬᠡᠯᠡᠨ᠎ᠡ ᠃ ᠬᠡᠬᠦ ᠳᠡᠬᠡᠨ  ᠨᠢᠬᠡ  ᠶᠠᠰᠤᠳᠠᠨ ᠤᠪᠤᠭ  ᠨᠢᠬᠡᠳᠡᠨ  ᠲᠠᠢ ᠤᠷᠤᠭᠯᠠᠬᠤ ᠦᠬᠡᠢ ᠰᠠᠭᠤᠷᠢᠨ ᠲᠡᠬᠡᠷ᠎ᠡ ᠪᠡᠷᠢ ᠪᠤᠯᠬᠤ ᠬᠦ᠋ᠮᠦᠨ  ᠢ ᠬᠡᠷ ᠪᠦ᠋ᠯᠢ ᠲᠤᠳᠤᠷ᠎ᠠ  ᠪᠡᠨ ᠬᠡᠯᠡᠯᠴᠠᠵᠥ ᠰᠣᠩᠭᠣᠳᠠᠭ ᠃ᠨᠢᠬᠡ  ᠶᠠᠰᠤᠳᠠᠨ ᠤᠪᠤᠭ  ᠨᠢᠬᠡᠳᠡᠨ ᠲᠠᠢ ᠤᠷᠤᠭᠯᠠᠬᠤ ᠦᠬᠡᠢ ᠬᠡᠳᠡᠭ  ᠨᠢ ᠲᠠᠷᠤᠢ ᠤᠪᠤᠭ  ᠤᠨ ᠭᠠᠳᠠᠨ᠎ᠠ ᠤᠷᠤᠭᠯᠠᠬᠤ ᠲᠦ᠋ᠷᠢᠮ  ᠢ  ᠶᠠᠷᠢᠵᠥ ᠪᠤᠢ ᠃ 《 ᠣᠪᠣᠭ  ᠤᠨ ᠭᠠᠳᠠᠨ᠎ᠠ ᠤᠷᠤᠭᠯᠠᠬᠤ ᠲᠦ᠋ᠷᠢᠮ ︾ ᠬᠡᠳᠡᠭ  ᠨᠢ  ᠨᠢᠬᠡ ᠡᠪᠦᠬᠡ ᠲᠡᠬᠡᠳᠦᠰ  ᠠᠴᠠ ᠦᠷᠡᠵᠢᠭᠰᠡᠨ ᠴᠢᠰᠦᠨ ᠲᠦ᠋ᠷᠦᠯ  ᠨᠢᠬᠡᠳᠡᠢ ᠤᠪᠤᠭ ᠠᠶᠢᠮᠠᠭ  ᠤᠨ ᠬᠡᠰᠢᠬᠦᠳ ᠬᠤᠭᠤᠷᠤᠨᠳᠥ  ᠪᠡᠨ ᠤᠷᠤᠭᠯᠠᠬᠤ  ᠶᠢ ᠴᠡᠭᠡᠷᠯᠡᠵᠣ ᠂ ᠦᠬᠡᠷ᠎ᠡ  ᠨᠢᠬᠡ ᠡᠪᠦᠬᠡ ᠲᠡᠭᠡᠳᠦᠰ  ᠠᠴᠠ ᠦᠷᠡᠵᠢᠭᠰᠡᠨ ᠴᠢᠰᠤᠨ ᠲᠦ᠋ᠷᠦᠯ  ᠤᠨ ᠬᠤᠯᠪᠤᠭ᠎ᠠ ᠦᠬᠡᠢ ᠤᠪᠤᠭ ᠠᠶᠢᠮᠠᠭ  ᠤᠨ ᠬᠡᠰᠢᠬᠦᠳ  ᠲᠠᠢ ᠤᠷᠤᠭ  ᠤᠨ ᠬᠠᠷᠢᠴᠠᠭ᠎ᠠ ᠪᠠᠶᠢᠭᠤᠯᠬᠤ ᠵᠠᠩᠰᠢᠯ  ᠢ ᠬᠡᠯᠡᠨ᠎ᠡ ᠃

  • ᠵᠠᠭᠣᠴᠢ ᠰᠤᠩᠭᠤᠬᠤ

ᠤᠪᠤᠭ  ᠤᠨ ᠭᠠᠳᠠᠨᠠᠬᠢ ᠬᠦ᠋ᠮᠦᠨ  ᠢ ᠬᠡᠷ ᠲᠤᠳᠤᠷ᠎ᠠ  ᠪᠡᠨ ᠬᠡᠯᠡᠯᠴᠠᠵᠥ ᠲᠤᠭᠲᠠᠭᠰᠠᠨ  ᠤ ᠳᠠᠷᠠᠭ᠎ᠠ ᠬᠡᠯᠡ ᠠᠮᠠᠨ ᠳᠠᠭᠠᠨ ᠰᠠᠶᠢᠨ ᠂ ᠪᠦ᠋ᠷᠢᠨ ᠪᠦ᠋ᠳᠦᠨ ᠬᠦ᠋ᠮᠦᠨ  ᠢ ᠤᠷᠢᠵᠥ ᠬᠡᠥᠬᠡᠨ ᠲᠠᠯ᠎ᠠ  ᠳᠦ ᠵᠠᠭᠤᠴᠢ  ᠪᠠᠷ  ᠶᠠᠪᠤᠭᠤᠯᠬᠤ  ᠪᠠᠷ ᠲᠤᠭᠳᠠᠳᠠᠭ ᠃ ᠵᠠᠭᠤᠴᠢ ᠬᠦᠮᠦᠨ ᠨᠢ ᠵᠠᠪᠠᠯ ᠡᠷᠡᠭᠲᠡᠢ ᠬᠦᠮᠦᠨ ᠪᠠᠶᠢᠬᠤ ᠬᠡᠷᠡᠭᠲᠡᠢ ᠃ᠡᠨᠳᠡ  ᠶᠠᠷᠢᠵᠥ ᠪᠠᠶᠢᠭ᠎ᠠ ᠪᠦ᠋ᠷᠢᠨ ᠪᠦ᠋ᠳᠦᠨ ᠬᠦ᠋ᠮᠦᠨ ᠬᠡᠳᠡᠭ  ᠨᠢ  ᠨᠢᠭᠡᠨᠳᠡ ᠠᠶᠢᠯ ᠬᠡᠷ ᠪᠤᠯᠤᠭᠰᠠᠨ ᠂ ᠲᠡᠬᠡᠷ᠎ᠡ  ᠪᠡᠨ  ᠨᠠᠰᠤᠳᠠᠨ  ᠲᠠᠢ ᠂ ᠲᠤᠤᠷ᠎ᠠ  ᠪᠡᠨ ᠦᠷ᠎ᠡ ᠠᠴᠢᠷ  ᠲᠠᠢ ᠂ ᠬᠡᠷ ᠪᠦ᠋ᠯᠢ  ᠶᠢᠨ ᠪᠦ᠋ᠷᠢᠯᠳᠦᠬᠦᠨ ᠪᠦ᠋ᠷᠢᠨ ᠬᠦ᠋ᠮᠦᠨ  ᠢ ᠬᠡᠯᠡᠨ᠎ᠡ ᠃ ᠡᠶᠢᠮᠤᠷᠬᠦ ᠬᠦ᠋ᠮᠦᠨ ᠵᠠᠭᠤᠴᠢ  ᠪᠠᠷ  ᠶᠠᠪᠤᠬᠤ  ᠳᠦ ᠬᠦ᠋ᠷᠪᠡᠯ ᠤᠴᠢᠷ  ᠶᠠᠪᠤᠳᠠᠯ  ᠢ ᠪᠦ᠋ᠷᠢᠨ ᠪᠦ᠋ᠳᠦᠨ ᠪᠦ᠋ᠳᠦᠬᠡᠨ᠎ᠡ ᠬᠡᠵᠥ ᠪᠡᠯᠬᠡᠳᠡᠨ ᠦᠵᠡᠳᠡᠭ ᠃

  • ᠣᠷᠣᠭ ᠠᠰᠠᠭᠣᠬᠣ

ᠪᠠᠭ᠎ᠠ ᠲᠤᠭᠲᠠᠪᠤᠷᠢ ᠄ ᠪᠠᠭ᠎ᠠ ᠲᠤᠭᠲᠠᠪᠤᠷᠢ  ᠶᠢ ᠪᠠᠰᠠ ᠪᠠᠭ᠎ᠠ ᠠᠷᠢᠬᠢ ᠠᠯᠴᠢᠭᠤᠷ ᠲᠠᠯᠪᠢᠬᠤ ᠭᠡᠳᠡᠭ ᠃ ᠡᠨᠡ ᠨᠢ ᠵᠠᠭᠤᠴᠢ ᠬᠦᠦ ᠶᠢᠨ ᠶᠡᠬᠡᠮᠡᠳ ᠦᠨ ᠬᠦᠰᠡᠯ ᠢᠶᠡᠷ ᠬᠡᠦᠬᠡᠨ ᠦ ᠭᠡᠷ ᠲᠦ ᠬᠦᠷᠴᠦ ᠠᠪᠤ ᠡᠵᠢ ᠠᠬᠠᠮᠠᠳ ᠠᠴᠠ ᠨᠢ ᠬᠡᠦᠬᠡᠨ ᠢ ᠠᠰᠠᠭᠤᠬᠤ ᠶᠢ ᠬᠡᠯᠡᠨ᠎ᠡ ᠃ ᠵᠠᠭᠤᠴᠢ ᠪᠠᠰᠠ ᠨᠢᠭᠡ ᠬᠡᠷᠡᠭ ᠶᠠᠪᠤᠳᠠᠯ ᠢ ᠪᠦᠲᠦᠭᠡᠬᠦ ᠳᠡᠬᠡᠨ ᠰᠠᠶᠢᠨ ᠪᠦᠰᠡᠲᠠᠢ ᠬᠦᠮᠦᠨ ᠢ ᠤᠷᠢᠵᠤ ᠂ ᠬᠤᠶᠠᠭᠤᠯᠠ ᠬᠠᠮᠲᠤ ᠤᠴᠢᠵᠤ ᠂ ᠠᠪᠴᠢᠷᠠᠭᠰᠠᠨ ᠲᠡᠬᠡᠵᠢ ᠪᠡᠯᠡᠭ  ᠢᠶᠠᠨ ᠲᠠᠯᠪᠢᠨ ᠂ ᠠᠪᠤ ᠡᠵᠢ ᠬᠤᠶᠠᠷ ᠲᠤᠨᠢ ᠠᠯᠴᠢᠭᠤᠷ ᠬᠠᠳᠠᠭ ᠲᠠᠳᠠᠵᠥ ᠂ ᠬᠦ᠋ᠦ ᠲᠠᠯ᠎ᠠ  ᠶᠢᠨ ᠪᠠᠶᠢᠳᠠᠯ  ᠢ ᠵᠠᠬ᠎ᠠ  ᠠᠴᠠ  ᠨᠢ  ᠶᠠᠷᠢᠵᠥ ᠂ ᠤᠷᠤᠭ ᠬᠤᠳᠠ ᠪᠤᠯᠤᠯᠴᠠᠬᠤ  ᠪᠠᠷ ᠭᠤᠶᠤᠵᠥ ᠪᠠᠶᠢᠭ᠎ᠠ ᠢᠷᠡᠯᠳᠡ ᠵᠤᠷᠢᠯᠳᠠ  ᠪᠡᠨ ᠡᠷᠡᠬᠡᠯᠡᠯ ᠦᠬᠡᠢ ᠦᠨᠡᠨ ᠮᠥ᠋ᠨ  ᠢᠶᠠᠷ ᠬᠡᠯᠡᠬᠦ  ᠶᠢ ᠬᠡᠯᠡᠨ᠎ᠡ ᠃ ᠵᠠᠭᠤᠴᠢ ᠬᠡᠥᠬᠡᠨ  ᠤ ᠲᠠᠯ᠎ᠠ  ᠳᠦ ᠤᠴᠢᠬᠤ  ᠳᠦ ᠬᠡᠥᠬᠡᠨ  ᠤ ᠲᠠᠯ᠎ᠠ  ᠶᠢᠨ  ᠶᠡᠬᠡᠮᠡᠳ  ᠨᠢ  ᠴᠦ ᠬᠦ᠋ᠦ  ᠶᠢᠨ ᠲᠠᠯ᠎ᠠ  ᠶᠢᠨ ᠰᠠᠨᠠᠭ᠎ᠠ  ᠶᠢ  ᠶᠡᠬᠡ ᠲᠦ᠋ᠯᠦᠪ ᠮᠡᠳᠡᠭᠰᠡᠨ  ᠤ ᠰᠠᠭᠤᠷᠢᠨ ᠲᠡᠬᠡᠷ᠎ᠡ ᠵᠠᠭᠤᠴᠢ  ᠶᠢᠨ ᠬᠦ᠋ᠦ ᠲᠠᠯ᠎ᠠ  ᠶᠢᠨ ᠪᠠᠶᠢᠳᠠᠯ  ᠢ  ᠶᠠᠷᠢᠬᠤ  ᠶᠢ  ᠨᠠᠷᠢᠨ ᠲᠤᠩᠭᠠᠵᠥ ᠬᠡᠥᠬᠡᠨ  ᠠᠴᠠ  ᠪᠡᠨ ᠲᠤᠷᠠᠳᠠᠢ ᠡᠰᠡᠬᠦ  ᠶᠢ ᠲᠤᠭᠤᠷᠢᠭᠤᠯᠤᠨ ᠠᠰᠠᠭᠤᠳᠠᠭ ᠃ ᠬᠡᠥᠬᠡᠨ  ᠨᠢ ᠲᠤᠯᠤᠭᠠᠢ ᠲᠤᠬᠢᠪᠠᠯ ᠤᠷᠤᠭ  ᠤᠨ ᠠᠰᠠᠭᠤᠯᠭᠠᠨ  ᠨᠠᠭᠠᠰᠢ  ᠲᠠᠢ ᠪᠤᠯᠵᠥ ᠂ ᠬᠦᠦ ᠬᠡᠥᠬᠡᠨ  ᠤ  ᠨᠡᠷ᠎ᠡ  ᠨᠠᠰᠥ ᠂ ᠵᠢᠯ ᠂ ᠰᠠᠷ᠎ᠠ ᠂ ᠡᠳᠤᠷ  ᠢ ᠠᠪᠴᠥ ᠲᠦ᠋ᠯᠬᠡ ᠵᠢᠷᠤᠬᠠᠢ ᠲᠠᠳᠠᠳᠠᠭ ᠬᠦ᠋ᠮᠦᠨ ᠪᠤᠶᠤ ᠲᠡᠬᠡᠳᠥ ᠯᠠᠮᠠ  ᠨᠠᠷ  ᠲᠤ ᠤᠴᠢᠵᠥ ᠂ ᠬᠦᠦ ᠬᠡᠥᠬᠡᠨ  ᠤ ᠵᠢᠯ  ᠤᠨ ᠮᠡᠩᠬᠡ  ᠶᠢᠨ ᠬᠠᠷᠰᠢᠯᠳᠤᠬᠤ ᠡᠰᠡᠬᠦ ᠂ ᠬᠦᠦ  ᠲᠠᠢ  ᠨᠢ ᠰᠠᠶᠢᠨ ᠲᠠᠯ᠎ᠠ ᠲᠠᠢ ᠡᠰᠡᠬᠦ  ᠶᠢ ᠦᠵᠡᠬᠦᠯᠳᠡᠭ ᠃ ᠡᠬᠦᠨ  ᠢ ᠲᠠᠯ᠎ᠠ ᠠᠰᠠᠭᠤᠬᠤ ᠬᠡᠳᠡᠭ ᠃

ᠶᠠᠬᠡ ᠲᠤᠭᠲᠠᠪᠤᠷᠢ ᠄ ᠶᠠᠬᠡ ᠲᠤᠭᠲᠠᠪᠤᠷᠢ ᠶᠢ ᠪᠠᠰᠠ ᠶᠠᠬᠡ ᠠᠷᠢᠬᠢ ᠠᠯᠴᠢᠭᠤᠷ ᠲᠠᠯᠪᠢᠬᠤ ᠭᠡᠳᠡᠭ ᠃ ᠡᠨᠡ ᠤᠳᠠᠭ᠎ᠠ ᠵᠠᠭᠤᠴᠢ ᠪᠠᠰᠠ ᠨᠢᠭᠡ ᠬᠡᠷᠡᠭ ᠶᠠᠪᠤᠳᠠᠯ ᠢ ᠪᠦᠲᠦᠭᠡᠬᠦ ᠳᠡᠬᠡᠨ ᠰᠠᠶᠢᠨ ᠪᠦᠰᠡᠲᠠᠢ ᠬᠦᠮᠦᠨ ᠢ ᠳᠠᠭᠠᠭᠤᠯᠵᠤ ᠬᠤᠶᠠᠭᠤᠯᠠ ᠬᠦᠷᠭᠡᠨ ᠪᠤᠯᠬᠤ ᠵᠠᠯᠠᠭᠤ ᠬᠢᠭᠡᠳ ᠲᠠᠭᠦᠨ ᠤ ᠤᠶᠢᠷ᠎ᠠ ᠲᠦᠷᠦᠯ  ᠲᠠᠢ ᠲᠦᠷᠪᠡᠨ ᠬᠦᠮᠦᠨ ᠪᠤᠯᠵᠤ ᠡᠳᠦᠷ ᠦᠨ ᠰᠠᠶᠢᠨ ᠢ ᠰᠤᠩᠭᠤᠨ ᠤᠴᠢᠨ᠎ᠠ ᠃ᠳᠡᠭᠡᠷ᠎ᠡ ᠤᠳᠠᠭ᠎ᠠ ᠠᠴᠠ ᠬᠤᠯᠠ ᠠᠷᠪᠢᠨ ᠲᠡᠬᠡᠵᠢ ᠰᠠᠪᠠ  ᠶᠤᠰᠤᠨ  ᠤ ᠪᠡᠯᠡᠭ ᠰᠡᠯᠳᠡ  ᠶᠢ ᠠᠪᠴᠥ ᠂ ᠬᠡᠥᠬᠡᠨ  ᠤ ᠬᠡᠷ  ᠲᠤ ᠴᠤᠭᠯᠠᠷᠠᠭᠰᠠᠨ ᠲᠦ᠋ᠷᠦᠯ ᠰᠠᠳᠤᠨ  ᠳᠦ ᠬᠠᠳᠠᠭ ᠠᠯᠴᠢᠭᠤᠷ ᠲᠠᠳᠠᠨ ᠂ ᠲᠦ᠋ᠷᠦᠯ  ᠤᠨ ᠵᠡᠷᠬᠡᠮᠵᠢ ᠳᠤᠨᠢ  ᠨᠡᠶᠢᠴᠡᠬᠦᠯᠦᠨ ᠲᠡᠬᠡᠵᠢ ᠪᠡᠯᠡᠭ ᠬᠦ᠋ᠷᠬᠡᠵᠥ  ᠶᠤᠰᠥ ᠪᠡᠯᠡᠭ  ᠢᠶᠠᠨ ᠬᠦ᠋ᠢᠴᠡᠳᠬᠡᠬᠡᠳ ᠬᠤᠷᠢᠮ  ᠤᠨ ᠤᠴᠢᠷ  ᠢ ᠵᠢᠩᠬᠢᠨᠢ ᠵᠦ᠋ᠪᠳᠡᠨ ᠲᠤᠭᠳᠠᠳᠠᠭ  ᠶᠤᠰᠥ  ᠲᠠᠢ ᠃ ᠭᠤᠤᠯᠳᠠᠭᠤ ᠬᠤᠷᠢᠮ  ᠤᠨ ᠴᠠᠭ ᠬᠤᠭᠤᠴᠠᠭ᠎ᠠ ᠂  ᠶᠡᠬᠡ ᠪᠠᠭ᠎ᠠ ᠂ ᠬᠡᠥᠬᠡᠨ ᠬᠦ᠋ᠷᠬᠡᠬᠦ ᠬᠦ᠋ᠮᠦᠨ  ᠤ ᠲᠤᠭ᠎ᠠ ᠵᠡᠷᠬᠡ  ᠶᠢ ᠵᠦ᠋ᠪᠳᠡᠳᠡᠭ ᠪᠤᠢ ᠃ ᠬᠤᠷᠢᠮ  ᠤᠨ ᠪᠤᠳᠠᠳᠠᠢ ᠴᠠᠭ ᠬᠤᠭᠤᠴᠠᠭ᠎ᠠ  ᠶᠢ ᠬᠦ᠋ᠦ ᠲᠠᠯ᠎ᠠ  ᠶᠢᠨ ᠬᠢᠨ ᠦᠵᠡᠬᠦᠯᠵᠥ ᠲᠠᠬᠢᠨ ᠬᠡᠥᠬᠡᠨ ᠲᠠᠯ᠎ᠠ  ᠳᠦ ᠮᠡᠳᠡᠭᠳᠡᠳᠡᠭ ᠤᠴᠢᠷ  ᠲᠠᠢ ᠃

  • ᠰᠠᠭᠠᠳᠠᠭ ᠮᠤᠷᠳᠠᠬᠤ

ᠬᠦ᠋ᠦ ᠲᠠᠯ᠎ᠠ  ᠳᠦ ᠬᠤᠷᠢᠮ ᠡᠬᠢᠯᠡᠭᠰᠡᠨ  ᠤ ᠲᠠᠷᠠᠭ᠎ᠠ ᠰᠠᠶᠢ ᠰᠠᠭᠠᠳᠠᠭ ᠮᠤᠷᠳᠠᠳᠠᠭ ᠃ ᠰᠠᠭᠠᠳᠠᠭ ᠮᠤᠷᠳᠠᠬᠤ ᠬᠡᠳᠡᠭ  ᠨᠢ ᠰᠢᠨ᠎ᠡ ᠪᠡᠷᠢ  ᠶᠢ ᠠᠪᠴᠢᠷᠠᠬᠤ  ᠪᠠᠷ ᠬᠦ᠋ᠦ ᠲᠠᠯ᠎ᠠ  ᠠᠴᠠ ᠲᠦ᠋ᠷᠪᠡ ᠂ ᠵᠢᠷᠭᠤᠭ᠎ᠠ ᠬᠡᠬᠦ ᠮᠡᠳᠥ ᠬᠤᠤᠰ ᠲᠤᠭᠠᠨ  ᠤ ᠬᠦ᠋ᠮᠦᠨ ᠬᠦ᠋ᠷᠬᠡᠨ  ᠲᠠᠢ ᠴᠤᠭ ᠬᠡᠥᠬᠡᠨ ᠲᠠᠯ᠎ᠠ  ᠳᠦ ᠤᠴᠢᠬᠤ  ᠶᠢ ᠬᠡᠯᠡᠨ᠎ᠡ ᠃ ᠰᠠᠭᠠᠳᠠᠭ  ᠲᠤ  ᠶᠠᠪᠤᠬᠤ ᠬᠦ᠋ᠮᠦᠨ  ᠤ ᠲᠤᠭ᠎ᠠ  ᠶᠢ ᠰᠤᠨᠳᠤᠭᠤᠢ ᠲᠤᠭ᠎ᠠ ᠪᠠᠶᠢᠬᠤ  ᠶᠢ ᠴᠡᠬᠡᠷᠯᠡᠵᠥ ᠂ ᠵᠠᠪᠠᠯ ᠲᠦ᠋ᠷᠪᠡ ᠂ ᠵᠢᠷᠭᠤᠭ᠎ᠠ ᠂  ᠨᠠᠢᠮᠠ ᠁ ᠵᠡᠷᠬᠡ ᠬᠤᠤᠰ ᠲᠤᠭᠠᠨ  ᠤ ᠬᠦ᠋ᠮᠦᠨ  ᠶᠠᠪᠤᠨ᠎ᠠ ᠃ ᠰᠠᠭᠠᠳᠠᠭ  ᠲᠤ ᠯᠠᠮᠠ ᠬᠦ᠋ᠮᠦᠨ  ᠶᠠᠪᠤᠬᠤ  ᠶᠢ ᠴᠡᠬᠡᠷᠯᠡᠨ᠎ᠡ ᠃ ᠰᠠᠭᠠᠳᠠᠭ  ᠲᠤ ᠤᠷᠤᠭᠯᠠᠭᠠᠳᠤᠢ ᠬᠦ᠋ᠮᠦᠨ  ᠶᠠᠪᠤᠬᠤ  ᠶᠢ ᠴᠡᠬᠡᠷᠯᠡᠨ᠎ᠡ ᠃ ᠰᠠᠭᠠᠳᠠᠭ  ᠲᠤ ᠦᠬᠢᠨ ᠬᠦ᠋ᠮᠦᠨ  ᠶᠠᠪᠤᠬᠤ  ᠶᠢ ᠴᠡᠬᠡᠷᠯᠡᠨ᠎ᠡ ᠃ ᠰᠠᠭᠠᠳᠠᠭ  ᠲᠤ ᠲᠠᠭᠠᠷᠢᠭᠳᠠᠬᠤ  ᠶᠢ ᠴᠡᠬᠡᠷᠯᠡᠨ᠎ᠡ ᠃ ᠡᠰᠡ ᠲᠡᠭᠡᠪᠡᠯ ᠬᠦ᠋ᠷᠬᠡᠨ ᠬᠦ᠋ᠦ  ᠳᠦ ᠮᠠᠭᠤ ᠬᠡᠳᠡᠭ ᠃ ᠡᠳᠡᠬᠡᠷ  ᠶᠤᠰᠥ ᠵᠢᠷᠥᠮ ᠴᠡᠬᠡᠷ  ᠶᠤᠰᠥ  ᠨᠢ ᠪᠦ᠋ᠷ ᠡᠮᠤᠨ᠎ᠡ ᠲᠤᠷᠠᠳᠤᠭᠰᠠᠨ ᠤᠷᠤᠭ ᠳᠤᠷᠠᠰᠴᠣ  ᠶᠠᠪᠤᠬᠤ ᠦᠶ᠎ᠡ  ᠶᠢᠨ ᠴᠡᠬᠡᠷ  ᠶᠤᠰᠤᠨ  ᠤ ᠪᠡᠯᠬᠡᠳᠡᠯ ᠰᠠᠨᠠᠭ᠎ᠠ  ᠲᠠᠢ ᠠᠳᠠᠯᠢ  ᠶᠤᠮ ᠃ ᠰᠠᠭᠠᠳᠠᠭ ᠮᠤᠷᠳᠠᠬᠤ ᠴᠠᠭ ᠪᠤᠯᠪᠠᠯ ᠪᠦ᠋ᠬᠦᠳᠡᠬᠡᠷ  ᠢᠶᠠᠨ ᠭᠠᠳᠠᠨ᠎ᠠ ᠭᠠᠷᠴᠥ ᠬᠦ᠋ᠷᠬᠡᠨ ᠵᠠᠯᠠᠭᠤ  ᠳᠦ ᠰᠠᠭᠠᠳᠠᠭ ᠠᠭᠰᠠᠭᠤᠯᠵᠥ ᠂ ᠲᠠᠪᠤᠨ ᠦᠩᠬᠡ  ᠶᠢᠨ ᠲᠤᠷᠭ᠎ᠠ ᠵᠡᠬᠦᠯᠬᠡᠵᠥ ᠴᠢᠮᠡᠳᠡᠭ ᠃ ᠢᠩᠬᠢᠬᠡᠳ ᠰᠠᠩ  ᠤᠨ ᠰᠦ᠋ᠷᠦᠨ ︵ ᠬᠡᠶᠢᠮᠤᠷᠢ ᠶᠢᠨ ᠪᠠᠭᠠᠨ᠎ᠠ︶ ᠲᠡᠭᠡᠷ᠎ᠡ ᠤᠴᠢᠵᠥ ᠂ ᠠᠷᠴᠠ ᠽᠠᠨᠳᠠᠨ ᠠᠮᠳᠠᠳᠥ ᠢᠳᠡᠬᠡᠨ  ᠤ ᠲᠡᠬᠡᠵᠢ  ᠪᠡᠨ ᠰᠠᠩ  ᠤᠨ ᠭᠠᠯ  ᠳᠦ ᠡᠷᠬᠦᠬᠡᠳ ᠂ ᠲᠤᠰᠬᠠᠢ ᠬᠦ᠋ᠮᠦᠨ  ᠠᠴᠠ ᠡᠵᠡᠨ ᠰᠠᠩ ᠤᠩᠰᠢᠨ ᠂ ᠵᠠᠮ ᠲᠤᠷᠰᠢ ᠳᠤᠨᠢ ᠢᠷᠦᠬᠡᠯ ᠲᠡᠮᠪᠡᠷᠢᠯ  ᠲᠠᠢ ᠪᠠᠶᠢᠬᠤ  ᠶᠢ ᠵᠦ᠋ᠩᠨᠡᠨ ᠲᠠᠭᠠᠳᠬᠠᠨ ᠰᠠᠭᠠᠳᠠᠭ  ᠢᠶᠠᠨ ᠮᠤᠷᠳᠠᠭᠤᠯᠳᠠᠭ ᠪᠠᠶᠢᠨ᠎ᠠ ᠃

  • ᠬᠦᠷᠭᠡᠨ ᠬᠦᠦ ᠶᠢ ᠤᠭᠲᠤᠬᠤ

ᠬᠡᠦᠬᠡᠨ ᠲᠠᠯ᠎ᠠ ᠶᠢᠨ ᠬᠢᠨ ᠬᠦᠷᠭᠡᠨ ᠲᠠᠯ᠎ᠠ ᠲᠠᠢ ᠠᠳᠠᠯᠢ ᠬᠤᠷᠢᠮ ᠨᠠᠶᠢᠷ ᠡᠬᠢᠯᠡᠨ ᠬᠤᠨᠢᠨ ᠰᠢᠭᠦᠰᠦ ᠢᠳᠡᠵᠦ ᠰᠠᠷᠬᠤᠳ ᠰᠦᠩᠨᠡᠨ ᠨᠠᠶᠢᠷ ᠬᠦᠭᠵᠢᠮ ᠡᠭᠦᠰᠭᠡᠵᠦ ᠨᠠᠶᠢᠷᠯᠠᠨ ᠪᠠᠶᠢᠭᠰᠠᠭᠠᠷ ᠰᠦᠨᠢ ᠬᠠᠭᠠᠰ ᠪᠤᠯᠳᠠᠭ ᠃ ᠰᠠᠭᠠᠳᠠᠭ ᠤᠨ ᠬᠦᠮᠦᠰ ᠦᠨ ᠪᠠᠷ᠎ᠠ ᠶᠢ ᠬᠠᠷᠠᠮᠠᠭᠴᠠ ᠂ ᠬᠡᠶᠢᠮᠦᠷᠢ ᠶᠢᠨ ᠪᠠᠭᠠᠨ᠎ᠠ ᠶᠢᠨ ᠵᠡᠭᠦᠨ ᠲᠠᠯ᠎ᠠ ᠳ᠋ᠥ ᠨᠢᠭᠡ ᠤᠪᠤᠭ᠎ᠠ ᠲᠦᠯᠡᠰᠢ ᠪᠠᠷ ᠭᠠᠯ ᠨᠤᠴᠤᠭᠠᠨ᠎ᠠ ᠃ ᠡᠨᠡ ᠨᠢ ᠰᠠᠭᠠᠳᠠᠭ ᠲᠤ ᠶᠠᠪᠤᠭ᠎ᠠ ᠬᠦᠮᠦᠰ ᠦᠨ ᠲᠦᠭᠡᠷᠢᠬᠦ ᠡᠴᠡ ᠰᠡᠷᠭᠡᠶᠢᠯᠡᠨ ᠲᠤᠬᠢᠶ᠎ᠠ ᠪᠤᠯᠭᠠᠵᠤ ᠪᠠᠶᠢᠭ᠎ᠠ ᠃ ᠬᠡᠥᠬᠡᠨ ᠲᠠᠯ᠎ᠠ ᠭᠤᠷᠪᠠᠨᠲᠠ ᠭᠠᠯ ᠢᠶᠠᠨ ᠨᠡᠮᠡᠬᠦ ᠳᠦ ᠬᠦᠷᠭᠡᠨ ᠂ ᠬᠤᠨᠵᠢᠨ ᠵᠡᠷᠭᠡ ᠰᠠᠭᠠᠳᠠᠭ ᠤᠨ ᠬᠦᠮᠦᠰ ᠭᠡᠷ ᠢ ᠵᠦᠪ ᠨᠢᠭᠡ ᠡᠷᠭᠢᠵᠤ ᠂ ᠬᠡᠶᠢᠮᠦᠷᠢ ᠶᠢᠨ ᠪᠠᠭᠠᠨ᠎ᠠ ᠶᠢᠨ ᠪᠠᠷᠠᠭᠤᠨ ᠬᠤᠶᠢᠳᠤ ᠲᠠᠯ᠎ᠠ ᠬᠦᠷᠴᠦ ᠤᠴᠢᠨ᠎ᠠ ᠃ ᠬᠡᠤᠬᠡᠨ ᠲᠠᠯ᠎ᠠ ᠶᠢᠨ ᠬᠢᠨ ᠬᠤᠨᠵᠢᠨ ᠲᠡᠳᠡᠨᠡᠷ ᠢ ᠤᠭᠲᠤᠨ ᠠᠪᠤᠨ᠎ᠠ ᠃

ᠬᠦᠷᠭᠡᠨ ᠬᠤᠨᠵᠢᠨ ᠬᠣᠶᠠᠷ ᠤᠨ ᠭᠡᠷ  ᠲᠤ ᠣᠷᠣᠬᠣ ᠭᠡᠬᠦ ᠳ᠋ᠥ ᠪᠡᠷᠭᠡᠳ ᠣᠷᠣᠭᠣᠯᠬᠣ ᠦᠭᠡᠢ ᠬᠠᠰᠢᠳᠠᠭ ᠃ ᠲᠡᠭᠡᠬᠦ ᠳᠦ ᠬᠤᠨᠵᠢᠨ ᠪᠠ ᠪᠡᠷᠭᠡᠳ ᠦᠭᠡ ᠬᠠᠶᠠᠯᠴᠠᠨ ᠂ ᠢᠷᠦᠭᠡᠯ ᠵᠦᠷᠢᠯᠳᠦᠭᠦᠯᠵᠦ ᠂ ᠤᠬᠠᠭᠠᠨ ᠴᠢᠳᠠᠯ ᠢᠶᠠᠨ ᠠᠳᠠᠯᠢᠳᠬᠠᠳᠠᠭ ᠃ ᠡᠭᠦᠨ ᠦ ︽ ᠡᠭᠦᠳᠡ ᠳᠠᠷᠣᠬᠣ ᠶᠣᠰᠣᠯᠠᠯ︾ ᠭᠡᠨ᠎ᠡ ᠃

  • ᠮᠠᠩᠯᠠᠢ ᠵᠤᠷᠢᠭ ᠮᠡᠳᠡᠭᠦᠯᠬᠦ

ᠡᠭᠦᠳᠠ ᠳᠠᠷᠤᠬᠤ ᠶᠣᠰᠣᠯᠠᠯ ᠤᠨ ᠳᠠᠷᠠᠭ᠎ᠠ ᠂ ᠬᠦᠷᠭᠡᠨ ᠬᠣᠨᠵᠢᠨ ᠭᠡᠷ ᠲᠦ ᠣᠷᠣᠵᠣ ᠢᠷᠡᠨ᠎ᠡ ᠃ ᠰᠠᠭᠠᠳᠠᠭ ᠤᠨ ᠬᠦᠮᠦᠰ ᠭᠡᠷ ᠲᠠᠬᠢ ᠬᠦᠮᠦᠰ ᠲᠠᠢ ᠠᠮᠤᠷ ᠮᠡᠨᠳᠦ ᠡᠷᠢᠯᠴᠡᠨ ᠵᠣᠯᠭᠠᠨ᠎ᠠ ᠃ ᠴᠠᠢ ᠶᠢᠨ ᠳᠠᠷᠠᠭ᠎ᠠ ᠂ ᠰᠠᠭᠠᠳᠠᠭ ᠤᠨ ᠲᠦᠪ ᠡᠴᠡ ᠬᠡᠣᠬᠡᠨ ᠤ ᠠᠪᠤ ᠡᠵᠢ ᠳᠦ ᠠᠮᠤᠭᠤᠯᠠᠩ ᠤᠨ ᠬᠠᠳᠠᠭ ᠪᠠᠷᠢᠨ ᠂ ᠳᠡᠭᠡᠵᠢ ᠲᠠᠯᠪᠢᠨ᠎ᠠ ᠃ ᠰᠠᠭᠠᠳᠠᠭ ᠤᠨ ᠬᠦᠮᠦᠰ ᠬᠦᠷᠭᠡᠨ ᠦ ᠠᠪᠴᠢᠷᠠᠭᠰᠠᠨ ᠮᠠᠩᠯᠠᠢ ᠰᠢᠭᠦᠰᠤ ᠶᠢ ᠲᠠᠯᠪᠢᠵᠤ ᠂ ᠤᠯᠠᠨ ᠢ ᠰᠠᠭᠣᠯᠭᠠᠨ ᠠᠷᠢᠬᠢ ᠬᠡᠮᠨᠡᠨ᠎ᠡ ᠃ ᠬᠤᠨᠵᠢᠨ ᠄ ︽ ᠳᠡᠭᠡᠭᠦᠷ ᠰᠠᠷᠬᠤᠳ ᠳᠡᠭᠡᠵᠢ ᠪᠦᠷᠢᠳᠦᠭᠰᠡᠨ  ᠤᠤ ︖ ︾ ᠭᠡᠵᠤ ᠠᠰᠠᠭᠤᠨ᠎ᠠ ᠂ ᠣᠯᠠᠨ ᠢᠶᠠᠷ ᠢᠶᠠᠨ ︽ ᠪᠦᠷᠢᠳᠦᠪᠡᠢ ︾ ᠭᠡᠮᠡᠪᠡᠯ ᠂ ᠬᠣᠨᠵᠢᠨ ᠠᠴᠠ ᠮᠠᠩᠯᠠᠢ ᠵᠤᠷᠢᠭ ᠮᠡᠳᠡᠭᠦᠯᠬᠦ ᠢᠷᠦᠭᠡᠯ ᠬᠢᠳᠡᠭ ᠃ ᠡᠨᠳᠡ ᠲᠣᠪᠴᠢᠯᠠᠪᠠ ᠃ ᠬᠤᠷᠢᠮ ᠤᠨ ᠳᠠᠭᠠᠭᠠᠴᠢᠯᠠᠭᠴᠢ ᠠᠴᠠ ᠮᠡᠩᠯᠠᠢ ᠰᠢᠭᠦᠰᠦ ᠶᠢᠨ ᠮᠦᠩᠭᠦᠨ ᠬᠤᠨᠳᠠᠭᠠᠨ ᠳᠤ ᠳᠡᠭᠡᠳᠦᠯᠠᠨ ᠠᠪᠴᠦ ᠂ ᠭᠠᠳᠠᠨ᠎ᠠ ᠭᠠᠷᠤᠨ ᠬᠣᠷᠮᠣᠰᠲᠠ ᠲᠡᠭᠷᠢ ᠪᠠ ᠡᠵᠡᠨ ᠴᠢᠩᠭᠢᠰ ᠲᠦ ᠡᠷᠭᠦᠬᠦ ᠶᠢᠨ ᠬᠠᠮᠲᠤ ᠂ ᠭᠡᠷ ᠲᠦ ᠪᠤᠴᠠᠵᠤ ᠭᠠᠯ ᠤᠨ ᠪᠤᠷᠬᠠᠨ ᠢᠶᠠᠨ ᠲᠠᠬᠢᠨ᠎ᠠ ᠃

ᠢᠩᠬᠢᠵᠤ ᠮᠠᠩᠯᠠᠢ ᠵᠤᠷᠢᠭ ᠮᠡᠳᠡᠭᠦᠯᠵᠤ ᠪᠠᠷᠠᠭᠠᠳ ᠂ ᠨᠠᠶᠢᠷ ᠦᠷᠭᠦᠯᠵᠢᠯᠠᠨ᠎ᠠ ᠃ ᠡᠳᠦᠭᠡ ︽ ᠡᠷᠬᠢᠮ ᠭᠤᠷᠪᠠᠨ ᠡᠷᠳᠡᠨᠢ ︾ ︽ ᠪᠠᠨᠼᠠᠷᠳᠠᠷᠢ ︾ ︽ ᠠᠯᠲᠠᠨ ᠴᠡᠭᠴᠤᠬᠡᠢ ︾ ᠵᠡᠷᠭᠡ ᠣᠷᠳᠣᠰ ᠠᠷᠠᠳ ᠤᠨ ᠳᠠᠭᠣᠣ ᠶᠢ ᠳᠠᠭᠣᠯᠠᠨ᠎ᠠ ᠃

  • ᠨᠡᠷ᠎ᠡ ᠵᠢᠯ ᠠᠰᠠᠭᠤᠨ ᠬᠡᠯᠡᠯᠴᠡᠬᠦ

ᠦᠳᠡᠰᠢ ᠨᠢ ᠥᠭᠡᠷ᠎ᠡ ᠨᠢᠭᠡ ᠶᠣᠰᠣᠯᠠᠯ ᠪᠤᠯᠳᠠᠭ ᠄ ᠨᠡᠷ᠎ᠡ ᠵᠢᠯ ᠠᠰᠠᠭᠤᠨ ᠬᠡᠯᠡᠯᠴᠡᠬᠦ ᠃ ᠡᠨᠡ ᠪᠣᠯ ᠬᠤᠷᠢᠮ ᠤᠨ ᠳᠣᠲᠣᠷᠠᠬᠢ ᠬᠠᠮᠤᠭ ᠤᠨ ᠤᠷᠲᠤ ᠴᠠᠭ ᠬᠡᠷᠡᠭᠰᠡᠬᠦ ᠨᠢᠭᠡ ᠠᠭᠤᠯᠭ᠎ᠠ ᠪᠤᠯᠬᠤ ᠶᠤᠮ ᠃ ᠳᠠᠷᠤᠢ ᠬᠦᠷᠭᠡᠨ ᠲᠠᠯ᠎ᠠ  ᠠᠴᠠ ᠪᠣᠭᠲᠣᠯᠬᠣ ᠬᠡᠣᠬᠡᠨ ᠤ ᠨᠡᠷ᠎ᠡ ᠵᠢᠯ ᠢ ᠠᠰᠠᠭᠣᠬᠣ ᠶᠣᠰᠣᠯᠠᠯ ᠮᠦᠨ ᠃ ᠨᠡᠷ᠎ᠡ ᠵᠢᠯ ᠠᠰᠠᠭᠤᠨ ᠬᠡᠯᠡᠯᠴᠡᠬᠦ ᠨᠢ ᠬᠣᠷᠢᠮ ᠤᠨ ᠢᠨᠢᠶᠡᠳᠦ ᠱᠣᠭ ᠲᠠᠢ ᠨᠢᠭᠡᠨ ᠶᠠᠪᠤᠴᠠ ᠪᠣᠯᠬᠣ  ᠪᠦᠭᠡᠳ ᠬᠦᠷᠭᠡᠨ ᠲᠠᠯ᠎ᠠ ᠶᠢᠨ ᠬᠤᠨᠵᠢᠨ ᠪᠠ ᠬᠡᠣᠬᠡᠨ ᠲᠠᠯ᠎ᠠ ᠶᠢᠨ ᠬᠤᠨᠵᠢᠨ ᠤ ᠬᠤᠭᠤᠷᠤᠨᠳᠤ ᠣᠶᠣᠨ ᠤᠬᠠᠭᠠᠨ ᠪᠠ ᠤᠷᠠᠯᠠᠨ ᠬᠡᠯᠡᠬᠦ ᠴᠢᠳᠠᠪᠤᠷᠢ ᠮᠡᠳᠡᠯᠭᠡ ᠪᠠᠨ ᠠᠳᠠᠯᠢᠳᠬᠠᠵᠤ ᠂ ᠬᠣᠷᠢᠮ ᠤᠨ ᠣᠯᠠᠨ ᠤ ᠰᠣᠨᠢᠷᠬᠠᠯ ᠢ ᠶᠡᠬᠡᠲᠡ ᠲᠠᠲᠠᠳᠠᠭ ᠪᠢᠯᠡ ᠃

ᠰᠠᠭᠠᠳᠠᠭ ᠤᠨ ᠬᠤᠨᠵᠢᠨ ᠠᠴᠠ ᠭᠣᠣᠯ ᠪᠡᠷᠭᠡᠳ ᠦᠨ ᠡᠮᠦᠨ᠎ᠡ ᠨᠡᠷ᠎ᠡ ᠵᠢᠯ ᠠᠰᠠᠭᠣᠬᠣ ᠰᠢᠭᠦᠰᠤ ᠲᠠᠯᠪᠢᠵᠤ ᠂ ᠭᠣᠣᠯ ᠳᠡᠳ᠋ ᠪᠡᠷᠭᠡᠳ ᠲᠦ ᠴᠠᠭᠠᠨ ᠢᠳᠡᠭᠡ ᠠᠮᠰᠠᠭᠣᠯᠣᠨ ᠂ ᠠᠷᠢᠬᠢ ᠪᠠᠷᠢᠨ᠎ᠠ ᠃ ᠲᠡᠭᠡᠭᠡᠳ ᠨᠠᠷ᠎ᠡ ᠵᠢᠯ ᠠᠰᠠᠭᠣᠬᠣ ᠶᠣᠰᠣᠯᠠᠯ ᠡᠬᠢᠯᠡᠳᠡᠭ ᠃ ᠬᠤᠨᠵᠢᠨ ᠪᠠ ᠪᠡᠷᠭᠡᠳ ᠦᠨ ᠤᠷ᠎ᠠ ᠤᠬᠠᠭᠠᠨ ᠢᠶᠠᠨ ᠰᠦᠷᠢᠭᠰᠡᠨ ᠣᠯᠠᠨ ᠢᠷᠦᠭᠡᠯ ᠬᠡᠯᠡᠮᠦᠷ  ᠤᠯᠠᠨ ᠪᠠᠶᠢᠳᠠᠭ ᠂ ᠡᠨᠳᠡ ᠲᠣᠪᠴᠢᠯᠠᠪᠠ ᠃

  • ᠬᠦᠷᠭᠡᠨ ᠮᠦᠷᠭᠦᠬᠦ ᠪᠠ ᠬᠡᠥᠬᠡᠨ ᠪᠤᠭᠳᠤᠯᠠᠬᠤ

ᠬᠤᠷᠢᠮ ᠤᠨ ᠤᠯᠠᠨ ᠨᠠᠶᠢᠷᠠᠯᠠᠵᠤ ᠂ ᠰᠦᠨᠢ  ᠶᠢᠨ ᠬᠠᠭᠠᠰ ᠪᠤᠯᠬᠤ ᠳ᠋ᠥ ᠂ ᠬᠤᠷ ᠰᠠᠭᠠᠳᠠᠭ ᠤᠨ ᠬᠤᠨᠵᠢᠨ ᠨᠢ ᠬᠦᠷᠭᠡᠨ ᠢ ᠳᠠᠭᠠᠭᠤᠯᠤᠨ ᠬᠡᠤᠬᠡᠨ ᠤ ᠭᠡᠷ ᠲᠣ ᠤᠴᠢᠵᠤ ᠬᠦᠷᠭᠡᠯᠡᠨ᠎ᠡ ᠃

ᠬᠤᠨᠵᠢᠨ ᠬᠦᠷᠭᠡᠨ ᠭᠡᠷ ᠲᠦ ᠤᠷᠤᠭᠰᠠᠨ ᠤ ᠳᠠᠷᠠᠭ᠎ᠠ ᠂ ᠬᠡᠤᠬᠡᠨ ᠤ ᠠᠪᠤ ᠡᠵᠢ ᠂ ᠠᠬ᠎ᠠ ᠪᠡᠷᠭᠡᠨ ᠲᠠᠢ ᠬᠦᠬᠦᠷ ᠬᠠᠳᠠᠭ ᠰᠤᠯᠢᠯᠴᠠᠨ ᠮᠡᠨᠳᠦᠯᠡᠵᠦ ᠂ ᠬᠡᠤᠬᠡᠨ ᠲᠠᠯ᠎ᠠ ᠶᠢᠨ ᠬᠢᠨ ᠴᠠᠭᠠᠨ ᠢᠳᠡᠭᠡ ᠠᠮᠰᠤᠭᠤᠯᠤᠨ᠎ᠠ ᠃ ᠬᠤᠨᠵᠢᠨ ᠡᠴᠡ ᠬᠤᠨᠢᠨ ᠰᠢᠭᠦᠰᠤ ᠪᠤᠭᠤᠷᠰᠤᠭ ᠰᠠᠭᠠᠯᠢ ᠶᠢᠨ ᠳᠡᠭᠡᠵᠢ ᠲᠠᠯᠪᠢᠵᠤ ︽ ᠬᠦᠷᠭᠡᠨ ᠬᠦᠷᠭᠡᠯᠡᠵᠦ ᠪᠠᠶᠢᠨ᠎ᠠ︾ ᠭᠡᠳ ᠬᠦᠮᠦᠰ ᠲᠦ ᠠᠷᠢᠬᠢ ᠪᠠᠷᠢᠨ᠎ᠠ ᠃ ᠬᠡᠤᠬᠡᠨ ᠲᠠᠯ᠎ᠠ ᠶᠢᠨ ᠬᠢᠨ ᠪᠠᠰᠠ ᠬᠠᠷᠢᠭᠤ ᠠᠷᠢᠬᠢ ᠪᠠᠷᠢᠳᠠᠭ ᠃ ᠡᠭᠦᠨ ᠦ ᠬᠠᠮᠲᠤ ᠬᠡᠤᠬᠡᠨ ᠲᠠᠯ᠎ᠠ ᠠᠴᠠ ᠂ ᠭᠡᠷ ᠲᠤᠲᠤᠷᠠᠬᠢ ᠬᠦᠮᠦᠰ ᠢ ᠬᠦᠷᠭᠡᠨ ᠬᠤᠨᠵᠢᠨ ᠲᠣ ᠲᠠᠨᠢᠯᠴᠠᠭᠤᠯᠤᠨ᠎ᠠ ᠃ ᠬᠤᠨᠵᠢᠨ ᠪᠡᠯᠡᠭ ᠢᠶᠡᠨ ᠬᠡᠤᠬᠡᠨ ᠲᠠᠯ᠎ᠠ ᠶᠢᠨ ᠶᠡᠬᠡᠮᠡᠳ ᠲᠣ ᠭᠠᠷᠳᠠᠭᠤᠯᠬᠤ ᠳ᠋ᠥᠬᠦᠷᠭᠡᠨ ᠮᠦᠷᠭᠦᠨ᠎ᠠ ᠃

ᠬᠦᠷᠭᠡᠨ ᠬᠦᠷᠭᠡᠯᠡᠭᠰᠡᠨ ᠦ ᠳᠠᠷᠠᠭ᠎ᠠ ᠂ ᠪᠦᠭᠦᠳᠠ ᠬᠦᠮᠦᠨ ᠭᠠᠷᠴᠤ ᠢᠷᠡᠨ᠎ᠡ ᠃ ᠬᠦᠷᠭᠡᠨ ᠪᠠ ᠬᠤᠨᠵᠢᠨ ᠴᠠᠭᠠᠨ ᠢᠳᠡᠭᠡ ᠬᠢᠭᠰᠡᠨ ᠵᠢᠵᠢᠭ ᠴᠠᠭᠠᠨ ᠯᠤᠩᠬᠤ ᠶᠢ ᠬᠦᠷᠭᠡᠨ ᠦ ᠤᠨᠤᠭᠰᠠᠨ ᠮᠤᠷᠢᠨ ᠤ ᠳᠡᠯ ᠂ ᠰᠡᠭᠦᠯ ᠂ ᠮᠤᠨᠳᠠᠭ᠎ᠠ ᠂ ᠡᠮᠡᠭᠡᠯ ᠵᠡᠷᠭᠡ ᠳ᠋ᠥ ᠤᠶᠠᠵᠤ ᠨᠢᠭᠤᠵᠤ ᠲᠠᠯᠪᠢᠭᠠᠳ ᠂ ᠪᠡᠷᠭᠡᠳ ᠢ ᠴᠠᠭᠠᠨ ᠯᠤᠩᠬᠤ ᠶᠢ ᠣᠯᠵᠣ ᠠᠪ ᠭᠡᠨ᠎ᠡ ᠃ ᠪᠡᠷᠭᠡᠳ ᠣᠯᠵᠣ ᠴᠢᠳᠠᠬᠤ ᠦᠭᠡᠢ ᠪᠤᠯ ᠬᠠᠳᠠᠭ ᠲᠠᠲᠠᠨ ᠂ ᠬᠦᠷᠭᠡᠨ ᠲᠠᠯ᠎ᠠ ᠶᠢ ᠬᠠᠪᠰᠤᠷᠤᠨ ᠣᠯᠵᠣ ᠦᠭᠭᠦᠭᠡᠷᠡᠢ ᠭᠡᠪᠡᠯ ᠬᠦᠷᠭᠡᠨ ᠲᠠᠯ᠎ᠠ ᠠᠴᠠ ᠯᠤᠩᠬᠤ ᠶᠢ ᠣᠯᠵᠣ ᠦᠭᠭᠦᠨ᠎ᠡ ᠃ ᠲᠡᠭᠡᠭᠡᠳ ᠬᠤᠷ ᠰᠠᠭᠠᠳᠠᠭ ᠤᠨ ᠬᠢᠨ ᠪᠡᠷᠭᠡᠳ ᠦᠨ ᠨᠢᠭᠡ ᠶᠢ ᠲᠠᠲᠠᠭᠰᠠᠨ ᠴᠠᠭᠠᠨ ᠲᠤᠷᠭ᠎ᠠ ᠳᠡᠭᠡᠷ᠎ᠡ ᠤᠨᠤᠭᠤᠯᠵᠤ ᠂ ᠭᠤᠷᠪᠠᠨ ᠬᠦᠯᠦᠭ ᠲᠠᠪᠬᠢᠵᠤ ᠪᠠᠶᠢᠭ᠎ᠠ ᠲᠦᠪᠡᠷᠭᠡᠨ ᠭᠠᠷᠭᠠᠬᠤ ᠶᠢ ᠱᠠᠭᠠᠷᠳᠠᠨ᠎ᠠ ᠃ ᠡᠨᠡ ᠨᠢ ᠪᠡᠷᠭᠡᠳ ᠢ ᠬᠣᠨᠵᠢᠵᠣ ᠪᠠᠶᠢᠭ᠎ᠠ ᠶᠢᠨ ᠤᠴᠢᠷ ᠃ ᠡᠭᠦᠨ ᠢ ︽ ᠠᠵᠢᠨᠠᠢ ᠶᠢᠨ ᠴᠠᠭᠠᠨ ᠬᠦᠯᠦᠭ ᠦᠨ ᠬᠤᠷᠢᠮ︾ ᠭᠡᠨ᠎ᠠ ᠃

ᠰᠦᠨᠢ ᠶᠢᠨ ᠬᠠᠭᠠᠰ ᠦᠩᠭᠡᠷᠡᠨ ᠦᠷ ᠦᠨ ᠴᠣᠯᠮᠣᠨ ᠮᠠᠨᠳᠤᠬᠤ ᠠᠴᠠ ᠡᠮᠦᠨ᠎ᠡ ᠂ ᠬᠡᠤᠬᠡᠨ ᠪᠤᠭᠲᠣᠯᠬᠣ ᠴᠠᠭ ᠪᠤᠯᠤᠨ᠎ᠠ ᠃ ᠨᠠᠶᠢᠷ ᠡᠬᠢᠯᠡᠭᠡᠳ ᠨᠠᠯᠢᠶᠡᠳ ᠤᠳᠠᠭᠠᠳ ᠂ ᠪᠤᠭᠲᠤᠯᠬᠤ ᠬᠡᠤᠬᠡᠨ ᠤ ᠦᠰᠦᠨ ᠡᠴᠢᠬᠡ ᠡᠬᠡ ᠪᠦᠬᠦ ᠵᠣᠴᠢᠨ ᠳ᠋ᠥ ᠰᠢᠭᠦᠰᠦ ᠲᠠᠯᠪᠢᠨ᠎ᠠ ᠃ ᠨᠡᠩ  ᠴᠦ ᠬᠦᠷᠭᠡᠨ ᠪᠠ ᠬᠤᠨᠵᠢᠨ ᠤ ᠡᠮᠦᠨ᠎ᠡ ᠨᠢᠭᠡ ᠰᠢᠭᠦᠰᠤ ᠲᠠᠯᠪᠢᠵᠤ ᠳᠡᠭᠡᠷ᠎ᠡ ᠨᠢ ᠨᠢᠭᠡ ᠪᠦᠲᠦᠨ ᠬᠦᠵᠦᠭᠦᠦ ᠲᠠᠯᠪᠢᠨ᠎ᠠ ᠃ ᠲᠡᠭᠡᠭᠡᠳ ᠬᠦᠷᠭᠡᠨ ᠢ ᠡᠨᠡ ᠬᠦᠵᠦᠭᠦᠦ ᠶᠢ ᠨᠤᠭᠤᠯ ᠭᠡᠨ᠎ᠡ ᠂ ᠡᠨᠡ ᠨᠢ ᠬᠦᠷᠭᠡᠨ ᠢ ᠰᠢᠯᠭᠠᠵᠤ ᠪᠠᠶᠢᠭ᠎ᠠ ᠤᠴᠢᠷ ᠃ ᠬᠦᠷᠭᠡᠨ ᠬᠦᠵᠦᠭᠦᠦ ᠶᠢ ᠨᠤᠭᠤᠯᠵᠤ ᠂ ᠰᠢᠭᠦᠰᠦ  ᠡᠴᠡ ᠵᠦᠪ ᠲᠠᠯ᠎ᠠ ᠶᠢᠨ ᠰᠦᠪᠡᠭᠡ ᠶᠢ ᠣᠭᠲᠣᠯᠠᠨ ᠠᠪᠴᠤ ᠬᠡᠤᠬᠡᠨ ᠤ ᠡᠮᠦᠨᠡᠬᠢ ᠲᠡᠪᠰᠢᠨ ᠳᠦ ᠲᠠᠯᠪᠢᠨ᠎ᠠ ᠃ ᠡᠭᠦᠨ ᠴᠦ ᠳᠠᠷᠠᠭ᠎ᠠ ᠂ ᠬᠡᠤᠬᠡᠨ ᠤ ᠡᠮᠦᠨᠡᠬᠢ ᠲᠡᠪᠰᠢ ᠲᠠᠢ ᠰᠢᠭᠦᠰᠦᠨ ᠦ ᠵᠦᠪ ᠲᠠᠯ᠎ᠠ ᠶᠢᠨ ᠰᠦᠪᠡᠭᠡ ᠶᠢ ᠤᠭᠲᠤᠯᠤᠨ ᠬᠦᠷᠭᠡᠨ ᠦ ᠲᠡᠪᠰᠢ ᠳ᠋ᠥ ᠬᠢᠨ᠎ᠡ ᠃ ᠡᠨᠡ ᠬᠤᠶᠠᠷ ᠰᠢᠭᠦᠰᠦ ᠶᠢ ᠲᠡᠪᠰᠢ ᠰᠢᠭᠦᠰᠦ ᠭᠡᠨ᠎ᠡ ᠃

ᠡᠭᠦᠨ ᠦ ᠳᠠᠷᠠᠭ᠎ᠠ ᠬᠡᠤᠬᠡᠨ ᠤ ᠦᠰᠦ ᠶᠢ ᠰᠠᠮᠨᠠᠨ ᠭᠦᠬᠦᠯ ᠭᠦᠷᠦᠬᠦ ᠪᠤᠯᠤᠨ᠎ᠠ ᠃ ᠬᠦᠷᠭᠡᠨ ᠬᠦᠦ ᠲᠤᠬᠤᠢ ᠪᠠᠨ ᠵᠠᠭᠦᠵᠤ ᠶᠠᠪᠤᠭ᠎ᠠ ᠲᠠᠰᠠᠮ᠎ᠠ ᠪᠠᠨ ᠠᠪᠴᠤ ᠪᠡᠷᠭᠡᠳ ᠲᠦ ᠦᠭᠬᠦ ᠶᠢᠨ ᠬᠠᠮᠲᠤ ᠬᠢᠲᠦᠭᠠᠨ ᠤ ᠰᠠᠪᠬ᠎ᠠ  ᠪᠡᠷ ᠬᠡᠤᠬᠡᠨ ᠤ ᠭᠡᠵᠢᠭᠡ ᠶᠢᠨ ᠲᠠᠯ᠎ᠠ ᠠᠴᠠ ᠵᠢᠭᠠᠬᠠᠨ ᠡᠷᠭᠦᠵᠦ ᠨᠡᠭᠡᠭᠡᠵᠤ ᠦᠭᠭᠦᠭᠡᠳ ᠰᠠᠭᠤᠭᠰᠠᠨ ᠭᠠᠵᠠᠷ ᠠᠴᠠ ᠪᠠᠨ ᠵᠠᠶᠢᠯᠠᠵᠤ ᠰᠠᠭᠤᠨ᠎ᠠ ᠃ ᠦᠰᠦᠨ ᠡᠴᠢᠬᠡ ᠡᠬᠡ ᠨᠢ ᠬᠠᠪᠢᠰᠦᠨ ᠶᠠᠰᠦ ᠪᠠᠷ ᠰᠦ ᠲᠠᠢ ᠤᠰᠤᠨ ᠳᠤ ᠨᠤᠷᠭᠠᠨ ᠬᠡᠤᠬᠡᠨ ᠤ ᠦᠰᠦ ᠶᠢ ᠵᠠᠭᠠᠳᠠᠯ ᠭᠠᠷᠭᠠᠨ ᠬᠤᠶᠠᠷ ᠲᠡᠰᠢ ᠰᠠᠯᠭᠠᠨ ᠴᠤᠴᠠᠯᠠᠨ᠎ᠠ ᠃ ᠬᠡᠤᠬᠡᠨ ᠤ ᠭᠡᠵᠢᠭᠡ ᠶᠢ ᠬᠤᠶᠠᠷ ᠲᠡᠰᠢ ᠰᠠᠯᠭᠠᠨ ᠭᠦᠷᠦᠭᠡᠳ ᠂ ᠭᠡᠵᠢᠭᠡᠨ ᠡᠴᠡ ᠨᠢ ᠰᠢᠪᠡᠭ ᠪᠣᠭᠣᠵᠣ ᠂ ᠳᠡᠭᠡᠷ᠎ᠡ ᠨᠢ ᠳᠠᠷᠤᠭᠤᠯᠭ᠎ᠠ ᠭᠡᠬᠦ ᠲᠤᠯᠤᠭᠠᠢ ᠶᠢᠨ ᠵᠠᠰᠠᠯ ᠢ ᠳᠠᠷᠤᠵᠤ ᠂ ᠲᠣᠷᠭᠠᠨ ᠠᠯᠴᠢᠭᠤᠷ ᠣᠷᠢᠶᠠᠬᠣ ᠪᠤᠶᠤ ᠮᠠᠯᠠᠭᠠᠢ ᠳᠠᠷᠤᠨ᠎ᠠ ᠃ enᠡᠨᠡ ᠨᠢ ᠬᠡᠣᠬᠡᠨ ᠨᠢᠭᠡᠨᠲᠡ ᠡᠬᠡᠨᠡᠷ ᠪᠣᠯᠣᠭᠰᠠᠨ ᠳᠤ ᠲᠣᠭᠠᠴᠠᠨ᠎ᠠ ᠃ ᠳᠠᠷᠠᠭ᠎ᠠ ᠨᠢ ᠳᠠᠷᠤᠭᠤᠯᠭ᠎ᠠ ᠠᠴᠠ ᠬᠥᠬᠡ ᠲᠣᠷᠭ᠎ᠠ ᠵᠠᠭᠦᠵᠦ ᠂ ᠰᠢᠨ᠎ᠡ ᠪᠡᠷᠢ ᠶᠢᠨ ᠨᠢᠭᠤᠷ ᠢ ᠪᠦᠲᠦᠭᠡᠨ᠎ᠡ ᠃

ᠴᠢᠶᠣᠳ ᠶᠠᠰᠣᠲᠠᠨ ᠪᠤᠷᠵᠢᠬᠢᠨ ᠣᠪᠣᠭᠲᠠᠨ ᠤ ᠲᠠᠶᠢᠵᠢ ᠸᠠᠩ ᠭᠦᠩ ᠨᠠᠷ ᠤᠨ ᠪᠠᠷᠢ ᠬᠦᠷᠭᠡᠨ ᠦ ᠭᠡᠷ ᠲᠦ ᠣᠴᠢᠭᠠᠳ ᠰᠠᠶ᠋ᠢ ᠪᠤᠭᠲᠤᠯᠵᠤ ᠠᠪᠳᠠᠭ ᠃

00e04c1a8814137675262c.jpg
  • ᠬᠡᠤᠬᠡᠨ ᠮᠤᠷᠳᠠᠭᠤᠯᠬᠤ

ᠨᠠᠷᠠ ᠮᠠᠨᠳᠣᠬᠣ ᠦᠶ᠎ᠡ ᠳ᠋ᠥ ᠬᠡᠣᠬᠡᠨ ᠪᠣᠭᠳᠣᠯᠠᠬᠤ ᠶᠣᠰᠣᠯᠠᠯ ᠲᠡᠭᠦᠰᠴᠦ ᠂ ᠬᠡᠣᠬᠡᠨ ᠮᠣᠷᠳᠠᠭᠤᠯᠬᠤ ᠶᠣᠰᠣᠯᠠᠯ ᠡᠬᠢᠯᠡᠨ᠎ᠠ ᠃ ᠬᠤᠷᠢᠮ ᠤᠨ ᠲᠥᠪ ᠡᠴᠡ ᠣᠯᠠᠨ ᠢ ᠭᠡᠷ ᠲᠦ ᠰᠠᠭᠤᠯᠭᠠᠨ᠎ᠠ ᠃ ᠲᠡᠭᠡᠭᠡᠳ ᠬᠤᠷ ᠰᠠᠭᠠᠳᠠᠭ ᠤᠨ ᠲᠥᠪ ᠡᠴᠡ ᠡᠬᠢᠯᠡᠨ ᠣᠯᠠᠨ ᠳ᠋ᠥ ᠠᠷᠢᠬᠢ ᠵᠠᠰᠠᠨ ᠂ ᠴᠠᠢ ᠪᠤᠳᠠᠭ᠎ᠠ ᠪᠠᠷᠢᠨ᠎ᠠ ᠃ ᠮᠣᠷᠳᠠᠬᠣ  ᠠᠴᠠ ᠡᠮᠦᠨᠡᠬᠡᠨ ᠂ ᠬᠡᠣᠬᠡᠨ ᠲᠠᠯ᠎ᠠ ᠠᠴᠠ  ᠬᠤᠷ ᠰᠠᠭᠠᠳᠠᠭ ᠤᠨ ᠲᠥᠪ ᠪᠠ ᠪᠦᠬᠦ ᠪᠦᠷᠢᠯᠳᠦᠭᠦᠨ ᠳ᠋ᠥ ᠴᠠᠭᠠᠨ ᠢᠳᠡᠭᠡ ᠠᠮᠰᠠᠭᠤᠯᠤᠨ ᠬᠠᠳᠠᠭ ᠵᠡᠷᠭᠡ ᠪᠡᠯᠭᠡᠲᠦ ᠵᠦᠢᠯᠡᠰ ᠢ ᠵᠡᠭᠦᠯᠭᠡᠨ ᠭᠠᠷᠳᠠᠭᠤᠯᠤᠨ᠎ᠠ ᠃ ᠬᠠᠳᠠᠮ ᠡᠴᠢᠬᠡ ᠡᠬᠡ ᠡᠴᠡ ᠬᠦᠷᠭᠡᠨ ᠬᠦᠦ ᠳ᠋ᠥ ᠲᠠᠰᠠᠮ᠎ᠠ ᠵᠠᠭᠦᠭᠰᠡᠨ ᠮᠦᠩᠭᠦᠨ ᠪᠦᠰᠡ ᠲᠣᠣᠬᠠᠢ ᠂ ᠬᠦᠷᠮ᠎ᠡ ᠶᠢ ᠬᠠᠳᠠᠭ ᠲᠠᠢ ᠪᠡᠯᠭᠡᠯᠡᠨ ᠥᠭᠭᠥᠨ᠎ᠡ ᠃, ᠬᠠᠳᠠᠮ ᠡᠬᠡ ᠂ ᠬᠠᠳᠠᠮ ᠡᠭᠡᠴᠢ ᠂ ᠬᠠᠳᠠᠮ ᠪᠡᠷᠭᠡᠨ ᠡᠴᠡ ᠤᠷᠠᠯᠠᠨ ᠣᠶᠣᠭᠰᠠᠨ ᠬᠦᠬᠦᠷ ᠳ᠋ᠠᠯᠢᠩ ᠢ ᠬᠠᠳᠠᠭ ᠲᠠᠢ ᠬᠠᠮᠲᠤ ᠵᠠᠭᠦᠯᠪᠦᠷᠢ ᠪᠣᠯᠭᠠᠨ ᠬᠦᠷᠭᠡᠨ᠎ᠡ ᠃ ᠬᠡᠤᠬᠡᠨ ᠲᠠᠯ᠎ᠠ ᠶᠢᠨ ᠬᠤᠷᠢᠮ ᠤᠨ ᠲᠥᠪ ᠡᠴᠡ ᠡᠬᠢᠯᠠᠨ ᠣᠯᠠᠨ ᠲᠦᠷᠦᠯ ᠲᠦᠷᠦᠭᠰᠡᠳ ᠨᠢ ᠴᠦᠮ ᠬᠠᠳᠠᠭ ᠪᠡᠯᠭᠡᠯᠡᠨ᠎ᠡ ᠃

ᠬᠦᠷᠭᠡᠨ ᠲᠦᠰᠢᠮᠡᠳ ᠨᠢ ᠬᠠᠳᠠᠮ ᠤᠨ ᠲᠠᠯ᠎ᠠ ᠠᠴᠠ ᠥᠭᠭᠥᠰᠡᠨ ᠨᠢᠭᠡ ᠴᠠᠭᠠᠨ ᠰᠤᠮᠤ ᠶᠢ ᠬᠦᠷᠭᠡᠨ ᠦ ᠬᠤᠷ ᠰᠠᠭᠠᠳᠠᠭ ᠲᠠᠬᠢ ᠲᠠᠪᠤᠨ ᠰᠤᠮᠤ ᠲᠠᠢ ᠨᠠᠶᠢᠯᠡᠭᠦᠯᠦᠨ ᠬᠣᠣᠰᠯᠠᠯ ᠲᠣᠭ᠎ᠠ ᠪᠦᠬᠦᠢ ᠵᠢᠷᠭᠣᠭᠠᠨ ᠰᠤᠮᠤ ᠪᠤᠯᠭᠠᠨ ᠂ ᠬᠦᠷᠭᠡᠨ ᠦ ᠮᠤᠷᠢᠨ ᠳ᠋ᠦ᠋ᠨᠢ ᠮᠣᠷᠳᠠᠭᠤᠯᠤᠨ᠎ᠠ ᠃ ᠬᠡᠣᠬᠡᠨ ᠲᠠᠯ᠎ᠠ ᠠᠴᠠ ᠰᠠᠭᠠᠳᠠᠭ ᠤᠨ ᠬᠢᠨ ᠳ᠋ᠥ ᠬᠦᠮᠦᠨ ᠨᠢᠭᠡᠪᠦᠷᠢ ᠮᠦᠩᠭᠦᠨ ᠠᠶᠠᠭᠠᠨ ᠳ᠋ᠥ ᠠᠷᠢᠬᠢ ᠰᠦᠩᠨᠡᠨ᠎ᠡ ᠃ ᠲᠡᠳᠡ ᠠᠷᠢᠬᠢ ᠶᠢᠨ ᠬᠦᠯᠢᠶᠡᠨ ᠠᠪᠴᠦ ᠬᠦᠨᠲᠦᠷᠦᠨ᠎ᠡ ᠃ ᠬᠡᠣᠬᠡᠨ ᠮᠣᠷᠳᠠᠬᠤ ᠠᠴᠠ ᠡᠮᠦᠨ᠎ᠡ ᠲᠣᠯᠣᠭᠠᠢ ᠶᠢᠨ ᠵᠠᠰᠠᠯ ᠂ ᠬᠠᠨᠵᠢᠶᠠᠷᠢ  ᠪᠠᠨ ᠨᠢ ᠲᠠᠬᠢᠨ ᠲᠠᠪᠲᠠᠨ ᠰᠠᠶᠢᠬᠠᠨ ᠲᠤᠬᠢᠷᠠᠭᠤᠯᠤᠨ ᠵᠠᠰᠠᠨ᠎ᠠ ᠃ ᠲᠡᠭᠡᠭᠡᠳ ᠭᠠᠯ ᠭᠤᠯᠤᠮᠲᠠ ᠪᠠᠨ ᠲᠠᠬᠢᠵᠤ ᠂ ᠠᠪᠦ ᠡᠵᠢ ᠳ᠋ᠡᠭᠡᠨ ᠮᠥᠷᠭᠥᠵᠦ ᠠᠮᠤᠷ ᠮᠡᠨᠳᠦ ᠶᠢ ᠨᠢ ᠪᠡᠯᠭᠡᠳᠡᠭᠡᠳ ᠭᠠᠷᠦᠨ᠎ᠠ ᠃ ᠬᠤᠶᠠᠷ ᠪᠡᠷᠭᠡᠳ ᠬᠡᠤᠬᠡᠨ ᠢ ᠮᠤᠷᠢᠨ ᠳ᠋ᠦ᠋ᠨᠢ ᠲᠦᠰᠢᠨ ᠤᠨᠤᠭᠤᠯᠤᠨ᠎ᠠ ᠃ ᠲᠤᠰᠠᠬᠠᠢ ᠨᠢᠭᠡ ᠪᠡᠷᠭᠡᠳ ᠬᠦᠷᠭᠡᠨ ᠦ ᠬᠤᠶᠢᠨ᠎ᠠ ᠠᠴᠠ ᠬᠡᠣᠬᠡᠨ ᠤ ᠬᠥᠲᠥᠯᠥᠨ ᠶᠠᠪᠤᠨ᠎ᠠ ᠃ ᠬᠡᠣᠬᠡᠨ ᠮᠣᠷᠳᠠᠬᠣ  ᠳ᠋ᠥ ᠰᠠᠭᠠᠳᠠᠭ ᠤᠨ ᠬᠦᠮᠦᠰ ᠡᠴᠡ ᠭᠠᠳᠠᠨ᠎ᠠ ᠂ ᠬᠡᠣᠬᠡᠨ ᠲᠠᠯ᠎ᠠ ᠶᠢᠨ ᠲᠦᠷᠥᠯ ᠲᠦᠷᠦᠭᠰᠡᠳ ᠬᠡᠳᠦᠨ ᠠᠷᠪᠠ ᠪᠤᠶᠤ ᠨᠢᠭᠡ ᠬᠤᠶᠠᠷ ᠵᠠᠭᠤᠨ ᠬᠦᠮᠦᠨ ᠮᠣᠷᠳᠠᠨ ᠶᠠᠪᠤᠳᠠᠭ ᠃

ᠬᠡᠣᠬᠡᠨ ᠬᠦᠷᠭᠡᠬᠦ ᠳ᠋ᠥ ᠬᠡᠣᠬᠡᠨ ᠲᠠᠯ᠎ᠠ ᠠᠴᠠ ᠠᠪᠴᠤ ᠶᠠᠪᠤᠬᠤ ᠵᠦᠢᠯ: ᠬᠡᠣᠬᠡᠨ ᠤ ᠬᠣᠣᠰ ᠠᠪᠳᠠᠷ᠎ᠠ ᠂ ᠬᠤᠪᠴᠠᠰᠤ ᠬᠤᠨᠠᠷ ᠪᠠ ᠵᠠᠰᠠᠯ ᠵᠦᠢᠯ ᠂ ᠬᠡᠣᠬᠡᠨ ᠤ ᠬᠠᠳᠠᠮ ᠡᠴᠢᠬᠡ ᠡᠬᠡ ᠳ᠋ᠥ ᠲᠤᠰ ᠪᠦᠷᠢ ᠨᠢᠭᠡ ᠬᠡᠪᠢᠰ ᠣᠯᠪᠣᠭ ᠂ ᠬᠣᠶᠠᠷ ᠰᠢᠨ᠎ᠡ ᠬᠦᠮᠦᠨ ᠦ ᠴᠠᠢ ᠪᠠᠷᠢᠬᠤ ᠳ᠋ᠥ ᠬᠡᠷᠡᠭᠰᠡᠬᠦ ᠪᠣᠭᠣᠷᠰᠣᠭ ᠵᠢᠮᠢᠰ ᠂ ᠰᠢᠨ᠎ᠡ ᠪᠡᠷᠢ ᠶᠢᠨ ᠤᠭᠲᠤᠯᠭ᠎ᠠ ᠳ᠋ᠥ ᠬᠡᠷᠡᠭᠯᠡᠬᠦ ᠪᠣᠷᠣᠯᠠᠭᠣᠯᠣᠨ ᠴᠢᠨᠠᠭᠰᠠᠨ ᠬᠣᠨᠢᠨ ᠲᠣᠯᠣᠭᠠᠢ ᠨᠢᠭᠡ ᠂ ᠬᠣᠶᠠᠷ ᠰᠢᠨ᠎ᠡ ᠬᠦᠮᠦᠨ ᠦ ᠰᠢᠨ᠎ᠡ ᠭᠡᠷ ᠦᠨ ᠡᠭᠦᠳᠡᠨ ᠳᠦ ᠡᠯᠭᠦᠬᠦ ᠢᠰᠡᠭᠡᠢ ᠨᠢᠭᠡ ᠂ ᠪᠣᠭᠣᠷᠰᠣᠭ ᠤᠨ ᠳᠡᠭᠡᠵᠢ ᠂ ᠬᠣᠨᠢᠨ ᠰᠢᠭᠦᠰᠦ ᠨᠢᠭᠡ ᠂ ᠬᠡᠪ ᠦᠨ ᠴᠠᠢ ᠨᠢᠭᠡ ᠪᠣᠯᠣᠨ᠎ᠠ ᠃

ᠬᠡᠣᠬᠡᠨ ᠬᠦᠷᠭᠡᠬᠦ ᠬᠦᠮᠦᠰ ᠭᠡᠷ ᠢᠶᠡᠨ ᠵᠦᠪ ᠢᠶᠡᠷ ᠨᠢᠭᠡ ᠲᠣᠭᠣᠷᠢᠭᠠᠳ ᠂ ᠰᠠᠭᠠᠳᠠᠭ ᠤᠨ ᠢᠷᠡᠭᠰᠡᠨ ᠮᠦᠷ ᠢᠶᠡᠷ ᠬᠦᠷᠭᠡᠨ ᠦ ᠭᠡᠷ ᠵᠦᠭ ᠮᠤᠷᠳᠠᠨ᠎ᠠ ᠃ ᠬᠡᠣᠬᠡᠨ ᠤ ᠭᠡᠷ ᠦᠨ ᠬᠦᠮᠦᠰ ᠬᠡᠣᠬᠡᠨ ᠤ ᠬᠤᠶᠢᠨ᠎ᠠ ᠠᠴᠠ ᠰᠦ ᠡᠷᠭᠦᠨ ᠳᠠᠯᠠᠯᠭ᠎ᠠ ᠳᠠᠯᠠᠯᠤᠨ᠎ᠠ ᠃

  • ᠰᠢᠨ᠎ᠡ ᠪᠡᠷᠢ ᠬᠠᠳᠠᠮ ᠤᠨ ᠭᠠᠳᠠᠨ᠎ᠠ ᠬᠦᠷᠬᠦ

ᠵᠠᠮ ᠤᠨ ᠬᠠᠭᠠᠰ ᠣᠶᠢᠷᠠᠳᠬᠣ ᠳᠤ ᠬᠦᠷᠭᠡᠨ ᠲᠦᠰᠢᠮᠡᠯ ᠬᠤᠶᠠᠷ ᠬᠦᠮᠦᠨ ᠤᠷᠢᠳᠴᠢᠯᠠᠨ ᠲᠠᠪᠬᠢᠭᠤᠯᠵᠤ ᠂ ︽ ᠪᠤᠯᠠᠰᠢ  ᠶᠢᠨ ᠠᠷᠢᠬᠢ ︾ ᠪᠤᠯᠠᠭᠰᠠᠨ ᠭᠠᠵᠠᠷ ᠬᠦᠷᠴᠦ ᠬᠦᠯᠢᠶᠠᠨ ᠰᠠᠭᠤᠨ᠎ᠠ ᠃ ᠬᠡᠣᠬᠡᠨ ᠬᠦᠷᠭᠡᠬᠦ ᠬᠦᠮᠦᠰ ᠢᠷᠡᠬᠦ ᠳᠦ ᠲᠡᠳᠡᠨ ᠳᠦ ᠠᠷᠢᠬᠢ ᠪᠠᠨ ᠰᠦᠩᠨᠡᠨ ᠦᠭᠴᠦ ᠂ ᠮᠤᠷᠢᠨ ᠳᠡᠭᠡᠷ᠎ᠡ ᠪᠠᠨ ᠣᠣᠭᠣᠵᠣ ᠦᠷᠭᠦᠯᠵᠢᠯᠠᠨ ᠮᠣᠷᠳᠠᠳᠠᠭ ᠃

ᠬᠠᠭᠠᠰ ᠵᠠᠮ ᠦᠩᠭᠡᠷᠡᠬᠦ ᠳᠦ ᠰᠠᠭᠠᠳᠠᠭ ᠤᠨ ᠬᠢᠨ ᠬᠦᠮᠦᠨ ᠲᠣᠮᠢᠯᠯᠠᠨ ᠬᠦᠷᠭᠡᠨ ᠦ ᠭᠡᠷ ᠲᠦ ᠴᠢᠮᠡᠭᠡ ᠬᠦᠷᠭᠡᠨ᠎ᠠ ᠃ ᠬᠦᠷᠭᠡᠨ ᠲᠠᠯ᠎ᠠ ᠶᠢᠨ ᠬᠢᠨ ᠤᠭᠲᠣᠨ ᠲᠣᠪᠲᠣᠯᠵᠣ ᠂, ᠵᠠᠮ ᠤᠨ ᠬᠠᠵᠠᠭᠤ ᠳ᠋ᠥ ᠤᠯᠠᠭᠠᠨ ᠬᠢᠪᠢᠰ ᠴᠠᠭᠠᠨ ᠢᠰᠡᠭᠡᠢ ᠳᠡᠪᠢᠰᠤᠨ ᠪᠠᠶᠢᠳᠠᠭ ᠃ ᠬᠡᠤᠬᠡᠨ ᠬᠦᠷᠭᠡᠬᠦ ᠬᠦᠮᠦᠰ ᠢᠷᠡᠬᠦ ᠳ᠋ᠥ ᠲᠡᠳᠡᠨ ᠢ ᠤᠭᠲᠤᠨ ᠠᠪᠴᠤ ᠰᠠᠭᠤᠯᠭᠠᠨ ᠂ ᠴᠠᠭᠠᠨ ᠢᠳᠡᠭᠡ ᠠᠮᠰᠠᠭᠤᠯᠤᠨ ᠤᠭᠲᠤᠯᠭ᠎ᠠ ᠶᠢᠨ ᠢᠷᠦᠭᠡᠯ ᠲᠠᠯᠪᠢᠨ ᠂ ᠤᠭᠲᠤᠵᠤ ᠪᠠᠶᠢᠭ᠎ᠠ ᠪᠠᠨ ᠢᠯᠡᠳᠭᠡᠨ᠎ᠡ ᠃ᠡᠭᠦᠨ ᠦ ᠪᠠᠰᠠ ᠤᠭᠲᠤᠯᠭ᠎ᠠ ᠶᠢᠨ ᠬᠣᠷᠢᠮ ᠭᠡᠳᠡᠭ ᠃

ᠤᠭᠲᠤᠯᠭ᠎ᠠ ᠶᠢᠨ ᠬᠣᠷᠢᠮ ᠲᠡᠭᠦᠰᠬᠦ ᠳ᠋ᠥ ᠤᠭᠲᠤᠭᠤᠯ ᠤᠨ ᠬᠦᠮᠦᠰ ᠪᠠ ᠬᠡᠣᠬᠡᠨ ᠲᠠᠯ᠎ᠠ ᠶᠢᠨ ᠬᠦᠮᠦᠰ ᠲᠠᠢ ᠮᠣᠷᠢ ᠤᠷᠤᠯᠳᠤᠨ ᠮᠦᠷᠦᠶᠢᠴᠡᠳᠡᠭ ᠃ᠤᠭᠲᠤᠭᠤᠯ ᠤᠨ ᠬᠦᠮᠦᠰ ᠭᠡᠷ ᠵᠦᠭ  ᠢᠶᠡᠨ ᠲᠠᠪᠬᠢᠭᠤᠯᠬᠤ ᠳ᠋ᠥ ᠬᠡᠣᠬᠡᠨ ᠬᠦᠷᠭᠡᠵᠤ ᠪᠠᠶᠢᠭ᠎ᠠ ᠭᠡᠰᠡᠭ ᠬᠦᠮᠦᠰ ᠬᠣᠶᠢᠨ᠎ᠠ ᠠᠴᠠ ᠨᠢ ᠨᠡᠬᠡᠨ᠎ᠡ ᠃ ᠨᠡᠬᠡᠨ ᠭᠦᠢᠴᠡᠭᠡᠳ ᠲᠠᠰᠢᠭᠤᠷ ᠤᠨ ᠦᠵᠦᠭᠦᠷ ᠢᠶᠡᠷ ᠮᠠᠯᠠᠭᠠᠢ ᠶᠢ ᠨᠢ ᠡᠯᠭᠦᠨ ᠤᠨᠠᠭᠠᠵᠤ ᠂ ︽ ᠮᠠᠯᠠᠭᠠᠢ ᠶᠢ ᠨᠢ ᠠᠪ ︾ ᠭᠡᠮᠡᠨ ᠪᠠᠷᠬᠢᠷᠠᠯᠳᠤᠨ᠎ᠠ ᠃ᠤᠭᠲᠤᠭᠤᠯ ᠤᠨ ᠬᠦᠮᠦᠰ ᠮᠠᠯᠠᠭᠠᠢ ᠪᠠᠨ ᠬᠠᠮᠠᠭᠠᠯᠠᠵᠤ ᠠᠮᠢ ᠮᠡᠳᠡᠨ ᠲᠣᠪᠲᠣᠯᠣᠨ᠎ᠠ ᠃

ᠬᠡᠣᠬᠡᠨ ᠬᠦᠷᠭᠡᠬᠦ ᠬᠦᠮᠦᠰ ᠬᠦᠷᠭᠡᠨ ᠦ ᠭᠠᠳᠠᠨ᠎ᠠ ᠢᠷᠡᠪᠡᠯ ᠭᠡᠷ ᠢ ᠨᠢ ᠵᠦᠪ ᠢᠶᠡᠷ ᠨᠢᠭᠡ ᠲᠣᠭᠣᠷᠢᠵᠣ ᠂ ᠬᠡᠣᠬᠡᠨ ᠢ ᠰᠠᠶᠢᠨ ᠵᠦᠭ ᠦᠨ ᠬᠡᠶᠢᠮᠣᠷᠢ ᠶᠢᠨ ᠪᠠᠭᠠᠨ᠎ᠠ ᠶᠢᠨ ᠵᠠᠭᠦᠨ ᠲᠠᠯ᠎ᠠ ᠪᠠᠷ ︽ ᠰᠢᠷᠡᠭ ᠦᠨ ᠭᠠᠯ ︾ ︵ ᠠᠷᠢᠭᠤᠳᠬᠠᠬᠤ ᠭᠠᠯ ︶ ᠶᠢᠨ ᠲᠡᠷᠭᠡᠳᠡ ᠠᠪᠠᠴᠢᠨ᠎ᠠ ᠃ ᠬᠦᠷᠭᠡᠨ ᠪᠠᠷᠠᠭᠤᠨ ᠲᠠᠯ᠎ᠠ ᠠᠴᠠ ᠣᠷᠣᠵᠣ ᠢᠷᠡᠨ᠎ᠡ ᠃ ᠬᠦᠷᠭᠡᠨ ᠮᠣᠷᠢᠨ ᠠᠴᠠ ᠪᠠᠨ ᠪᠠᠭᠤᠨ ᠂ ᠬᠤᠨᠵᠢᠨ ᠬᠦᠷᠭᠡᠨ ᠦ ᠨᠤᠮᠤ ᠰᠠᠭᠠᠳᠠᠭ ᠢ ᠬᠡᠶᠢᠮᠣᠷᠢ ᠶᠢᠨ ᠲᠠᠶᠢᠰᠠᠨ ᠳᠡᠭᠡᠷ᠎ᠡ ᠪ ᠲᠠᠯᠪᠢᠨ᠎ᠠ ᠃ ᠬᠦᠷᠭᠡᠨ︽ ᠰᠢᠷᠡᠭ ᠦᠨ ᠭᠠᠯ ︾ ᠳᠤᠮᠳᠠᠭᠤᠷa ᠶᠠᠪᠤᠵᠤ ᠂ ᠤᠷᠤᠩᠭ᠎ᠠ ᠶᠢᠨ ᠡᠪᠡᠷ ᠢᠶᠡᠷ ᠬᠡᠣᠬᠡᠨ ᠤ ᠮᠤᠷᠢᠨ ᠴᠤᠯᠪᠤᠭᠤᠷ ᠢ ᠭᠣᠬᠠᠳᠠᠨ ᠠᠪᠴᠦ ᠬᠦᠲᠦᠯᠦᠨ ᠭᠠᠷᠤᠨ᠎ᠠ ᠃ ᠬᠡᠣᠬᠡᠨ ᠬᠦᠷᠭᠡᠭᠰᠡᠳ ᠬᠦᠷᠭᠡᠨ ᠲᠠᠯ᠎ᠠ ᠠᠴᠠ ᠬᠤᠶᠠᠷ ᠴᠠᠭᠠᠨ ᠢᠰᠡᠭᠡᠢ ᠠᠪᠴᠤ ᠂ ᠬᠡᠣᠬᠡᠨ ᠢ ᠢᠰᠡᠭᠡᠢ ᠳᠡᠭᠡᠷ᠎ᠡ ᠪᠠᠭᠣᠯᠭᠠᠨ ᠂ ᠰᠢᠷᠤᠢ ᠬᠢᠰᠭᠢᠯ ᠦᠭᠡᠢ ᠪᠡᠷ ᠭᠡᠷ ᠲᠣ ᠣᠷᠣᠭᠣᠯᠣᠨ᠎ᠠ ᠃

  • ᠪᠤᠭᠲᠤᠯᠠᠭᠰᠠᠨ ᠬᠡᠤᠬᠡᠨ ᠬᠠᠳᠠᠮ ᠤᠨ ᠭᠠᠯ ᠳᠤ ᠮᠦᠷᠭᠦᠵᠤ ᠪᠡᠷᠢ ᠪᠤᠯᠬᠤ

ᠭᠣᠣᠯ ᠭᠡᠷ ᠲᠦ ᠬᠦᠷᠭᠡᠨ ᠲᠠᠯ᠎ᠠ ᠶᠢᠨ ᠬᠦᠮᠦᠰ ᠂ ᠬᠡᠤᠬᠡᠨ ᠬᠦᠷᠭᠡᠭᠰᠡᠨ ᠬᠦᠮᠦᠰ ᠦᠶ᠎ᠡ ᠳᠠᠷᠠᠭᠠᠯᠠᠨ ᠰᠠᠭᠤᠨ᠎ᠠ ᠃ ᠲᠡᠭᠡᠭᠡᠳ ᠭᠠᠯ ᠭᠣᠯᠣᠮᠲᠠ ᠪᠣᠯᠬᠣ ᠲᠤᠯᠭᠠᠨ ᠳᠠᠭᠠᠨ ᠴᠡᠪᠡᠷ ᠰᠠᠶᠢᠬᠠᠨ ᠭᠠᠯ ᠢᠶᠠᠨ ᠨᠤᠴᠤᠭᠠᠨ᠎ᠠ ᠃ ᠰᠢᠨ᠎ᠡ ᠪᠡᠷᠢ ᠶᠢ ᠬᠤᠶᠠᠷ ᠪᠡᠷᠭᠡᠳ ᠲᠦᠰᠢᠨ ᠣᠷᠣᠭᠣᠯᠵᠣ ᠂ᠭᠠᠯ ᠤᠨ ᠡᠮᠦᠨ᠎ᠡ ᠲᠠᠯ᠎ᠠ ᠳᠤ ᠵᠣᠭᠰᠣᠭᠠᠨ ᠂ ᠭᠤᠷᠪᠡ ᠭᠤᠷᠪᠠ ᠶᠢᠰᠦ ᠤᠳᠠᠭ᠎ᠠ ᠮᠦᠷᠭᠦᠭᠦᠯᠦᠨ᠎ᠡ ᠃ ᠡᠨᠡ ᠦᠶ᠎ᠡ ᠳᠦ ᠭᠠᠯ ᠳᠤ ᠰᠠᠷᠬᠤᠳ ᠲᠤᠰᠤ ᠡᠷᠭᠦᠨ ᠬᠦᠭᠵᠢᠭᠡᠵᠦ ᠪᠠᠶᠢᠳᠠᠭ ᠃ ᠬᠡᠣᠬᠡᠨ ᠮᠦᠷᠭᠦᠬᠦ ᠳᠦ ᠬᠦᠷᠭᠡᠨ ᠬᠠᠵᠠᠭᠤ ᠳ᠋ᠤᠨᠢ ᠵᠣᠭᠰᠣᠵᠣ ᠪᠠᠶᠢᠳᠠᠭ ᠃ ᠬᠤᠨᠵᠢᠨ ᠠᠴᠠ ᠭᠠᠯ ᠭᠣᠯᠣᠮᠲᠠ ᠶᠢ ᠮᠢᠯᠢᠶᠠᠨ ᠢᠷᠦᠭᠡᠨ᠎ᠡ ᠃ ᠪᠠᠰᠠ ᠬᠦᠷᠭᠡᠨ ᠪᠠ ᠬᠡᠣᠬᠡᠨ ᠢ ᠢᠷᠦᠭᠡᠨ᠎ᠡ ᠃

ᠬᠡᠣᠬᠡᠨ ᠮᠦᠷᠭᠦᠵᠦ ᠪᠠᠷᠠᠭᠰᠠᠨ ᠤ ᠳᠠᠷᠠᠭ᠎ᠠ ᠂ ᠬᠠᠳᠠᠮ ᠡᠴᠢᠬᠡ ᠡᠬᠡ ᠂ ᠤᠶᠢᠷ᠎ᠠ ᠲᠦᠷᠦᠯ ᠰᠠᠳᠤᠨ ᠠᠴᠠ ᠰᠢᠨ᠎ᠡ ᠪᠡᠷᠢ ᠳᠦ ᠦᠭᠭᠦᠨ᠎ᠡ ᠂ ᠰᠢᠨ᠎ᠡ ᠪᠡᠷᠢ ᠮᠥᠷᠭᠥᠨ ᠠᠪᠤᠨ᠎ᠠ ᠃ ᠬᠠᠳᠠᠮ ᠡᠬᠡ ᠡᠴᠡ ᠄ ︽ ᠢᠯᠡ ᠪᠡᠷᠢ ᠤᠤ ︖ ᠳᠠᠯᠳᠠ ᠪᠡᠷᠢ ᠤᠤ ︖ ︾ ᠭᠡᠵᠤ ᠠᠰᠠᠭᠤᠨ᠎ᠠ ᠂ ᠪᠡᠷᠭᠡᠳ ᠄ ︽ ᠢᠯᠡ ᠪᠡᠷᠢ ᠪᠢᠯᠡ ︾ ᠭᠡᠬᠦ ᠳ᠋ᠥ ᠂ ᠬᠦᠷᠭᠡᠨ ᠨᠤᠮᠤ ᠶᠢᠨ ᠦᠵᠦᠭᠦᠷ ᠢᠶᠡᠷ ᠰᠢᠨ᠎ᠡ ᠪᠡᠷᠢ ᠶᠢᠨ ᠱᠤᠤᠪᠠ ᠶᠢ ᠰᠡᠬᠦᠨ᠎ᠡ ᠃ ᠲᠡᠭᠡᠭᠡᠳ ᠰᠢᠨ᠎ᠡ ᠪᠡᠷᠢ ᠬᠦᠷᠭᠡᠨ ᠲᠠᠢ ᠬᠠᠮᠲᠦ ᠭᠣᠣᠯ ᠭᠡᠷ ᠡᠴᠡ ᠭᠠᠷᠤᠨ᠎ᠠ ᠃

ᠳᠠᠷᠠᠭ᠎ᠠ ᠨᠢ ᠨᠠᠶᠢᠷ ᠡᠬᠢᠯᠡᠳᠡᠭ ᠂ ᠨᠠᠶᠢᠷ ᠳᠤᠮᠳᠠ ᠬᠣᠶᠠᠷ ᠰᠢᠨ᠎ᠡ ᠬᠦᠮᠦᠨ ᠣᠷᠣᠵᠣ ᠢᠷᠡᠭᠡᠳ ᠵᠣᠴᠢᠳ ᠲᠤ ᠠᠷᠢᠬᠢ ᠪᠠᠷᠢᠳᠠᠭ ᠃

  • ᠴᠠᠭᠠᠨ ᠠᠵᠢᠷᠭᠠᠨ ᠬᠣᠷᠢᠮ ᠪᠣᠯᠣᠨ ᠬᠡᠪᠢ ᠶᠢᠨ ᠬᠣᠷᠢᠮ

ᠬᠣᠷᠢᠮ ᠤᠨ ᠳᠠᠷᠠᠭ᠎ᠠ ᠥᠷᠯᠥᠭᠡ ᠨᠢ ᠬᠦᠷᠭᠡᠨ ᠬᠡᠣᠬᠡᠨ ᠢ ᠪᠤᠰᠬᠤ ᠠᠴᠠ ᠡᠮᠦᠨ᠎ᠡ ᠭᠡᠷ ᠦᠨ ᠬᠢᠨᠢ ᠪᠦᠰᠡᠯᠡᠭᠦᠷ ᠦᠨ ᠬᠣᠶᠠᠷ ᠲᠠᠯ᠎ᠠ ᠶᠢᠨ ᠬᠣᠶᠠᠷ ᠴᠠᠭᠠᠨ ᠠᠵᠢᠷᠭ᠎ᠠ ᠤᠶᠠᠵᠤ ᠲᠠᠯᠪᠢᠭᠠᠳ ᠂ ᠭᠡᠷ ᠦᠨ ᠡᠮᠦᠨ᠎ᠡ ᠴᠠᠭᠠᠨ ᠢᠰᠡᠭᠡᠢ ᠳᠡᠪᠢᠰᠴᠦ ᠰᠢᠷᠡᠭᠡᠨ ᠳᠡᠭᠡᠷ᠎ᠡ ᠰᠢᠭᠦᠰᠦ ᠂ ᠴᠠᠢ ᠂ ᠲᠠᠮᠠᠬᠢ ᠂ ᠴᠠᠭᠠᠨ ᠪᠥᠰ ᠲᠠᠯᠪᠢᠨ ᠢᠷᠦᠭᠡᠨ᠎ᠡ ᠃ ︽ ᠴᠠᠭᠠᠨ ᠠᠵᠢᠷᠭᠠᠨ ᠬᠣᠷᠢᠮ ᠤᠨ ᠢᠷᠦᠭᠡᠯ︾ ᠲᠠᠯᠪᠢᠵᠤ ᠂ ᠴᠠᠭᠠᠨ ᠠᠵᠢᠷᠭ᠎ᠠ ᠂ ᠰᠢᠨ᠎ᠡ ᠭᠡᠷ ᠪᠣᠯᠣᠨ ᠭᠡᠷ ᠡᠴᠡ ᠭᠠᠷᠴᠤ ᠢᠷᠡᠬᠦ ᠬᠣᠶᠠᠷ ᠰᠢᠨ᠎ᠡ ᠬᠦᠮᠦᠨ ᠢ ᠢᠷᠦᠭᠡᠨ ᠮᠢᠯᠢᠶᠠᠨ᠎ᠠ ᠃ ᠡᠭᠦᠨ ᠦ ᠶᠡᠷᠦᠩᠬᠡᠢ ᠳ᠋ᠦ᠋ᠨᠢ ᠴᠠᠭᠠᠨ ᠠᠵᠢᠷᠭᠠᠨ ᠬᠣᠷᠢᠮ ᠭᠡᠳᠡᠭ ᠃

ᠴᠠᠭᠠᠨ ᠠᠵᠢᠷᠭᠠᠨ ᠬᠣᠷᠢᠮ ᠤᠨ ᠳᠠᠷᠠᠭ᠎ᠠ ᠂ ᠬᠣᠶᠠᠷ ᠰᠢᠨ᠎ᠡ ᠬᠦᠮᠦᠨ ᠰᠢᠨ᠎ᠡ ᠭᠡᠷ ᠲᠦ ᠪᠠᠨ ᠠᠪᠤ ᠡᠵᠢ ᠂ ᠠᠬ᠎ᠠ ᠳᠡᠭᠦᠦ ᠵᠡᠷᠭᠡ ᠴᠢᠬᠤᠯᠠ ᠲᠥᠷᠥᠯ  ᠢᠶᠡᠨ ᠤᠷᠢᠵᠤ ᠵᠣᠴᠢᠯᠠᠨ᠎ᠠ ᠃ ᠢᠷᠡᠭᠰᠡᠨ ᠵᠤᠴᠢᠳ ᠪᠡᠯᠡᠭ ᠰᠡᠯᠳᠡ ᠲᠠᠢ ᠢᠷᠡᠳᠡᠭ ᠃ ᠡᠭᠦᠨ ᠢ ᠬᠡᠪᠢ ᠶᠢᠨ ᠬᠣᠷᠢᠮ ᠭᠡᠨ᠎ᠡ ᠃

ᠬᠡᠪᠢ ᠶᠢᠨ ᠬᠣᠷᠢᠮ ᠤᠨ ᠳᠠᠷᠠᠭ᠎ᠠ ᠂ ᠪᠦᠬᠦ ᠬᠣᠷᠢᠮ ᠲᠡᠭᠦᠰᠬᠦ ᠲᠡᠰᠢ ᠪᠣᠯᠳᠠᠭ ᠃ ᠬᠣᠶᠡᠷ ᠰᠢᠨ᠎ᠡ ᠬᠦᠮᠦᠨ ᠂ ᠭᠡᠷ ᠦᠨ ᠭᠠᠳᠠᠨ᠎ᠠ ᠵᠣᠭᠰᠣᠨ ᠵᠣᠴᠢᠳ ᠢ ᠮᠤᠷᠳᠠᠭᠣᠯᠣᠨ᠎ᠠ ᠃ ᠢᠩᠬᠢᠪᠡᠯ ᠪᠦᠬᠦ ᠬᠣᠷᠢᠮ ᠲᠡᠭᠦᠰᠦᠨ᠎ᠡ ᠃

10684827 978410.jpg


ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  • ︽ ᠣᠷᠳᠣᠰ` ᠤᠨ ᠵᠠᠩ ᠤᠶᠢᠯᠡ︾
  • ︽ ᠣᠷᠳᠣᠰ ᠬᠣᠷᠢᠮ ᠤᠨ ᠴᠡᠭᠡᠷ ᠶᠣᠰᠣᠨ︾
  • ᠲᠸ᠋ᠯᠸᠢᠰ ᠵᠦᠴᠦᠭᠡ︽ᠣᠷᠳᠣᠰ ᠬᠣᠷᠢᠮ ︾

--brgd (talk) 10:30, 10 ᠲᠠᠪᠤᠳᠤᠭᠠᠷ ᠰᠠᠷ᠎ᠠ 2016 (CST)

ᠪᠢᠴᠢᠭᠡᠰᠦ