ᠤᠷᠠᠨ ᠪᠢᠴᠢᠯᠭᠡ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
12 ᠍ ᠳᠦᠭᠡᠷ ᠵᠠᠭᠤᠨ ᠤ ᠺᠦ᠋ᠷᠠᠨ ᠰᠤᠳᠤᠷ ᠤᠨ ᠨᠢᠭᠡ ᠨᠢᠭᠤᠷ
ᠬᠠᠸᠠᠶᠢ ᠳᠠᠬᠢ ᠪᠶᠣᠳᠣ ᠶᠢᠨ ᠰᠦᠮ᠎ᠡ ᠶᠢᠨ ᠬᠤᠪᠤᠷᠭ᠎ᠠ ᠭᠠᠷ ᠤᠨ ᠦᠰᠦᠭ ᠢᠶᠡᠨ ᠵᠢᠷᠤᠵᠤ ᠪᠠᠶᠢᠭ᠎ᠠ ᠨᠢ

ᠤᠷᠠᠨ ᠪᠢᠴᠢᠯᠭᠡ (ᠠᠩᠭᠯᠢ: Calligraphy) ᠭᠡᠳᠡᠭ ᠪᠣᠯ ᠳᠦᠷᠰᠦᠯᠡᠬᠦ ᠤᠷᠠᠯᠢᠭ ᠍ ᠤᠨ ᠨᠢᠭᠡ ᠲᠥᠷᠥᠯ ᠶᠤᠮ᠃ ᠣᠷᠴᠢᠨ ᠦᠶ᠎ᠡ ᠳᠦ ᠪᠢᠴᠢᠭᠡᠴᠢ ᠨᠢ ᠥᠪᠡᠷᠮᠢᠴᠡ ᠪᠡᠷ ᠰᠡᠳᠬᠢᠵᠦ᠂ ᠠᠯᠢᠪᠠ ᠦᠭᠡᠰ ᠢ ᠭᠣᠶᠣᠮᠰᠣᠭ᠂ ᠮᠠᠶ᠋ᠢᠭ᠂ ᠵᠢᠭᠲᠡᠢ ᠬᠠᠷᠠᠭᠳᠠᠭᠤᠯᠬᠤ ᠪᠠᠷ ᠤᠷᠠᠯᠠᠳᠠᠭ᠃ ᠮᠥᠨ ᠵᠠᠷᠢᠮ ᠪᠢᠴᠢᠯᠭᠡ ᠨᠢ ᠦᠭᠡ᠂ ᠦᠰᠦᠭ ᠨᠢ ᠲᠠᠨᠢᠭᠳᠠᠬᠤ ᠳᠤ ᠪᠡᠷᠬᠡ᠂ ᠲᠠᠯ᠎ᠠ ᠪᠦᠷᠢ ᠡᠴᠡ ᠥᠭᠡᠷ᠎ᠡ ᠪᠡᠷ ᠤᠩᠰᠢᠭᠳᠠᠬᠤ᠂ ᠡᠰᠡᠪᠡᠯ ᠪᠢᠯᠢᠭ ᠲᠡᠮᠳᠡᠭ᠂ ᠬᠦᠮᠦᠨ᠂ ᠠᠮᠢᠲᠠᠨ᠂ ᠶᠠᠭᠤᠮᠠᠰ ᠢ ᠬᠠᠮᠲᠤᠳᠬᠠᠨ ᠵᠢᠷᠤᠭᠯᠠᠭᠰᠠᠨ ᠪᠠᠶᠢᠬᠤ ᠵᠡᠷᠭᠡ ᠣᠯᠠᠨ ᠲᠠᠯ᠎ᠠ ᠠᠴᠠ ᠳ᠋ᠦᠩᠨᠡᠵᠦ ᠪᠣᠯᠳᠠᠭ ᠠᠴᠠ ᠮᠥᠨ ᠪᠢᠴᠢᠭ ᠪᠣᠯᠤᠨ ᠵᠢᠷᠤᠭ ᠤᠨ ᠬᠣᠯᠢᠮᠠᠭ ᠤᠷᠠᠯᠠᠯ ᠪᠣᠯᠤᠨ᠎ᠠ᠃

ᠤᠷᠠᠨ ᠪᠢᠴᠢᠯᠭᠡ ᠮᠥᠨ ᠬᠤᠷᠢᠮ᠂ ᠠᠯᠢᠪᠠ ᠶᠣᠰᠣᠯᠠᠯ ᠤᠨ ᠤᠷᠢᠯᠭ᠎ᠠ᠂ ᠪᠢᠴᠢᠭ ᠦᠨ ᠲᠢᠭ᠂ ᠭᠠᠷ ᠢᠶᠠᠷ ᠤᠷᠠᠯᠠᠬᠤ ᠪᠢᠯᠢᠭ ᠲᠡᠮᠳᠡᠭ᠂ ᠱᠠᠰᠢᠨ ᠤ ᠤᠷᠠᠯᠠᠯ᠂ ᠵᠠᠷᠯᠠᠯ᠂ ᠴᠢᠯᠠᠭᠤᠨ ᠤ ᠪᠢᠴᠢᠭ᠂ ᠳᠤᠷᠠᠰᠬᠠᠯ ᠤᠨ ᠪᠢᠴᠢᠭ ᠭᠡᠬᠦ ᠮᠡᠲᠦ ᠡᠷᠭᠦᠨ ᠬᠦᠷᠢᠶᠡᠨ ᠳᠦ ᠲᠤᠰᠬᠠᠯ ᠢᠶᠠᠨ ᠣᠯᠳᠠᠭ ᠪᠣᠯᠤᠭᠰᠠᠨ᠃

ᠪᠢᠴᠢᠭᠡᠰᠦ