ᠤᠷᠠᠯ ᠤᠨ ᠨᠢᠷᠤᠭᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠴᠢᠯᠠᠭᠤ ᠡᠯᠪᠡᠭ ᠲᠡᠢ ᠤᠷᠠᠯ ᠤᠨ ᠨᠢᠷᠤᠭᠤ ᠨᠢ ᠴᠢᠯᠠᠭᠤᠨ ᠪᠥᠰᠡ ᠭᠡᠵᠦ ᠴᠤ ᠨᠡᠷᠡᠯᠡᠭᠳᠡᠳᠡᠭ᠃

ᠤᠷᠠᠯ ᠤᠨ ᠨᠢᠷᠤᠭᠤ (ᠣᠷᠣᠰ ᠶᠢᠡᠷ ᠤᠷᠠ́ᠯᠰᠺᠧ ᠭᠣ́ᠷ ᠤ) ᠨᠢ ᠣᠷᠣᠰ ᠤᠨ ᠬᠣᠯᠪᠣᠭᠠᠨ ᠤ ᠤᠯᠤᠰᠬᠠᠰᠠᠭᠰᠲ᠋ᠠᠨᠢ ᠨᠤᠲᠤᠭ ᠲᠤ ᠤᠮᠠᠷ᠎ᠠ ᠠᠴᠠ ᠡᠮᠦᠨ᠎ᠡ ᠲᠡᠰᠢ ᠰᠤᠨᠤᠨ ᠲᠣᠭᠲᠠᠭᠰᠠᠨ ᠨᠢᠷᠤᠭᠤ ᠶᠤᠮ᠃ ᠧᠦ᠋ᠷᠠᠽᠢ ᠍ ᠶᠢᠨ ᠡᠬᠡ ᠭᠠᠵᠠᠷ ᠢ ᠧᠦ᠋ᠷᠣᠫᠠᠠᠽᠢᠶ᠎ᠠ ᠲᠢᠪ ᠲᠦ ᠬᠤᠪᠢᠶᠠᠬᠤ ᠬᠢᠯᠢ ᠶᠢᠨ ᠬᠣᠶᠢᠳᠤ ᠬᠡᠰᠡᠭ ᠨᠢ ᠲᠤᠰ ᠨᠢᠷᠤᠭᠤᠨ ᠤ ᠳᠠᠭᠠᠤ ᠣᠷᠣᠰᠢᠨ᠎ᠠ᠃ ᠡᠷᠲᠡᠨ ᠦ ᠭᠷᠧᠺᠷᠤᠮᠠᠨᠢᠶ ᠠ ᠦᠶ᠎ᠡ ᠳᠦ ᠷᠢᠹᠧᠢᠨ ᠨᠢᠷᠤᠭᠤ ᠭᠡᠵᠦ ᠨᠡᠷᠡᠯᠡᠳᠡᠭ ᠪᠠᠶᠢᠪᠠ᠃

ᠤᠷᠠᠯ ᠤᠨ ᠨᠢᠷᠤᠭᠤ ᠨᠢ ᠴᠢᠯᠠᠭᠤᠨ ᠨᠡᠭᠦᠷᠡᠰᠦᠨ ᠦ ᠭᠠᠯᠪᠠ ᠍ ᠤᠨ ᠰᠡᠭᠦᠯ ᠦᠶ᠎ᠡ ᠳᠦ ᠪᠤᠢ ᠪᠣᠯᠤᠭᠰᠠᠨ᠂ ᠡᠳᠦᠭᠡ ᠳᠡᠯᠡᠬᠡᠢ ᠳᠡᠭᠡᠷ᠎ᠡ ᠪᠠᠶᠢᠭ᠎ᠠ ᠠᠤᠯᠠᠯᠠᠰ ᠠᠴᠠ ᠬᠠᠮᠤᠭ ᠤᠨ ᠡᠷᠲᠡᠨ ᠦ ᠬᠢ ᠨᠢ ᠶᠤᠮ᠃

ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠤᠷᠠᠯ ᠤᠨ ᠨᠢᠷᠤᠭᠤᠨ ᠤ ᠪᠠᠶᠢᠷᠢᠰᠢᠯ

ᠤᠷᠠᠯ ᠤᠨ ᠨᠢᠷᠤᠭᠤ ᠨᠢ ᠵᠡᠷᠭᠡᠴᠡᠨ ᠤᠷᠤᠰᠢᠬᠤ ᠬᠡᠳᠦ ᠬᠡᠳᠦᠨ ᠨᠢᠷᠤᠭᠤᠨ ᠠᠴᠠ ᠲᠣᠭᠲᠠᠭᠰᠠᠨ ᠠᠤᠯᠠᠯᠠᠰ ᠤᠨ ᠰᠢᠰᠲ᠋ᠧᠮ ᠪᠥᠭᠡᠳ ᠳᠣᠷᠣᠨᠠᠲᠤ ᠤᠷᠲᠤᠷᠢᠭ ᠤᠨ 60 ᠬᠡᠮ ᠦᠨ ᠱᠤᠭᠤᠮ ᠤᠨ ᠳᠠᠭᠠᠤ ᠣᠷᠣᠰᠢᠨ᠎ᠠ᠃ ᠬᠠᠰᠠᠭᠰᠲ᠋ᠠᠨᠢ ᠤᠮᠠᠷᠠᠳᠤ ᠬᠡᠰᠡᠭ ᠦᠨ ᠲᠠᠯ᠎ᠠ ᠨᠤᠲᠤᠭ ᠠᠴᠠ ᠤᠮᠠᠷᠠᠳᠤ ᠮᠥᠰᠦᠨ ᠳᠠᠯᠠᠢᠨ ᠡᠷᠭᠢ ᠶᠢᠨ ᠲᠦᠨᠳ᠋ᠷ ᠬᠦᠷᠲᠡᠯ᠎ᠡ 2,498 ᠺᠢᠯᠣᠮᠧᠲ᠋ᠷ ᠣᠷᠴᠢᠮ ᠨᠤᠲᠤᠭ ᠲᠤ ᠰᠤᠨᠤᠨ ᠲᠣᠭᠲᠠᠭᠰᠠᠨ ᠪᠠᠶᠢᠳᠠᠭ᠃ ᠳᠤᠮᠳᠠᠴᠢ ᠥᠨᠳᠥᠷ ᠨᠢ ᠳᠠᠯᠠᠢ ᠶᠢᠨ ᠲᠦᠪᠰᠢᠨ ᠡᠴᠡ ᠳᠡᠭᠡᠭᠰᠢ 900-1200 ᠮ ᠪᠣᠯᠤᠨ᠎ᠠ᠃ ᠬᠠᠮᠤᠭ ᠤᠨ ᠥᠨᠳᠥᠷ ᠴᠡᠭ ᠨᠢ ᠳᠠᠯᠠᠢ ᠶᠢᠨ ᠲᠦᠪᠰᠢᠨ ᠡᠴᠡ ᠳᠡᠭᠡᠭᠰᠢ 1,895 ᠮ ᠡᠷᠭᠦᠭᠳᠡᠭᠰᠡᠨ ᠨᠠᠷᠣᠳᠨᠠᠶ᠎ᠠ ᠣᠷᠭᠢᠯ ᠶᠤᠮ᠃ ᠸᠠᠢᠴᠢ ᠠᠷᠠᠯᠰᠢᠨ᠎ᠡ ᠭᠠᠵᠠᠷ ᠨᠢ ᠤᠷᠠᠯ ᠤᠨ ᠨᠢᠷᠤᠭᠤᠨ ᠤ ᠦᠷᠭᠦᠯᠵᠢᠯᠡᠯ ᠪᠣᠯᠤᠨ᠎ᠠ᠃

ᠭᠠᠵᠠᠷ ᠨᠢ ᠢᠳᠡᠭᠳᠡᠵᠦ ᠡᠬᠢᠯᠡᠵᠦ ᠪᠤᠢ ᠲᠤᠯᠠ ᠬᠥᠷᠦᠭᠰᠡᠨ ᠳᠣᠷᠣᠬ᠎ᠠ ᠪᠠᠶᠢᠭᠠᠯᠢ ᠶᠢᠨ ᠠᠰᠤᠷᠤ ᠶᠡᠬᠡ ᠪᠠᠶᠠᠯᠢᠭ ᠨᠢ ᠢᠯᠡ ᠭᠠᠷᠤᠭᠰᠠᠨ ᠪᠠᠶᠢᠳᠠᠭ᠃ ᠢᠯᠠᠩᠭᠤᠶ᠎ᠠ ᠪᠧᠷᠢᠯᠮᠣᠯᠣᠷ ᠵᠡᠷᠭᠡ ᠡᠷᠳᠡᠨᠢ ᠶᠢᠨ ᠴᠢᠯᠠᠭᠤ ᠡᠯᠪᠡᠭ ᠲᠡᠢ᠃ ᠮᠥᠨ ᠤᠷᠠᠯ ᠤᠨ ᠨᠢᠷᠤᠭᠤᠨ ᠤ ᠪᠠᠷᠠᠭᠤᠨ ᠬᠣᠶᠢᠳᠤ ᠬᠡᠰᠡᠭ ᠲᠦ ᠤᠷᠤᠰᠢᠬᠤ ᠺᠣᠮ ᠤᠨ ᠡᠷᠲᠡᠨ ᠦ ᠣᠢ ᠨᠢ ᠤᠷᠭᠤᠮᠠᠯ ᠠᠮᠢᠲᠠᠨ ᠢᠶᠠᠷ ᠪᠠᠶᠠᠯᠢᠭ ᠤᠴᠢᠷ ᠳᠡᠯᠡᠬᠡᠢ ᠶᠢᠨ ᠥᠪᠡᠶᠢᠨ ᠵᠢᠭ᠌ᠰᠠᠭᠠᠯᠳᠠ ᠳᠤ ᠪᠦᠷᠢᠳᠬᠡᠭᠳᠡᠭᠰᠡᠨ ᠪᠠᠶᠢᠳᠠᠭ ᠴᠤ ᠲᠤᠰ ᠨᠤᠲᠤᠭ ᠠᠴᠠ ᠠᠯᠲᠠ ᠣᠯᠪᠤᠷᠢᠯᠠᠵᠤ ᠪᠠᠶᠢᠭ᠎ᠠ ᠨᠢ ᠣᠩᠭᠣᠨ ᠵᠡᠷᠯᠢᠭ ᠪᠠᠶᠢᠭᠠᠯ ᠢ ᠤᠰᠠᠳᠬᠠᠵᠤ ᠪᠠᠶᠢᠭ᠎ᠠ ᠶᠤᠮ᠃

ᠤᠰᠤᠨ ᠤ ᠰᠢᠰᠲ᠋ᠧᠮ[ᠵᠠᠰᠠᠪᠤᠷᠢᠯᠠᠬᠤ | ᠺᠣᠳ᠋ ᠢᠶᠠᠷ ᠵᠠᠰᠠᠬᠣ]

ᠤᠷᠠᠯ ᠤᠨ ᠨᠢᠷᠤᠭᠤᠨ ᠤ ᠪᠠᠷᠠᠭᠤᠨ ᠲᠠᠯ᠎ᠠ ᠪᠠᠷ ᠢᠵᠢᠯ ᠮᠥᠷᠡᠨ ᠦ ᠠᠢ ᠰᠠᠪᠠ ᠳᠤ ᠪᠠᠭᠠᠳᠬᠤ ᠺᠠᠮ᠎ᠠᠪᠧᠯᠠᠶ᠎ᠠ ᠵᠡᠷᠭᠡ ᠲᠣᠮᠣᠬᠠᠨ ᠭᠣᠣᠯ ᠮᠥᠷ ᠲᠦ ᠤᠷᠤᠰᠴᠢ᠂ ᠡᠬᠡ ᠭᠠᠵᠠᠷ ᠤᠨ ᠠᠭᠤᠷ ᠠᠮᠢᠰᠬᠤᠯ ᠪᠦᠬᠦᠢ ᠣᠢ ᠬᠥᠪᠴᠢ ᠦᠷᠭᠦᠯᠵᠢᠯᠡᠨ᠎ᠡ᠃

ᠬᠠᠷᠢᠨ ᠵᠡᠭᠦᠨ ᠲᠠᠯ᠎ᠠ ᠨᠢ ᠣᠪᠢᠡᠷᠴᠢᠰ ᠮᠥᠷᠡᠨ ᠦ ᠠᠢ ᠰᠠᠪᠠ ᠳᠤ ᠪᠠᠭᠠᠳᠬᠤ ᠪᠥᠭᠡᠳ ᠡᠮᠦᠨ᠎ᠡ ᠲᠠᠯ᠎ᠠ ᠳᠤ ᠨᠢ ᠲᠠᠯ᠎ᠠ ᠬᠡᠭᠡᠷ᠎ᠡ᠂ ᠲᠥᠪ ᠬᠡᠰᠡᠭ ᠢᠶᠡᠷ ᠨᠢ ᠪᠠᠷᠠᠭᠤᠨ ᠰᠢᠪᠸᠷᠢᠶ ᠠ ᠶᠢᠨ ᠬᠣᠲᠣᠭᠣᠷ ᠍ ᠤᠨ ᠲᠠᠶᠢᠭ᠎ᠠᠨᠠᠮᠤᠭᠲᠠᠢ ᠨᠤᠲᠤᠭ ᠴᠡᠯᠡᠶᠢᠨ᠎ᠡ᠃

ᠤᠷᠠᠯ ᠤᠨ ᠨᠢᠷᠤᠭᠤᠨ ᠤ ᠡᠮᠦᠨᠡᠲᠦ ᠬᠡᠰᠡᠭ ᠡᠴᠡ ᠤᠷᠠᠯ ᠭᠣᠣᠯ ᠺᠠᠰᠫᠢ ᠲᠡᠩᠭᠢᠰᠡᠶᠢᠭ ᠴᠢᠭᠯᠡᠨ ᠤᠷᠤᠰᠴᠢ᠂ ᠠᠽᠢᠶ᠎ᠠ-ᠧᠦ᠋ᠷᠣᠫᠠ ᠶᠢᠨ ᠬᠢᠯᠢ ᠶᠢᠨ ᠱᠤᠭᠤᠮ ᠪᠣᠯᠤᠨ᠎ᠠ᠃

ᠠᠩᠬᠢᠯᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠤᠷᠠᠯ ᠤᠨ ᠨᠢᠷᠤᠭᠤᠨ ᠤ 68% ᠨᠢ ᠣᠷᠣᠰ ᠤᠨ ᠬᠣᠯᠪᠣᠭᠠᠨ ᠤ ᠤᠯᠤᠰ᠂ 32% ᠨᠢ ᠬᠠᠰᠠᠭᠰᠲ᠋ᠠᠨ ᠤᠯᠤᠰ ᠤᠨ ᠨᠤᠲᠤᠭ ᠲᠤ ᠣᠷᠣᠰᠢᠨ᠎ᠠ[1][2]᠃ ᠭᠧᠣᠯᠣᠭᠢᠴᠢᠳ ᠤᠷᠠᠯ ᠤᠨ ᠨᠢᠷᠤᠭᠤ ᠶᠢ ᠤᠷ᠎ᠠ ᠤᠷᠠᠯ᠂ ᠳᠤᠮᠳᠠᠳᠤ ᠤᠷᠠᠯ᠂ ᠬᠣᠶᠢᠳᠤ ᠤᠷᠠᠯ᠂ ᠬᠣᠶᠢᠳᠤ ᠲᠤᠶᠢᠯ ᠣᠷᠴᠢᠮ ᠤᠨ ᠤᠷᠠᠯ᠂ ᠬᠣᠶᠢᠳᠤ ᠲᠤᠶᠢᠯ ᠤᠨ ᠤᠷᠠᠯ ᠭᠡᠵᠦ 5 ᠬᠤᠪᠢᠶᠠᠵᠤ ᠦᠵᠡᠳᠡᠭ᠃

  • ᠤᠮᠠᠷᠠᠳᠤ ᠲᠤᠶᠢᠯ ᠍ ᠤᠨ ᠤᠷᠠᠯ (ᠫᠣᠯᠠᠷᠨᠢ ᠤᠷᠠᠯ): ᠬᠣᠶᠢᠳᠤ ᠥᠷᠭᠡᠷᠢᠭ ᠦᠨ 69-66 ᠬᠡᠮ᠂ ᠳᠣᠷᠣᠨᠠᠲᠤ ᠤᠷᠲᠤᠷᠢᠭ ᠤᠨ 67-62 ᠬᠡᠮ ᠦᠨ ᠬᠣᠭᠣᠷᠣᠨᠳᠣ ᠤᠷᠤᠰᠢᠬᠤ ᠬᠡᠰᠡᠭ ᠪᠤᠶᠤ ᠬᠠᠮᠤᠭ ᠤᠨ ᠥᠨᠳᠥᠷ ᠣᠷᠭᠢᠯ ᠨᠠᠷᠣᠳᠨᠠᠶ᠎ᠠ ᠣᠷᠭᠢᠯᠣ ᠠᠴᠠ ᠬᠣᠶᠢᠳᠤᠬᠢ ᠬᠡᠰᠡᠭ᠃
  • ᠤᠮᠠᠷᠠᠳᠤ ᠲᠤᠶᠢᠯ ᠣᠷᠴᠢᠮ ᠤᠨ ᠤᠷᠠᠯ (ᠫᠷᠢᠫᠣᠯᠠᠷᠨᠢ ᠤᠷᠠᠯ): ᠬᠣᠶᠢᠳᠤ ᠥᠷᠭᠡᠷᠢᠭ ᠦᠨ 66-64 ᠬᠡᠮ᠂ ᠳᠣᠷᠣᠨᠠᠲᠤ ᠤᠷᠲᠤᠷᠢᠭ ᠤᠨ 62-59 ᠬᠡᠮ᠃
  • ᠬᠣᠶᠢᠳᠤ ᠤᠷᠠᠯ (ᠰᠧᠸᠧᠷᠨᠢ ᠤᠷᠠᠯ): ᠬᠣᠶᠢᠳᠤ ᠥᠷᠭᠡᠷᠢᠭ ᠦᠨ 64-59 ᠬᠡᠮ᠂ ᠳᠣᠷᠣᠨᠠᠲᠤ ᠤᠷᠲᠤᠷᠢᠭ ᠤᠨ 59 ᠬᠡᠮ᠃
  • ᠳᠤᠮᠳᠠᠳᠤ ᠤᠷᠠᠯ (ᠰᠡᠷ ᠲᠦᠩ ᠤᠢ ᠤᠷᠠᠯ): ᠬᠣᠶᠢᠳᠤ ᠥᠷᠭᠡᠷᠢᠭ ᠦᠨ 59-56 ᠬᠡᠮ᠂ ᠳᠣᠷᠣᠨᠠᠲᠤ ᠤᠷᠲᠤᠷᠢᠭ ᠤᠨ 58-61 ᠬᠡᠮ᠃ ᠰᠧᠷᠠᠪᠠᠣ ᠠᠴᠠ ᠴᠧᠯᠶᠠᠪᠢᠨᠰᠺ ᠬᠦᠷᠲᠡᠯ᠎ᠡ
  • ᠤᠷᠳᠤ ᠤᠷᠠᠯ (ᠶᠦᠵᠢᠨ ᠦ ᠤᠷᠠᠯ): ᠬᠣᠶᠢᠳᠤ ᠥᠷᠭᠡᠷᠢᠭ ᠦᠨ 56-52 ᠬᠡᠮ᠂ ᠳᠣᠷᠣᠨᠠᠲᠤ ᠤᠷᠲᠤᠷᠢᠭ ᠤᠨ 60-57 ᠬᠡᠮ᠃

ᠬᠣᠶᠢᠳᠤ᠂ ᠡᠮᠦᠨᠡᠲᠦ ᠤᠷᠠᠯ ᠨᠢ 1,500 ᠮ ᠡᠴᠡ ᠥᠨᠳᠥᠷ ᠲᠡᠢ ᠬᠠᠷᠢᠴᠠᠩᠭᠤᠢ ᠥᠨᠳᠥᠷ ᠠᠤᠯᠠᠯᠠᠰ ᠣᠯᠠᠨ ᠲᠠᠢ ᠴᠤ ᠳᠤᠮᠳᠠᠳᠤ ᠤᠷᠠᠯ ᠨᠢ 600-800 ᠮ ᠥᠨᠳᠥᠷ ᠲᠡᠢ᠂ ᠬᠠᠷᠢᠴᠠᠩᠭᠤᠢ ᠨᠠᠮᠬᠠᠨ ᠠᠤᠯᠠᠯᠠᠰ ᠠᠴᠠ ᠪᠥᠷᠢᠯᠳᠦᠨ᠎ᠡ[3]

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠤᠷᠠᠯ ᠤᠨ ᠨᠢᠷᠤᠭᠤᠨ ᠳᠤ ᠤᠷᠤᠰᠢᠬᠤ ᠺᠣᠯᠢᠴᠧᠳᠠᠨ ᠲᠣᠰᠬᠣᠨ᠃ 1912 ᠣᠨ

ᠤᠷᠠᠯ ᠭᠡᠳᠡᠭ ᠨᠢ ᠲᠦᠷᠦᠭ ᠬᠡᠯᠡᠨ ᠨᠦᠭᠦᠳ ᠲᠦ ᠪᠥᠰᠡ ᠬᠡᠮᠡᠬᠦ ᠤᠳᠬ᠎ᠠ ᠠᠭᠤᠯᠠᠨ᠎ᠠᠣᠷᠤᠭᠤᠯᠵᠤ ᠬᠡᠷᠡᠭᠯᠡᠭᠰᠡᠨ ᠠᠯᠳᠠᠭ᠎ᠠ ᠄ ᠬᠦᠴᠦᠨ ᠦᠭᠡᠢ <ref> ᠲᠡᠮᠳᠡᠭ ︔ ᠠᠭᠤᠯᠭ᠎ᠠ ᠲᠠᠭᠯᠠᠭᠰᠠᠨ ᠦᠭᠡᠢ ᠣᠷᠤᠯᠪᠤᠷᠢ ᠨᠢ ᠡᠷᠬᠡᠪᠰᠢ name ᠴᠢᠨᠠᠷ ᠢ ᠨᠢ ᠲᠠᠭᠯᠠᠬᠤ ᠬᠡᠷᠡᠭᠲᠡᠢ ︕. ᠰᠤᠯᠠ ᠴᠢᠯᠠᠭᠤ ᠨᠤᠭᠤᠳ ᠪᠦᠬᠦᠢ ᠲᠤᠰ ᠨᠢᠷᠤᠭᠤ ᠪᠥᠰᠡ ᠰᠢᠭ ᠤᠷᠲᠤ ᠦᠷᠭᠦᠯᠵᠢᠯᠡᠭᠰᠡᠨ ᠪᠠᠶᠢᠳᠠᠭ ᠠᠴᠠ ᠡᠶᠢᠮᠦ ᠨᠡᠷ᠎ᠡ ᠲᠡᠢ ᠪᠣᠯᠤᠭᠰᠠᠨ ᠭᠡᠵᠦ ᠦᠵᠡᠳᠡᠭ᠃

ᠤᠷᠠᠯ ᠤᠨ ᠨᠢᠷᠤᠭᠤ ᠨᠢ ᠡᠷᠲᠡᠨ ᠦ ᠭᠷᠧᠺ ᠲᠤ ᠭᠧᠷᠣᠳᠣᠳ ᠍ ᠤᠨ ᠦᠶ᠎ᠡ ᠳᠦ ᠮᠡᠳᠡᠭᠳᠡᠵᠦ ᠪᠠᠶᠢᠭᠰᠠᠨ ᠪᠥᠭᠡᠳ ᠧᠦ᠋ᠷᠠᠽᠢ ᠪᠠᠷ ᠠᠶᠠᠯᠠᠭᠰᠠᠨ ᠠᠷᠠᠪ ᠍ ᠤᠨ ᠠᠶᠠᠯᠠᠭᠴᠢᠳ ᠤᠷᠠᠯ ᠤᠨ ᠨᠢᠷᠤᠭᠤᠨ ᠤ ᠲᠤᠬᠠᠢ ᠲᠡᠮᠳᠡᠭᠯᠡᠵᠦ ᠦᠯᠡᠳᠡᠭᠡᠭᠰᠡᠨ ᠪᠠᠶᠢᠳᠠᠭᠣᠷᠤᠭᠤᠯᠵᠤ ᠬᠡᠷᠡᠭᠯᠡᠭᠰᠡᠨ ᠠᠯᠳᠠᠭ᠎ᠠ ᠄ ᠬᠦᠴᠦᠨ ᠦᠭᠡᠢ <ref> ᠲᠡᠮᠳᠡᠭ ︔ ᠠᠭᠤᠯᠭ᠎ᠠ ᠲᠠᠭᠯᠠᠭᠰᠠᠨ ᠦᠭᠡᠢ ᠣᠷᠤᠯᠪᠤᠷᠢ ᠨᠢ ᠡᠷᠬᠡᠪᠰᠢ name ᠴᠢᠨᠠᠷ ᠢ ᠨᠢ ᠲᠠᠭᠯᠠᠬᠤ ᠬᠡᠷᠡᠭᠲᠡᠢ ︕. ᠣᠷᠣᠰ ᠤᠳ ᠤᠷᠠᠯ ᠤᠨ ᠨᠢᠷᠤᠭᠤ ᠶᠢ ᠰᠤᠳᠤᠯᠵᠤ ᠡᠬᠢᠯᠡᠭᠰᠡᠨ ᠨᠢ ᠨᠣᠪᠣᠭᠣᠷᠣᠳ᠋ ᠍ ᠤᠨ ᠸᠠᠩᠲᠤ ᠤᠯᠤᠰ ᠍ ᠤᠨ ᠬᠤᠳᠠᠯᠳᠤᠭᠠᠴᠢᠳ ᠠᠩᠬᠢ ᠶᠢᠨ ᠠᠷᠠᠰᠤᠨ ᠤ ᠲᠥᠯᠥᠭᠡ ᠤᠷᠠᠯ ᠤᠨ ᠨᠢᠷᠤᠭᠤ ᠶᠢ ᠳᠠᠪᠤᠰᠠᠩ 11 ᠍ ᠳᠦᠭᠡᠷ ᠵᠠᠭᠤᠨᠠ ᠠᠴᠠ ᠡᠬᠡ ᠲᠡᠢᠣᠷᠤᠭᠤᠯᠵᠤ ᠬᠡᠷᠡᠭᠯᠡᠭᠰᠡᠨ ᠠᠯᠳᠠᠭ᠎ᠠ ᠄ ᠬᠦᠴᠦᠨ ᠦᠭᠡᠢ <ref> ᠲᠡᠮᠳᠡᠭ ︔ ᠠᠭᠤᠯᠭ᠎ᠠ ᠲᠠᠭᠯᠠᠭᠰᠠᠨ ᠦᠭᠡᠢ ᠣᠷᠤᠯᠪᠤᠷᠢ ᠨᠢ ᠡᠷᠬᠡᠪᠰᠢ name ᠴᠢᠨᠠᠷ ᠢ ᠨᠢ ᠲᠠᠭᠯᠠᠬᠤ ᠬᠡᠷᠡᠭᠲᠡᠢ ︕ ᠪᠥᠭᠡᠳ ᠲᠡᠳᠡ ᠤᠷᠠᠯ ᠤᠨ ᠨᠢᠷᠤᠭᠤᠨ ᠤ ᠪᠠᠷᠠᠭᠤᠨ ᠬᠣᠶᠢᠳᠤ ᠬᠡᠰᠡᠭ ᠡᠴᠡ ᠡᠬᠡ ᠠᠪᠤᠭ ᠤᠷᠤᠰᠬᠤ ᠸ ᠤᠼᠧᠭᠲᠠ ᠭᠣᠣᠯ ᠵᠡᠷᠭᠡ ᠶᠢ ᠥᠭᠰᠴᠢ ᠤᠭᠷᠣ-ᠹᠢᠨ ᠤᠭᠰᠠᠭᠠᠨ ᠤ ᠦᠨᠳᠦᠰᠦᠲᠡᠨ ᠨᠦᠭᠦᠳ ᠲᠡᠢ ᠨᠠᠶᠢᠮᠠᠭ᠎ᠠ ᠬᠢᠵᠦ ᠪᠠᠶᠢᠴᠠᠢ᠃

ᠳᠤᠮᠳᠠᠳᠤ ᠤᠷᠠᠯ ᠤᠨ ᠪᠠᠷᠠᠭᠤᠨ ᠲᠠᠯ᠎ᠠ ᠳᠤ ᠣᠷᠣᠰᠢᠵᠤ ᠪᠠᠶᠢᠭᠰᠠᠨ ᠬᠠᠰᠠᠩ ᠤᠨ ᠬᠠᠨᠯᠢᠭ᠂ ᠵᠡᠭᠦᠨ ᠲᠠᠯ᠎ᠠ ᠳᠤ ᠣᠷᠣᠰᠢᠵᠤ ᠪᠠᠶᠢᠭᠰᠠᠨ ᠰᠢᠪᠸᠷᠢᠶ ᠠ ᠶᠢᠨ ᠬᠠᠨᠯᠢᠭ ᠵᠡᠷᠭᠡ ᠲᠦᠷᠦᠭ᠂ ᠮᠣᠩᠭᠣᠯ ᠤᠭᠰᠠᠭᠠᠨ ᠤ ᠤᠯᠤᠰ ᠤᠳ ᠢ 15 ᠍ ᠳᠦᠭᠡᠷ ᠵᠠᠭᠤᠨᠢ ᠦᠶᠡᠰ ᠣᠷᠣᠰ ᠤᠳ ᠡᠵᠡᠯᠡᠵᠦ᠂ ᠡᠷᠬᠡᠰᠢᠶᠡᠯ ᠳᠦ ᠪᠡᠨ ᠣᠷᠣᠭᠤᠯᠵᠠᠢ᠃

ᠵᠢᠷᠤᠭ ᠤᠨ ᠴᠣᠮᠣᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠳᠠᠭᠰᠢ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠢᠭᠮᠧᠳᠢᠶᠠ ᠵᠢᠷᠤᠭ ᠤᠨ ᠰᠠᠩ:
«ᠤᠷᠠᠯ ᠤᠨ ᠨᠢᠷᠤᠭᠤ»

ᠪᠢᠴᠢᠭᠡᠰᠦ