ᠤᠷᠠᠳ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠣᠷᠠᠳ ᠨᠤᠲᠤᠭ ᠪᠤᠯ ᠬᠠᠲᠤᠨ ᠭᠤᠤᠯ  ᠤᠨ ᠬᠤᠶᠢᠲᠤ ᠬᠦᠪᠡᠭᠡ ᠂ ᠮᠤᠨᠠ ᠠᠭᠤᠯᠠ  ᠶᠢᠨ ᠠᠷᠤ ᠦᠪᠦᠷ ᠂ ᠭᠠᠯᠪᠠ  ᠶᠢᠨ ᠭᠤᠪᠢ  ᠶᠢᠨ ᠭᠦᠨ  ᠳᠤ ᠬᠦ᠋ᠢᠷᠲᠡᠯ᠎ᠡ  ᠨᠤᠳᠣᠭᠰᠢᠵᠤ ᠪᠠᠶᠢᠭ᠎ᠠ ᠮᠤᠩᠭᠤᠯ ᠤᠪᠤᠭ ᠠᠶᠢᠮᠠᠭ  ᠤᠨ  ᠨᠢᠭᠡ  ᠶᠤᠮ ᠃ ᠪᠤᠳᠠᠲᠠᠢ  ᠪᠡᠷ ᠬᠡᠯᠡᠪᠡᠯ ᠂ ᠪᠠᠷᠠᠭᠤᠨᠰᠢ ᠠᠯᠠᠱᠠ ᠵᠡᠭᠦᠨ ᠬᠤᠰᠢᠭᠤ  ᠲᠠᠢ ᠵᠠᠬ᠎ᠠ  ᠨᠡᠶᠢᠯᠡᠵᠦ ᠂ ᠬᠤᠶᠢᠰᠢ ᠮᠤᠩᠭᠤᠯ ᠤᠯᠤᠰ  ᠤᠨ ᠡᠮᠦᠨ᠎ᠡ ᠭᠤᠪᠢ ᠠᠢᠮᠠᠭ  ᠲᠠᠢ ᠬᠢᠯᠢᠯᠡᠵᠦ ᠂ ᠵᠡᠭᠦᠨᠰᠢ ᠪᠤᠭᠤᠳᠣ ᠬᠤᠲᠠ  ᠶᠢᠨ ᠪᠠᠷᠠᠭᠤᠨ ᠬᠡᠰᠡᠭ  ᠢ ᠪᠠᠭᠲᠠᠭᠠᠨ ᠂ ᠳᠠᠷᠬᠠᠨ ᠮᠤᠤᠮᠢᠩᠭᠠᠨ ᠬᠤᠰᠢᠭᠤ  ᠲᠠᠢ ᠬᠦ᠋ᠢᠷᠰᠢᠯᠡᠵᠦ ᠂ ᠡᠮᠤᠨᠡᠰᠢ ᠤᠷᠳᠣᠰ ᠬᠤᠲᠠ  ᠶᠢᠨ ᠬᠠᠩᠭᠢᠨ ᠂ ᠳᠠᠯᠠᠳ ᠬᠤᠰᠢᠭᠤ  ᠲᠠᠢ ᠬᠠᠲᠤᠨ ᠭᠤᠤᠯ  ᠢᠶᠡᠷ ᠵᠠᠭᠠᠭᠯᠠᠵᠤ ᠪᠠᠶᠢᠳᠠᠭ ᠃ᠣᠷᠠᠳᠴᠤᠳ ᠪᠤᠯ ᠣᠣᠯ  ᠨᠢ ᠬᠦᠯᠦᠨ ᠪᠤᠶᠢᠷ  ᠤᠨ ᠲᠠᠯ᠎ᠠ  ᠨᠤᠲᠤᠭ  ᠲᠤ ᠠᠮᠢᠳᠣᠷᠠᠵᠤ ᠪᠠᠶᠢᠭᠰᠠᠨ ᠂ ᠬᠠᠪᠤᠲᠤ ᠬᠠᠰᠠᠷ  ᠤᠨ ᠦᠷ᠎ᠡ ᠬᠤᠶᠢᠴᠢᠰ  ᠤᠨ ᠡᠵᠡᠮᠳᠡᠵᠦ ᠵᠠᠬᠢᠷᠴᠤ ᠪᠠᠶᠢᠭᠰᠠᠨ ᠤᠯᠠᠨ ᠤᠪᠤᠭ ᠠᠶᠢᠮᠠᠭ  ᠤᠨ  ᠨᠢᠭᠡᠨ ᠪᠤᠯᠤᠨ᠎ᠠ ᠃

ᠣᠷᠠᠳ ᠭᠡᠳᠡᠭ  ᠨᠡᠷ᠎ᠡ  ᠶᠢᠨ ᠢᠷᠡᠯᠲᠡ  ᠶᠢ ᠦᠵᠡᠪᠡᠯ ᠤᠯᠠᠩᠬᠢ ᠡᠷᠳᠡᠮᠲᠡᠳ  ᠤᠨ ᠰᠣᠳᠣᠯᠣᠭᠰᠠᠨ  ᠢᠶᠡᠷ ᠂ ᠂ ᠮᠤᠩᠭᠤᠯ  ᠤᠨ ᠤᠯᠠᠨ ᠤᠪᠤᠭ ᠠᠶᠢᠮᠠᠭ  ᠤᠳ  ᠤᠨ ᠳᠣᠲᠤᠷ᠎ᠠ ᠂ ᠭᠠᠷ ᠤᠷᠠᠨ  ᠨᠢᠭᠡ ᠪᠦ᠋ᠯᠦᠭ ᠮᠡᠷᠭᠡᠵᠢᠯ  ᠤᠨ ᠬᠦ᠋ᠮᠦᠰ  ᠢ ᠠᠰ ᠲᠤᠨᠢ ᠤᠲᠤᠭ ᠪᠤᠶᠤ ᠠᠶᠢᠮᠠᠭ ᠪᠤᠯᠭᠠᠨ ᠵᠤᠬᠢᠶᠠᠨ ᠪᠠᠶᠢᠭᠤᠯᠵᠤ ᠂ ᠳᠣᠰᠬᠠᠶᠢᠯᠠᠨ ᠵᠡᠷ ᠵᠡᠪᠰᠡᠭ ᠂ ᠡᠳᠯᠡᠯ ᠬᠡᠷᠡᠭᠰᠡᠯ ᠂ ᠭᠡᠷ ᠤᠷᠳᠣᠨ  ᠤ ᠪᠠᠷᠢᠯᠭ᠎ᠠ ᠴᠢᠮᠡᠭᠯᠡᠯ ᠵᠡᠷᠭᠡ ᠤᠯᠠᠨ ᠲᠦ᠋ᠷᠦᠯ  ᠤᠨ ᠭᠠᠷ ᠦᠢᠯᠡᠳᠪᠦᠷᠢᠯᠡᠯ  ᠤᠨ ᠠᠵᠤ ᠦᠢᠯᠡᠰ  ᠢ ᠡᠷᠬᠢᠯᠡᠭᠰᠡᠨ ᠨᠡᠶᠢᠭᠡᠮ  ᠤᠨ ᠬᠠᠮᠲᠤᠯᠢᠭ  ᠢ ᠤᠷᠠᠳ ᠬᠡᠮᠡᠨ  ᠨᠡᠷᠡᠯᠡᠵᠦ ᠵᠢᠭᠠᠵᠦ ᠪᠠᠶᠢᠭᠰᠠᠨ ᠃

ᠬᠠᠪᠤᠲᠤ ᠬᠠᠰᠠᠷ  ᠥᠷ᠋ ᠡ ᠠᠴᠢᠨᠠᠷ ᠦᠨ ᠬᠠᠷᠢᠶᠠᠨ  ᠦ ᠬᠤᠷᠴᠢᠨ ᠲᠦᠮᠡᠨ ᠨᠢ ᠶᠡᠬᠡ ᠶᠤᠧᠠᠨ ᠭᠦᠷᠦᠨ  ᠦ ᠦᠶ ᠡ(1206ᠡᠴᠡ1368ᠤᠨ ᠳᠤ ᠶᠡᠬᠡ ᠶᠤᠣᠠᠨ ᠤᠯᠤᠰ  ᠦᠨ ᠵᠡᠭᠦᠨ ᠭᠡᠰᠡᠭ  ᠦᠨ ᠦᠷᠭᠡᠨ ᠠᠭᠤᠳᠠᠮ ᠨᠤᠲᠤᠭ᠂ ᠡᠳᠦᠭᠡ  ᠢᠢᠨ ᠱᠠᠨᠳᠦᠢᠩ ᠂ ᠯᠢᠶᠤᠤᠳᠦᠢᠩ ᠬᠤᠢᠢᠭ ᠢ ᠪᠠᠭᠲᠠᠭᠠᠭᠰᠠᠨ ᠵᠡᠭᠦᠨ ᠬᠤᠢᠢᠲᠤ  ᠢᠢᠨ ᠭᠤᠷᠪᠠᠨ ᠮᠤᠵᠢ ᠪᠤᠯᠤᠨ ᠦᠪᠦᠷ ᠮᠤᠩᠭᠤᠯ  ᠦᠨ ᠦᠪᠡᠷᠲᠡᠭᠡᠨ ᠵᠠᠰᠠᠬᠤ ᠤᠷᠤᠨ  ᠦ ᠵᠡᠭᠦᠨ ᠪᠡᠶ ᠡ᠂ᠮᠤᠩᠭᠤᠯ ᠤᠯᠤᠰ  ᠦᠨ ᠵᠡᠭᠦᠨ ᠬᠡᠰᠡᠭ᠂ᠤᠷᠤᠰ  ᠦᠨ ᠬᠤᠯᠪᠤᠭᠠᠨ  ᠦ ᠤᠯᠤᠰ  ᠦᠨ ᠵᠡᠭᠦᠨ ᠤᠷᠢᠳᠤ ᠪᠡᠶ ᠡ  ᠢᠢᠨ ᠨᠤᠲᠤᠭ  ᠢ ᠡᠵᠡᠯᠡᠵᠦ ᠪᠠᠢᠭᠰᠠᠨ ᠪᠦᠭᠡᠳ ᠠᠷᠪᠠᠨ ᠲᠠᠪᠤᠳᠤᠭᠠᠷ ᠵᠠᠭᠤᠨ ᠪᠤᠯᠬᠤ ᠳᠤ ᠮᠤᠩᠭᠤᠯ  ᠦᠨ ᠤᠯᠠᠨ ᠠᠢᠢᠮᠠᠭ ᠳᠤᠲᠤᠷ ᠠ ᠬᠠᠮᠤᠭ ᠬᠦᠴᠦᠷᠭᠡᠭ ᠬᠠᠮᠲᠤ  ᠢᠢᠨ ᠲᠤᠮᠤᠬᠠᠨ ᠪᠦᠯᠦᠭᠯᠡᠯ ᠪᠤᠯᠤᠭᠰᠠᠨ ᠪᠠᠢᠨ᠋᠌ ᠠ᠃ᠠᠷᠪᠠᠨ ᠲᠠᠪᠤᠳᠤᠭᠠᠷ ᠵᠠᠭᠤᠨ  ᠦ ᠡᠬᠢ ᠪᠡᠷ᠂ᠬᠠᠪᠤᠲᠤ ᠬᠠᠰᠠᠷ  ᠦᠨ ᠲᠤᠯᠤᠳᠤᠭᠠᠷ ᠦᠶ ᠡ  ᠢᠢᠨ ᠠᠴᠢ ᠪᠤᠯᠬᠤ ᠠᠰᠬᠠᠯᠲᠠᠢ ᠪᠡᠷ ᠦᠪᠡᠷ  ᠦᠨ ᠬᠠᠷᠢᠶᠠᠲᠤ ᠠᠢᠢᠮᠠᠭ ᠪᠤᠯᠬᠤ ᠬᠤᠱᠤᠳ ᠠᠢᠢᠮᠠᠭ  ᠢ ᠳᠠᠭᠠᠭᠤᠯᠵᠤ ᠤᠢᠢᠷᠠᠳ ᠲᠥ ᠨᠡᠭᠦᠨ ᠶᠠᠪᠤᠭᠰᠠᠨ ᠡᠴᠡ ᠬᠤᠷᠴᠢᠨ ᠲᠦᠮᠡᠨ  ᠦ ᠬᠤᠯᠪᠤᠭ᠋ ᠠ ᠵᠠᠳᠠᠷᠠᠵᠤ ᠡᠬᠢᠯᠡᠵᠠᠢ᠃ᠤᠮᠠᠷᠠᠳᠤ ᠶᠤᠧᠠᠨ  ᠦ ᠪᠤᠳᠢ ᠠᠯᠠᠭ ᠬᠠᠭᠠᠨ(1504ᠡᠴᠡ 1547ᠤᠨ) ᠦ ᠦᠶ ᠡ ᠪᠡᠷ ᠬᠠᠪᠤᠲᠤ ᠬᠠᠰᠠᠷ  ᠦᠨ ᠠᠷᠪᠠᠨ ᠭᠤᠷᠪᠠᠳᠤᠭᠠᠷ ᠬᠠᠭᠠᠨ ᠦ ᠠᠴᠢ ᠪᠤᠯᠬᠤ ᠲᠦᠮᠡᠢ ᠵᠠᠶᠠᠭᠠᠴᠢ ᠨᠤᠶᠠᠨ ᠪᠡᠷ ᠬᠡᠷᠡᠭ ᠳᠡᠭᠡᠷ ᠡ ᠪᠡᠨ ᠨᠡᠢᠢᠲᠡ ᠬᠤᠷᠴᠢᠨ ᠲᠦᠮᠡᠨ  ᠦ ᠶᠡᠷᠤᠩᠬᠡᠢ ᠮᠡᠳᠡᠭᠴᠢ ᠪᠠᠢᠵᠠᠢ᠃ᠡᠨᠡᠬᠦ ᠲᠦᠮᠡᠨ ᠵᠠᠶᠠᠭᠠᠴᠢ ᠨᠤᠶᠠᠨ  ᠦ ᠤᠳᠬᠤᠨ ᠬᠦᠪᠡᠭᠦᠨ ᠪᠤᠯᠬᠤ ᠪᠤᠷᠬᠠᠢ ᠨᠤᠶᠠᠨ ᠦ ᠬᠠᠷᠢᠶᠠᠲᠤ ᠪᠤᠯ ᠬᠤᠷᠴᠢᠨ ᠲᠦᠮᠡᠨ  ᠦ ᠵᠡᠭᠦᠨ ᠭᠠᠷ  ᠦᠨ ᠳᠤᠯᠤᠭᠠᠨ ᠤᠳᠤᠭ  ᠦᠨ ᠨᠢᠭᠡ ᠪᠤᠯᠬᠤ ᠤᠷᠠᠳ ᠠᠢᠢᠮᠠᠭ ᠮᠦᠨ ᠪᠠᠢᠢᠵᠠᠢ᠃ ᠲᠡᠷᠡ ᠪᠡᠷ ᠬᠠᠷᠢᠶᠠᠲᠤ ᠨᠤᠲᠤᠭ ᠡᠢᠡᠨ ᠳᠠᠭᠠᠭᠤᠯᠵᠤ ᠡᠷᠭᠦᠨ᠌ ᠡ ᠭᠤᠤᠯ  ᠦᠨ ᠰᠠᠪᠠ ᠭᠠᠵᠠᠷ ᠬᠦᠷᠴᠤ ᠨᠤᠲᠤᠭᠯᠠᠨ᠂ ᠠᠷᠪᠠᠨ ᠵᠢᠷᠭᠤᠳᠤᠭᠠᠷ ᠵᠠᠭᠤᠨ ᠦ ᠰᠡᠭᠦᠯᠴᠢ ᠪᠡᠷ ᠡᠮᠦᠨᠡᠰᠢ ᠳᠦᠷᠢᠨ ᠶᠡᠬᠡ ᠬᠢᠩᠭᠠᠨ ᠳᠠᠪᠠᠭᠠ   ᠦ ᠪᠠᠷᠠᠭᠤᠨ ᠤᠷᠢᠳᠤ ᠪᠡᠯ ᠂ ᠬᠦᠯᠦᠨ ᠨᠠᠭᠤᠷ᠂ ᠪᠦᠢᠷ ᠨᠠᠭᠤᠷ ᠡᠴᠡ ᠤᠮᠠᠷᠠᠰᠢ ᠦᠷᠭᠡᠨ ᠠᠭᠤᠳᠠᠮ ᠲᠠᠯ ᠠ ᠨᠤᠲᠤᠭ ᠲᠦ ᠠᠮᠢᠳᠤᠷᠠᠵᠤ ᠪᠠᠢᠢᠵᠠᠢ᠃

ᠪᠤᠷᠬᠠᠢ ᠨᠤᠶᠠᠨ ᠡᠴᠡ ᠯᠠᠢᠭ᠋ ᠠ᠂ᠪᠤᠶᠠᠩᠬᠤ ᠂ᠠᠷᠰᠠᠬᠤ᠂ ᠪᠦᠷᠦᠲᠤ ᠂ᠪᠠᠷᠰᠠᠢ ᠭᠡᠭᠦ ᠲᠠᠪᠤᠨ ᠬᠦᠪᠡᠭᠦᠨ ᠵᠠᠶᠠᠭᠠᠭᠰᠠᠨ ᠪᠦᠭᠡᠳ ᠠᠷᠪᠠᠨ ᠳᠤᠯᠤᠳᠤᠭᠠᠷ ᠵᠠᠭᠤᠨ ᠦ ᠡᠬᠢ ᠪᠡᠷ ᠯᠠᠢᠭ᠋ ᠠ ᠢᠢᠨ ᠠᠴᠢ ᠲᠦᠮᠡᠨ ᠳᠠᠷᠬᠠᠨ ᠲᠠᠢᠵᠢ ᠤᠮᠪᠤ (?-1635ᠤᠨ)᠂ᠪᠠᠷᠰᠠᠢ  ᠢᠢᠨ ᠬᠤᠶᠠᠳᠤᠭᠠᠷ ᠬᠦᠪᠡᠭᠦᠨ ᠬᠠᠨᠢᠰ ᠴᠢᠩ ᠲᠠᠢᠵᠢ  ᠢᠢᠨ ᠠᠴᠢ ᠢᠯᠳᠦᠨ ᠬᠤᠰᠢᠭᠤᠴᠢ ᠰᠡᠷᠡᠩ(? —1637ᠤᠨ)᠂ᠮᠦᠨ ᠪᠠᠷᠰᠠᠢ  ᠢᠢᠨ ᠲᠠᠪᠤᠳᠤᠭᠠᠷ ᠬᠦᠪᠡᠭᠦᠨ ᠬᠠᠨᠢᠲᠠᠢ ᠪᠢᠩᠳᠤ ᠸᠠᠩ ᠢᠢᠨ ᠬᠦᠪᠡᠭᠦᠨ ᠲᠤᠤᠪᠠ ᠡᠷᠬᠡ ᠲᠠᠢᠢᠵᠢ (? —1656ᠤᠨ)ᠭᠤᠷᠪᠠᠭᠤᠯᠠ ᠤᠷᠠᠳ ᠠᠢᠢᠮᠠᠭ  ᠢ ᠦᠪᠯᠡᠨ ᠠᠪᠬᠤ  ᠳᠤ ᠪᠡᠨ ᠨᠤᠲᠤᠭ ᠪᠡᠯᠴᠢᠭᠡᠷ ᠦᠨ ᠭᠠᠵᠠᠷ ᠵᠦᠢ  ᠢᠢᠨ ᠪᠠᠢᠷᠢᠰᠢᠯ  ᠢᠶᠡᠷ  ᠨᠢ ᠡᠮᠦᠨ᠎ᠡ ᠂ ᠳᠣᠮᠳᠠᠳᠣ ᠂ ᠬᠤᠶᠢᠲᠤ ( ᠤᠮᠠᠷ᠎ᠠ ) ᠭᠤᠷᠪᠠᠨ ᠰᠠᠯᠠᠭ᠎ᠠ ᠪᠤᠯᠭᠠᠨ ᠬᠤᠪᠢᠶᠠᠵᠤ ᠰᠠᠯᠭᠠᠭᠠᠳ ᠲᠤᠰ ᠲᠤᠰ ᠠᠬᠠᠯᠠᠨ ᠪᠠᠶᠢᠭᠰᠠᠨ  ᠶᠤᠮ ᠪᠠᠶᠢᠨ᠎ᠠ ᠃ ᠡᠨᠡᠬᠦ ᠭᠤᠷᠪᠠᠨ ᠰᠠᠯᠠᠭ᠎ᠠ ᠤᠷᠠᠳ ᠠᠶᠢᠮᠠᠭ  ᠤᠨ ᠠᠬᠠᠯᠠᠭᠴᠢᠳ  ᠨᠢ ᠡᠳᠦᠭᠡ  ᠶᠢᠨ ᠬᠦᠯᠦᠨ ᠪᠤᠢᠢᠷ ᠬᠤᠲᠠ  ᠢᠢᠨ ᠬᠠᠭᠤᠴᠢᠨ ᠪᠠᠷᠭᠤ ᠬᠤᠰᠢᠭᠤᠨ  ᠦ ᠬᠢᠯᠢ ᠲᠤᠳᠤᠷ ᠠ ᠪᠠᠢᠢᠬᠤ ᠶᠤᠰᠤᠲᠠᠢ ᠬᠦᠪᠲᠤ ᠂ ᠨᠠᠢᠮᠠᠨᠴᠠᠭᠠᠨ ᠵᠡᠷᠭᠡ ᠭᠠᠵᠠᠷ ᠦᠳ ᠲᠥ ᠪᠠᠢᠢᠳᠠᠭ ᠪᠠᠢᠨ᠌ ᠠ ᠃

ᠨᠡᠶᠢᠲᠡ  ᠶᠢᠨ ᠤᠨ ᠲᠤᠭᠠᠯᠠᠯ  ᠤᠨ1630 ᠤᠨ ᠪᠤᠯᠬᠤ  ᠳᠤ ᠂ ᠬᠠᠪᠤᠲᠤ ᠬᠠᠰᠠᠷ  ᠤᠨ ᠦᠷ᠎ᠡ ᠠᠴᠢᠨᠠᠷ  ᠤᠨ ᠬᠠᠷᠢᠶᠠᠨ  ᠤ ᠭᠤᠤᠯ ᠭᠤᠤᠯ ᠤᠪᠤᠭ ᠠᠶᠢᠮᠠᠭ  ᠤᠳ  ᠨᠢ ᠬᠤᠶᠢᠲᠤ ᠠᠯᠳᠠᠨ ᠤᠯᠤᠰ  ᠤᠨ ᠡᠵᠡᠨ ᠬᠠᠭᠠᠨ  ᠢ ᠡᠶᠡᠯᠳᠦᠨ ᠳᠠᠭᠠᠬᠤ  ᠪᠡᠷ ᠢᠯᠡᠷᠭᠡᠶᠢᠯᠡᠬᠦ ᠦᠶᠡᠰ ᠭᠤᠷᠪᠠᠨ ᠰᠠᠯᠠᠭ᠎ᠠ ᠤᠷᠠᠳ ᠠᠶᠢᠮᠠᠭ  ᠤᠨ  ᠨᠤᠶᠠᠳ  ᠴᠤ ᠪᠠᠭᠲᠠᠭᠰᠠᠨ ᠪᠦ᠋ᠭᠡᠳ ᠬᠤᠶᠢᠲᠤ ᠠᠯᠳᠠᠨ ᠤᠯᠤᠰ ᠂ ᠴᠢᠩ ᠤᠯᠤᠰ  ᠤᠨ ᠡᠮᠦᠨ᠎ᠡ  ᠠᠴᠠ ᠬᠡᠳᠦᠨ ᠠᠷᠪᠠᠨ ᠵᠢᠯ ᠳᠠᠶᠢᠨ  ᠳᠤ ᠮᠤᠷᠳᠠᠭᠰᠠᠨ ᠪᠠᠶᠢᠨ᠎ᠠ ᠃

ᠴᠢᠩ ᠤᠯᠤᠰ  ᠦᠨ ᠡᠶᠡᠪᠡᠷ ᠵᠠᠰᠠᠭᠴᠢ  ᠢᠢᠨ ᠲᠠᠪᠤᠳᠤᠭᠠᠷ ᠤᠨ (1648)ᠤᠨ  ᠳᠦ  ᠨᠤᠲᠤᠭ ᠪᠡᠯᠴᠢᠭᠡᠷ ᠬᠤᠪᠢᠶᠠᠵᠤ ᠤᠯᠭᠤᠬᠤ  ᠶᠡᠬᠡ ᠴᠢᠭᠤᠯᠭᠠᠨ ᠴᠢᠭᠤᠯᠬᠤ  ᠳᠤ ᠂ ᠤᠷᠠᠳ ᠠᠢᠢᠮᠠᠭ  ᠢ ᠲᠠᠢᠢᠨ  ᠦ ᠭᠠᠪᠢᠶ ᠠ ᠲᠠᠢ ᠬᠡᠮᠡᠨ ᠭᠤᠷᠪᠠᠨ ᠰᠠᠯᠠᠭ᠎ᠠ ᠣᠷᠠᠳ ᠠᠶᠢᠮᠠᠭ  ᠢ ᠪᠠᠷᠠᠭᠤᠨ ᠂ᠵᠡᠭᠦᠨ ᠂ ᠳᠤᠮᠳᠠ ᠬᠦᠩ ᠭᠤᠷᠪᠠᠨ ᠬᠤᠰᠢᠭᠤ ᠪᠤᠯᠭᠠᠨ ᠦᠭᠡᠷᠡᠴᠢᠯᠡᠵᠦ ᠂ ᠤᠪᠠᠨ  ᠢ ᠤᠯᠤᠰ  ᠤᠨ ᠲᠦ᠋ᠰᠢᠶ᠎ᠡ ᠭᠦᠩ ᠡᠷᠭᠦᠮᠵᠢᠯᠡᠵᠦ ᠤᠷᠠᠳ  ᠦᠨ ᠡᠮᠦᠨᠡᠲᠤ ᠬᠤᠰᠢᠭᠤ  ᠢᠢ ᠰᠠᠬᠢᠭᠤᠯᠤᠨ᠂ᠡᠷᠭᠡ ᠲᠠᠢᠢᠵᠢ ᠲᠤᠪᠠ  ᠢᠢ ᠤᠯᠤᠰ  ᠦᠨ ᠲᠤᠰᠢᠶ ᠠ ᠬᠦᠩ ᠡᠷᠭᠦᠮᠵᠢᠯᠡᠨᠤᠷᠠᠳ  ᠦᠨ ᠬᠤᠢᠢᠲᠤ ᠬᠤᠰᠢᠭᠤ  ᠢᠢ ᠮᠡᠳᠡᠭᠦᠯᠵᠦ᠂ᠪᠠᠭᠪᠠᠬᠠᠢ  ᠢᠢ ᠤᠯᠤᠰ ᠲᠤᠷ ᠲᠤᠰᠠᠯᠠᠭᠴᠢ ᠬᠦᠩ ᠡᠷᠭᠦᠮᠵᠢᠯᠡᠨ᠂ ᠤᠷᠠᠳ ᠦᠨ ᠲᠤᠮᠳᠠᠳᠤ ᠬᠤᠰᠢᠭᠤ  ᠢᠢ ᠮᠡᠳᠡᠭᠦᠯᠦᠨ ᠴᠦᠮ ᠵᠠᠰᠠᠭ ᠪᠤᠯᠭᠠᠵᠤ ᠂ᠦᠶ ᠡ ᠤᠯᠠᠷᠢᠨ ᠵᠠᠯᠭᠠᠮᠵᠢᠭᠤᠯᠬᠤ ᠪᠤᠯᠪᠠ ᠃  ᠡᠭᠦᠨ ᠦ ᠬᠠᠮᠲᠤ ᠂ᠳᠠᠯᠠᠨ ᠬᠠᠷ ᠠ ᠠᠭᠤᠯᠠ  ᠢᠢᠨ ᠪᠠᠷᠠᠭᠤᠨ ᠬᠡᠰᠡᠭ᠂ᠮᠤᠨᠠ ᠠᠭᠤᠯᠠ ᠂ᠬᠤᠶᠠᠷ ᠪᠤᠭᠳᠠ  ᠢᠢᠨ ᠠᠭᠤᠯᠠ  ᠢᠢᠨ ᠠᠷᠤ ᠦᠪᠦᠷ ᠂ᠶᠡᠬᠡ ᠭᠤᠪᠢ ᠡᠴᠡ ᠡᠮᠦᠨᠡᠰᠢ ᠂ᠬᠠᠲᠤᠨ ᠭᠤᠤᠯ ᠡᠴᠡ ᠬᠤᠢᠰᠢᠬᠢ ᠦᠷᠭᠡᠨ ᠠᠭᠤᠳᠠᠮ ᠭᠠᠵᠠᠷ ᠢ ᠤᠷᠠᠳ  ᠦᠨ ᠭᠤᠷᠪᠠᠨ ᠭᠦᠩ ᠦᠨ ᠬᠤᠰᠢᠭᠤᠨ  ᠦ ᠪᠡᠯᠴᠢᠭᠡᠷ ᠪᠤᠯᠭᠠᠨ ᠬᠤᠪᠢᠳᠠᠵᠦ ᠤᠯᠭᠤᠵᠠᠢ᠃ ᠡᠨᠡ ᠪᠤᠯ ᠤᠷᠠᠳ  ᠤᠨ ᠭᠤᠷᠪᠠᠨ ᠭᠦᠩ ᠦᠨ ᠬᠤᠰᠢᠭᠤᠨ  ᠦ ᠡᠬᠢ ᠢᠷᠡᠯᠲᠡ ᠪᠤᠯᠬᠤ ᠪᠠ ᠤᠪᠠᠨ᠂ᠪᠠᠭᠪᠠᠬᠠᠢ᠂ ᠲᠤᠪᠠ ᠭᠤᠷᠪᠠ ᠪᠤᠯ ᠤᠷᠠᠳ  ᠦᠨ ᠭᠤᠷᠪᠠᠨ ᠬᠦᠩ ᠦᠨ ᠬᠤᠰᠢᠭᠤᠨ ᠦ ᠠᠩᠬᠠᠳᠠᠭᠴᠢ ᠵᠠᠰᠠᠭ ᠨᠤᠶᠠᠨ ᠶᠤᠮ᠃

ᠴᠢᠩ ᠤᠯᠤᠰ ᠦᠨ ᠬᠠᠭᠠᠨ ᠡᠵᠡᠨ  ᠪᠡᠷ ᠮᠤᠩᠭᠤᠯ  ᠦᠨ ᠵᠦ᠋ᠩᠭᠠᠷ ᠬᠠᠭᠠᠨᠳᠤ ᠤᠯᠤᠰ  ᠦᠨ ᠭᠠᠯᠳᠠᠨ ᠪᠤᠱᠤᠭᠳᠤ ᠬᠠᠭᠠᠨ ᠪᠤᠯᠤᠨ ᠭᠤᠪᠢ  ᠶᠢᠨ ᠠᠷᠣ  ᠪᠡᠷ ᠬᠢ ᠬᠠᠯᠬ᠎ᠠ ᠠᠶᠢᠮᠠᠭ  ᠤᠳ  ᠦᠨ ᠲᠠᠭᠠᠷᠢᠯᠳᠠ ᠶᠢ ᠰᠡᠷᠬᠡᠶᠢᠯᠡᠬᠦ ᠶᠢᠨ ᠲᠦ᠋ᠯᠦᠬᠡ ᠵᠠᠷᠯᠢᠭ ᠪᠤᠯᠵᠤ ᠰᠢᠨᠡᠬᠡᠨ ᠪᠠᠶᠢᠭᠤᠯᠤᠭᠳᠠᠭᠰᠠᠨ ᠤᠷᠠᠳ  ᠤᠨ ᠭᠤᠷᠪᠠᠨ ᠬᠦ᠋ᠢᠩ  ᠤᠨ ᠬᠤᠰᠢᠭᠤ ᠶᠢ ᠪᠠᠷᠠᠭᠤᠨᠰᠢ ᠰᠢᠯᠵᠢᠬᠦᠯᠵᠦ  ᠨᠡᠬᠦᠯᠬᠡᠪᠡ ᠃ ᠵᠠᠷᠯᠢᠭ ᠢ ᠬᠦ᠋ᠯᠢᠶᠡᠭᠰᠡᠨ ᠭᠤᠷᠪᠠᠨ ᠤᠷᠠᠳ ᠦᠨ  ᠨᠤᠶᠠᠳ  ᠪᠡᠷ ᠬᠠᠷᠢᠶᠠᠳᠤ ᠠᠶᠢᠮᠠᠭ  ᠦᠨ ᠤᠯᠠᠨ ᠢᠶᠠᠨ ᠲᠠᠭᠠᠭᠤᠯᠵᠤ  ᠨᠠᠶᠢᠳᠠ ᠶᠢᠨ ᠤᠨ ᠲᠤᠭᠠᠯᠠᠯ  ᠦᠨ 1649 ᠤᠨ ( ᠴᠢᠩ ᠤᠯᠤᠰ  ᠤᠨ ᠡᠶᠡᠪᠠᠷ ᠵᠠᠰᠠᠭᠴᠢ  ᠶᠢᠨ ᠵᠢᠷᠭᠤᠳᠤᠭᠠᠷ ᠤᠨ )  ᠤ  ᠨᠠᠮᠤᠷ  ᠤᠨ ᠲᠤᠮᠳᠠᠳᠤ ᠰᠠᠷ᠎ᠠ ᠶᠢᠨ ᠲᠡᠷᠬᠡᠯ ᠡᠳᠦᠷ  ᠡᠴᠡ ᠡᠬᠢᠯᠡᠨ ᠪᠠᠷᠠᠭᠤᠨᠰᠢ  ᠨᠡᠬᠦᠳᠡᠯᠯᠠᠨ ᠂ ᠪᠠᠷᠤᠭ ᠬᠠᠭᠠᠰ ᠵᠢᠯ ᠰᠢᠬᠠᠮ ᠠᠶᠠᠯᠠᠭᠠᠳ ᠲᠤᠰ  ᠵᠢᠯ ᠦᠨ ᠬᠦ᠋ᠬᠡᠬᠡ ᠰᠠᠷ᠎ᠠ ᠶᠢᠨ ᠡᠴᠦᠰ ᠭᠠᠯ  ᠦᠨ ᠲᠠᠬᠢᠯᠭ᠎ᠠ ᠶᠢᠨ ᠬᠤᠷᠢᠨ ᠭᠤᠷᠪᠠᠨ ᠦ ᠡᠮᠦᠨ᠎ᠡ ᠬᠤᠶᠢᠭᠤᠷ ᠂ ᠲᠠᠷᠠᠭ᠎ᠠ ᠵᠢᠯ ᠦᠨ ᠬᠢᠨᠢ ᠬᠠᠪᠤᠷ (  ᠨᠠᠶᠢᠳᠠ  ᠢᠢᠨ ᠤᠨ ᠲᠤᠭᠠᠯᠠᠯ ᠦᠨ 1950 ᠤᠨ ᠂ ᠴᠢᠩ ᠤᠯᠤᠰ  ᠤᠨ ᠡᠶᠡᠪᠡᠷ ᠵᠠᠰᠠᠭᠴᠢ  ᠶᠢᠨ ᠲᠤᠯᠤᠳᠤᠭᠠᠷ ᠤᠨ ) ᠵᠠᠯᠭᠠᠯᠳᠤᠪᠡᠷ ᠵᠤᠷᠢᠭᠰᠠᠠ  ᠨᠤᠳᠤᠭ  ᠲᠤ  ᠪᠠᠨ ᠬᠦ᠋ᠷᠦᠯᠴᠠᠨ ᠢᠷᠡᠪᠡ ᠃ ᠤᠷᠠᠳ  ᠦᠨ ᠭᠤᠷᠪᠠᠨ ᠬᠤᠰᠢᠭᠤ  ᠨᠢ ᠰᠢᠨ᠎ᠠ  ᠪᠡᠷ ᠬᠤᠪᠢᠳᠠᠵᠤ ᠤᠯᠤᠭᠰᠠᠨ  ᠨᠤᠳᠤᠭ ᠪᠡᠯᠴᠢᠬᠡᠷ  ᠲᠤ  ᠪᠠᠨ ᠬᠦ᠋ᠷᠴᠤ ᠢᠷᠡᠭᠰᠡᠨ ᠦ ᠲᠠᠷᠠᠭ᠎ᠠ ᠬᠤᠰᠢᠭᠤ ᠵᠠᠰᠠᠭ  ᠨᠤᠶᠠᠨ  ᠨᠢ ᠬᠠᠷᠢᠶᠠᠳᠤ ᠴᠡᠷᠢᠭ ᠬᠤᠶᠠᠭ ᠢᠶᠠᠨ ᠲᠠᠭᠠᠭᠤᠯᠤᠨ ᠵᠠᠷᠯᠢᠭ  ᠶᠤᠰᠤᠭᠠᠷ ᠮᠤᠨᠠ ᠠᠭᠤᠯᠠ ᠶᠢᠨ ᠪᠠᠷᠠᠭᠤᠨ ᠦᠵᠦᠬᠦᠷ ( ᠮᠤᠨᠠ ᠶᠢᠨ ᠬᠤᠰᠢᠭᠤ ) ᠂ ᠬᠠᠳᠠᠮᠠᠯ ᠦᠨ ᠠᠮᠠ ᠪᠤᠯᠤᠨ ᠬᠦ᠋ᠨᠳᠡᠯᠡ ᠶᠢᠨ ᠵᠢᠯᠠᠭ᠎ᠠ ᠡᠨᠡ ᠭᠤᠷᠪᠠᠨ ᠴᠢᠬᠤᠯᠠ ᠰᠦ᠋ᠢᠪᠡ  ᠶᠢ ᠰᠡᠷᠬᠡᠶᠢᠯᠡᠨ ᠰᠠᠭᠤᠷᠢᠰᠢᠵᠤ ᠂ ᠡᠬᠦᠨ  ᠳᠤ ᠤᠷᠠᠳ  ᠦᠨ ᠡᠮᠦᠨᠡᠳᠦ ᠬᠦ᠋ᠢᠩ  ᠦᠨ ᠬᠤᠰᠢᠭᠤᠨ ᠦ ᠬᠤᠰᠢᠭᠤ ᠵᠠᠰᠠᠭ  ᠨᠢ ᠮᠤᠨᠠ ᠶᠢᠨ ᠬᠤᠰᠢᠭᠤ ᠶᠢ ᠂ ᠤᠷᠠᠳ ᠦᠨ ᠲᠤᠮᠳᠠᠳᠦ ᠬᠦ᠋ᠢᠩ ᠦᠨ ᠬᠤᠰᠢᠭᠤᠨ ᠦ ᠬᠤᠰᠢᠭᠤ ᠵᠠᠰᠠᠭ  ᠨᠢ ᠬᠠᠳᠠᠮᠠᠯ  ᠦᠨ ᠠᠮᠠ ᠂ ᠤᠷᠠᠳ ᠦᠨ ᠬᠤᠶᠢᠳᠤ ᠬᠦ᠋ᠢᠩ  ᠦᠨ ᠬᠤᠰᠢᠭᠤᠨ ᠦ ᠬᠤᠰᠢᠭᠤ ᠵᠠᠰᠠᠭ  ᠨᠢ ᠬᠦ᠋ᠨᠳᠠᠯᠡ ᠶᠢᠨ ᠵᠢᠯᠠᠭ᠎ᠠ ᠶᠢ ᠲᠤᠰ ᠲᠤᠰ ᠰᠡᠷᠬᠡᠶᠢᠯᠡᠨ ᠂ ᠬᠤᠰᠢᠭᠤ  ᠶᠠᠮᠤᠨ ᠰᠠᠩ  ᠨᠢ ᠠᠩᠬ᠎ᠠ ᠮᠤᠷᠢᠨ ᠲᠤᠯᠤᠭᠠᠢ ( ᠡᠳᠦᠬᠡ ᠤᠷᠠᠳ  ᠦᠨ ᠡᠮᠦᠨᠡᠳᠦ ᠬᠤᠰᠢᠭᠤᠨ ᠦ ᠬᠦ᠋ᠢᠩ ᠦᠨ ᠰᠦ᠋ᠮ᠎ᠠ ᠰᠢᠶᠠᠩ  ᠳᠤ ᠪᠠᠭᠳᠠᠨ ᠪᠤᠢ ) ᠂ ᠤᠯᠠᠭᠠᠨ ᠡᠷᠬᠢ ( ᠪᠤᠭᠤᠳᠤ ᠶᠢᠨ ᠪᠤᠯᠤᠳ ᠲᠡᠮᠦᠷ ᠬᠤᠪᠤᠷ ᠰᠢᠷᠤᠢ ᠶᠢᠨ ᠬᠢᠵᠠᠭᠠᠷᠳᠤ ᠺᠤᠮᠫᠠᠨᠢ ᠶᠢᠨ ᠪᠠᠶᠢᠭ᠎ᠠ ᠭᠠᠵᠠᠷ ) ᠂ ᠭᠠᠬᠠᠶᠢᠳᠤ ( ᠡᠳᠦᠬᠡ ᠶᠢᠨ ᠪᠤᠭᠤᠳᠤ ᠬᠤᠳᠠ ᠶᠢᠨ ᠰᠢᠭᠤᠶᠢᠳᠤ  ᠨᠡᠬᠦᠷᠡᠰᠤᠨ ᠠᠭᠤᠷᠠᠬᠠᠢ ᠶᠢᠨ ᠲᠦ᠋ᠪ ᠣᠨ ᠰᠠᠭᠤᠭ᠎ᠠ ᠭᠠᠵᠠᠷ )  ᠳᠤ ᠰᠠᠭᠤᠵᠡᠢ ᠃ ᠤᠷᠠᠳ  ᠦᠨ ᠭᠤᠷᠪᠠᠨ ᠬᠦ᠋ᠢᠩ ᠦᠨ ᠬᠤᠰᠢᠭᠤᠨ ᠦ ᠬᠤᠰᠢᠭᠤ  ᠶᠠᠮᠤᠨ  ᠨᠢ ᠴᠦ᠋ᠢᠮ ᠮᠤᠨᠠ ᠠᠭᠤᠯᠠ ᠶᠢᠨ ᠡᠮᠦᠨ᠎ᠠ ᠬᠤᠷᠮᠤᠢ  ᠳᠤ ᠰᠠᠭᠤᠷᠢᠰᠢᠵᠦ ᠂ ᠵᠡᠬᠦᠨ  ᠡᠴᠡ ᠪᠠᠷᠠᠭᠤᠨᠰᠢ ᠬᠠᠨᠳᠤᠭᠰᠠᠨ ᠵᠡᠷᠬᠡᠴᠡᠭᠰᠡᠨ ᠴᠢᠭ ᠤᠳᠠᠰᠤᠨ ᠲᠡᠬᠡᠷ᠎ᠡ ᠤᠷᠤᠰᠢᠨ ᠪᠠᠶᠢᠭᠰᠠᠨ ᠪᠤᠯᠬᠤᠷ ᠬᠤᠯᠠ ᠦᠢᠷ᠎ᠠ ᠶᠢᠨ ᠬᠦ᠋ᠮᠦᠰ ᠡᠨᠡᠬᠦ ᠭᠠᠵᠠᠷ ᠵᠦ᠋ᠢ ᠶᠢᠨ ᠪᠠᠶᠢᠷᠢᠰᠢᠯ ᠢᠶᠠᠷ  ᠨᠢ ᠤᠷᠠᠳ  ᠦᠨ ᠡᠮᠦᠨᠡᠳᠦ ᠬᠦ᠋ᠢᠩ  ᠦᠨ ᠬᠤᠰᠢᠭᠤ ᠶᠢ ᠤᠷᠠᠳ ᠦᠨ ᠪᠠᠷᠠᠭᠤᠨ ᠬᠦ᠋ᠢᠩ ᠦᠨ ᠬᠤᠰᠢᠭᠤ ᠂ ᠤᠷᠠᠳ ᠦᠨ ᠲᠤᠮᠳᠠᠳᠤ ᠬᠦ᠋ᠢᠩ  ᠦᠨ ᠬᠤᠰᠢᠭᠤ ᠶᠢ ᠤᠤᠯ  ᠶᠤᠰᠤᠭᠠᠷ  ᠨᠢ ᠂ ᠤᠷᠠᠳ  ᠦᠨ ᠬᠤᠶᠢᠳᠤ ᠬᠦ᠋ᠢᠩ  ᠦᠨ ᠬᠤᠰᠢᠭᠤ ᠶᠢ ᠤᠷᠠᠳ  ᠦᠨ ᠵᠡᠬᠦᠨ ᠬᠦ᠋ᠢᠩ ᠦᠨ ᠬᠤᠰᠢᠭᠤ ᠬᠡᠮᠡᠨ ᠲᠤᠰ ᠲᠤᠰ  ᠨᠡᠷᠡᠯᠡᠨ ᠵᠢᠭᠠᠬᠤ ᠪᠤᠯᠵᠠᠢ ᠃ ᠬᠤᠵᠢᠮ  ᠨᠢ ᠴᠢᠩ ᠤᠯᠤᠰ  ᠦᠨ ᠲᠡᠭᠷᠢ ᠶᠢᠨ ᠲᠡᠳᠬᠦᠭᠰᠡᠨ  ᠦ ᠠᠷᠪᠠᠨ  ᠨᠠᠢᠮᠠᠳᠤᠭᠠᠷ ᠤᠨ (  ᠨᠠᠶᠢᠳᠠ ᠶᠢᠨ ᠤᠨ ᠲᠤᠭᠠᠯᠠᠯ  ᠦᠨ1753 ᠤᠨ )  ᠳᠤ ᠲᠦ᠋ᠷᠦ ᠵᠠᠰᠠᠭ  ᠡᠴᠡ ᠤᠷᠠᠳ  ᠦᠨ ᠪᠠᠷᠠᠭᠤᠨ ᠬᠦ᠋ᠢᠩ  ᠦᠨ ᠬᠤᠰᠢᠭᠤ ᠂ ᠤᠷᠠᠳ  ᠦᠨ ᠵᠠᠬᠦᠨ ᠬᠦ᠋ᠢᠩ ᠦᠨ ᠬᠤᠰᠢᠭᠤ ᠬᠡᠵᠦ ᠠᠯᠪᠠᠨ  ᠶᠤᠰᠤᠭᠠᠷ  ᠨᠡᠷᠡᠯᠡᠪᠡ ᠃ ᠲᠠᠷᠠᠭ᠎ᠠ  ᠨᠢ ᠴᠢᠩ ᠤᠯᠤᠰ ᠦᠨ ᠵᠠᠰᠠᠭ  ᠦᠨ ᠭᠠᠵᠠᠷ  ᠡᠴᠡ  ᠶᠡᠬᠡ ᠭᠤᠪᠢ ᠶᠢᠨ ᠡᠮᠦᠨᠡᠬᠦᠷᠬᠢ ᠂ ᠬᠦ᠋ᠬᠡᠨᠠᠭᠤᠷ ᠂ ᠰᠢᠨᠵᠢᠶᠠᠩ ᠵᠡᠷᠬᠡ ᠭᠠᠵᠠᠷ ᠦᠨ ᠤᠯᠠᠨ ᠮᠤᠩᠭᠤᠯ ᠬᠤᠰᠢᠭᠤᠳ ᠢ ᠴᠢᠭᠤᠯᠭᠠᠨ ᠪᠤᠯᠭᠠᠨ ᠪᠠᠶᠢᠭᠤᠯᠬᠤ  ᠳᠤ ᠤᠷᠠᠳ  ᠦᠨ ᠭᠤᠷᠪᠠᠨ ᠬᠦ᠋ᠢᠩ ᠦᠨ ᠬᠤᠰᠢᠭᠤ ᠶᠢ ᠲᠦ᠋ᠷᠪᠡᠨ ᠬᠡᠦᠬᠡᠳ ᠸᠠᠩ ᠦᠨ ᠬᠤᠰᠢᠭᠤ ᠂ ᠮᠤᠤᠮᠢᠩᠭᠠᠨ ᠬᠤᠰᠢᠭᠤ ᠪᠤᠯᠤᠨ ᠬᠠᠯᠬ᠎ᠠ ᠪᠠᠷᠠᠭᠤᠨ ᠭᠠᠷᠤᠨ ᠬᠤᠰᠢᠭᠤ  ᠲᠠᠢ ᠬᠠᠮᠲᠤᠷᠠᠭᠤᠯᠤᠨ  ᠨᠢᠬᠡᠨ ᠴᠢᠭᠤᠯᠭᠠᠨ ᠪᠤᠯᠭᠠᠵᠤ ᠂ ᠠᠩᠬ᠎ᠠ ᠴᠢᠭᠤᠯᠭᠠᠨ ᠴᠢᠭᠤᠯᠤᠭᠰᠠᠨ ᠭᠠᠵᠠᠷ  ᠦᠨ ᠬᠢᠨᠢ  ᠨᠡᠷ᠎ᠡ ( ᠬᠠᠷᠭᠤᠨ᠎ᠠ ᠬᠠᠨ ᠠᠭᠤᠯᠠ ᠶᠢᠨ ᠤᠯᠠᠭᠠᠨ ᠵᠢᠯᠠᠭ᠎ᠠ ᠶᠢᠨ ᠠᠷᠤ ᠠᠮᠠ ᠂ ᠲᠦ᠋ᠷᠪᠡᠳ ᠬᠤᠰᠢᠭᠤᠨ ᠦ ᠬᠢᠯᠢ ᠲᠤᠳᠤᠷ᠎ᠠ ᠪᠤᠢ )  ᠪᠡᠷ ᠲᠤᠰ ᠴᠢᠭᠤᠯᠭᠠᠨ ᠢ ᠤᠯᠠᠭᠠᠨᠴᠠᠪ ᠦᠨ ᠴᠢᠭᠤᠯᠭᠠᠨ ᠬᠡᠮᠡᠪᠡᠢ ᠃


ᠡᠬᠢ ᠰᠣᠷᠪᠤᠯᠵᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪ ᠂ ᠮᠦᠩᠬᠡ 〈ᠤᠷᠠᠳᠴᠤᠳ ᠪᠤᠯᠤᠨ ᠤᠷᠠᠳ  ᠦᠨ ᠭᠤᠷᠪᠠᠨ ᠬᠤᠰᠢᠭᠤᠨ ᠡᠬᠢ ᠢᠷᠡᠯᠲᠡ ᠢᠢᠨ ᠲᠤᠬᠠᠢ ᠦᠭᠦᠯᠡᠮᠵᠢ〉᠂《ᠤᠷᠠᠳ ᠰᠤᠶᠤᠯ ᠰᠤᠳᠤᠯᠤᠯ》ᠰᠡᠳᠭᠦᠯ᠂ 2016ᠤᠨ  ᠦ ᠨᠢᠭᠡᠳᠤᠭᠡᠷ ᠬᠤᠭᠤᠴᠠᠭ᠋ ᠠ᠃

http://wiki.uhaan.com/index.php?title=ᠤᠷᠠᠳ&oldid=471015》 ᠍  ᠡᠴᠡ ᠠᠪᠤᠭᠰᠠᠨ

ᠪᠢᠴᠢᠭᠡᠰᠦ