ᠤᠷᠢᠶᠠᠩᠬᠠᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠪᠠᠷᠠᠭᠤᠨ ᠮᠣᠩᠭᠣᠯ ᠳᠤ ᠨᠤᠲᠤᠭᠯᠠᠬᠤ ᠠᠯᠲᠠᠢ ᠶᠢᠨ ᠤᠷᠢᠶᠠᠩᠬᠠᠢ ᠶᠢᠨ ᠮᠠᠨᠵᠤ ᠶᠢᠨ ᠦᠶ᠎ᠡ ᠳ᠋ᠡᠬᠢ ᠵᠢᠳᠬᠦᠯ ᠳᠤ ᠭᠦᠨ ᠦ ᠬᠣᠰᠢᠭᠤᠨ ᠤ ᠨᠤᠲᠤᠭ ᠤᠨ ᠵᠢᠷᠤᠭ᠃

ᠤᠷᠢᠶᠠᠩᠬᠠᠢ ᠨᠢ ᠬᠡᠯᠡ᠂ ᠰᠤᠶᠤᠯ᠂ ᠤᠭᠰᠠᠭ᠎ᠠ ᠭᠠᠷᠤᠯ ᠨᠢᠭᠡᠲᠡᠢ ᠮᠣᠩᠭᠣᠯ ᠍ ᠤᠨ ᠣᠯᠠᠨ ᠶᠠᠰᠤᠲᠠᠨ ᠤ ᠨᠢᠭᠡ ᠪᠣᠯᠬᠤ ᠶᠢᠨ ᠳᠡᠭᠡᠷ᠎ᠡ ᠭᠠᠷᠤᠯ ᠡᠭᠦᠰᠦᠯ ᠦᠨ ᠬᠤᠪᠢ ᠳᠤ ᠮᠣᠩᠭᠣᠯ ᠤᠭᠰᠠᠭᠠᠲᠠᠨ ᠳᠣᠲᠣᠷ᠎ᠠ ᠠᠴᠠ ᠪᠠᠨ ᠣᠳᠣ ᠶᠢᠨ ᠨᠡᠷ᠎ᠡ ᠪᠡᠷ ᠢᠶᠡᠨ ᠲᠡᠮᠳᠡᠭᠯᠡᠭᠳᠡᠵᠦ ᠢᠷᠡᠭᠰᠡᠨ ᠬᠠᠮᠤᠭ ᠤᠨ ᠡᠷᠲᠡᠨ ᠦ ᠭᠠᠷᠤᠯ ᠡᠭᠦᠰᠦᠯ ᠦᠨ ᠲᠡᠦᠬᠡ ᠲᠡᠢ ᠶᠠᠰᠤᠲᠠᠨ ᠤ ᠨᠢᠭᠡ ᠶᠤᠮ᠃ ᠵᠠᠷᠢᠮ ᠲᠡᠦᠬᠡᠨ ᠰᠤᠷᠪᠤᠯᠵᠢ ᠳᠤ ᠤᠭ ᠠᠶᠢᠮᠠᠭ ᠤᠨ ᠨᠡᠷ᠎ᠡ ᠶᠢ ᠤᠷᠢᠶᠠᠩᠬᠠᠨ ᠭᠡᠵᠦ ᠲᠡᠮᠳᠡᠭᠯᠡᠭᠰᠡᠨ ᠪᠠᠶᠢᠳᠠᠭ ᠪᠥᠭᠡᠳ ᠳᠠᠶᠢᠨ ᠪᠠᠶᠢᠯᠳᠤᠭᠠᠨ ᠤ ᠲᠡᠷᠢᠭᠦᠨ ᠳᠦ ᠤᠷᠢᠶᠠᠯᠠᠨ ᠳᠠᠶᠢᠲᠤᠳᠠᠭ ᠵᠣᠷᠢᠭᠲᠤ ᠪᠠᠭᠠᠲᠤᠷ ᠡᠷᠡᠰ ᠲᠡᠢ ᠣᠪᠤᠭ ᠠᠶᠢᠮᠠᠭ ᠪᠠᠶᠢᠭᠰᠠᠨ ᠲᠤᠯᠠ ᠤᠷᠢᠶ᠎ᠠ ᠠᠶᠢᠮᠠᠭ ᠭᠡᠬᠦ ᠪᠣᠯᠤᠭᠰᠠᠨ ᠪᠣᠯ ᠰᠡᠭᠦᠯ ᠳᠦ ᠣᠯᠠᠨ ᠲᠤᠯᠤᠭᠠᠨ ᠳᠤ ᠪᠠᠶᠢᠭᠤᠯᠤᠭᠰᠠᠨ ᠢᠯᠠᠯᠲᠠ᠂ ᠭᠠᠪᠢᠶ᠎ᠠ ᠶᠢ ᠦᠨᠡᠯᠡᠨ ᠬᠠᠨ ᠡᠷᠭᠦᠮᠵᠢᠯᠡᠵᠦ УРИАНХАН ᠠᠶᠢᠮᠠᠭ ᠪᠣᠯᠤᠭᠰᠠᠨ ᠭᠡᠳᠡᠭ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠤᠷᠢᠶᠠᠩᠬᠠᠢ ᠤᠭᠰᠠᠭᠠᠲᠠᠨ ᠤ ᠲᠡᠦᠬᠡ ᠶᠢ ᠾᠦᠩᠨᠦ ᠭᠦᠷᠦᠨ ᠦ ᠳᠠᠷᠠᠭᠠᠬᠢ ᠦᠶ᠎ᠡ᠂ ᠰᠢᠶᠠᠨᠪᠢ ᠤᠯᠤᠰ ᠤᠨ ᠦᠶᠡᠰ ᠡᠬᠢᠯᠡᠯ ᠲᠡᠢ ᠭᠡᠵᠦ ᠦᠵᠡᠳᠡᠭ᠃ ᠤᠷᠢᠶᠠᠩᠬᠠᠢ ᠨᠢ 7 ᠍ ᠳᠦᠭᠡᠷ ᠵᠠᠭᠤᠨ ᠤ ᠦᠶᠡᠰ ᠠᠩᠬᠠᠨ ᠤ ᠮᠣᠩᠭᠣᠯ ᠠᠶᠢᠮᠠᠭ ᠢ ᠬᠢᠶᠠᠳ᠂ ᠳᠠᠷᠯᠢᠭᠠᠨ ᠠᠶᠢᠮᠠᠭ ᠤᠳ ᠤᠨ ᠬᠠᠮᠲᠤ ᠪᠠᠷ ᠡᠭᠦᠰᠬᠡᠨ ᠪᠠᠶᠢᠭᠤᠯᠤᠭᠰᠠᠨ ᠭᠡᠵᠦ ᠦᠵᠡᠳᠡᠭ ᠪᠥᠭᠡᠳ ᠡᠨᠡ ᠲᠠᠯ᠎ᠠ ᠪᠠᠷ ᠡᠷᠭᠦᠨ᠎ᠡ ᠬᠦᠮᠦᠨ ᠦ ᠳᠣᠮᠣᠭᠲᠤ ᠲᠣᠳᠣᠷᠬᠠᠢ ᠦᠭᠦᠯᠡᠭᠰᠡᠨ ᠪᠠᠶᠢᠳᠠᠭ᠃

ᠠᠯᠲᠠᠢ ᠶᠢᠨ ᠤᠷᠢᠶᠠᠩᠬᠠᠢ ᠠᠶᠢᠮᠠᠭ ᠤᠨ ᠡᠵᠡᠨ ᠵᠠᠬᠢᠷᠤᠭᠴᠢ ᠵᠡᠯᠮᠡ ᠵᠠᠩᠵᠤᠨ ᠪᠣᠯ ᠶᠡᠬᠡ ᠮᠣᠩᠭᠣᠯ ᠤᠯᠤᠰ ᠤᠨ ᠴᠢᠩᠭᠢᠰ ᠬᠠᠭᠠᠨ ᠤ ᠬᠠᠮᠤᠭ ᠤᠨ ᠠᠯᠳᠠᠷᠲᠠᠢ ᠴᠡᠷᠢᠭ ᠦᠨ ᠵᠠᠩᠵᠤᠨ ᠪᠠᠶᠢᠭᠰᠠᠨ ᠪᠠ ᠮᠣᠩᠭᠣᠯ ᠤᠨ ᠵᠣᠩᠬᠢᠯᠠᠬᠤ ᠲᠣᠮᠣ ᠠᠶᠢᠮᠠᠭ ᠤᠨ ᠨᠢᠭᠡ ᠪᠠᠶᠢᠪᠠ᠃

ᠤᠷᠢᠶᠠᠩᠬᠠᠶᠢᠴᠤᠳ ᠠᠯᠲᠠᠢ ᠶᠢᠨ ᠨᠢᠷᠤᠭᠤᠨ ᠤ 13 ᠣᠷᠭᠢᠯ ᠤᠨ ᠳᠠᠭᠠᠤ ᠰᠠᠭᠤᠷᠢᠰᠢᠨ ᠠᠮᠢᠳᠤᠷᠠᠵᠤ ᠮᠣᠩᠭᠣᠯ ᠤᠯᠤᠰ ᠤᠨ ᠢᠶᠠᠨ ᠪᠠᠷᠠᠭᠤᠨ ᠬᠢᠯᠢ ᠬᠢᠵᠠᠭᠠᠷ ᠢ ᠮᠠᠨᠠᠨ ᠰᠠᠬᠢᠬᠤ ᠡᠭᠦᠷᠭᠡ ᠲᠡᠢ᠂ ᠬᠠᠭᠠᠰ ᠴᠡᠷᠢᠭᠵᠢᠭᠰᠡᠨ ᠬᠠᠷᠠᠭᠤᠯ ᠠᠶᠢᠮᠠᠭ ᠪᠠᠶᠢᠭᠰᠠᠨ ᠶᠤᠮ᠃

ᠰᠡᠭᠦᠯ ᠳᠦ ᠮᠣᠩᠭᠣᠯ ᠤᠨ ᠪᠤᠲᠠᠷᠠᠯ ᠤᠨ ᠦᠶ᠎ᠡ ᠳᠦ 500 ᠭᠠᠷᠤᠢ ᠵᠢᠯ ᠤᠷᠢᠶᠠᠩᠬᠠᠶᠢᠴᠤᠳ ᠨᠢ ᠲᠡᠷᠡ ᠦᠶ᠎ᠡ ᠶᠢᠨ ᠠᠯᠲᠠᠢ ᠶᠢᠨ ᠤᠷᠢᠶᠠᠩᠬᠠᠢ ᠠᠶᠢᠮᠠᠭ᠂ ᠲᠠᠩᠨᠠ ᠤᠤᠯ ᠤᠨ ᠤᠷᠢᠶᠠᠩᠬᠠᠢ ᠠᠶᠢᠮᠠᠭ᠂ ᠲᠡᠯᠡᠩᠭᠡ ᠳᠦ ᠠᠶᠢᠮᠠᠭ ᠤᠨ ᠬᠠᠮᠲᠤ (ᠣᠳᠣ ᠶᠢᠨ ᠤᠤᠯ ᠤᠨ ᠠᠯᠲᠠᠢ ᠪᠦᠭᠦᠳᠡ ᠨᠠᠶᠢᠷᠠᠮᠳᠠᠬᠤ ᠤᠯᠤᠰ ᠪᠣᠯᠤᠨ ᠲᠤᠸᠠ БНУ᠂ ᠬᠠᠺᠠᠰ БНУ᠂ ᠠᠯᠲᠠᠢ ᠶᠢᠨ ᠬᠢᠵᠠᠭᠠᠷ) ᠮᠣᠩᠭᠣᠯ ᠤᠨ ᠬᠠᠯᠬ᠎ᠠ ᠶᠢᠨ ᠵᠠᠰᠠᠭᠲᠤ ᠬᠠᠭᠠᠨ ᠤ ᠬᠠᠷᠢᠶᠠᠨ ᠳᠤ ᠪᠠᠶᠢᠵᠤ ᠪᠠᠶᠢᠭᠠᠳ ᠬᠣᠵᠢᠮ ᠵᠦᠩᠭᠠᠷ ᠤᠯᠤᠰ ᠤᠨ ᠬᠠᠷᠢᠶᠠᠨ ᠳᠤ ᠣᠷᠣᠭᠰᠠᠨ ᠬᠣᠲᠣᠭᠣᠶᠢᠳ ᠠᠶᠢᠮᠠᠭ ᠤᠨ ᠨᠣᠶᠠᠨ ᠤ ᠬᠠᠷᠢᠶᠠᠲᠤ ᠭᠠᠵᠠᠷ ᠨᠤᠲᠤᠭ᠂ ᠬᠦᠮᠦᠨ ᠠᠷᠠᠳ ᠲᠦᠮᠡᠨ ᠨᠢ ᠪᠠᠶᠢᠪᠠ᠃

ᠮᠣᠩᠭᠣᠯ ᠤᠨ ᠬᠣᠲᠣᠭᠣᠶᠢᠳ ᠤᠨ ᠨᠣᠶᠠᠨ ᠱᠣᠯᠣᠢ ᠤᠸᠠᠰ ᠬᠤᠩᠲᠠᠶᠢᠵᠢ ᠶᠢ ᠣᠷᠣᠰ ᠤᠳ ᠠᠯᠲᠠᠢ ᠬᠠᠨ᠂ ᠠᠯᠲᠠᠨ ᠬᠠᠨ ᠭᠡᠬᠦ ᠮᠡᠲᠦ ᠪᠡᠷ ᠰᠤᠷᠪᠤᠯᠵᠢ ᠪᠢᠴᠢᠭ ᠲᠦ ᠲᠡᠮᠳᠡᠭᠯᠡᠭᠰᠡᠨ ᠪᠠᠶᠢᠳᠠᠭ᠃ ᠤᠸᠠᠰ ᠬᠤᠩᠲᠠᠶᠢᠵᠢ ᠲᠠᠢ ᠣᠷᠣᠰ ᠤᠳ ᠠᠩᠬ᠎ᠠ ᠭᠡᠷ᠎ᠡ ᠬᠡᠯᠡᠯᠴᠡᠭᠡᠷ ᠬᠢᠵᠦ᠂ ᠬᠠᠷᠢᠯᠴᠠᠨ ᠡᠯᠴᠢ ᠲᠥᠯᠥᠭᠡᠯᠡᠭᠴᠢ ᠪᠡᠨ ᠰᠣᠯᠢᠯᠴᠠᠭᠰᠠᠨ ᠪᠠᠶᠢᠳᠠᠭ᠃ ᠲᠡᠷᠡ ᠦᠶ᠎ᠡ ᠳᠦ ᠱᠣᠯᠣᠢ ᠤᠸᠠᠰ ᠬᠤᠩᠲᠠᠶᠢᠵᠢ ᠶᠢᠨ ᠣᠷᠣᠰ ᠤᠳ ᠲᠤ ᠵᠠᠷᠢᠮ ᠭᠠᠵᠠᠷ ᠨᠤᠲᠤᠭ ᠲᠦᠷᠢᠶᠡᠰᠦᠯᠡᠵᠦ ᠪᠣᠯᠤᠨ᠎ᠠ ᠭᠡᠬᠦ ᠵᠠᠬᠢᠳᠠᠯ ᠢ ᠦᠨᠳᠦᠰᠦᠯᠡᠯ ᠪᠣᠯᠭᠠᠨ ᠣᠷᠣᠰ ᠤᠳ ᠮᠣᠩᠭᠣᠯ ᠤᠨ ᠨᠤᠲᠤᠭ ᠲᠤ ᠡᠵᠡᠨ ᠰᠠᠭᠤᠭᠰᠠᠨ ᠶᠤᠮ᠃ ᠰᠡᠭᠦᠯ ᠳᠦ ᠮᠠᠨᠵᠤ-ᠣᠷᠣᠰ ᠤᠨ ᠨᠡᠷᠡᠴᠦ ᠶᠢᠨ ᠬᠢᠯᠢ ᠶᠢᠨ ᠭᠡᠷ᠎ᠡ ᠶᠢ ᠬᠢᠬᠦ ᠳᠦ ᠱᠣᠯᠣᠢ ᠤᠸᠠᠰ ᠬᠠᠨ ᠤ ᠳᠤᠷ᠎ᠠ ᠮᠡᠳᠡᠨ ᠪᠢᠴᠢᠭᠰᠡᠨ ᠲᠡᠷᠡ ᠵᠠᠬᠢᠳᠠᠯ ᠰᠢᠢᠳᠪᠦᠷᠢᠯᠡᠬᠦ ᠦᠨᠳᠦᠰᠦ ᠪᠣᠯᠤᠭᠰᠠᠨ ᠶᠤᠮ᠃

ᠵᠦᠩᠭᠠᠷ ᠤᠨ ᠭᠠᠯᠳᠠᠨ ᠪᠣᠱᠤᠭᠳᠤ ᠬᠠᠭᠠᠨ ᠬᠠᠯᠬ᠎ᠠ ᠲᠠᠢ ᠡᠪ ᠡᠳᠡᠷᠡᠯᠴᠡᠨ ᠵᠠᠰᠠᠭᠲᠤ ᠬᠠᠭᠠᠨ ᠤ ᠬᠠᠷᠢᠶᠠᠲᠤ ᠬᠣᠲᠣᠭᠣᠶᠢᠳ ᠤᠨ ᠱᠣᠯᠣᠢ ᠤᠸᠠᠰ ᠬᠤᠩᠲᠠᠶᠢᠵᠢ ᠶᠢ ᠴᠡᠷᠢᠭ ᠬᠥᠳᠡᠯᠭᠡᠨ ᠳᠠᠷᠤᠭᠰᠠᠨ ᠪᠠ ᠱᠣᠯᠣᠢ ᠤᠸᠠᠰ ᠬᠤᠩᠲᠠᠶᠢᠵᠢ ᠶᠡᠬᠡᠩᠬᠢ ᠬᠠᠷᠢᠶᠠᠲᠤ ᠠᠷᠠᠳ ᠢᠷᠭᠡᠳ ᠢᠶᠡᠨ ᠠᠪᠤᠨ ᠡᠮᠦᠨ᠎ᠡ ᠵᠦᠭ ᠨᠡᠭᠦᠵᠦ ᠮᠠᠨᠵᠤ ᠳᠤ ᠳᠠᠭᠠᠷ᠎ᠠ ᠣᠷᠣᠭᠰᠠᠨ ᠶᠤᠮ᠃ ᠡᠨᠡ ᠳᠠᠶᠢᠨ ᠠᠴᠠ ᠪᠣᠯᠵᠤ ᠬᠢᠵᠠᠭᠠᠷ ᠨᠤᠲᠤᠭ ᠬᠦᠩ ᠭᠦᠢ᠂ ᠡᠵᠡᠨ ᠦᠭᠡᠢ ᠪᠣᠯᠤᠭᠰᠠᠨ ᠢ ᠳᠠᠯᠢᠮᠳᠠᠭᠤᠯᠤᠨ ᠣᠷᠣᠰ ᠤᠳ ᠮᠣᠩᠭᠣᠯ ᠨᠤᠲᠤᠭ ᠲᠤ ᠲᠦᠷᠢᠨ ᠣᠷᠣᠵᠤ ᠢᠷᠡᠵᠦ᠂ ᠪᠠᠶᠢᠭᠠᠯᠢ ᠨᠠᠭᠤᠷ ᠬᠦᠷᠲᠡᠯᠡᠬᠢ ᠥᠷᠭᠡᠨ ᠠᠭᠤᠳᠠᠮ ᠨᠤᠲᠤᠭ ᠢ ᠥᠪᠡᠷ ᠦᠨ ᠪᠣᠯᠭᠠᠭᠰᠠᠨ ᠲᠡᠦᠬᠡ ᠲᠡᠢ ᠪᠢᠯᠡ᠃ ᠵᠦᠩᠭᠠᠷ ᠤᠯᠤᠰ ᠤᠨ ᠰᠡᠸᠡᠩᠷᠠᠪᠳᠠᠨ ᠬᠠᠭᠠᠨ᠂ ᠭᠠᠯᠳᠠᠨᠴᠡᠷᠡᠩ᠂ ᠳᠠᠪᠠᠭᠠᠴᠢ ᠬᠠᠭᠠᠨ ᠤ ᠦᠶ᠎ᠡ ᠳᠦ ᠤᠷᠢᠶᠠᠩᠬᠠᠶᠢᠴᠤᠳ ᠵᠦᠩᠭᠠᠷ ᠤᠨ ᠤᠯᠤᠰ ᠲᠤ ᠬᠠᠷᠢᠶᠠᠯᠠᠭᠳᠠᠵᠤ ᠪᠠᠶᠢᠪᠠ᠃

ᠮᠠᠨᠵᠤ ᠶᠢᠨ ᠺᠣᠯᠣᠨᠴᠢᠯᠠᠯ ᠤᠨ ᠦᠶ᠎ᠡ ᠳᠦ 200 ᠭᠠᠷᠤᠢ ᠵᠢᠯ ᠤᠷᠢᠶᠠᠩᠬᠠᠶᠢᠴᠤᠳ ᠨᠢ ᠤᠷᠢᠶᠠᠩᠬᠠᠢ ᠶᠢᠨ ᠬᠢᠵᠠᠭᠠᠷ ᠭᠡᠳᠡᠭ ᠵᠠᠰᠠᠭ ᠵᠠᠬᠢᠷᠭᠠᠨ ᠤ ᠨᠢᠭᠡᠴᠡ ᠳᠦ ᠬᠠᠷᠢᠶᠠᠯᠠᠭᠳᠠᠨ ᠮᠠᠨᠵᠤ ᠠᠴᠠ ᠲᠣᠮᠢᠯᠠᠭᠰᠠᠨ ᠬᠠᠯᠬ᠎ᠠ ᠶᠢᠨ ᠠᠮᠪᠠᠨ ᠵᠠᠬᠢᠷᠤᠭᠴᠢ ᠳᠤ ᠠᠯᠲᠠᠢ ᠶᠢᠨ ᠤᠷᠢᠶᠠᠩᠬᠠᠢ᠂ ᠲᠠᠩᠨᠠ ᠤᠤᠯ ᠤᠨ ᠤᠷᠢᠶᠠᠩᠬᠠᠢ ᠶᠢᠨ ᠬᠣᠱᠤᠳ ᠤᠨ ᠬᠠᠮᠲᠤ ᠪᠠᠷ ᠬᠠᠷᠢᠶᠠᠯᠠᠭᠳᠠᠵᠤ ᠪᠠᠶᠢᠭᠰᠠᠨ᠃

ᠫᠷᠣᠹᠧᠰᠰᠣᠷ᠎ᠠ᠃ᠣᠴᠢᠷ ᠤᠷᠢᠶᠠᠩᠬᠠᠨ ᠬᠡᠮᠡᠬᠦ ᠨᠡᠷ᠎ᠡ ᠶᠢ ᠤᠷᠢᠶᠠᠩᠬᠠᠨ ᠨᠢ ᠤᠷᠢᠶ᠎ᠠ (ᠨ), ᠬᠠᠨ ᠭᠡᠰᠡᠨ ᠬᠣᠶᠠᠷ ᠦᠭᠡ ᠡᠴᠡ ᠪᠦᠲᠦᠭᠰᠡᠨ ᠪᠥᠭᠡᠳ ᠡᠬᠢᠨ ᠦ ᠤᠷᠢᠶ᠎ᠠ ᠨᠢ ᠤᠷᠢᠶ᠎ᠠ ᠳᠠᠭᠤᠳᠠᠯᠭ᠎ᠠ ᠶᠢᠨ ᠤᠷᠢᠶ᠎ᠠ᠂ ᠬᠠᠨ ᠨᠢ ᠡᠵᠡᠨ ᠭᠡᠰᠡᠨ ᠤᠳᠬ᠎ᠠ ᠲᠠᠢ ᠦᠭᠡ ᠪᠣᠯᠤᠯᠲᠠᠢ᠃ ᠡᠯ᠎ᠡ ᠬᠣᠶᠠᠷ ᠦᠭᠡ ᠨᠡᠶᠢᠯᠡᠭᠡᠳ ᠤᠷᠢᠨ ᠡᠵᠡᠨ᠂ ᠤᠷᠢᠨ ᠬᠠᠨ ᠪᠤᠶᠤ ᠣᠩᠭᠣᠳ ᠤᠨ ᠡᠵᠡᠨ ᠭᠡᠰᠡᠨ ᠤᠳᠬ᠎ᠠ ᠢᠯᠡᠳᠬᠡᠭᠰᠡᠨ ᠪᠠᠶᠢᠵᠤ ᠮᠡᠳᠡᠨ᠎ᠡ ᠭᠡᠵᠦ ᠦᠵᠡᠭᠰᠡᠨ ᠪᠠᠶᠢᠨ᠎ᠠ [1]

ᠠᠯᠲᠠᠢ ᠶᠢᠨ ᠤᠷᠢᠶᠠᠩᠬᠠᠶᠢᠴᠤᠳ ᠤᠨ ᠲᠡᠦᠬᠡ ᠪᠡᠷ ᠳᠣᠷᠪᠢᠲᠠᠢ ᠪᠦᠲᠦᠭᠡᠯ ᠬᠢᠭᠰᠡᠨ ᠡᠷᠳᠡᠮᠲᠡᠨ ᠪᠣᠯ ᠴ᠃ᠭᠠᠩᠲᠤᠯᠭ᠎ᠠ ᠶᠤᠮ᠃ ᠲᠡᠷᠡᠪᠡᠷ ᠤᠷᠢᠶᠠᠩᠬᠠᠶᠢᠴᠤᠳ ᠤᠨ ᠭᠠᠷᠤᠯ᠂ ᠡᠭᠦᠰᠦᠯ ᠦᠨ ᠲᠠᠯ᠎ᠠ ᠪᠠᠷ ᠲᠣᠳᠣᠷᠬᠠᠢ ᠮᠡᠳᠡᠭᠡᠯᠡᠯ ᠠᠪᠬᠤ ᠳᠤ 《ᠡᠷᠭᠦᠨ᠎ᠡ ᠬᠣᠨ ᠤ ᠳᠣᠮᠣᠭ》, 《ᠮᠣᠩᠭᠣᠯ ᠤᠨ ᠨᠢᠭᠤᠴᠠ ᠲᠣᠪᠴᠢᠶ᠎ᠠ》 ᠬᠣᠶᠠᠷ ᠣᠨᠴᠠᠭᠠᠢ ᠠᠴᠢ ᠬᠣᠯᠪᠣᠭᠳᠠᠯ ᠲᠠᠢ ᠶᠢ ᠳᠤᠷᠠᠳᠴᠠᠢ᠃ ᠡᠬᠢᠨ ᠦ ᠳᠣᠮᠣᠭ ᠠᠴᠠ ᠠᠪᠴᠤ ᠦᠵᠡᠪᠡᠯ ᠯᠠᠪᠲᠠᠢ 2000 ᠵᠢᠯ ᠦᠨ ᠠᠰᠠᠭᠤᠳᠠᠯ ᠶᠠᠷᠢᠭᠳᠠᠬᠤ ᠶᠤᠮ᠃ ᠲᠡᠭᠡᠬᠦ ᠪᠡᠷ ᠭᠠᠷᠴᠠᠭ᠎ᠠ ᠦᠭᠡᠢ ᠢᠵᠠᠭᠤᠷ ᠤᠨ ᠮᠣᠩᠭᠣᠯ ᠠᠶᠢᠮᠠᠭ ᠤᠨ ᠲᠤᠬᠠᠢ ᠶᠠᠷᠢᠶ᠎ᠠ ᠭᠠᠷᠤᠨ᠎ᠠ ᠭᠡᠰᠡᠨ ᠦᠭᠡ᠃

ᠲᠡᠷᠡ ᠦᠶ᠎ᠡ ᠶᠢᠨ ᠠᠶᠢᠮᠠᠭ ᠤᠳ ᠦᠷᠭᠦᠯᠵᠢ ᠶᠢᠨ ᠳᠠᠶᠢᠨ᠂ ᠳᠠᠵᠢᠨ ᠲᠠᠢ ᠪᠠᠶᠢᠭᠰᠠᠨ ᠪᠥᠭᠡᠳ ᠨᠢᠭᠡᠨ ᠳᠠᠶᠢᠨ ᠢᠶᠠᠷ ᠬᠣᠶᠠᠷᠬᠠᠨ ᠬᠦᠮᠦᠨ ᠠᠮᠢᠳᠤ ᠦᠯᠡᠳᠡᠭᠰᠡᠨ ᠨᠢ ᠡᠷ᠎ᠡ᠂ ᠡᠮ᠎ᠡ ᠬᠣᠣᠰ ᠪᠦᠯᠦᠭᠡ ᠭᠡᠵᠡᠢ᠃ ᠲᠡᠳᠡ ᠠᠮᠢ ᠭᠠᠷᠬᠤ ᠶᠢᠨ ᠲᠤᠯᠠᠳᠠ ᠬᠦᠮᠦᠨ ᠪᠠᠶᠢᠲᠤᠭᠠᠢ ᠠᠷᠢᠶᠠᠲᠠᠨ ᠬᠦᠷᠱᠢ ᠦᠭᠡᠢ ᠭᠠᠵᠠᠷ ᠵᠠᠶᠢᠯᠠᠨ ᠣᠳᠤᠭᠰᠠᠨ ᠪᠠᠶᠢᠨ᠎ᠠ᠃ ᠳᠦᠷᠰᠦᠯᠡᠨ ᠬᠡᠯᠡᠪᠡᠯ᠂ ᠨᠢᠭᠡᠨ ᠨᠠᠷᠢᠬᠠᠨᠵᠢᠮ ᠢ ᠡᠰᠡ ᠲᠣᠭᠠᠴᠠᠪᠠᠯ ᠶᠠᠪᠤᠬᠤ ᠳᠤ ᠨᠡᠩ ᠪᠡᠷᠬᠡ ᠬᠠᠳᠠ ᠠᠰᠬ᠎ᠠ᠂ ᠣᠢ ᠮᠣᠳᠣ ᠲᠠᠢ ᠭᠠᠵᠠᠷ ᠭᠡᠬᠦ᠃

ᠡᠨᠡ ᠨᠤᠲᠤᠭ ᠢ ᠡᠷᠭᠦᠨ᠎ᠡ ᠺᠦᠶᠢᠨ ᠭᠡᠮᠠᠢ᠃ ᠲᠡᠷᠡ ᠬᠣᠶᠠᠷ ᠬᠦᠮᠦᠨ ᠢ ᠨᠢᠺᠦ᠋ᠽ᠂ ᠺᠢᠶᠠᠩ ᠬᠡᠮᠡᠨ᠎ᠡ᠃ ᠲᠡᠷᠡ ᠬᠣᠶᠠᠷ ᠠᠴᠠ ᠲᠦᠷᠦᠭᠰᠡᠨ ᠦᠷ᠎ᠡ ᠰᠠᠳᠤ ᠨᠢ ᠳᠥᠷᠪᠡᠨ ᠵᠠᠭᠤᠨ ᠤ ᠲᠤᠷᠰᠢ ᠥᠰᠴᠢ ᠦᠷᠡᠵᠢᠭᠡᠳ ᠣᠯᠠᠨ ᠣᠪᠤᠭ ᠪᠣᠯᠵᠠᠢ᠃ ᠲᠡᠳᠡᠨ ᠳᠦ ᠨᠤᠲᠤᠭ ᠤᠰᠤ ᠨᠢ ᠳᠠᠪᠴᠢᠳᠠᠬᠤ ᠪᠣᠯᠵᠠᠢ᠃ ᠢᠩᠭᠢᠭᠡᠳ ᠲᠡᠨᠳᠡ ᠡᠴᠡ ᠭᠠᠷᠴᠤ ᠤᠰᠤ ᠤᠷᠭᠤᠮᠠᠯ᠂ ᠠᠨ ᠭᠥᠷ ᠡᠴᠡ ᠡᠯᠪᠡᠭ ᠲᠡᠢ ᠭᠠᠵᠠᠷ ᠪᠠᠷᠠᠳᠠᠬᠤ ᠪᠠᠷ ᠰᠢᠢᠳᠴᠠᠢ᠃ ᠢᠩᠭᠢᠬᠦ ᠶᠢᠨ ᠲᠤᠯᠠᠳᠠ ᠳᠠᠯᠤᠨ ᠲᠣᠯᠣᠭᠠᠢ ᠰᠢᠷ᠎ᠠ ᠦᠬᠡᠷ᠂ ᠠᠳᠤᠭᠤ ᠨᠢᠳᠤᠯᠠᠵᠤ ᠰᠢᠷᠢᠢ ᠠ ᠶᠢ ᠨᠢ ᠲᠤᠯᠤᠮᠯᠠᠨ ᠬᠥᠭᠥᠷᠭᠡ ᠬᠢᠭᠡᠳ ᠨᠡᠭᠦᠷᠡᠰᠦ᠂ ᠲᠣᠰᠣ ᠪᠠᠷ ᠳᠦᠭᠦᠷᠭᠡᠨ ᠶᠡᠬᠡ ᠬᠡᠮᠵᠢᠶᠡᠨ ᠦ ᠭᠠᠯ ᠥᠷᠳᠡᠨ ᠲᠡᠮᠦᠷ ᠦᠨ ᠬᠥᠳᠡᠷ ᠲᠡᠢ ᠬᠠᠪᠰᠠᠷᠭᠠᠨ ᠳᠡᠯᠪᠡᠯᠵᠦ ᠶᠡᠬᠡ ᠠᠭᠤᠯᠠ ᠶᠢ ᠰᠡᠲᠡᠯᠦᠨ ᠵᠠᠮ ᠬᠠᠷᠭᠤᠢ ᠭᠠᠷᠭᠠᠭᠰᠠᠨ ᠪᠠᠶᠢᠨ᠎ᠠ᠃ ᠲᠡᠷᠡ ᠵᠠᠮ ᠢᠶᠠᠷ ᠢᠶᠠᠨ ᠭᠠᠷᠤᠨ ᠰᠠᠯᠪᠤᠷᠢ ᠪᠣᠯᠤᠨ ᠰᠠᠯᠵᠤ ᠣᠳᠴᠠᠭᠠᠴᠠᠢ᠃

ᠲᠡᠭᠡᠬᠦ ᠳᠦ ᠤᠷᠢᠶ᠎ᠠ ᠳᠠᠭᠤᠳᠠᠯᠭ᠎ᠠ ᠪᠠᠷ ᠣᠷᠣᠶᠢᠯᠠᠨ ᠣᠷᠣᠯᠴᠠᠵᠤ ᠵᠠᠮ ᠭᠠᠷᠭᠠᠭᠰᠠᠨ ᠨᠢᠺᠦ᠋ᠽᠢ ᠶᠢᠨ ᠦᠷ᠎ᠡ ᠰᠠᠳᠤ ᠣᠪᠤᠭ ᠠᠶᠢᠮᠠᠭ ᠪᠣᠯᠬᠤ ᠳᠤ ᠪᠠᠨ ᠤᠷᠢᠶᠠᠩᠬᠠᠶᠢᠴᠤᠳ ᠪᠣᠯᠵᠠᠢ᠃ 《ᠰᠤᠳᠤᠷ ᠤᠨ ᠴᠢᠭᠤᠯᠭᠠᠨ》 ᠍ ᠳᠦ ᠦᠭᠦᠯᠡᠭᠰᠡᠨ ᠢᠶᠡᠷ ᠪᠣᠯ ᠡᠷᠲᠡᠨ ᠦ ᠮᠣᠩᠭᠣᠯ ᠠᠶᠢᠮᠠᠭ ᠤᠳ ᠢ ᠳᠤᠷᠠᠳᠬᠤ ᠳᠤ ᠪᠠᠨ ᠡᠬᠢᠨ ᠳᠦ ᠨᠢ ᠨᠢᠺᠦ᠋ᠽ᠂ ᠤᠷᠢᠶᠠᠩᠬᠠᠢ ᠬᠡᠮᠡᠨ ᠥᠭᠥᠯᠡᠭᠡᠳ ᠶᠠᠪᠤᠭᠰᠠᠨ ᠨᠢ ᠪᠤᠢ᠃ 《ᠡᠷᠭᠦᠨ᠎ᠡ ᠬᠣᠨ ᠤ ᠳᠣᠮᠣᠭ》 2000 ᠵᠢᠯ ᠦᠨ ᠲᠡᠦᠬᠡ ᠲᠡᠢ ᠬᠡᠮᠡᠪᠡᠰᠦ ᠾᠦᠩᠨᠦ ᠶᠢᠨ ᠦᠶ᠎ᠡ ᠲᠡᠢ ᠬᠣᠯᠪᠣᠭᠳᠠᠬᠤ ᠶᠤᠮ᠃ ᠲᠡᠭᠡᠬᠦ ᠪᠡᠷ ᠤᠷᠢᠶᠠᠩᠬᠠᠶᠢᠴᠤᠳ ᠲᠡᠷᠡ ᠦᠶ᠎ᠡ ᠳᠦ ᠴᠤ ᠪᠡᠶ᠎ᠡ ᠳᠠᠭᠠᠭᠰᠠᠨ ᠠᠶᠢᠮᠠᠭ ᠪᠠᠶᠢᠭᠰᠠᠨ ᠨᠢ ᠲᠠᠭᠠᠷᠴᠢ ᠪᠠᠶᠢᠭ᠎ᠠ ᠪᠢᠯᠡ᠃ ᠷᠠᠰᠢ ᠳᠤ ᠳᠤ ᠳ᠋ᠢᠩ ᠴᠤ 《ᠰᠤᠳᠤᠷ ᠤᠨ ᠴᠢᠭᠤᠯᠭᠠᠨ》 ᠍ ᠳᠠᠭᠠᠨ ᠵᠦᠭᠡᠷ ᠨᠢᠭᠡ ᠳᠤᠷᠠᠳᠤᠭ᠎ᠠ ᠦᠭᠡᠢ ᠪᠣᠯᠪᠠ ᠤᠤ᠃ ᠲᠡᠷᠬᠡᠦ ᠰᠤᠤᠲᠤ ᠬᠦᠮᠦᠨ ᠲᠤᠬᠠᠢ ᠶᠢᠨ ᠦᠶ᠎ᠡ ᠶᠢᠨ ᠢᠶᠡᠨ ᠰᠢᠯᠢᠳᠡᠭ ᠪᠠᠷᠢᠮᠲᠠ ᠳᠡᠭᠡᠷ᠎ᠡ ᠲᠤᠯᠭᠠᠭᠤᠷᠢᠯᠠᠨ ᠠᠯᠳᠠᠷᠲᠤ ᠪᠦᠲᠦᠭᠡᠯ ᠢᠶᠡᠨ ᠲᠤᠭᠤᠷᠪᠢᠭᠰᠠᠨ ᠨᠢ ᠮᠡᠳᠡᠭᠡᠵᠢ ᠪᠢᠯᠡ᠃ 《ᠮᠣᠩᠭᠣᠯ ᠤᠨ ᠨᠢᠭᠤᠴᠠ ᠲᠣᠪᠴᠢᠶ᠎ᠠ》 ᠍ ᠳᠦ ᠴᠤᠬᠤᠮ ᠤᠤ ᠭᠡᠵᠦ ᠦᠭᠦᠯᠡᠭᠰᠡᠨ ᠢ ᠣᠳᠣ ᠲᠣᠪᠴᠢᠬᠠᠨ ᠬᠦᠷᠭᠡᠶ᠎ᠡ᠃ ᠲᠡᠨᠳᠡ ᠤᠷᠢᠶᠠᠩᠬᠠᠶᠢᠴᠤᠳ ᠢ 《ᠪᠤᠷᠬᠠᠨ ᠬᠠᠯᠳᠤᠨ ᠤ ᠡᠵᠡᠨ᠂ ᠪᠤᠷᠬᠠᠨ ᠪᠣᠰᠬᠠᠭᠰᠠᠨ ᠰᠢᠩᠴᠢ ᠪᠠᠶᠠᠨ ᠤᠷᠢᠶᠠᠩᠬᠠᠢ》 ᠬᠡᠮᠡᠨ ᠦᠭᠦᠯᠡᠵᠡᠢ᠃ ᠬᠣᠷᠢ ᠲᠦᠮᠡᠳ ᠦᠨ ᠨᠤᠲᠤᠭ ᠠᠴᠠ ᠬᠣᠷᠢᠯᠠᠷᠲᠠᠢ ᠮᠡᠷᠭᠡᠨ ᠤᠳᠤᠮ ᠲᠥᠷᠥᠯ ᠢᠶᠡᠨ ᠳᠠᠭᠠᠭᠤᠯᠵᠤ ᠪᠤᠷᠬᠠᠨ ᠬᠠᠯᠳᠤᠨ ᠤ ᠡᠵᠡᠳ ᠪᠣᠯᠬᠤ ᠰᠢᠩᠴᠢ ᠪᠠᠶᠠᠨ ᠤᠷᠢᠶᠠᠩᠬᠠᠢ ᠶᠢ ᠲᠦᠰᠢᠬᠦ ᠪᠡᠷ ᠢᠷᠡᠯ᠎ᠡ ᠭᠡᠰᠡᠨ ᠨᠢ ᠴᠤ ᠪᠤᠢ᠃ ᠴᠢᠩᠭᠢᠰ ᠬᠠᠭᠠᠨ ᠲᠥᠷᠥᠬᠦ ᠳᠦ ᠤᠷᠢᠶᠠᠩᠬᠠᠢ ᠦᠨᠳᠦᠰᠦᠲᠡᠨ ᠵᠢᠷᠴᠤᠲᠠᠢ ᠡᠪᠦᠭᠡᠨ ᠪᠤᠯᠠᠭᠠᠨ ᠥᠯᠥᠭᠡᠢ ᠪᠡᠯᠡᠭ ᠪᠣᠯᠭᠠᠭᠰᠠᠨ ᠲᠡᠦᠬᠡ ᠴᠤ ᠪᠤᠢ᠃

ᠠᠷᠪᠠᠨ ᠭᠤᠷᠪᠠᠳᠤᠭᠠᠷ ᠵᠠᠭᠤᠨ ᠳᠤ ᠪᠤᠶᠤ ᠶᠡᠬᠡ ᠡᠵᠡᠨ ᠴᠢᠩᠭᠢᠰ ᠬᠠᠭᠠᠨᠢ ᠦᠶ᠎ᠡ ᠳᠦ ᠤᠷᠢᠶᠠᠩᠬᠠᠢ ᠠᠶᠢᠮᠠᠭ ᠠᠴᠠ ᠵᠡᠯᠮᠡ ᠰᠦᠪᠡᠭᠡᠳᠡᠢ ᠵᠡᠷᠭᠡ ᠣᠯᠠᠨ ᠪᠠᠭᠠᠲᠤᠷᠯᠢᠭ ᠵᠠᠩᠵᠤᠨ ᠲᠥᠷᠥᠨ ᠭᠠᠷᠴᠤ ᠪᠠᠶᠢᠭᠰᠠᠨ ᠲᠤᠬᠠᠢ ᠮᠣᠩᠭᠣᠯ ᠤᠨ ᠨᠢᠭᠤᠴᠠ ᠲᠣᠪᠴᠢᠶ᠎ᠠᠨᠳ ᠦᠭᠦᠯᠡᠭᠰᠡᠨ ᠪᠠᠶᠢᠳᠠᠭ᠃ ᠴᠢᠩᠭᠢᠰ ᠬᠠᠭᠠᠨ ᠤ ᠶᠢᠰᠦᠨ ᠥᠷᠯᠥᠭ ᠵᠠᠩᠵᠤᠨ ᠤ ᠨᠢᠭᠡ ᠵᠡᠯᠮᠡ ᠨᠢ ᠴᠢᠩᠭᠢᠰ ᠬᠠᠭᠠᠨ ᠤ ᠠᠮᠠ ᠶᠢ ᠭᠤᠷᠪᠠᠨᠲᠠ ᠠᠪᠤᠷᠠᠵᠤ᠂ ᠴᠡᠷᠢᠭ ᠦᠨ ᠶᠡᠬᠡ ᠵᠠᠩᠵᠤᠨ ᠰᠦᠪᠡᠭᠡᠳᠡᠢ ᠨᠢ ᠴᠢᠩᠭᠢᠰ ᠬᠠᠭᠠᠨ ᠤ ᠪᠠᠶᠢᠯᠳᠤᠨ ᠳᠠᠭᠠᠭᠤᠯᠤᠯᠲᠠ ᠳᠤ ᠣᠨᠴᠠᠭᠠᠢ ᠡᠭᠦᠷᠭᠡ ᠭᠦᠢᠴᠡᠳᠭᠡᠵᠦ ᠪᠠᠶᠢᠴᠠᠢ᠃ ᠳᠤᠮᠳᠠᠳᠤ ᠠᠽᠢᠶ᠎ᠠ᠂ ᠵᠡᠭᠦᠨ ᠧᠦ᠋ᠷᠣᠫᠠ ᠶᠢᠨ ᠤᠯᠤᠰ ᠣᠷᠣᠨ ᠨᠤᠭᠤᠳ ᠢ ᠰᠦᠪᠡᠭᠡᠳᠡᠢ ᠵᠠᠩᠵᠤᠨ ᠤ ᠤᠳᠤᠷᠢᠳᠤᠭᠰᠠᠨ ᠶᠡᠬᠡ ᠴᠡᠷᠢᠭ ᠪᠠᠶᠢᠯᠳᠤᠨ ᠡᠵᠡᠯᠡᠵᠦ ᠪᠠᠶᠢᠴᠠᠢ᠃

ᠡᠳᠦᠭᠡ ᠮᠡᠳᠡᠭᠳᠡᠵᠦ ᠪᠠᠶᠢᠭ᠎ᠠ ᠪᠠᠷ ᠤᠷᠢᠶᠠᠩᠬᠠᠨ (ᠤᠷᠢᠶᠠᠩᠬᠠᠢ) ᠨᠡᠷ᠎ᠡ ᠵᠡᠭᠦᠭ᠍ᠰᠡᠨ ᠬᠡᠳᠦᠨ ᠪᠦᠯᠦᠭ ᠪᠠᠶᠢᠨ᠎ᠠ᠃ ᠤᠷᠢᠶᠠᠩᠬᠠᠢ ᠬᠡᠮᠡᠬᠦ ᠠᠳᠠᠯᠢ ᠨᠡᠷ᠎ᠡ ᠵᠡᠭᠦᠭ᠍ᠰᠡᠨ ᠲᠡᠳᠡᠭᠡᠷ ᠤᠭᠰᠠᠭᠠᠲᠠᠨ ᠤ ᠪᠦᠯᠦᠭ ᠦᠳ ᠨᠢ ᠨᠡᠶᠢᠲᠡᠯᠢᠭ ᠨᠢᠭᠡ ᠭᠠᠷᠤᠯ ᠲᠠᠢ ᠶᠤᠮ ᠤᠤ᠂ ᠡᠰᠡᠪᠡᠯ ᠨᠡᠷ᠎ᠡ ᠢᠵᠢᠯ ᠪᠣᠯᠪᠠᠴᠤ ᠲᠡᠦᠬᠡᠨ ᠭᠠᠷᠤᠯ ᠨᠢ ᠥᠭᠡᠷ᠎ᠡ ᠠᠶᠢᠮᠠᠭ ᠤᠳ ᠪᠠᠶᠢᠭᠰᠠᠨ ᠤᠤ ᠭᠡᠳᠡᠭ ᠨᠢ ᠣᠳᠣ ᠪᠣᠯᠲᠠᠯ᠎ᠠ ᠲᠣᠳᠣᠷᠬᠠᠢ ᠪᠣᠯᠵᠤ ᠴᠢᠳᠠᠭ᠎ᠠ ᠦᠭᠡᠢ ᠪᠠᠶᠢᠨ᠎ᠠ᠃ ᠡᠭᠦᠨ ᠡᠴᠡ ᠡᠭᠦᠳᠦᠭᠡᠳ ᠤᠷᠢᠶᠠᠩᠬᠠᠢ ᠨᠡᠷ᠎ᠡ ᠵᠡᠭᠦᠭ᠍ᠰᠡᠳ ᠦᠨ ᠲᠡᠦᠬᠡ᠂ ᠤᠭᠰᠠᠭ᠎ᠠ ᠬᠠᠮᠢᠶᠠᠷᠤᠯ᠂ ᠨᠤᠲᠤᠭᠰᠢᠯᠲᠠ ᠵᠡᠷᠭᠡ ᠨᠡᠯᠢᠶᠡᠳ ᠠᠰᠠᠭᠤᠳᠠᠯ ᠨᠢ ᠮᠠᠷᠭᠤᠭᠠᠨ ᠲᠠᠢ ᠪᠠᠶᠢᠨ᠎ᠠ᠃ ᠣᠳᠣ ᠪᠢᠳᠡᠨ ᠳᠦ ᠮᠡᠳᠡᠭᠳᠡᠵᠦ ᠪᠠᠶᠢᠭ᠎ᠠ ᠪᠠᠷ ᠤᠷᠢᠶᠠᠩᠬᠠᠢ ᠬᠡᠮᠡᠬᠦ ᠨᠡᠷ᠎ᠡ ᠮᠠᠨ ᠤ ᠲᠣᠭᠠᠯᠠᠯ ᠤᠨ ᠬ ᠵᠠᠭᠤᠨ ᠤ ᠡᠬᠢᠨ ᠦᠶ᠎ᠡ ᠶᠢᠨ ᠬᠡᠷᠡᠭ ᠶᠠᠪᠤᠳᠠᠯ ᠲᠠᠢ ᠬᠣᠯᠪᠣᠭᠳᠠᠨ ᠲᠡᠦᠬᠡᠨ ᠳᠦ ᠲᠡᠮᠳᠡᠭᠯᠡᠭᠳᠡᠭᠰᠡᠨ ᠪᠣᠯᠤᠯᠲᠠᠢ᠃(ᠬ᠃ᠫᠷᠯᠡᠢ᠂ 1959, ᠲ᠃78) ᠲᠡᠷᠡ ᠴᠠᠭ ᠠᠴᠠ ᠬᠣᠶᠢᠰᠢ ᠲᠡᠦᠬᠡ ᠶᠢᠨ ᠶᠠᠩᠵᠤ ᠪᠦᠷᠢ ᠶᠢᠨ ᠦᠶ᠎ᠡ ᠳᠦ ᠤᠷᠢᠶᠠᠩᠬᠠᠢ ᠬᠡᠮᠡᠬᠦ ᠨᠡᠷ᠎ᠡ ᠶᠢ ᠬᠢᠲᠠᠳ ᠳᠦᠷᠰᠦ ᠦᠰᠦᠭ ᠢᠶᠡᠷ ᠬᠡᠳᠦᠨ ᠶᠠᠩᠵᠤ ᠲᠡᠮᠳᠡᠭᠯᠡᠭᠰᠡᠭᠡᠷ ᠢᠷᠡᠵᠡᠢ᠃ ᠢᠷᠠᠨ ᠤ ᠲᠡᠦᠬᠡᠴᠢ ᠷᠠᠰᠢ ᠳᠤ ᠳᠤ ᠳ᠋ᠢᠨ ᠦ "ᠰᠤᠳᠤᠷ ᠤᠨ ᠴᠢᠭᠤᠯᠭᠠᠨ ᠳᠤ" ᠬᠡᠨᠲᠡᠢ ᠶᠢᠨ ᠨᠢᠷᠤᠭᠤᠨ ᠤ ᠤᠷᠢᠶᠠᠩᠬᠠᠢ᠂ ᠣᠢ ᠶᠢᠨ ᠤᠷᠢᠶᠠᠩᠬᠠᠢ ᠨᠡᠷ᠎ᠡ ᠢᠵᠢᠯ ᠪᠣᠯᠪᠠᠴᠤ ᠰᠢᠭᠤᠳ ᠬᠣᠯᠪᠣᠭ᠎ᠠ ᠦᠭᠡᠢ᠂ ᠣᠢ ᠶᠢᠨ ᠤᠷᠢᠶᠠᠩᠬᠠᠢ ᠨᠢ ᠤᠷᠤᠴᠠ ᠣᠪᠣᠬᠠᠢ ᠳᠤ ᠰᠠᠭᠤᠨ ᠠᠨ ᠠᠩᠨᠠᠨ ᠠᠮᠢᠳᠤᠷᠠᠳᠠᠭ ᠭᠡᠵᠦ ᠪᠢᠴᠢᠭᠰᠡᠨ ᠪᠠᠶᠢᠳᠠᠭ᠃ ᠣᠶᠢᠷᠠᠳ ᠤᠨ ᠠᠯᠲᠠᠢ ᠶᠢᠨ ᠤᠷᠢᠶᠠᠩᠬᠠᠢ᠂ ᠬᠥᠪᠰᠥᠭᠥᠯ ᠦᠨ ᠬᠠᠯᠬ᠎ᠠ ᠤᠷᠢᠶᠠᠩᠬᠠᠢ ᠨᠠᠷ ᠤᠷᠢᠶᠠᠩᠬᠠᠢ ᠭᠡᠰᠡᠨ ᠨᠡᠷᠡᠨ ᠡᠴᠡ ᠥᠭᠡᠷ᠎ᠡ ᠪᠡᠷ ᠥᠪᠡᠷᠰᠡᠳ ᠢ ᠪᠡᠨ ᠨᠡᠷᠡᠯᠡᠳᠡᠭ ᠦᠭᠡᠢ ᠬᠠᠷᠢᠨ ᠲᠤᠸᠠᠴᠢ ᠨᠤᠭᠤᠳ ᠢ ᠲᠠᠩᠨᠠ ᠤᠷᠢᠶᠠᠩᠬᠠᠢ᠂ ᠲᠤᠸᠠ᠂ ᠶᠠᠺ ᠲᠤᠴᠤᠳ ᠢ ᠰᠠᠬᠠ ᠤᠷᠢᠶᠠᠩᠬᠠᠢ᠂ ᠰᠠᠬᠠ᠂ ᠶᠠᠺ ᠲᠤ ᠭᠡᠰᠡᠨ ᠭᠤᠷᠪᠠᠨ ᠶᠠᠩᠵᠤ ᠶᠢᠨ ᠨᠡᠷ᠎ᠡ ᠪᠡᠷ ᠨᠡᠷᠡᠯᠡᠵᠦ ᠪᠠᠶᠢᠭᠰᠠᠨ ᠤᠴᠢᠷ ᠡᠷᠳᠡᠮᠲᠡᠳ ᠶᠠᠺ ᠲᠤ᠂ ᠲᠤᠸᠠᠴᠤᠳ ᠤᠷᠢᠶᠠᠩᠬᠠᠢ ᠭᠡᠰᠡᠨ ᠨᠡᠷ᠎ᠡ ᠪᠡᠷ ᠰᠡᠭᠦᠯ ᠳᠦ ᠨᠡᠷᠡᠯᠡᠭᠳᠡᠬᠦ ᠪᠣᠯᠤᠭᠰᠠᠨ ᠭᠡᠵᠦ ᠲᠠᠭᠠᠮᠠᠭᠯᠠᠳᠠᠭ᠃ ᠵᠠᠷᠢᠮ ᠶᠠᠺ ᠲᠤ ᠬᠦᠮᠦᠰ ᠣᠳᠣ ᠪᠣᠯᠲᠠᠯ᠎ᠠ ᠤᠷᠢᠶᠠᠩᠬᠠᠢ ᠲᠠᠢ ᠥᠪᠡᠷ ᠦᠨ ᠭᠠᠷᠤᠯ ᠢ ᠬᠣᠯᠪᠣᠨ ᠲᠠᠶᠢᠯᠪᠤᠷᠢᠯᠠᠳᠠᠭ᠃

ᠣᠷᠣᠰ ᠤᠨ ᠨᠡᠷᠡᠲᠦ ᠳᠣᠷᠣᠨ᠎ᠠ ᠳᠠᠬᠢᠨ ᠢ ᠰᠤᠳᠤᠯᠤᠭᠠᠴᠢ ᠨ᠃ᠸ᠃ᠺᠠᠨᠧᠷ ᠬᠢᠲᠠᠳ ᠰᠤᠷᠪᠤᠯᠵᠢ ᠳᠤ ᠤᠯᠢᠩᠬᠠ ᠬᠡᠮᠡᠬᠦ ᠤᠭᠰᠠᠭᠠᠲᠠᠨ ᠤ ᠨᠡᠷ᠎ᠡ ᠭᠠᠷᠳᠠᠭ ᠨᠢ ᠤᠷᠢᠶᠠᠩᠬᠠᠢ ᠠᠶᠢᠮᠠᠭ ᠤᠨ ᠨᠡᠷ᠎ᠡ ᠮᠥᠨ ᠭᠡᠵᠦ ᠦᠵᠡᠭᠰᠡᠨ ᠪᠠᠶᠢᠨ᠎ᠠ᠃ (ᠨ᠃ᠪ᠃ᠺᠠᠨᠧᠷ᠂ 1961,ᠲ᠃65-66) XVIII ᠵᠠᠭᠤᠨ ᠤ ᠦᠶ᠎ᠡ ᠶᠢᠨ ᠬᠢᠲᠠᠳ ᠲᠡᠦᠬᠡᠨ ᠳᠦ᠂ XV ᠵᠠᠭᠤᠨ ᠠᠴᠠ ᠬᠢᠩᠭᠠᠨ ᠤ ᠨᠢᠷᠤᠭᠤ ᠪᠠᠷ ᠨᠤᠲᠤᠭᠯᠠᠭᠰᠠᠨ ᠤᠷᠢᠶᠠᠩᠬᠠᠢ ᠨᠠᠷ ᠢ ᠡᠷᠲᠡᠨ ᠦ ᠺᠦ᠋ᠮᠣᠰᠢ ᠨᠠᠷ ᠤᠨ ᠤᠳᠤᠮ ᠬᠣᠶᠢᠴᠢᠰ ᠭᠡᠵᠦ ᠦᠭᠦᠯᠡᠭᠰᠡᠨ ᠪᠠᠶᠢᠨ᠎ᠠ᠃ (ᠨ᠃ᠪ᠃ᠺᠠᠨᠧᠷ᠂ 1961,ᠲ᠃65-66) ᠺᠦ᠋ᠮᠣᠰᠢ ᠨᠠᠷ IV ᠵᠠᠭᠤᠨ ᠤ ᠦᠶ᠎ᠡ ᠳᠦ ᠲᠡᠦᠬᠡᠨ ᠳᠦ ᠨᠡᠷ᠎ᠡ ᠨᠢ ᠭᠠᠷᠤᠭᠰᠠᠨ ᠲᠣᠮᠣ ᠠᠶᠢᠮᠠᠭ ᠠᠵᠤ᠃ ᠤᠷᠢᠶᠠᠩᠬᠠᠢ ᠬᠡᠮᠡᠬᠦ ᠤᠭᠰᠠᠭᠠᠲᠠᠨ ᠤ ᠨᠡᠷ᠎ᠡ ᠬ ᠵᠠᠭᠤᠨ ᠤ ᠡᠬᠢ ᠪᠡᠷ ᠲᠡᠦᠬᠡᠨ ᠳᠦ ᠮᠡᠳᠡᠭᠳᠡᠬᠦ ᠪᠣᠯᠤᠭᠰᠠᠨ᠃ ᠲᠡᠳᠡ 902,963 ᠣᠨ ᠳᠤ ᠬᠢᠲᠠᠨ ᠤᠯᠤᠰ ᠲᠤ ᠠᠯᠪᠠ ᠪᠠᠷᠢᠵᠤ᠂ ᠬᠥᠲᠥᠴᠢ ᠬᠦᠮᠦᠨ᠂ ᠠᠯᠠᠭ ᠭᠥᠷ ᠡᠴᠡ ᠵᠡᠷᠭᠡ ᠶᠢ ᠬᠦᠷᠭᠡᠵᠦ ᠪᠠᠶᠢᠪᠠ᠃ ᠮᠣᠩᠭᠣᠯ ᠰᠤᠷᠪᠤᠯᠵᠢ ᠮᠡᠳᠡᠭᠡ ᠪᠡᠷ᠂ ᠴᠢᠩᠭᠢᠰ ᠬᠠᠭᠠᠨ ᠤ ᠳᠡᠭᠡᠳᠦ ᠡᠪᠦᠭᠡ ᠳᠣᠪᠤ ᠮᠡᠷᠭᠡᠨ ᠦ ᠦᠶ᠎ᠡ ᠳᠦ ᠤᠷᠢᠶᠠᠩᠬᠠᠢ ᠶᠢᠨ ᠵᠠᠷᠢᠮ ᠨᠢ ᠪᠤᠷᠬᠠᠨ ᠬᠠᠯᠳᠤᠨ ᠳᠤ ᠨᠤᠲᠤᠭᠯᠠᠵᠤ ᠪᠠᠶᠢᠴᠠᠢ᠃(ᠮᠣᠩᠭᠣᠯ ᠤᠨᠨᠢᠭᠤᠴᠠ ᠲᠣᠪᠴᠢᠶ᠎ᠠ᠂ 1975, ᠲ᠃ 20-21) ᠳᠣᠯᠤᠳᠤᠭᠠᠷ ᠵᠠᠭᠤᠨ ᠤ ᠦᠶ᠎ᠡ ᠳᠦ ᠤᠷᠢᠶᠠᠩᠬᠠᠢ ᠨᠠᠷ ᠢ ᠳᠣᠲᠣᠷ᠎ᠠ ᠨᠢ ᠣᠢ ᠶᠢᠨ ᠤᠷᠢᠶᠠᠩᠬᠠᠢ᠂ ᠲᠠᠯ᠎ᠠ ᠬᠡᠭᠡᠷ᠎ᠡ ᠶᠢᠨ ᠤᠷᠢᠶᠠᠩᠬᠠᠢ ᠬᠡᠮᠡᠨ ᠢᠯᠭᠠᠳᠠᠭ ᠪᠠᠶᠢᠴᠠᠢ᠃ ᠣᠢ ᠶᠢᠨ ᠤᠷᠢᠶᠠᠩᠬᠠᠳ ᠤᠨ ᠨᠤᠲᠤᠭ ᠤᠨ ᠡᠮᠦᠨᠡᠲᠦ ᠲᠠᠯ᠎ᠠ ᠨᠢ ᠬᠡᠨᠲᠡᠢ ᠶᠢᠨ ᠠᠭᠤᠯᠠ᠂ ᠬᠣᠶᠢᠳᠤ ᠲᠠᠯ᠎ᠠ ᠨᠢ ᠪᠠᠷᠭᠤᠵᠢᠨ ᠲᠥᠬᠥᠮ ᠬᠠᠪᠢᠶᠠᠷᠠ ᠰᠠᠭᠤᠭᠴᠢ ᠬᠣᠷᠢ ᠲᠦᠮᠡᠳ᠂ ᠪᠠᠷᠭᠤ ᠨᠠᠷᠠᠲᠠᠢ ᠵᠠᠬ᠎ᠠ ᠵᠠᠯᠭᠠᠵᠤ ᠪᠠᠶᠢᠴᠠᠢ᠃(ᠷᠠᠰᠢ ᠳᠤ ᠳᠤ ᠳ᠋ᠢᠩ᠂ 1952, ᠲ᠃121, 156-160) ᠲᠠᠯ᠎ᠠ ᠶᠢᠨ ᠪᠤᠶᠤ ᠢᠵᠠᠭᠤᠷᠲᠠᠨ ᠤ ᠮᠣᠩᠭᠣᠯᠴᠤᠳ ᠤᠨ ᠳᠣᠲᠣᠷᠠᠬᠢ ᠤᠷᠢᠶᠠᠩᠬᠠᠢ ᠨᠠᠷ ᠬᠣᠶᠢᠳᠤ ᠲᠠᠯ᠎ᠠ ᠪᠠᠷ ᠢᠶᠠᠨ ᠣᠢ ᠶᠢᠨ ᠤᠷᠢᠶᠠᠩᠬᠠᠢ ᠲᠠᠢ ᠬᠠᠶᠠᠭ᠎ᠠ ᠨᠡᠶᠢᠯᠡᠨ ᠬᠡᠨᠲᠡᠢ ᠶᠢᠨ ᠠᠤᠯᠠᠯᠠᠰ ᠢᠶᠠᠷ ᠨᠤᠲᠤᠭᠯᠠᠨ ᠰᠠᠭᠤᠵᠤ ᠪᠠᠶᠢᠴᠠᠢ᠃ (ᠣᠳᠣᠨ᠂ 1988, ᠲ᠃201-202) ᠡᠯᠵᠢᠭᠢᠳᠡᠢ ᠨᠣᠶᠠᠨ ᠠᠷᠪᠠᠨ ᠭᠤᠷᠪᠠᠳᠤᠭᠠᠷ ᠵᠠᠭᠤᠨ ᠤ ᠡᠬᠢᠨ ᠡᠴᠡ ᠬᠢᠩᠭᠠᠨ ᠤ ᠨᠢᠷᠤᠭᠤ᠂ ᠶᠡᠬᠡ ᠴᠠᠭᠠᠨ ᠬᠡᠷᠡᠮ ᠦᠨ ᠠᠷᠤ ᠪᠠᠷ ᠨᠤᠲᠤᠭᠯᠠᠵᠤ ᠪᠠᠶᠢᠴᠠᠢ᠃

14 ᠍ ᠳᠦᠭᠡᠷ ᠵᠠᠭᠤᠨ ᠳᠤ ᠤᠷᠢᠶᠠᠩᠬᠠᠢ ᠯᠢᠶᠣᠣᠨᠢᠨ᠂ ᠬᠡᠨᠲᠡᠢ ᠳᠦ ᠬᠤᠪᠢᠶᠠᠭᠳᠠᠨ ᠰᠠᠭᠤᠵᠤ ᠪᠠᠶᠢᠪᠠ᠃ ᠣᠳᠣ ᠶᠢᠨ ᠬᠢᠲᠠᠳ ᠤᠨ ᠯᠢᠶᠤᠤᠨᠢᠩ ᠮᠤᠵᠢ ᠳᠤ ᠨᠤᠲᠤᠭᠯᠠᠵᠤ ᠪᠠᠶᠢᠭᠰᠠᠨ ᠤᠷᠢᠶᠠᠩᠬᠠᠢ ᠶᠢᠨ ᠨᠠᠭᠠᠴᠤ ᠨᠣᠶᠠᠨ 1388 ᠣᠨ ᠳᠤ ᠬᠢᠲᠠᠳ ᠤᠨ ᠮᠢᠩ ᠤᠯᠤᠰ ᠲᠤ ᠪᠠᠭᠤᠵᠤ ᠥᠭᠬᠦ ᠳᠦ ᠲᠡᠭᠦᠨ ᠦ ᠬᠠᠷᠢᠶᠠᠲᠤ ᠤᠷᠢᠶᠠᠩᠬᠠᠶᠢᠴᠤᠳ ᠢ ᠳᠣᠶᠢᠨ᠂ ᠲᠠᠶᠢᠨᠢᠨ᠂ ᠹᠦ ᠢᠦᠢ ᠭᠡᠰᠡᠨ 3 ᠬᠠᠷᠠᠭᠤᠯ ᠳᠤ ᠬᠤᠪᠢᠶᠠᠨ ᠬᠢᠲᠠᠳ ᠤᠨ ᠬᠢᠯᠢ ᠬᠠᠮᠠᠭᠠᠯᠠᠭᠤᠯᠬᠤ ᠪᠣᠯᠤᠭᠰᠠᠨ ᠪᠠᠶᠢᠨ᠎ᠠ᠃ ᠡᠯ᠎ᠡ ᠤᠷᠢᠶᠠᠩᠬᠠᠢ ᠨᠠᠷ ᠪᠣᠯ ᠠᠷᠪᠠᠨ ᠭᠤᠷᠪᠠᠳᠤᠭᠠᠷ ᠵᠠᠭᠤᠨ ᠤ ᠡᠬᠢ ᠪᠡᠷ ᠴᠢᠩᠭᠢᠰ ᠬᠠᠭᠠᠨ ᠤ ᠠᠯᠲᠠᠨ ᠤᠷᠤᠭ ᠤᠨ ᠨᠣᠶᠠᠨ ᠡᠯᠵᠢᠭᠢᠳᠡᠢ ᠳᠦ ᠣᠴᠢᠭᠰᠠᠨ ᠤᠷᠢᠶᠠᠩᠬᠠᠢ ᠨᠠᠷ ᠮᠥᠨ ᠪᠣᠯᠤᠯᠲᠠᠢ ᠭᠡᠵᠦ ᠵᠠᠷᠢᠮ ᠰᠤᠳᠤᠯᠤᠭᠠᠴᠢᠳ ᠦᠵᠡᠵᠡᠢ᠃ ᠬᠡᠳᠦᠢ ᠪᠡᠷ ᠳᠡᠭᠡᠷᠡᠬᠢ 3 ᠬᠠᠷᠠᠭᠤᠯ ᠤᠨ ᠳᠣᠶᠢᠨ ᠬᠠᠷᠠᠭᠤᠯ ᠳᠤ ᠤᠷᠢᠶᠠᠩᠬᠠᠢ ᠨᠠᠷ ᠰᠠᠭᠤᠵᠤ᠂ ᠨᠥᠭᠥᠭᠡ ᠬᠣᠶᠠᠷ ᠲᠤ ᠨᠢ ᠦᠵᠢᠭᠡᠳ᠂ ᠣᠩᠭᠯᠢᠭ ᠤᠳ ᠪᠠᠶᠢᠭᠰᠠᠨ ᠪᠣᠯᠪᠠᠴᠤ ᠵᠠᠷᠢᠮ ᠪᠢᠴᠢᠭ ᠵᠣᠬᠢᠶᠠᠯ ᠳᠤ ᠤᠷᠢᠶᠠᠩᠬᠠᠢ ᠶᠢᠨ ᠭᠤᠷᠪᠠᠨ ᠬᠠᠷᠠᠭᠤᠯ᠂ ᠤᠷᠢᠶᠠᠩᠬᠠᠢ ᠶᠢᠨ ᠭᠤᠷᠪᠠᠨ ᠬᠢᠵᠠᠭᠠᠷ ᠭᠡᠬᠦᠴᠢᠯᠡᠨ ᠲᠡᠮᠳᠡᠭᠯᠡᠭᠰᠡᠭᠡᠷ ᠢᠷᠡᠵᠡᠢ᠃ ᠮᠣᠩᠭᠣᠯ ᠤᠯᠤᠰ 14 ᠍ ᠳᠦᠭᠡᠷ ᠵᠠᠭᠤᠨ ᠳᠤ ᠬᠢᠲᠠᠳ ᠲᠠᠢ ᠳᠠᠶᠢᠲᠤᠨ ᠠᠯᠠᠳᠠᠭᠰᠠᠨ ᠨᠤᠲᠤᠭ ᠢᠶᠠᠨ ᠡᠷᠭᠢᠭᠦᠯᠦᠨ ᠠᠪᠤᠭᠰᠠᠨ ᠤ ᠳᠠᠷᠠᠭ᠎ᠠ ᠤᠷᠢᠶᠠᠩᠬᠠᠢ ᠲᠦᠮᠡᠨ ᠢ ᠰᠡᠷᠭᠦᠭᠡᠨ ᠪᠠᠶᠢᠭᠤᠯᠵᠠᠢ᠃ ᠤᠷᠢᠶᠠᠩᠬᠠᠶᠢᠴᠤᠳ ᠪᠠᠲᠤᠮᠦ᠋ᠩᠬᠡ ᠶᠢᠨ ᠦᠶ᠎ᠡ ᠳᠦ ᠪᠣᠰᠤᠯᠭ᠎ᠠ ᠭᠠᠷᠭᠠᠭᠰᠠᠨ ᠲᠤᠯᠠ ᠪᠠᠲᠤᠮᠦ᠋ᠩᠬᠡ ᠬᠠᠭᠠᠨ ᠤᠷᠢᠶᠠᠩᠬᠠᠢ ᠲᠦᠮᠡᠨ ᠢ ᠪᠦᠷᠢᠮᠦᠰᠦᠨ ᠲᠠᠷᠠᠭᠠᠵᠤ ᠬᠦᠮᠦᠨ ᠠᠷᠠᠳ ᠢ ᠨᠢ ᠪᠤᠰᠤᠳ ᠲᠦᠮᠡᠨ ᠳᠦ ᠬᠡᠰᠡᠭ ᠬᠡᠰᠡᠭ ᠢᠶᠡᠷ ᠨᠢ ᠲᠠᠷᠠᠭᠠᠴᠠᠢ᠃

ᠤᠷᠢᠶᠠᠩᠬᠠᠢ ᠶᠢᠨ ᠪᠤᠰᠤᠳ ᠬᠡᠰᠡᠭ ᠨᠢ ᠬᠡᠨᠲᠡᠢ ᠶᠢᠨ ᠨᠢᠷᠤᠭᠤᠨᠳ ᠪᠠᠶᠢᠭᠰᠠᠨ ᠪᠠ ᠲᠡᠳᠡ 16 ᠍ ᠳᠦᠭᠡᠷ ᠵᠠᠭᠤᠨ ᠤ ᠡᠬᠢ ᠪᠡᠷ ᠬᠠᠩᠭᠠᠢ ᠶᠢᠨ ᠨᠢᠷᠤᠭᠤ ᠷᠤ ᠨᠡᠭᠦᠨ ᠣᠴᠢᠭᠰᠠᠨ ᠴᠤ ᠤᠳᠠᠯ ᠦᠭᠡᠢ ᠴᠢᠨᠠᠭᠰᠢᠯᠠᠨ ᠠᠯᠲᠠᠢ ᠶᠢᠨ ᠨᠢᠷᠤᠭᠤᠨ ᠳᠤ ᠣᠴᠢᠨ ᠣᠳᠣ ᠶᠢᠨ ᠠᠯᠲᠠᠢ ᠶᠢᠨ ᠤᠷᠢᠶᠠᠩᠬᠠᠢ ᠪᠣᠯᠵᠠᠢ᠃ ᠬᠠᠷᠢᠨ ᠬᠥᠪᠰᠥᠭᠥᠯ ᠦᠨ ᠠᠤᠯᠠᠯᠠᠰ ᠷᠤ ᠨᠡᠭᠦᠭᠰᠡᠨ ᠬᠡᠰᠡᠭ ᠨᠢ ᠬᠥᠪᠰᠥᠭᠥᠯ ᠦᠨ ᠤᠷᠢᠶᠠᠩᠬᠠᠢ ᠪᠣᠯᠤᠭᠰᠠᠨ ᠪᠠᠶᠢᠨ᠎ᠠ᠃ ᠠᠯᠲᠠᠢ ᠶᠢᠨ ᠤᠷᠢᠶᠠᠩᠬᠠᠢ ᠶᠢᠨ ᠵᠠᠷᠢᠮ ᠨᠢ ᠣᠶᠢᠷᠠᠳ ᠮᠣᠩᠭᠣᠯᠴᠤᠳ ᠲᠠᠢ ᠬᠠᠮᠲᠤ ᠢᠯᠢ᠂ ᠲᠠᠷᠪᠠᠭᠠᠲᠠᠢ ᠶᠢᠨ ᠨᠢᠷᠤᠭᠤ ᠷᠤ ᠨᠡᠭᠦᠭᠰᠡᠨ ᠪᠠᠶᠢᠨ᠎ᠠ᠃ ᠵᠦᠩᠭᠠᠷ ᠤᠨ ᠬᠠᠭᠠᠨᠲᠤ ᠤᠯᠤᠰ ᠍ ᠤᠨ ᠦᠶ᠎ᠡ ᠳᠦ ᠭᠠᠯᠳᠠᠨ ᠪᠣᠱᠤᠭᠳᠤ ᠬᠠᠭᠠᠨᠢ ᠤᠳᠤᠷᠢᠳᠤᠯᠭᠠᠨ ᠳᠣᠣᠷ᠎ᠠ ᠳᠠᠶᠢᠨ ᠲᠤᠯᠤᠭᠠᠨ ᠳᠤ ᠣᠷᠣᠯᠴᠠᠵᠤ ᠶᠠᠪᠤᠵᠠᠢ᠃

ᠠᠯᠲᠠᠢ ᠶᠢᠨ ᠤᠷᠢᠶᠠᠩᠬᠠᠶᠢᠴᠤᠳ ᠤᠨ ᠬᠤᠪᠴᠠᠰᠤ

ᠡᠨᠡ ᠣᠯᠠᠨ ᠵᠢᠯ ᠦᠨ ᠨᠡᠭᠦᠳᠡᠯ᠂ ᠰᠠᠭᠤᠳᠠᠯ ᠤᠨ ᠦᠶ᠎ᠡ ᠪᠡᠷ ᠤᠷᠢᠶᠠᠩᠬᠠᠢ ᠠᠶᠢᠮᠠᠭ ᠨᠢ ᠨᠤᠲᠤᠭᠰᠢᠨ ᠰᠠᠭᠤᠷᠢᠰᠢᠭᠰᠠᠨ ᠭᠠᠵᠠᠷ ᠤᠰᠤᠨ ᠤ ᠪᠠᠨ ᠨᠡᠷ᠎ᠡ ᠪᠡᠷ ᠬᠡᠨᠲᠡᠢ ᠶᠢᠨ ᠤᠷᠢᠶᠠᠩᠬᠠᠢ᠂ ᠬᠥᠪᠰᠥᠭᠥᠯ ᠦᠨ ᠤᠷᠢᠶᠠᠩᠬᠠᠢᠠᠯᠲᠠᠢ ᠶᠢᠨ ᠤᠷᠢᠶᠠᠩᠬᠠᠢ ᠭᠡᠵᠦ ᠨᠡᠷᠡᠯᠡᠭᠳᠡᠨ ᠢᠷᠡᠵᠡᠢ᠃ ᠣᠳᠣ ᠪᠠᠷ ᠬᠡᠨᠲᠡᠢ ᠶᠢᠨ ᠨᠢᠷᠤᠭᠤᠨ ᠳᠤ ᠨᠤᠲᠤᠭᠯᠠᠵᠤ ᠪᠠᠶᠢᠭᠰᠠᠨ ᠤᠷᠢᠶᠠᠩᠬᠠᠶᠢᠴᠤᠳ ᠭᠣᠪᠢ-ᠠᠯᠲᠠᠢ ᠠᠶᠢᠮᠠᠭ ᠤᠨ 5-6 ᠰᠤᠮᠤᠳᠠᠷ᠎ᠠ ᠲᠠᠷᠬᠠᠨ ᠨᠤᠲᠤᠭᠯᠠᠵᠤ᠂ ᠬᠠᠯᠬ᠎ᠠ ᠶᠠᠰᠤᠲᠠᠨ ᠤ ᠤᠷᠢᠶᠠᠩᠬᠠᠢ ᠣᠪᠤᠭ ᠭᠡᠵᠦ ᠨᠡᠷᠡᠯᠡᠭᠳᠡᠨ ᠠᠵᠤ ᠲᠥᠷᠦᠵᠢ ᠪᠠᠶᠢᠨ᠎ᠠ᠃ ᠬᠠᠷᠢᠨ ᠬᠥᠪᠰᠥᠭᠥᠯ ᠦᠨ ᠤᠷᠢᠶᠠᠩᠬᠠᠶᠢᠴᠤᠳ ᠬᠥᠪᠰᠥᠭᠥᠯ ᠠᠶᠢᠮᠠᠭ ᠤᠨ ᠨᠤᠲᠤᠭ ᠢᠶᠠᠷ᠂ ᠠᠯᠲᠠᠢ ᠶᠢᠨ ᠤᠷᠢᠶᠠᠩᠬᠠᠢᠴᠤᠤ ᠳᠤ ᠠᠯᠲᠠᠢ ᠶᠢᠨ ᠨᠢᠷᠤᠭᠤ ᠳᠠᠭᠠᠨ ᠨᠤᠲᠤᠭᠯᠠᠵᠤ ᠪᠠᠶᠢᠨ᠎ᠠ᠃

ᠲᠤᠸᠠ ᠪᠤᠶᠤ ᠲᠠᠨ ᠤᠨ ᠤᠷᠢᠶᠠᠩᠬᠠᠢ

ᠡᠳᠡᠭᠡᠷ ᠮᠣᠩᠭᠣᠯ ᠤᠨ ᠤᠷᠢᠶᠠᠩᠬᠠᠶᠢᠴᠤᠳ ᠠᠴᠠ ᠭᠠᠳᠠᠨ᠎ᠠ ᠣᠷᠣᠰ ᠬᠣᠯᠪᠣᠭᠠᠨ ᠤ ᠤᠯᠤᠰ ᠍ ᠤᠨ ᠪᠦᠭᠦᠳᠡ ᠨᠠᠶᠢᠷᠠᠮᠳᠠᠬᠤ ᠲᠤᠸᠠ ᠤᠯᠤᠰᠠᠳᠠ ᠪᠤᠢ ᠲᠤᠸᠠᠴᠤᠳ ᠢ ᠮᠥᠨ ᠲᠠᠨ ᠤᠨ ᠤᠷᠢᠶᠠᠩᠬᠠᠢ ᠭᠡᠵᠦ ᠨᠡᠷᠡᠯᠡᠵᠦ ᠢᠷᠡᠭᠰᠡᠨ ᠪᠠᠶᠢᠨ᠎ᠠ᠃ ᠡᠳᠡᠭᠡᠷ ᠨᠢ ᠲᠦᠷᠢᠭ ᠬᠡᠯᠡ᠂ ᠰᠤᠶᠤᠯ ᠲᠠᠢ ᠤᠭᠰᠠᠭᠠᠲᠠᠨ ᠪᠥᠭᠡᠳ XIV-ᠠᠷᠪᠠᠨ ᠲᠠᠪᠤᠳᠤᠭᠠᠷ ᠵᠠᠭᠤᠨ ᠤ ᠦᠶ᠎ᠡ ᠳᠦ ᠤᠷᠢᠶᠠᠩᠬᠠᠶᠢᠴᠤᠳ ᠬᠥᠪᠰᠥᠭᠥᠯ ᠨᠠᠭᠤᠷ ᠤᠨ ᠨᠤᠲᠤᠭ ᠷᠤ ᠨᠡᠭᠦᠵᠦ ᠨᠤᠲᠤᠭᠯᠠᠭᠰᠠᠨ ᠦᠶᠡᠰ ᠡᠬᠢᠯᠡᠨ ᠬᠥᠪᠰᠥᠭᠥᠯ ᠲᠡᠢ ᠵᠡᠷᠭᠡᠯᠡᠳᠡᠭᠡ ᠤᠷᠤᠰᠢᠬᠤ ᠲᠠᠨ ᠤᠨ ᠨᠢᠷᠤᠭᠤᠨ ᠤ ᠲᠤᠸᠠ ᠢᠷᠭᠡᠳ ᠤᠷᠢᠶᠠᠩᠬᠠᠢ ᠶᠢᠨ ᠨᠡᠷ᠎ᠡ ᠶᠢ ᠠᠪᠴᠤ ᠲᠠᠨ ᠤᠨ ᠤᠷᠢᠶᠠᠩᠬᠠᠢ ᠭᠡᠵᠦ ᠨᠡᠷᠡᠯᠡᠭᠳᠡᠬᠦ ᠪᠣᠯᠤᠭᠰᠠᠨ ᠶᠤᠮ᠃ ᠲᠡᠳᠡᠨ ᠦ ᠠᠭᠤᠭᠤᠯ ᠨᠡᠷ᠎ᠡ ᠨᠢ ᠲᠤᠸᠠ ᠪᠣᠯᠤᠨ᠎ᠠ᠃

ᠣᠳᠣ ᠤᠷᠢᠶᠠᠩᠬᠠᠢ ᠶᠢ ᠮᠣᠩᠭᠣᠯ ᠤᠷᠢᠶᠠᠩᠬᠠᠢ (ᠠᠯᠲᠠᠢ ᠶᠢᠨ ᠤᠷᠢᠶᠠᠩᠬᠠᠢ᠂ ᠬᠥᠪᠰᠥᠭᠥᠯ ᠦᠨ ᠤᠷᠢᠶᠠᠩᠬᠠᠢ), ᠲᠠᠩᠨᠠ ᠤᠷᠢᠶᠠᠩᠬᠠᠢ ᠭᠡᠰᠡᠨ ᠬᠣᠶᠠᠷ ᠦᠨᠳᠦᠰᠦᠨ ᠪᠦᠯᠦᠭ ᠲᠦ ᠬᠤᠪᠢᠶᠠᠳᠠᠭ᠃ ᠠᠯᠲᠠᠢ ᠶᠢᠨ ᠤᠷᠢᠶᠠᠩᠬᠠᠢ᠂ ᠬᠥᠪᠰᠥᠭᠥᠯ ᠦᠨ ᠤᠷᠢᠶᠠᠩᠬᠠᠢ ᠨᠢ ᠬᠡᠯᠡ ᠠᠶᠠᠯᠭᠤ ᠪᠠᠷ ᠢᠶᠠᠨ ᠢᠯᠭᠠᠷᠠᠳᠠᠭ ᠪᠣᠯ ᠪᠤᠷᠬᠠᠨ ᠬᠠᠯᠳᠤᠨ ᠳᠤ ᠦᠯᠡᠳᠡᠭᠰᠡᠨ ᠴᠥᠭᠡᠨ ᠤᠷᠢᠶᠠᠩᠬᠠᠶᠢᠴᠤᠳ ᠬᠡᠯᠡ᠂ ᠰᠤᠶᠤᠯ ᠢᠶᠠᠷ ᠬᠠᠯᠬ᠎ᠠ ᠠᠴᠠ ᠢᠯᠭᠠᠭᠳᠠᠳᠠᠭ ᠦᠭᠡᠢ᠃ ᠬᠥᠪᠰᠥᠭᠥᠯ ᠦᠨ ᠤᠷᠢᠶᠠᠩᠬᠠᠢ ᠶᠢᠨ ᠠᠶᠠᠯᠭ᠎ᠠ ᠬᠠᠯᠬ᠎ᠠ᠂ ᠠᠯᠲᠠᠢ ᠶᠢᠨ ᠤᠷᠢᠶᠠᠩᠬᠠᠢ ᠶᠢᠨ ᠬᠢ ᠣᠶᠢᠷᠠᠳ ᠠᠶᠠᠯᠭᠠᠨ ᠳᠤ ᠣᠷᠣᠨ᠎ᠠ᠃ ᠠᠯᠲᠠᠢ ᠶᠢᠨ ᠤᠷᠢᠶᠠᠩᠬᠠᠢ᠂ ᠬᠥᠪᠰᠥᠭᠥᠯ ᠦᠨ ᠤᠷᠢᠶᠠᠩᠬᠠᠶᠢᠴᠤᠳ ᠤᠨ ᠣᠪᠤᠭ ᠤᠳ ᠨᠢ ᠪᠦᠬᠦᠯᠢ ᠳᠦ ᠪᠡᠨ ᠮᠣᠩᠭᠣᠯ ᠪᠠᠶᠢᠳᠠᠭ᠃ ᠬᠠᠷᠢᠨ ᠲᠤᠸᠠᠴᠢ ᠨᠤᠭᠤᠳ ᠤᠨ ᠳᠤᠮᠳᠠ ᠮᠣᠩᠭᠣᠯ᠂ ᠲᠦᠷᠦᠭ ᠣᠪᠤᠭ ᠬᠣᠯᠢᠯᠳᠤᠨ ᠣᠷᠣᠵᠠᠢ᠃

ᠴᠢᠩᠭᠢᠰ ᠦᠨ ᠵᠠᠩᠵᠤᠨ ᠵᠡᠯᠮ᠎ᠡ ᠶᠢᠨ ᠨᠡᠷ᠎ᠡ ᠲᠡᠢ ᠵᠡᠯᠮᠡ ᠤᠷᠢᠶᠠᠩᠬᠠᠢ ᠣᠪᠤᠭ ᠮᠣᠩᠭᠣᠯ ᠳᠤ ᠪᠠᠶᠢᠭ᠎ᠠ ᠨᠢ ᠤᠷᠢᠶᠠᠩᠬᠠᠶᠢᠴᠤᠳ ᠤᠨ ᠲᠡᠦᠬᠡ ᠭᠠᠷᠤᠯ ᠢ ᠲᠣᠪ ᠲᠣᠳᠣᠷᠬᠠᠢ ᠢᠯᠡᠷᠬᠡᠶᠢᠯᠡᠵᠦ ᠪᠤᠢ ᠬᠡᠷᠡᠭ ᠶᠤᠮ᠃

ᠲᠠᠶᠢᠯᠪᠤᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠣᠮ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠠ᠃ᠣᠴᠢᠷ᠂ ᠴ᠃ᠪᠠᠰᠠᠩᠳᠣᠷᠵᠢ᠃ 《ᠣᠶᠢᠷᠠᠳ ᠬᠤᠷᠢᠮ ᠤᠨ ᠶᠣᠰᠣᠨ》

ᠪᠢᠴᠢᠭᠡᠰᠦ