ᠤᠶᠢᠭᠤᠷ ᠦᠨᠳᠦᠰᠦᠲᠡᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠹᠠᠢᠢᠯ:ᠤᠢ ᠶᠢ ᠦᠨ ᠮᠪ᠃png
ᠤᠶᠢᠭᠤᠷ ᠦᠨᠳᠦᠰᠦᠲᠡᠨ
Khotan-mercado-chicas-d01.jpg
ᠣᠯᠠᠨ ᠨᠡᠷ᠎ᠡᠤᠶᠢᠭᠤᠷ᠂ ᠬᠤᠳᠤᠮ ᠮᠣᠩᠭᠣᠯ᠂ ᠣᠷᠣᠰ ᠠᠴᠠ → ᠤᠶᠢᠭᠤᠷ
ᠺᠢᠷᠢᠯ ᠮᠣᠩᠭᠣᠯ ᠡᠭᠡᠰᠢᠭ ᠵᠣᠬᠢᠴᠠᠯ ᠠᠴᠠ → ᠤᠶᠢᠭᠤᠷ
ᠥᠨᠥ ᠶᠢᠨ ᠪᠠᠶᠢᠳᠠᠯ
ᠨᠤᠲᠤᠭ ᠣᠷᠣᠨᠳᠡᠯᠡᠬᠡᠢ ᠳᠠᠶᠠᠭᠠᠷ — 10.5 ᠰᠠᠶ᠎ᠠ. ᠡᠭᠦᠨ ᠡᠴᠡ:
Flag of the People's Republic of China.svg ᠬᠢᠲᠠᠳ (ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ) — 10,069,346 (2010)

ᠬᠠᠰᠠᠭ ᠬᠠᠰᠠᠭ (БНХасУ) — 223,100 (2009)
ᠦᠽᠡᠪᠸᠺᠢᠰᠲᠠᠨ ᠤᠯᠤᠰ ᠦᠽᠡᠪᠸᠺᠢᠰᠲᠠᠨ (БНУзбУ) — 55,220 (2008)

ᠬᠢᠷᠭᠢᠰ ᠤᠯᠤᠰ ᠬᠢᠷᠭᠢᠰ — 49,000 (2009)
ᠬᠡᠯᠡ ᠠᠶᠠᠯᠭᠤᠤᠶᠢᠭᠤᠷ ᠬᠡᠯᠡᠬᠢᠲᠠᠳ ᠬᠡᠯᠡ
ᠪᠢᠴᠢᠭ ᠦᠰᠦᠭᠠᠷᠠᠪ ᠦᠰᠦᠭ ᠲᠤ ᠤᠶᠢᠭᠤᠷ ᠪᠢᠴᠢᠭ
ᠰᠢᠲᠦᠯᠭᠡᠰᠤᠩᠨᠢ ᠳᠢᠭ ᠲᠡᠢ ᠢᠰᠯᠠᠮ ᠤᠨ ᠱᠠᠰᠢᠨ
ᠲᠥᠷᠥᠯ ᠬᠣᠯᠪᠣᠭ᠎ᠠ
ᠣᠶᠢᠷ᠎ᠠ ᠲᠥᠷᠥᠯᠦᠽᠡᠪᠸᠺᠢᠰᠲᠠᠨ ᠦᠨᠳᠦᠰᠦᠲᠡᠨᠰᠠᠯᠠᠷ ᠶᠠᠰᠤᠲᠠᠨ
ᠬᠡᠯᠡ ᠤᠭᠰᠠᠭ᠎ᠠᠲᠦᠷᠦᠭ ᠤᠭᠰᠠᠭᠠᠲᠠᠨ
ᠡᠪᠦᠭᠡ ᠳᠡᠭᠡᠳᠦᠰᠬᠠᠷᠠᠯᠠᠭ᠂ ᠲᠣᠬᠠᠷ᠂ ᠡᠷᠲᠡᠨ ᠦ ᠤᠶᠢᠭᠤᠷ

ᠤᠶᠢᠭᠤᠷ (ᠤᠶᠢᠭᠤᠷ ᠶᠢᠡᠷ ئۇيغۇر‎, ᠤ᠃ᠯᠠ᠃ᠪ᠃: Uyghur; ᠬᠢᠯᠪᠠᠷᠰᠢᠭᠤᠯᠤᠭᠰᠠᠨ ᠬᠢᠲᠠᠳ ᠪᠢᠴᠢᠭ: ᠤᠯᠠᠮᠵᠢᠯᠠᠯᠲᠤ ᠬᠢᠲᠠᠳ ᠪᠢᠴᠢᠭ: ᠬᠢᠲᠠᠳ ᠯᠠᠲ᠋ᠢᠨ: Wéiwú'ěr; [ʔʊjˈʁʊː][1]) ᠨᠢ ᠵᠡᠭᠦᠨ ᠪᠣᠯᠤᠨ ᠲᠥᠪ ᠠᠽᠢᠶ᠎ᠠ ᠳᠤ ᠣᠷᠣᠰᠢᠨ ᠰᠠᠭᠤᠳᠠᠭ ᠲᠦᠷᠦᠭ ᠤᠭᠰᠠᠭᠠᠨ ᠤ ᠦᠨᠳᠦᠰᠦᠲᠡᠨ ᠶᠤᠮ᠃ ᠥᠨᠥᠳᠥᠷ ᠤᠶᠢᠭᠤᠷ ᠤᠳ ᠶᠡᠬᠡᠪᠴᠢᠯᠡᠨ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠍ ᠤᠨ ᠰᠢᠨᠵᠢᠶᠠᠨ-ᠤᠶᠢᠭᠤᠷ ᠤᠨ ᠥᠪᠡᠷᠲᠡᠭᠡᠨ ᠵᠠᠰᠠᠬᠤ ᠣᠷᠣᠨ ᠳᠤ ᠣᠷᠣᠰᠢᠨ ᠰᠠᠭᠤᠳᠠᠭ᠃ ᠰᠢᠨᠵᠢᠶᠠᠩ ᠤᠨ ᠤᠶᠢᠭᠤᠷ ᠤᠳ ᠤᠨ 80% ᠨᠢ ᠪᠠᠷᠠᠭᠤᠨ ᠡᠮᠦᠨᠡᠲᠦ ᠬᠡᠰᠡᠭ ᠦᠨ ᠲᠠᠷᠢᠮ ᠤᠨ ᠬᠣᠲᠣᠭᠣᠷ ᠲᠤ ᠠᠮᠢᠳᠤᠷᠠᠳᠠᠭ ᠪᠠᠶᠢᠨ᠎ᠠ᠃[2]

ᠬᠢᠲᠠᠳ ᠳᠠᠬᠢ᠂ ᠰᠢᠨᠵᠢᠶᠠᠨ ᠠᠴᠠ ᠭᠠᠳᠠᠨ᠎ᠠ ᠤᠶᠢᠭᠤᠷ ᠤᠳ ᠤᠨ ᠲᠥᠪᠯᠡᠷᠡᠭᠰᠡᠨ ᠭᠠᠵᠠᠷ ᠪᠣᠯ ᠬᠤᠨᠠᠨ ᠮᠤᠵᠢ ᠶᠢᠨ ᠡᠮᠦᠨ᠎ᠡ ᠲᠥᠪ ᠬᠡᠰᠡᠭ ᠲᠦ ᠤᠷᠤᠰᠢᠬᠤ ᠲᠠ ᠢᠶᠤᠸᠠᠨ ᠠᠶᠢᠮᠠᠭ ᠪᠣᠯᠤᠨ᠎ᠠ᠃[3] ᠬᠢᠲᠠᠳ ᠠᠴᠠ ᠭᠠᠳᠠᠨ᠎ᠠ ᠬᠠᠰᠠᠭᠰᠲ᠋ᠠᠨᠺ ᠤᠭ ᠤᠵᠰᠲ᠋ᠠᠨᠦᠽᠪᠧᠺᠢᠰᠲᠠᠨ ᠵᠡᠷᠭᠡ ᠲᠥᠪ ᠠᠽᠢᠶ᠎ᠠ ᠶᠢᠨ ᠣᠷᠣᠨ ᠨᠤᠭᠤᠳ ᠲᠤ ᠤᠶᠢᠭᠤᠷ ᠤᠳ ᠣᠯᠠᠨ ᠢᠶᠠᠷ ᠣᠷᠣᠰᠢᠨ ᠰᠠᠭᠤᠳᠠᠭ᠃ ᠲᠡᠭᠦᠨᠴᠢᠯᠡᠨ ᠠᠹᠬᠠᠨᠨᠢᠰᠲᠠᠨᠫᠠᠺᠢᠰᠲᠠᠨᠲᠦᠷᠺ ᠲᠤ ᠴᠥᠭᠡᠨ ᠲᠣᠭ᠎ᠠ ᠪᠠᠷ ᠠᠮᠢᠳᠤᠷᠠᠳᠠᠭ ᠪᠠᠶᠢᠨ᠎ᠠ᠃[4]

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

981-984 ᠣᠨ ᠨᠤᠭᠤᠳ ᠲᠤ ᠬᠠᠷᠤᠬᠣᠵᠢᠭ ᠤᠨ ᠤᠶᠢᠭᠤᠷ ᠤᠨ ᠬᠠᠭᠠᠨᠲᠤ ᠤᠯᠤᠰ ᠲᠤ (ᠤᠶᠢᠭᠤᠷ ᠤᠨ ᠢᠳᠢᠭᠦᠳᠡ ᠶᠢᠨ ᠤᠯᠤᠰ) ᠣᠴᠢᠭᠰᠠᠨ ᠬᠢᠲᠠᠳ ᠤᠨ ᠡᠯᠴᠢ ᠸᠠᠩ ᠶᠠᠨᠳᠡᠭ ᠦᠨ ᠲᠡᠮᠳᠡᠭᠯᠡᠯ ᠳᠦ 《ᠤᠶᠢᠭᠤᠷ ᠤᠨ ᠬᠠᠭᠠᠨᠲᠤ ᠤᠯᠤᠰ ᠤᠨ ᠡᠨᠡ ᠶᠡᠬᠡ ᠰᠤᠶᠤᠯ ᠢ ᠭᠠᠶᠢᠬᠠᠭᠠᠳ ᠪᠠᠷᠠᠰᠢ ᠦᠭᠡᠢ᠂ ᠰᠠᠶᠢᠬᠠᠨ ᠰᠦᠮ᠎ᠡ ᠬᠡᠶᠢᠳ᠂ ᠬᠠᠨ᠎ᠠ ᠶᠢᠨ ᠴᠢᠮᠡᠭᠯᠡᠯ ᠵᠢᠷᠤᠭ᠂ ᠬᠥᠰᠢᠶ᠎ᠡ ᠪᠠᠷᠢᠮᠠᠯ᠂ ᠴᠠᠮᠬᠠᠭ ᠭᠠᠨᠳᠢᠷᠠᠰ᠂ ᠴᠡᠴᠡᠷᠯᠢᠭ᠂ ᠪᠠᠶᠢᠰᠢᠩ ᠪᠠᠷᠢᠯᠭ᠎ᠠ ᠶᠢᠨ ᠭᠠᠶᠢᠬᠠᠮᠰᠢᠭ ᠢ ᠲᠣᠳᠣᠷᠬᠠᠶᠢᠯᠠᠨ ᠪᠢᠴᠢᠬᠦ ᠶᠢᠨ ᠠᠷᠭ᠎ᠠ ᠦᠭᠡᠢ , ᠲᠡᠳᠡ ᠸᠠᠭᠠᠷ ᠰᠠᠪᠠ ᠪᠣᠯᠤᠨ ᠠᠯᠲᠠ ᠮᠥᠩᠭᠥᠨ ᠤᠷᠠᠯᠠᠯ ᠬᠢᠬᠦ ᠳᠦ ᠪᠡᠨ ᠦᠨᠡᠬᠡᠷ ᠴᠢᠳᠠᠪᠤᠷᠢᠯᠢᠭ》 ᠭᠡᠵᠦ ᠪᠠᠶᠢᠪᠠ᠃

ᠵᠠᠷᠢᠮ ᠰᠤᠳᠤᠯᠤᠭᠠᠴᠢᠳ ᠤᠨ ᠦᠵᠡᠳᠡᠭ ᠢᠶᠡᠷ ᠵᠡᠭᠦᠦ ᠪᠡᠷ ᠠᠨᠠᠭᠠᠬᠤ ᠤᠬᠠᠭᠠᠨ ᠨᠢ ᠬᠢᠲᠠᠳ ᠤᠨ ᠪᠤᠰᠤ ᠤᠶᠢᠭᠤᠷ ᠭᠠᠷᠤᠯᠲᠠᠢ ᠭᠡᠳᠡᠭ᠃ ᠤᠶᠢᠭᠤᠷ ᠤᠳ ᠬᠥᠭᠵᠢᠮ ᠦᠨ ᠥᠨᠳᠥᠷ ᠰᠤᠶᠤᠯ ᠲᠠᠢ ᠪᠥᠭᠡᠳ 62 ᠲᠥᠷᠥᠯ ᠦᠨ ᠬᠥᠭᠵᠢᠮ ᠦᠨ ᠵᠢᠮᠰᠡᠭ ᠪᠠᠶᠢᠳᠠᠭ ᠠᠴᠠ ᠠᠶᠢᠯ ᠪᠦᠷᠢ ᠨᠢ ᠳᠤᠲᠠᠷ ᠭᠡᠬᠦ ᠬᠥᠭᠵᠢᠮ ᠦᠨ ᠵᠢᠮᠰᠡᠭ ᠢ ᠭᠡᠷ ᠲᠦ ᠪᠡᠨ ᠪᠠᠶᠢᠯᠭᠠᠳᠠᠭ ᠭᠡᠵᠡᠢ᠃ ᠤᠶᠢᠭᠤᠷ ᠤᠨ ᠠᠮᠠᠨ ᠵᠣᠬᠢᠶᠠᠯ ᠤᠨ ᠪᠠᠭᠠᠲᠤᠷᠯᠢᠭ ᠲᠤᠤᠯᠢᠰ ᠤᠨ ᠳᠠᠭᠤᠯᠠᠯ ᠨᠢ 12 ᠮᠤᠭᠤᠮ ᠪᠠ ᠡᠨᠡ ᠨᠢ ᠲᠡᠳᠡᠨ ᠦ ᠬᠥᠭᠵᠢᠮ ᠦᠨ ᠭᠣᠣᠯ ᠬᠡᠯᠪᠡᠷᠢ ᠰᠣᠩᠭᠣᠳᠠᠭ ᠬᠡᠪ ᠮᠠᠶ᠋ᠢᠭ ᠪᠥᠭᠡᠳ United Nations Educational Scientific and Cultural Organization ᠍ ᠦᠨ ᠬᠦᠮᠦᠨ ᠲᠥᠷᠥᠯᠬᠢᠲᠡᠨ ᠦ ᠰᠤᠶᠤᠯ ᠤᠨ ᠥᠪ ᠲᠦ ᠪᠦᠷᠢᠳᠬᠡᠭᠳᠡᠭᠰᠡᠨ ᠪᠠᠶᠢᠳᠠᠭ᠃ ᠡᠷᠲᠡᠨ ᠦ ᠤᠶᠢᠭᠤᠷ ᠤᠳ ᠠᠷᠠᠮᠧᠢ ᠪᠢᠴᠢᠭ ᠡᠴᠡ ᠡᠬᠢ ᠲᠡᠢ ᠰᠣᠭᠳᠠ ᠪᠢᠴᠢᠭ ᠡᠴᠡ ᠡᠬᠡ ᠠᠪᠤᠨ ᠥᠪᠡᠷᠰᠡᠳ ᠦᠨ ᠪᠣᠰᠤᠭ᠎ᠠ ᠪᠢᠴᠢᠭ ᠦᠰᠦᠭ ᠢ ᠵᠣᠬᠢᠶᠠᠨ ᠬᠡᠷᠡᠭᠯᠡᠵᠦ ᠪᠠᠶᠢᠭᠰᠠᠨ ᠢᠶᠠᠷ ᠪᠤᠷᠬᠠᠨ ᠤ ᠪᠣᠯᠤᠨ ᠮᠠᠨᠧᠢᠬᠢᠰᠲ ᠱᠠᠰᠢᠨ ᠤ ᠵᠣᠬᠢᠶᠠᠯ ᠪᠦᠲᠦᠭᠡᠯ ᠦᠳ ᠦᠨ ᠣᠷᠴᠢᠭᠤᠯᠭ᠎ᠠ ᠮᠥᠨ ᠰᠢᠯᠦᠭ ᠨᠠᠶᠢᠷᠠᠭ᠂ ᠲᠤᠭᠤᠵᠢ ᠥᠭᠦᠯᠡᠯᠭᠡ᠂ ᠪᠠᠭᠠᠲᠤᠷᠯᠢᠭ ᠲᠤᠤᠯᠢᠰ ᠤᠳ ᠢ ᠪᠦᠲᠦᠭᠡᠵᠡᠢ᠃ (ᠮᠣᠩᠭᠣᠯ ᠪᠢᠴᠢᠭ ᠦᠨ ᠡᠬᠡ) 11 ᠍ ᠳᠦᠭᠡᠷ ᠵᠠᠭᠤᠨ ᠠᠴᠠ ᠬᠦᠮᠦᠰ ᠨᠢ ᠯᠠᠯᠤ ᠶᠢᠨ ᠱᠠᠰᠢᠨ ᠳᠤ ᠶᠡᠬᠡ ᠪᠡᠷ ᠣᠷᠣᠵᠤ ᠹᠠᠷᠰ ᠤᠷᠳᠤ ᠪᠢᠴᠢᠭ ᠲᠡᠢ ᠠᠳᠠᠯᠢ ᠠᠷᠠᠪ ᠰᠠᠭᠤᠷᠢ ᠲᠠᠢ ᠲᠦᠷᠦᠭ ᠪᠢᠴᠢᠭ ᠢ ᠬᠡᠷᠡᠭᠯᠡᠵᠦ ᠡᠬᠢᠯᠡᠵᠡᠢ᠃ ᠤᠶᠢᠭᠤᠷ ᠤᠨ ᠬᠦᠴᠦ ᠴᠢᠳᠠᠯ᠂ ᠨᠡᠷ᠎ᠡ ᠨᠥᠯᠥᠭᠡ᠂ ᠠᠯᠳᠠᠷ ᠰᠤᠤ᠂ ᠰᠤᠶᠤᠯ ᠢᠷᠭᠡᠨᠰᠢᠯ ᠨᠢ ᠲᠥᠪ ᠠᠽᠢᠶ᠎ᠠ ᠳᠤ ᠮᠢᠩᠭᠠᠨ ᠵᠢᠯ ᠳᠠᠭᠤᠷᠢᠰᠤᠨ ᠪᠠᠶᠢᠭᠠᠳ ᠮᠠᠨᠵᠤ ᠶᠢᠨ ᠨᠣᠶᠠᠷᠬᠠᠯ ᠢᠶᠠᠷ ᠣᠭᠴᠣᠮ ᠦᠭᠡᠢ ᠪᠣᠯᠵᠠᠢ᠃ᠲᠡᠦᠬᠡᠨ ᠳᠦ ᠪᠡᠨ ᠠᠽᠢᠶ᠎ᠠ-ᠧᠦ᠋ᠷᠣᠫᠠ ᠍ ᠢ ᠬᠣᠯᠪᠣᠭᠰᠠᠨ ᠲᠣᠷᠭᠠᠨ ᠤ ᠶᠡᠬᠡ ᠵᠠᠮ ᠳᠠᠭᠠᠷᠢᠨ ᠥᠩᠭᠡᠷᠡᠭᠰᠡᠨ ᠬᠢᠲᠠᠳ ᠤᠨ ᠶᠡᠬᠡ ᠴᠠᠭᠠᠨ ᠬᠡᠷᠡᠮ ᠡᠴᠡ ᠬᠣᠶᠢᠰᠢ ᠨᠤᠲᠤᠭᠯᠠᠬᠤ ᠨᠡᠭᠦᠳᠡᠯᠴᠢᠨ ᠤᠯᠤᠰ ᠦᠨᠳᠦᠰᠦᠲᠡᠨ ᠪᠣᠯᠬᠤ ᠾᠦᠩᠨᠦᠲᠦᠷᠦᠭᠤᠶᠢᠭᠤᠷᠬᠢᠳᠠᠨᠢ ᠪᠣᠯᠤᠨ ᠮᠣᠩᠭᠣᠯ ᠤᠨ ᠡᠵᠡᠨᠲᠦ ᠭᠦᠷᠦᠨᠢᠢ ᠪᠤᠶᠤ ᠴᠠᠭᠠᠳᠠᠢᠨ ᠤᠳᠤᠮ ᠤᠨ ᠤᠯᠤᠰ ᠪᠣᠯᠬᠤ ᠮᠣᠭᠣᠯᠢᠰᠲᠠᠨ ᠤ ᠡᠵᠡᠮᠰᠢᠯ ᠵᠡᠭᠦᠨ᠂ ᠪᠠᠷᠠᠭᠤᠨ᠂ ᠡᠮᠦᠨᠡᠲᠦ᠂ ᠬᠣᠶᠢᠳᠤ ᠲᠦᠺᠧᠰᠲᠠᠨ ᠭᠡᠵᠦ ᠵᠠᠳᠠᠷᠠᠭᠰᠠᠨ ᠤ ᠬᠣᠵᠢᠮ ᠨᠢ ᠵᠡᠭᠦᠨ ᠲᠦᠺᠧᠰᠲᠠᠨ ᠬᠡᠮᠡᠬᠦ ᠢᠰᠯᠠᠮ ᠤᠨ ᠱᠠᠰᠢᠨ ᠲᠤ ᠤᠯᠤᠰ ᠤᠨ ᠨᠡᠶᠢᠰᠯᠡᠯ ᠨᠢ ᠺᠠᠰᠭᠢᠷᠲ ᠲᠥᠪᠯᠡᠷᠡᠵᠦ ᠪᠠᠶᠢᠭᠰᠠᠨ ᠢ 17 ᠍ ᠳᠦᠭᠡᠷ ᠵᠠᠭᠤᠨ ᠤ ᠦᠶ᠎ᠡ ᠳᠦ ᠵᠦᠩᠭᠠᠷ ᠤᠨ ᠬᠠᠭᠠᠨᠲᠤ ᠤᠯᠤᠰ ᠍ ᠤᠨ ᠬᠠᠭᠠᠨ ᠭᠠᠯᠳᠠᠨ ᠪᠣᠱᠤᠭᠳᠤ ᠬᠠᠭᠠᠨ ᠨᠢᠭᠡᠳᠬᠡᠨ ᠠᠪᠴᠠᠢ᠃ ᠨᠡᠷ᠎ᠡ ᠶᠢᠨ ᠲᠡᠦᠬᠡᠨ ᠤᠳᠬ᠎ᠠ ᠨᠢ ᠮᠠᠨᠵᠤ ᠬᠡᠯᠡᠡᠭᠡᠷᠡ ᠰᠢᠨᠢ ᠡᠰᠡᠪᠡᠯ ᠰᠢᠨᠢ ᠨᠢ ᠰᠢᠨ᠎ᠡ ᠭᠡᠰᠡᠨ ᠤᠳᠬ᠎ᠠ᠂ ᠽᠢᠨᠢ ᠨᠢ ᠬᠢᠲᠠᠳ ᠬᠡᠯᠡᠡᠭᠡᠷᠡ ᠬᠢᠵᠠᠭᠠᠷ (ᠮᠠᠨᠵᠤ ᠬᠡᠯᠡ ᠨᠢ ᠠᠯᠲᠠᠢ ᠶᠢᠨ ᠢᠵᠠᠭᠤᠷ ᠤᠨ ᠬᠡᠯᠡ ᠲᠤᠯᠠ ᠨᠡᠯᠢᠶᠡᠳ ᠣᠯᠠᠨ ᠦᠭᠡᠰ ᠨᠢ ᠮᠣᠩᠭᠣᠯ ᠦᠭᠡ ᠲᠡᠢ ᠲᠥᠰᠲᠡᠢ ᠶᠤᠮ᠃ ᠭᠡᠬᠦ ᠳᠦ ᠪᠡᠨ ᠡᠨᠡ ᠨᠢ ᠮᠠᠨᠵᠤ᠂ ᠮᠣᠩᠭᠣᠯ 2 ᠨᠢᠭᠡ ᠦᠨᠳᠦᠰᠦᠲᠡᠨ ᠭᠡᠰᠡᠨ ᠦᠭᠡ ᠪᠢᠰᠢ), ᠮᠤᠵᠢ ᠪᠤᠶᠤ ᠮᠠᠨᠵᠤ ᠶᠢᠨ ᠲᠩᠷᠢ ᠶᠢ ᠲᠡᠳᠬᠦᠭᠴᠢ ᠬᠠᠭᠠᠨ ᠤ ᠍ ᠳᠦᠭᠡᠷ ᠣᠨ ᠪᠤᠶᠤ 1755-1758 ᠣᠨ ᠳᠤ ᠮᠣᠩᠭᠣᠯ ᠤᠨ ᠣᠶᠢᠷᠠᠳ-ᠵᠦᠩᠭᠠᠷ ᠤᠨ ᠬᠠᠭᠠᠨᠲᠤ ᠤᠯᠤᠰ ᠍ ᠢ ᠮᠥᠬᠥᠭᠡᠨ ᠳᠠᠷᠤᠵᠤ ᠡᠵᠡᠯᠡᠨ ᠠᠪᠤᠭᠰᠠᠨ ᠭᠠᠵᠠᠷ ᠨᠤᠲᠤᠭ ᠢᠶᠠᠨ "ᠡᠯᠪᠡᠩ ᠳᠠᠭᠠᠭᠤᠯᠤᠭᠰᠠᠨ ᠰᠢᠨ᠎ᠡ ᠬᠢᠵᠠᠭᠠᠷ" ᠬᠡᠮᠡᠨ ᠨᠡᠷᠡᠶᠢᠳᠴᠡᠢ᠃

1990 ᠣᠨ ᠤ ᠬᠦᠮᠦᠨ ᠠᠮᠠ ᠶᠢᠨ ᠲᠣᠭᠠᠯᠠᠯᠭ᠎ᠠ ᠪᠠᠷ ᠰᠢᠨᠵᠢᠶᠠᠨ ᠳᠤ 7.2 ᠰᠠᠶ᠎ᠠ ᠤᠶᠢᠭᠤᠷ ᠦᠨᠳᠦᠰᠦᠲᠡᠨ ᠪᠦᠷᠢᠳᠬᠡᠭᠳᠡᠵᠡᠢ᠃ ᠮᠥᠨ ᠬᠠᠰᠠᠭᠰᠲ᠋ᠠᠨ᠂ ᠺᠢᠷᠭᠢᠽᠰᠲ᠋ᠠᠨ᠂ ᠦᠽᠪᠧᠺᠢᠰᠲᠠᠨ ᠳᠤ ᠪᠠᠶᠢᠬᠤ ᠪᠥᠭᠡᠳ ᠴᠥᠭᠡᠨ ᠲᠣᠭ᠎ᠠ ᠪᠠᠷ ᠫᠠᠺᠢᠰᠲᠠᠨ᠂ [ᠠᠹᠬᠠᠨᠨᠢᠰᠲᠠᠨ]]᠂ ᠲᠦᠷᠺ᠂ ᠣᠷᠣᠰ ᠲᠤ ᠪᠠᠶᠢᠬᠤ ᠠᠵᠡᠢ᠃ ᠤᠶᠢᠭᠤᠷ ᠬᠡᠮᠡᠬᠦ ᠨᠡᠷᠡᠨ ᠦ ᠲᠤᠬᠠᠢ ᠳᠤ ᠭᠡᠪᠡᠯ ᠬᠢᠲᠠᠳ ᠰᠤᠷᠪᠤᠯᠵᠢ ᠨᠤᠭᠤᠳ ᠲᠤ ᠬᠥᠬᠡ ᠲᠦᠷᠦᠭ ᠦᠨ ᠦᠶ᠎ᠡ ᠳᠦ ᠠᠩᠬ᠎ᠠ ᠦᠵᠡᠭᠳᠡᠵᠦ ᠡᠬᠢᠯᠡᠭᠰᠡᠨ ᠪᠠ ᠲᠦᠷᠦᠭ ᠦᠨ ᠬᠠᠷᠢᠶᠠᠨ ᠳᠠᠬᠢ ᠰᠠᠭᠤᠷᠢᠰᠢᠮᠠᠯ ᠢᠷᠭᠡᠳ ᠢ ᠨᠡᠭᠦᠳᠡᠯᠴᠢᠨ ᠢᠷᠭᠡᠳ ᠡᠴᠡ ᠢᠯᠭᠠᠨ ᠳᠠᠭᠤᠳᠠᠭᠰᠠᠨ ᠪᠠᠶᠢᠭᠰᠠᠨ ᠠᠴᠠ ᠦᠬᠦ ᠳᠦ ᠤᠶᠢᠭᠤᠷ ᠤᠳ ᠡᠷᠲᠡ ᠳᠡᠭᠡᠷ᠎ᠡ ᠦᠶᠡᠰ ᠰᠠᠭᠤᠷᠢᠰᠢᠮᠠᠯ ᠬᠦᠮᠦᠰ ᠪᠠᠶᠢᠭᠰᠠᠨ ᠭᠡᠵᠦ ᠦᠵᠡᠬᠦ ᠦᠨᠳᠦᠰᠦ ᠲᠡᠢ ᠶᠤᠮ᠃ ᠲᠡᠭᠡᠬᠦ ᠳᠦ ᠪᠡᠨ ᠤᠶᠢᠭᠤᠷ ᠬᠡᠮᠡᠬᠦ ᠨᠡᠷᠡᠨ ᠦ ᠲᠤᠬᠠᠢ ᠳᠤ ᠣᠳᠣ ᠶᠢ ᠬᠦᠷᠲᠡᠯ᠎ᠡ ᠨᠢᠭᠡᠳᠦᠮᠡᠯ ᠣᠶᠢᠯᠠᠭᠠᠯᠲᠠᠨ ᠳᠤ ᠬᠦᠷᠢᠶ᠎ᠡ ᠭᠦᠢ ᠪᠠᠶᠢᠭ᠎ᠠ ᠪᠥᠭᠡᠳ ᠲᠣᠭᠤᠵᠠ- ᠣᠭᠤᠵᠠ ᠪᠤᠶᠤ 9 ᠠᠶᠢᠮᠠᠭ ᠤᠨ ᠨᠢᠭᠡᠳᠦᠯ ᠦᠨ ᠨᠢᠭᠡ ᠠᠶᠢᠮᠠᠭ ᠨᠢ ᠤᠶᠢᠭᠤᠷ ᠤᠳ ᠨᠡᠷ᠎ᠡ ᠲᠡᠢ ᠪᠠᠶᠢᠭᠰᠠᠨ᠂ ᠬᠢᠲᠠᠳ ᠤᠨ ᠰᠤᠷᠪᠤᠯᠵᠢ ᠳᠠᠬᠢ ᠬᠤᠢ ᠬᠤ ᠭᠡᠳᠡᠭ ᠡᠴᠡ᠂ ᠲᠦᠷᠦᠭ ᠬᠡᠯᠡᠨ ᠦ 《ᠲᠦᠷᠭᠡᠨ ᠬᠦᠮᠦᠰ》 (ᠤᠶᠢᠭ᠎ᠠ ᠬᠤᠷᠳᠤᠨ᠂ ᠤᠷ᠎ᠠ- ᠬᠦᠮᠦᠨ) ᠭᠡᠳᠡᠭ ᠡᠴᠡ ᠡᠭᠦᠰᠦᠭᠰᠡᠨ ᠬᠡᠮᠡᠬᠦ 3 ᠪᠠᠷᠢᠮᠲᠠᠯᠠᠯ ᠭᠣᠣᠯᠯᠠᠵᠤ ᠪᠠᠶᠢᠨ᠎ᠠ᠃ 386-534 ᠣᠨ ᠪᠤᠶᠤ ᠬᠣᠶᠢᠳᠤ ᠸᠡᠢ ᠤᠯᠤᠰ ᠤᠨ ᠦᠶ᠎ᠡ ᠶᠢᠨ ᠬᠢᠲᠠᠳ ᠰᠤᠷᠪᠤᠯᠵᠢ ᠳᠤ ᠤᠶᠢᠭᠤᠷ ᠪᠤᠶᠤ ᠲᠡᠯᠡ ᠠᠶᠢᠮᠠᠭ ᠤᠳ ᠢ ᠭᠠᠴᠡ (ᠥᠨᠳᠥᠷ ᠲᠡᠷᠭᠡ ᠳᠦ) ᠭᠡᠳᠡᠭ ᠪᠠᠶᠢᠭᠰᠠᠨ ᠪᠠᠶᠢᠨ᠎ᠠ᠃ ᠤᠶᠢᠭᠤᠷ ᠤᠳ ᠠᠩᠬ᠎ᠠ ᠠᠯᠲᠠᠢ ᠶᠢᠨ ᠠᠤᠯᠠᠯᠠᠰ ᠤᠨ ᠪᠠᠷᠠᠭᠤᠨ ᠲᠠᠯ᠎ᠠ ᠠᠴᠠ ᠭᠠᠷᠴᠤ ᠬᠥᠭᠵᠢᠭᠡᠳ ᠤᠶᠢᠭᠤᠷ ᠤᠳ ᠤᠨ ᠡᠪᠦᠭᠡ ᠲᠡᠮᠦᠷ ᠡᠳ᠋ᠯᠡᠯ ᠬᠢᠳᠡᠭ ᠢᠶᠡᠷ ᠢᠶᠡᠨ ᠠᠯᠳᠠᠷᠰᠢᠭᠰᠠᠨ ᠲᠡᠯᠡ ᠠᠶᠢᠮᠠᠭ ᠤᠳ ᠤᠨ ᠵᠢᠵᠢᠭ ᠡᠪᠰᠡᠯ ᠪᠠᠶᠢᠭᠤᠯᠤᠨ ᠳ᠋ᠢᠩᠯᠢᠨ ᠤ ᠪᠦᠷᠢᠯᠳᠦᠬᠦᠨ ᠳᠦ ᠪᠠᠶᠢᠭᠠᠳ 7 ᠍ ᠳᠦᠭᠡᠷ ᠵᠠᠭᠤᠨ ᠳᠤ ᠤᠶᠢᠭᠤᠷ ᠤᠨ ᠬᠠᠭᠠᠨᠲᠤ ᠤᠯᠤᠰ ᠍ ᠢ ᠪᠠᠶᠢᠭᠤᠯᠤᠭᠰᠠᠨ ᠢᠶᠠᠷ ᠲᠤᠰ ᠤᠯᠤᠰ ᠤᠨ ᠢᠷᠭᠡᠳ ᠢ ᠤᠶᠢᠭᠤᠷ ᠨᠡᠷ᠎ᠡ ᠶᠢᠨ ᠳᠣᠣᠷ᠎ᠠ ᠣᠶᠢᠯᠠᠭᠠᠨ ᠪᠠᠶᠢᠭᠰᠠᠨ ᠪᠠ 9 ᠍ ᠳᠦᠭᠡᠷ ᠵᠠᠭᠤᠨ ᠳᠤ ᠤᠶᠢᠭᠤᠷ ᠤᠯᠤᠰ ᠤᠨᠠᠭᠰᠠᠨ ᠤ ᠬᠣᠶᠢᠨ᠎ᠠ ᠺᠢᠷᠭᠢᠽᠢ ᠨᠦᠭᠦᠳ ᠲᠦ ᠲᠦᠷᠢᠭᠳᠡᠨ ᠲᠠᠷᠢᠮ ᠤᠨ ᠬᠥᠨᠳᠡᠢ ᠲᠦᠷᠹᠠᠨ ᠳᠤ ᠢᠷᠡᠵᠦ ᠧᠦ᠋ᠷᠣᠫᠠ ᠭᠠᠷᠤᠯ ᠲᠠᠢ ᠲᠣᠬᠠᠷ ᠦᠳ ᠢ ᠥᠪᠡᠷᠲᠡ ᠠᠭᠤᠰᠬᠠᠨ ᠣᠳᠣ ᠶᠢᠨ ᠤᠶᠢᠭᠤᠷ ᠦᠨᠳᠦᠰᠦᠲᠡᠨ ᠦ ᠰᠠᠭᠤᠷᠢ ᠶᠢ ᠲᠠᠯᠪᠢᠵᠠᠢ᠃ ᠲᠣᠬᠠᠷ ᠤᠳ ᠡᠨᠡᠳᠬᠡᠭ ᠧᠦᠢᠷᠣᠫᠠ ᠬᠡᠯᠡᠨ ᠦ ᠢᠵᠠᠭᠤᠷ ᠍ ᠤᠨ ᠬᠡᠯᠡ ᠲᠡᠢ᠂ ᠪᠢᠴᠢᠭ ᠦᠰᠦᠭ ᠲᠡᠢ ᠢᠨᠳᠣ ᠠᠷᠢ ᠤᠭᠰᠠᠭᠠᠨ ᠤ ᠪᠤᠶᠤ ᠧᠦᠷᠣᠫᠠᠵᠢᠭᠤ ᠲᠥᠷᠬᠥᠡᠶᠢᠨ ᠪᠤᠷᠬᠠᠨ ᠤ ᠱᠠᠰᠢᠨ ᠳᠤ ᠤᠯᠤᠰ ᠲᠦᠮᠡᠨ ᠪᠠᠶᠢᠴᠠᠢ᠃ ᠣᠳᠣ ᠶᠢᠨ ᠤᠶᠢᠭᠤᠷ ᠬᠦᠮᠦᠰ ᠥᠭᠡᠷ᠎ᠡ ᠥᠭᠡᠷ᠎ᠡ ᠦᠨᠳᠦᠰᠦᠲᠡᠨ ᠬᠣᠯᠢᠯᠳᠤᠵᠤ ᠪᠦᠷᠢᠯᠳᠦᠭᠰᠡᠨ ᠤᠴᠢᠷ ᠮᠣᠩᠭᠣᠯᠣᠶᠢᠳ᠋ ᠪᠣᠯᠤᠨ ᠧᠦᠢᠷᠣᠫᠣᠶᠢᠳ᠋ ᠠᠯᠢ ᠠᠯᠢᠨ ᠦ ᠬᠢ ᠨᠢ ᠭᠧᠨ ᠢ ᠬᠠᠳᠠᠭᠠᠯᠠᠭᠰᠠᠨ ᠪᠠᠶᠢᠳᠠᠭ᠃ ᠰᠤᠳᠤᠯᠭ᠎ᠠ ᠪᠠᠷ ᠲᠡᠳᠡᠨ ᠦ ᠭᠧᠨᠧᠲ᠋ᠢᠭ ᠤᠨ ᠪᠦᠷᠢᠯᠳᠦᠬᠦᠨ ᠬᠡᠰᠡᠭ ᠦᠨ 60% ᠨᠢ ᠧᠦ᠋ᠷᠣᠫᠠ (ᠧᠦ᠋ᠷᠣᠫᠠ ᠠᠴᠠ ᠭᠠᠳᠠᠨ᠎ᠠ ᠳᠤᠮᠳᠠᠳᠤ ᠪᠣᠯᠤᠨ ᠡᠮᠦᠨᠡᠲᠦ ᠠᠽᠢᠶ᠎ᠠ ᠪᠤᠶᠤ ᠡᠨᠡᠳᠬᠡᠭ᠂ ᠫᠠᠺᠢᠰᠲᠠᠨ᠂ ᠰᠷᠢᠯᠠᠩᠺᠠ) 40% ᠨᠢ ᠵᠡᠭᠦᠨ ᠠᠽᠢᠶ᠎ᠠ (ᠮᠣᠩᠭᠣᠯ ᠶᠠᠫᠣᠨ ᠬᠢᠲᠠᠳ ᠰᠣᠯᠣᠩᠭᠣᠰ ᠵᠡᠭᠦᠨ ᠡᠮᠦᠨᠡᠲᠦ ᠠᠽᠢᠶ᠎ᠠ ᠶᠢᠨ ᠨᠣᠮᠣᠬᠠᠨ ᠳᠠᠯᠠᠢ ᠶᠢᠨ ᠠᠭᠤᠭᠤᠯ ᠹᠢᠯᠯᠢᠫᠠᠨ ᠲᠠᠶᠢᠪᠤᠩ) ᠡᠪᠦᠭᠡ ᠶᠢᠨ ᠬᠣᠯᠢᠮᠠᠭ ᠪᠤᠶᠤ 107-146 ᠦᠶ᠎ᠡ (ᠨᠢᠭᠡ ᠦᠶ᠎ᠡ ᠨᠢ 20 ᠵᠢᠯ) ᠪᠤᠶᠤ 2140-2920 ᠵᠢᠯ ᠦᠨ ᠡᠮᠦᠨ᠎ᠡ ᠡᠴᠡ ᠡᠬᠢᠯᠡᠨ ᠬᠣᠯᠢᠯᠳᠤᠭᠰᠠᠨ ᠭᠡᠬᠦ ᠦᠵᠡᠭᠦᠯᠦᠯᠲᠡ ᠭᠠᠷᠤᠭᠰᠠᠨ ᠪᠠᠶᠢᠨ᠎ᠠ᠃

ᠺᠠᠷᠠᠬᠠᠨᠢᠳ ᠤᠨ ᠤᠯᠤᠰ᠂ ᠭᠠᠨᠵᠢᠭᠤ ᠶᠢᠨ ᠤᠶᠢᠭᠤᠷ ᠤᠨ ᠤᠯᠤᠰ᠂ ᠢᠳᠢᠭᠦᠳᠡ ᠶᠢᠨ ᠤᠯᠤᠰ[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠡᠭᠦᠳᠡᠯᠯᠡᠨ ᠵᠢᠭᠤᠲᠠᠭᠰᠠᠨ ᠤᠶᠢᠭᠤᠷ ᠤᠳ ᠥᠨᠥ ᠶᠢᠨ ᠭᠠᠨᠢᠰᠤ ᠮᠤᠵᠢ ᠶᠢᠨ ᠨᠤᠲᠤᠭ ᠲᠤ ᠤᠶᠢᠭᠤᠷ ᠤᠨ ᠺᠢᠨᠰᠤ ᠤᠯᠤᠰ ᠢ ᠪᠠᠶᠢᠭᠤᠯᠵᠠᠢ᠃ ᠬᠠᠷᠢᠨ ᠪᠠᠷᠠᠭᠤᠨ ᠲᠡᠰᠢ ᠨᠡᠭᠦᠭᠰᠡᠨ ᠴᠥᠭᠡᠩᠬᠢ ᠤᠶᠢᠭᠤᠷ ᠤᠳ ᠨᠢ ᠪᠤᠳ᠋ᠳ᠋ᠾᠠ ᠶᠢᠨ ᠢᠳᠢᠺᠦᠶᠢᠲ ᠤᠯᠤᠰ ᠢ ᠪᠠᠶᠢᠭᠤᠯᠵᠠᠢ᠃ ᠡᠨᠡ ᠤᠯᠤᠰ ᠤᠷᠲᠤ ᠨᠠᠰᠤᠲᠠᠢ ᠪᠠᠶᠢᠵᠤ᠂ ᠣᠶᠢᠷᠠᠯᠴᠠᠭ᠎ᠠ ᠪᠠᠷ ᠬᠠᠭᠠᠰ ᠮᠢᠩᠭᠠᠨ ᠵᠢᠯ ᠣᠷᠣᠰᠢᠨ ᠲᠣᠭᠲᠠᠨᠢᠭᠰᠠᠨ ᠶᠤᠮ᠃ ᠬᠣᠵᠢᠮ ᠤᠶᠢᠭᠤᠷ ᠤᠳ ᠲᠦᠷᠦᠭ ᠦᠨ ᠣᠪᠤᠭ ᠠᠶᠢᠮᠠᠭ ᠤᠳ ᠲᠠᠢ ᠬᠠᠮᠲᠤᠷᠠᠨ ᠺᠠᠰᠭᠢᠷᠲ ᠨᠡᠶᠢᠰᠯᠡᠯ ᠲᠡᠢ ᠬᠠᠷᠠᠬᠠᠨᠢᠳ ᠤᠯᠤᠰ ᠢ ᠪᠠᠶᠢᠭᠤᠯᠵᠠᠢ᠃ᠡᠶᠢᠨᠬᠦᠦ Iᠲᠠᠪᠤᠳᠤᠭᠠᠷ ᠵᠠᠭᠤᠨ ᠳᠤ ᠡᠬᠢᠯᠡᠨ ᠤᠶᠢᠭᠤᠷ ᠤᠨ ᠭᠤᠷᠪᠠᠨ ᠤᠯᠤᠰ ᠪᠠᠶᠢᠭᠤᠯᠤᠭᠳᠠᠵᠠᠢ᠃ᠲᠠᠨ ᠭᠦᠷᠦᠨ ᠦ ᠦᠶ᠎ᠡ ᠳᠦ ᠦII ᠵᠠᠭᠤᠨ ᠳᠤ ᠭᠡᠨᠡᠳᠲᠡ ᠲᠡᠰᠦᠷᠡᠨ ᠬᠦᠴᠦᠷᠬᠡᠭᠵᠢᠵᠦ ᠫᠧᠷᠰ ᠢ ᠪᠤᠲᠠᠨᠢᠷᠭᠡᠭᠡᠳ ᠲᠡᠷᠡ ᠡᠷᠴᠢ ᠪᠡᠷ ᠢᠶᠡᠨ ᠳᠣᠷᠣᠨ᠎ᠠ ᠵᠦᠭ ᠲᠤ ᠵᠢᠳᠬᠦᠭ᠍ᠰᠡᠨ ᠠᠷᠠᠪ-ᠮᠠᠮᠤᠯᠶᠤᠶᠢᠺ ᠦᠳ ᠡᠨᠳᠡ ᠬᠢᠲᠠᠳ ᠤᠳ ᠲᠠᠢ ᠲᠤᠯᠤᠭᠰᠠᠨ ᠶᠤᠮ᠃ ᠬᠢᠲᠠᠳ ᠤᠨ ᠠᠷᠮᠢ ᠶᠢ ᠰᠣᠯᠣᠩᠭᠣᠰ ᠭᠠᠷᠤᠯᠲᠠᠢ ᠺᠠᠣ ᠱᠢᠴᠧᠨ ᠺᠣᠮᠠᠨᠳᠠᠯᠠᠵᠤ ᠪᠠᠶᠢᠴᠠᠢ᠃ ᠬᠣᠶᠠᠷ ᠲᠠᠯ᠎ᠠ ᠬᠦᠴᠦ ᠲᠡᠩᠴᠡᠬᠦ ᠳᠦ ᠬᠥᠨᠳᠡᠯᠡᠨ ᠡᠴᠡ ᠠᠵᠢᠭᠯᠠᠵᠣ ᠪᠠᠶᠢᠭᠰᠠᠨ ᠬᠠᠷᠯᠢᠭ ᠦᠳ /ᠲᠦᠷᠦᠭ ᠠᠶᠢᠮᠠᠭ/ ᠠᠷᠠᠪ ᠤᠳ ᠢ ᠳᠡᠮᠵᠢᠭᠰᠡᠨ ᠢᠶᠡᠷ ᠲᠡᠳᠡ ᠢᠯᠠᠵᠤ᠂ ᠬᠣᠲᠠᠨ᠂ ᠢᠷᠺᠧᠨᠳ ᠬᠦᠷᠲᠡᠯ᠎ᠡ ᠢᠰᠯᠠᠮ ᠤᠨ ᠱᠠᠰᠢᠨ ᠳᠡᠯᠭᠡᠷᠡᠵᠡᠢ᠂ ᠭᠡᠬᠦ ᠳᠦ ᠪᠡᠨ ᠡᠨᠡ ᠱᠠᠰᠢᠨ ᠴᠠᠰᠢ ᠨᠡᠪᠲᠡᠷᠡᠭᠰᠡᠨ ᠦᠭᠡᠢ᠂ ᠴᠠᠭᠠᠨ ᠬᠡᠷᠡᠮ ᠳᠠᠪᠠᠭᠠᠳ ᠬᠢᠲᠠᠳ ᠤᠨ ᠡᠭᠦᠳᠡᠨ ᠦ ᠫᠧᠩ ᠡᠴᠡ ᠬᠡᠲᠦᠷᠡᠭᠡ ᠦᠭᠡᠢ ᠶᠤᠮ᠃ᠢᠰᠯᠠᠮ ᠱᠠᠰᠢᠨ ᠢᠢᠨᠬᠦᠦ ᠲᠦᠷᠦᠭ ᠦᠳ ᠦᠨ ᠳᠡᠮᠵᠢᠯᠭᠡ ᠲᠡᠢ ᠡᠨᠡ ᠪᠥᠰᠡ ᠨᠤᠲᠤᠭ ᠲᠤ ᠨᠡᠪᠲᠡᠷᠡᠭᠰᠡᠨ ᠢᠶᠡᠷ ᠤᠶᠢᠭᠤᠷ ᠤᠳ ᠯᠠᠯᠤ ᠶᠢᠨ ᠱᠠᠰᠢᠨ ᠳᠤ ᠣᠷᠣᠵᠠᠢ᠃934 ᠣᠨ ᠳᠤ ᠬᠠᠷᠠ ᠬᠠᠨᠯᠢᠭ ᠤᠨ ᠤᠯᠤᠰ ᠰᠤᠯᠲᠠᠨ ᠰᠠᠲᠤᠭ ᠪᠤᠭᠠᠷ ᠬᠠᠭᠠᠨ ᠤ ᠦᠶ᠎ᠡ ᠳᠦ ᠯᠠᠯᠤ ᠶᠢᠨ ᠱᠠᠰᠢᠨ ᠳᠤ ᠣᠷᠣᠵᠤ 940 ᠣᠨ ᠳᠤ ᠬᠠᠷᠯᠤᠭ ᠤᠳ ᠢ ᠡᠵᠡᠯᠡᠨ ᠢᠰᠯᠠᠮ ᠤᠨ ᠬᠣᠯᠪᠣᠭ᠎ᠠ ᠶᠢ ᠪᠠᠶᠢᠭᠤᠯᠤᠭᠰᠠᠨ ᠪᠠᠶᠢᠨ᠎ᠠ᠃ ᠰᠠᠮᠠᠷᠺᠠᠨᠳ ᠤᠨ ᠰᠠᠮ ᠢᠶᠠᠨᠢᠳᠠ ᠲᠠᠢ ᠬᠠᠮᠲᠤᠷᠠᠨ ᠥᠪᠡᠷᠰᠡᠨ ᠢ ᠪᠡᠨ ᠢᠰᠯᠠᠮ ᠢ ᠪᠤᠷᠬᠠᠨ ᠤ ᠱᠠᠰᠢᠨ ᠳᠤ ᠤᠶᠢᠭᠤᠷ ᠤᠨ ᠢ ᠳᠦᠭ ᠦᠳ ᠡᠴᠡ ᠬᠠᠮᠠᠭᠠᠯᠠᠭᠴᠢ ᠬᠡᠮᠡᠨ ᠦᠵᠡᠬᠦ ᠪᠣᠯᠵᠠᠢ᠃ ᠨᠡᠶᠢᠰᠯᠡᠯ ᠨᠢ ᠡᠬᠢᠯᠡᠭᠡᠳ ᠴᠤ ᠭᠣᠣᠯ ᠤᠨ ᠬᠥᠨᠳᠡᠶᠢᠳᠡ ᠪᠠᠯᠭᠠᠰᠤᠩ ᠭᠡᠵᠦ ᠪᠠᠶᠢᠭᠠᠳ ᠰᠡᠭᠦᠯ ᠳᠦ ᠺᠠᠰᠭᠢᠷ ᠯᠤᠤ ᠰᠢᠯᠵᠢᠵᠡᠢ᠃ ᠡᠨᠡ ᠦᠶ᠎ᠡ ᠳᠦ ᠬᠠᠷᠠᠬᠠᠨᠯᠢᠭ ᠲᠤ ᠲᠦᠷᠦᠭ ᠰᠤᠶᠤᠯ ᠤᠷᠠᠯᠢᠭ ᠶᠡᠬᠡᠬᠡᠨ ᠬᠥᠭᠵᠢᠵᠦ ᠯᠠᠯᠤ ᠶᠢᠨ ᠱᠠᠰᠢᠨ ᠤ ᠰᠦᠮ᠎ᠡ ᠬᠡᠶᠢᠳ᠂ ᠰᠤᠷᠭᠠᠭᠤᠯᠢ ᠪᠠᠶᠢᠭᠤᠯᠤᠭᠳᠠᠨ᠂ ᠭᠦᠭᠦᠷᠭᠡ᠂ ᠵᠢᠩ ᠦᠨ ᠥᠷᠲᠡᠭᠡ ᠨᠡᠭᠡᠭᠡᠭᠳᠡᠨ ᠪᠠᠶᠢᠭᠤᠯᠤᠭᠳᠠᠵᠤ ᠺᠠᠰᠭᠢᠷ᠂ ᠪᠤᠬᠤᠷ᠂ ᠰᠠᠮᠠᠷᠺᠠᠨᠳ ᠬᠣᠲᠠ ᠨᠤᠭᠤᠳ ᠰᠤᠷᠭᠠᠭᠤᠯᠢ ᠰᠤᠶᠤᠯ ᠤᠨ ᠲᠥᠪ ᠪᠣᠯᠵᠤ ᠪᠠᠶᠢᠯ᠎ᠠ᠃ ᠡᠨᠡ ᠦᠶ᠎ᠡ ᠶᠢᠨ ᠨᠢᠭᠡ ᠴᠢᠬᠤᠯᠠ ᠳᠤᠷᠠᠰᠬᠠᠯ ᠪᠣᠯ ᠶᠦᠰᠦᠹ ᠪᠠᠯᠭᠠᠰᠤᠨ ᠤ 1060-1070 ᠣᠨ ᠨᠤᠭᠤᠳ ᠲᠤ ᠪᠢᠴᠢᠭᠰᠡᠨ ᠮᠣᠩᠭᠣᠯᠴᠢᠯᠠᠪᠠᠯ ᠠᠵᠠ ᠵᠢᠷᠭᠠᠯ ᠢ ᠠᠪᠴᠢᠷᠠᠬᠤ ᠡᠷᠳᠡᠮ ᠮᠡᠳᠡᠯᠭᠡ ᠪᠤᠶᠤ 《ᠬᠤᠲᠤᠭᠲᠤ ᠪᠢᠯᠢᠭ》 ᠪᠢᠴᠢᠭᠳᠡᠵᠡᠢ᠃ᠬᠠᠷᠠᠬᠠᠨᠢᠳ ᠤᠯᠤᠰ ᠯᠠᠯᠤ ᠶᠢᠨ ᠱᠠᠰᠢᠨ ᠲᠠᠢ ᠲᠥᠪ ᠠᠽᠢᠶ᠎ᠠ ᠶᠢᠨ ᠣᠷᠣᠨ ᠨᠤᠭᠤᠳ ᠲᠠᠢ ᠬᠠᠷᠢᠯᠴᠠᠭ᠎ᠠ ᠬᠣᠯᠪᠣᠭ᠎ᠠ ᠪᠠᠨ ᠪᠡᠬᠢᠵᠢᠭᠦᠯᠵᠦ᠂ ᠬᠣᠷᠧᠽᠮ᠂ ᠮᠥᠨ ᠬᠢᠷᠭᠢᠰ ᠦᠳ ᠦᠨ ᠳᠠᠷᠠᠭ᠎ᠠ ᠮᠣᠩᠭᠣᠯ ᠨᠤᠲᠤᠭ ᠲᠤ ᠬᠦᠴᠦᠷᠬᠡᠭᠵᠢᠭᠡᠳ ᠡᠮᠦᠨᠡᠬᠢ ᠨᠡᠭᠦᠳᠡᠯᠴᠢᠳ ᠦᠨ ᠠᠳᠠᠯᠢ ᠵᠠᠷᠢᠮ ᠨᠢ ᠬᠢᠲᠠᠳ ᠤᠨ ᠰᠤᠶᠤᠯ ᠢ ᠱᠣᠬᠣᠭᠣᠷᠬᠠᠭᠠᠳ ᠬᠢᠲᠠᠳᠴᠢᠯᠠᠭᠳᠠᠵᠤ᠂ ᠯᠢᠶᠣᠣ ᠤᠯᠤᠰ ᠢ ᠪᠠᠶᠢᠭᠤᠯᠬᠤ ᠳᠤ ᠪᠠᠷᠠᠭᠤᠨ ᠵᠦᠭ ᠲᠤ ᠨᠡᠭᠦᠳᠡᠯᠯᠡᠭᠰᠡᠨ ᠢᠶᠡᠷ ᠡᠭᠦᠰᠦᠭᠰᠡᠨ ᠬᠠᠷ᠎ᠠ ᠬᠢᠳᠠᠨ ᠲᠠᠢ ᠥᠷᠢᠰᠦᠯᠳᠦᠵᠦ ᠪᠠᠶᠢᠪᠠ᠃ ᠢᠷᠠᠨ ᠳᠤ ᠲᠦᠷᠺ ᠰᠧᠯᠵᠢᠺ ᠦᠳ ᠬᠦᠴᠦᠷᠬᠡᠭᠵᠢᠬᠦ ᠦᠶ᠎ᠡ ᠳᠦ ᠲᠡᠳᠡᠨ ᠦ ᠸᠠᠰᠰᠠᠯ ᠪᠣᠯᠵᠤ ᠪᠠᠶᠢᠭᠠᠳ ᠬᠣᠵᠢᠮ ᠨᠢ ᠬᠠᠷ᠎ᠠ ᠬᠢᠳᠠᠨ ᠤ ᠮᠡᠳᠡᠯ ᠳᠦ ᠣᠷᠣᠵᠠᠢ᠃ 1125 ᠣᠨ ᠳᠤ ᠬᠢᠳᠠᠨ ᠤᠯᠤᠰ ᠠᠯᠲᠠᠨ ᠤᠯᠤᠰ ᠢᠶᠠᠷ ᠮᠥᠬᠦᠭᠡᠭᠳᠡᠬᠦ ᠳᠦ ᠶᠡᠯᠦᠢ ᠳᠠᠰᠢ ᠬᠢᠳᠠᠨ ᠤ ᠦᠯᠡᠳᠡᠭᠳᠡᠯ ᠢ ᠠᠪᠴᠤ (100,000 ᠬᠢᠳᠠᠨᠴᠤᠤᠳ ᠭᠡᠳᠡᠭ) ᠲᠩᠷᠢ ᠠᠭᠤᠯᠠ ᠶᠢᠨ ᠪᠠᠷᠠᠭᠤᠨ ᠲᠠᠯ᠎ᠠ ᠳᠤ ᠬᠦᠷᠢᠨ ᠬᠠᠷ᠎ᠠ ᠬᠢᠳᠠᠨ ᠤ ᠰᠠᠭᠤᠷᠢ ᠶᠢ ᠲᠠᠯᠪᠢᠵᠤ᠂ 1134 ᠣᠨ ᠳᠤ ᠪᠠᠯᠭᠠᠰᠤᠩ ᠬᠣᠲᠠ᠂ ᠤᠯᠠᠮ ᠢᠶᠠᠷ ᠺᠠᠰᠭᠢᠷ᠂ ᠬᠣᠲᠠᠨ᠂ ᠪᠦᠰᠢᠪᠠᠯ ᠢᠺ ᠢ ᠡᠵᠡᠯᠡᠨ᠂ 1137 ᠣᠨ ᠳᠤ ᠬᠤᠵᠢᠶᠠᠩᠳᠤ ᠪᠣᠯᠤᠭᠰᠠᠨ ᠲᠤᠯᠤᠯᠳᠤᠭᠠᠨ ᠳᠤ ᠬᠠᠷᠠᠬᠠᠨᠢᠳ ᠢ ᠴᠣᠬᠢᠵᠤ᠂ ᠹᠧᠷᠭᠠᠨ ᠤ ᠬᠥᠨᠳᠡᠢ ᠳᠤ ᠨᠣᠶᠠᠷᠬᠠᠯ ᠢᠶᠠᠨ ᠲᠣᠭᠲᠠᠭᠠᠪᠠ᠃ 1141 ᠣᠨ ᠳᠤ ᠬᠢᠳᠠᠨᠴᠤᠤᠳ ᠺᠠᠲᠠᠪᠤᠨ ᠤ ᠲᠤᠯᠤᠯᠳᠤᠭᠠᠨ ᠳᠤ ᠪᠠᠷᠠᠭᠤᠨ ᠬᠠᠷᠠᠬᠠᠨᠢᠳ ᠢ ᠴᠣᠬᠢᠨ ᠲᠷᠠᠨᠰᠣᠺᠰᠠᠨᠢᠳ ᠨᠣᠶᠠᠷᠬᠠᠯ ᠢᠶᠠᠨ ᠲᠣᠭᠲᠠᠭᠠᠨ ᠬᠣᠷᠧᠽᠮ ᠤᠨ ᠰᠤᠯᠲᠠᠨ ᠢ ᠠᠯᠪᠠ ᠪᠠᠷᠢᠭᠤᠯᠬᠤ ᠪᠣᠯᠭᠠᠵᠠᠢ᠃ ᠢᠩᠭᠢᠵᠦ ᠬᠠᠷᠠ ᠬᠣᠵᠢᠶ᠎ᠠ ᠪᠤᠶᠤ ᠢᠳᠡ ᠨᠦᠭᠦᠳ ᠪᠣᠯᠤᠨ ᠬᠠᠷᠠ ᠬᠠᠨᠢᠳ ᠤᠳ ᠬᠠᠷ᠎ᠠ ᠬᠢᠳᠠᠨ ᠳᠤ ᠠᠯᠪᠠ ᠪᠠᠷᠢᠳᠠᠭ ᠳᠠᠭᠠᠭᠤᠯᠢ ᠤᠯᠤᠰ ᠤᠳ ᠪᠣᠯᠵᠠᠢ᠃ᠬᠠᠷᠢᠨ ᠤᠶᠢᠭᠤᠷ ᠤᠨ ᠪᠤᠳ᠋ᠳ᠋ᠾᠠ ᠶᠢᠨ ᠢᠳᠢᠺᠦᠶᠢᠲ ᠤᠯᠤᠰ ᠴᠢᠩᠭᠢᠰ ᠬᠠᠭᠠᠨᠢ ᠦᠶ᠎ᠡ ᠳᠦ ᠮᠣᠩᠭᠣᠯ ᠤᠨ ᠡᠵᠡᠨᠲᠦ ᠭᠦᠷᠦᠨ ᠦ ᠪᠦᠷᠢᠯᠳᠦᠬᠦᠨ ᠳᠦ ᠰᠠᠶᠢᠨ ᠳᠤᠷ᠎ᠠ ᠪᠠᠷ ᠣᠷᠣᠵᠠᠢ᠃ ᠡᠭᠦᠨ ᠦ ᠡᠮᠦᠨᠡᠬᠡᠨ ᠤᠶᠢᠭᠤᠷ ᠤᠨ ᠺᠢᠨᠰᠤᠢ ᠤᠯᠤᠰ ᠨᠢ XI ᠵᠠᠭᠤᠨ ᠳᠤ ᠲᠠᠨᠤᠳ ᠲᠤ /ᠰᠢ ᠰᠢ/ ᠡᠵᠡᠯᠡᠭᠳᠡᠭᠰᠡᠨ ᠪᠠᠶᠢᠨ᠎ᠠ᠃

ᠺᠢᠷᠭᠢᠽᠢ ᠨᠦᠭᠦᠳ ᠲᠦ ᠰᠢᠬᠠᠭᠳᠠᠭᠰᠠᠨ ᠤᠶᠢᠭᠤᠷ ᠤᠳ 3 ᠤᠯᠤᠰ ᠡᠭᠦᠰᠬᠡᠭᠰᠡᠨ ᠦ ᠬᠠᠮᠤᠭ ᠤᠨ ᠵᠡᠭᠦᠨ ᠲᠠᠯ᠎ᠠ ᠶᠢᠨ ᠬᠢ ᠨᠢ ᠣᠳᠣ ᠶᠢᠨ ᠭᠠᠨᠢᠰᠤ ᠮᠤᠵᠢ ᠳᠤ 848-1036 ᠣᠨ ᠨᠤᠭᠤᠳ ᠲᠤ ᠲᠣᠭᠲᠠᠭᠰᠠᠨ ᠭᠠᠨᠵᠢᠭᠤ ᠶᠢᠨ ᠬᠠᠭᠠᠨᠲᠤ ᠤᠯᠤᠰ ᠪᠤᠶᠤ ᠰᠢᠷ᠎ᠠ ᠤᠶᠢᠭᠤᠷ ᠤᠳ ᠪᠠᠶᠢᠭᠰᠠᠨ ᠪᠠ ᠡᠨᠳᠡ ᠰᠢᠷ᠎ᠠ ᠶᠢᠨ ᠱᠠᠰᠢᠨ ᠶᠡᠬᠡᠳᠡ ᠳᠡᠯᠭᠡᠷᠡᠵᠡᠢ᠃ ᠲᠡᠳᠡ 1028-1036 ᠣᠨ ᠨᠤᠭᠤᠳ ᠲᠤ ᠲᠠᠩᠭᠣᠳ ᠤᠯᠤᠰ ᠲᠠᠢ ᠬᠦᠨᠳᠦ ᠬᠦᠴᠦᠷᠡ ᠳᠠᠶᠢᠨ ᠬᠢᠭᠰᠡᠨ ᠦ ᠡᠴᠦᠰ ᠲᠦ ᠢᠯᠠᠭᠳᠠᠨ ᠲᠠᠩᠭᠤᠳ ᠤᠨ ᠬᠠᠭᠠᠨᠲᠤ ᠤᠯᠤᠰ ᠲᠤ ᠠᠭᠤᠰᠤᠨ ᠨᠡᠶᠢᠯᠡᠭᠰᠡᠨ ᠪᠠᠶᠢᠨ᠎ᠠ᠃ ᠤᠶᠢᠭᠤᠷ ᠤᠳ ᠤᠨ ᠨᠢᠭᠡ ᠬᠡᠰᠡᠭ ᠨᠢ ᠬᠠᠷᠤᠬᠣᠵᠢᠭ ᠤᠨ ᠬᠠᠭᠠᠨᠲᠤ ᠤᠯᠤᠰ ᠢ 856-866 ᠣᠨ ᠨᠤᠭᠤᠳ ᠲᠤ ᠪᠠᠶᠢᠭᠤᠯᠤᠭᠰᠠᠨ ᠪᠠ ᠡᠨᠡ ᠤᠯᠤᠰ ᠨᠢ ᠲᠦᠷᠹᠠᠨ᠂ ᠪᠦᠰᠢᠪᠠᠯ ᠢᠺ᠂ ᠺᠦᠮᠦᠯ ᠪᠤᠶᠤ ᠬᠠᠮᠢ᠂ ᠺᠦ᠋ᠴᠠ ᠬᠣᠲᠠ ᠨᠤᠭᠤᠳ ᠢ ᠬᠠᠮᠤᠷᠤᠨ (3 ᠤᠯᠤᠰ ᠤᠨ ᠭᠣᠣᠯ ᠳᠤ ᠨᠢ) ᠣᠷᠣᠰᠢᠵᠤ᠂ ᠮᠠᠨᠢᠬᠠᠶᠢᠰᠮ ᠪᠣᠯᠤᠨ ᠪᠤᠳ᠋ᠳ᠋ᠾᠠ ᠶᠢᠨ ᠱᠠᠰᠢᠨ ᠤ ᠠᠯᠢ ᠠᠯᠢᠨ ᠢ ᠨᠢ ᠬᠥᠭᠵᠢᠭᠦᠯᠦᠨ ᠤᠶᠢᠭᠤᠷ ᠤᠳ ᠤᠨ ᠰᠤᠶᠤᠯ ᠤᠨ ᠲᠥᠪ ᠪᠣᠯᠵᠤ ᠪᠠᠶᠢᠪᠠ᠃ ᠬᠠᠷ ᠬᠢᠵᠤ ᠪᠤᠶᠤ ᠮᠠᠨᠠᠶᠢᠬᠢᠨ ᠤ ᠮᠡᠳᠡᠳᠡᠭ ᠢᠶᠡᠷ ᠢᠳᠡ ᠨᠦᠭᠦᠳ (ᠤᠳᠤᠷᠢᠳᠤᠭᠴᠢᠳ ᠤᠨ ᠬᠢ ᠨᠢ ᠴᠣᠯ) ᠤᠯᠤᠰ ᠨᠢ 856-1209 ᠣᠨ ᠬᠦᠷᠲᠡᠯ᠎ᠡ ᠲᠤᠰᠠᠭᠠᠷ ᠤᠯᠤᠰ ᠪᠠᠶᠢᠭᠠᠳ 1209 ᠣᠨ ᠳᠤ ᠶᠡᠬᠡ ᠮᠣᠩᠭᠣᠯ ᠤᠯᠤᠰ ᠲᠤ ᠳᠠᠭᠠᠷ᠎ᠠ ᠣᠷᠣᠶᠠᠨ ᠲᠤᠬᠠᠢ ᠡᠮᠦᠨᠡᠬᠢ ᠳᠡᠳ᠋ ᠪᠦᠯᠦᠭ ᠲᠦ ᠦᠭᠦᠯᠡᠭᠰᠡᠨ᠃ ᠡᠨᠡ ᠲᠤᠬᠠᠢ 《ᠮᠣᠩᠭᠣᠯ ᠤᠨ ᠨᠢᠭᠤᠴᠠ ᠲᠣᠪᠴᠢᠶᠠᠨ》 ᠍ ᠳᠦ: 《ᠤᠶᠢᠭᠤᠳ ᠤᠨ ᠢ ᠳᠦᠭᠦᠳ ᠴᠢᠩᠭᠢᠰ ᠬᠠᠭᠠᠨ ᠳᠤ ᠡᠯᠴᠢᠨ ᠢᠯᠡᠭᠡᠵᠦᠬᠦᠢ᠃ ᠠᠳ᠋ᠺᠠᠷᠢᠭ᠂ ᠳᠠᠷᠤᠪᠠᠢ ᠬᠣᠶᠠᠷ ᠡᠯᠴᠢ ᠪᠡᠷ ᠢᠶᠡᠨ ᠦᠴᠢᠵᠦ ᠢᠯᠡᠭᠡᠬᠦ ᠳᠦ ᠪᠡᠨ: 《ᠡᠭᠦᠯᠡ ᠠᠷᠢᠯᠵᠤ ᠡᠬᠡ ᠨᠠᠷᠠᠨ ᠦᠵᠡᠭᠰᠡᠨ ᠮᠥᠰᠥ ᠬᠠᠶᠢᠯᠠᠵᠤ ᠮᠥᠷᠡᠨ ᠤᠰᠤ ᠣᠯᠤᠭᠰᠠᠨ ᠮᠡᠲᠦ ᠴᠢᠩᠭᠢᠰ ᠬᠠᠭᠠᠨ ᠤ ᠨᠡᠷ᠎ᠡ ᠠᠯᠳᠠᠷ ᠰᠣᠨᠣᠰᠴᠤ ᠮᠠᠰᠢ ᠪᠠᠶᠠᠰᠪᠠ᠃ ᠴᠢᠩᠭᠢᠰ ᠬᠠᠭᠠᠨ ᠰᠣᠶᠣᠷᠬᠠᠪᠠᠰᠤ ᠠᠯᠲᠠᠨ ᠪᠥᠰᠡᠨ ᠦ ᠭᠣᠷᠭᠢᠨ ᠠᠴᠠ ᠠᠯᠠ ᠳᠡᠪᠡᠯ ᠦᠨ ᠦᠷᠳᠡᠰᠦᠨ ᠡᠴᠡ ᠣᠯᠪᠠᠰᠤ ᠲᠠᠪᠤᠳᠤᠭᠠᠷ ᠬᠥᠪᠡᠭᠦᠨ ᠴᠢᠨᠢ ᠪᠣᠯᠵᠤ᠂ ᠬᠦᠴᠦ ᠥᠭᠭᠦᠰᠦ》 ᠬᠡᠮᠡᠨ ᠦᠴᠢᠵᠦ ᠢᠯᠡᠭᠡᠵᠦᠬᠦᠢ᠃ ᠲᠡᠷᠡ ᠦᠭᠡᠨ ᠳᠦ ᠴᠢᠩᠭᠢᠰ ᠬᠠᠭᠠᠨ ᠰᠣᠶᠣᠷᠬᠠᠵᠤ᠂ ᠬᠠᠷᠢᠭᠤ ᠦᠭᠦᠯᠡᠵᠦ ᠢᠯᠡᠭᠡᠷᠦᠨ: 《ᠥᠬᠢᠨ ᠪᠡᠷ᠎ᠡ ᠥᠭᠭᠦᠶ᠎ᠡ᠃ ᠲᠠᠪᠤᠳᠤᠭᠠᠷ ᠬᠥᠪᠡᠭᠦᠨ ᠪᠣᠯᠲᠤᠭᠠᠢ᠃ ᠠᠯᠲᠠ᠂ ᠮᠥᠩᠭᠥ᠂ ᠰᠤᠪᠤᠳ᠂ ᠲᠠᠨ᠎ᠠ᠂ ᠬᠣᠷᠭᠣᠢ᠂ ᠲᠠᠵᠢ ᠮᠠᠩᠨᠤᠭ᠂ ᠲᠣᠷᠭ᠎ᠠ ᠠᠪᠤᠭᠠᠳ᠂ ᠢ ᠳᠦᠭᠦᠳ ᠢᠷᠡᠲᠦᠭᠡᠢ》 ᠬᠡᠮᠡᠵᠦ ᠢᠯᠡᠭᠡᠪᠡᠰᠦ᠂ ᠢ ᠳᠦᠭᠦᠳ ᠰᠣᠶᠣᠷᠬᠠᠭᠳᠠᠪᠠ ᠬᠡᠮᠡᠨ ᠪᠠᠶᠠᠰᠴᠢ᠂ ᠠᠯᠲᠠ᠂ ᠮᠥᠩᠭᠥ᠂ ᠰᠤᠪᠤᠳ᠂ ᠲᠠᠨ᠎ᠠ᠂ ᠬᠣᠷᠭᠣᠢ᠂ ᠲᠠᠵᠢ ᠮᠠᠩᠨᠤᠭ᠂ ᠲᠣᠷᠭ᠎ᠠ ᠠᠭᠤᠷᠠᠰᠤ ᠠᠪᠤᠭᠠᠳ᠂ ᠢ ᠳᠦᠭᠦᠳ ᠢᠷᠡᠵᠦ᠂ ᠴᠢᠩᠭᠢᠰ ᠬᠠᠭᠠᠨ ᠳᠤ ᠠᠭᠤᠯᠵᠠᠪᠠ᠃ ᠴᠢᠩᠭᠢᠰ ᠬᠠᠭᠠᠨ ᠢ ᠳᠦᠭᠦᠳᠦ ᠶᠢ ᠰᠣᠶᠣᠷᠬᠠᠵᠤ᠂ ᠠᠯ ᠠᠯᠲᠤᠩ ᠢ ᠥᠭᠪᠡ》 ᠭᠡᠵᠡᠢ᠃ ᠡᠨᠳᠡ ᠡᠴᠡ ᠦᠵᠡᠬᠦ ᠳᠦ ᠲᠤᠰ ᠤᠯᠤᠰ ᠠᠯᠲᠠ ᠡᠷᠳᠡᠨᠢᠰ ᠪᠣᠯᠤᠨ ᠬᠣᠷᠭᠣᠢ ᠲᠣᠷᠭ᠎ᠠ ᠬᠢᠳᠡᠭ ᠪᠠᠶᠠᠨ ᠤᠯᠤᠰ ᠪᠠᠶᠢᠭᠰᠠᠨ ᠪᠠᠶᠢᠨ᠎ᠠ᠃ ᠢᠳᠡ ᠨᠦᠭᠦᠳ ᠦᠨ ᠤᠯᠤᠰ 1369 ᠣᠨ ᠬᠦᠷᠲᠡᠯ᠎ᠡ ᠮᠣᠩᠭᠣᠯ ᠤᠨ ᠸᠠᠰᠰᠠᠯ ᠤᠯᠤᠰ ᠢᠶᠠᠷ ᠣᠷᠣᠰᠢᠨ ᠲᠣᠭᠲᠠᠨᠢᠵᠤ ᠪᠠᠶᠢᠪᠠ᠃

ᠴᠠᠭᠠᠳᠠᠢ ᠤᠯᠤᠰ ᠤᠨ ᠦᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠣᠯ ᠥᠭᠦᠯᠡᠯ: ᠴᠠᠭᠠᠳᠠᠢ ᠶᠢᠨ ᠤᠯᠤᠰ

ᠮᠣᠭᠣᠯᠢᠰᠲᠠᠨ ᠤᠯᠤᠰ ᠤᠨ ᠦᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠣᠯ ᠥᠭᠦᠯᠡᠯ: ᠮᠣᠭᠣᠯᠢᠰᠲᠠᠨ

ᠢᠷᠺᠧᠨᠳ᠋ ᠍ ᠤᠨ ᠬᠠᠨᠲᠠ ᠤᠯᠤᠰ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠦᠩᠭᠠᠷ ᠤᠨ ᠬᠠᠭᠠᠨᠲᠤ ᠤᠯᠤᠰ ᠤᠨ ᠦᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠣᠯ ᠥᠭᠦᠯᠡᠯ: ᠵᠦᠩᠭᠠᠷ

ᠮᠠᠨᠵᠤ ᠶᠢᠨ ᠦᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠣᠯ ᠥᠭᠦᠯᠡᠯ: ᠮᠠᠨᠵᠤ ᠴᠢᠩ ᠤᠯᠤᠰ


ᠮᠠᠨᠵᠤ ᠨᠠᠷ ᠠᠷᠪᠠᠨ ᠭᠤᠷᠪᠠᠳᠤᠭᠠᠷ ᠵᠠᠭᠤᠨ ᠤ 1755-1758 ᠣᠨ ᠢ ᠬᠦᠷᠲᠡᠯ᠎ᠡ ᠣᠶᠢᠷᠠᠳ ᠍ ᠤᠨ ᠠᠮᠤᠷᠰᠠᠨᠠᠭ᠎ᠠ ᠪᠠᠨᠭᠡᠶᠢᠨ ᠪᠣᠰᠤᠯᠭ᠎ᠠ ᠶᠢ ᠳᠠᠷᠤᠬᠤ ᠰᠢᠯᠲᠠᠭ ᠢᠶᠠᠷ ᠣᠶᠢᠷᠠᠳ ᠤᠳ ᠢ ᠬᠢᠳᠤᠨ ᠤᠰᠠᠳᠬᠠᠵᠤ᠂ ᠨᠤᠲᠤᠭ ᠢ ᠨᠢ ᠤᠶᠢᠭᠤᠷ ᠦᠳ ᠤᠨ ᠨᠤᠲᠤᠭ ᠲᠠᠢ ᠨᠡᠶᠢᠯᠡᠭᠦᠯᠦᠨ ᠡᠵᠡᠷᠬᠡᠶᠢᠯᠡᠭᠰᠡᠨ ᠦ ᠳᠠᠷᠠᠭ᠎ᠠ 1760 ᠣᠨ ᠳᠤ ᠳᠣᠷᠣᠨᠠᠲᠤ ᠲᠦᠺᠧᠰᠲᠠᠨ ᠍ ᠢ ᠮᠠᠨᠵᠤ ᠴᠢᠩ ᠭᠦᠷᠦᠨ ᠦ ᠵᠠᠰᠠᠭ ᠵᠠᠬᠢᠷᠭᠠᠨ ᠤ ᠨᠢᠭᠡᠴᠡ ᠰᠢᠨᠵᠢᠶᠠᠩ ᠭᠡᠳᠡᠭ ᠨᠡᠷ᠎ᠡ ᠲᠡᠢ ᠪᠣᠯᠭᠠᠵᠠᠢ᠃ᠡᠨᠡ ᠲᠤᠬᠠᠢ «ᠶᠠᠮᠠᠷ ᠴᠤ ᠬvᠨᠢᠭᠢ ᠮєᠷᠭvᠢ ᠮᠢᠩᠭ᠎ᠠ ᠮᠢᠩᠭᠠᠨ ᠪᠡᠷ᠎ᠡ ᠡᠯ ᠬᠤᠯ ᠲᠠᠯ᠎ᠠ ᠨᠤᠲᠤᠭ» ᠬᠡᠮᠡᠨ ᠪᠢᠴᠢᠭᠳᠡᠵᠦ ᠰᠢᠨᠵᠢᠶᠠᠩ ᠭᠡᠳᠡᠭ ᠨᠢ ᠰᠢᠨ᠎ᠡ ᠬᠢᠵᠠᠭᠠᠷ ᠨᠤᠲᠤᠭ ᠭᠡᠰᠡᠨ ᠤᠳᠬ᠎ᠠ ᠲᠠᠢ ᠭᠡᠵᠦ ᠳᠡᠭᠡᠷ᠎ᠡ ᠳᠤᠷᠢᠳᠠᠭᠰᠠᠨ ᠪᠢᠯᠡ᠃ᠢᠩᠭᠢᠵᠦ ᠨᠡᠷᠡᠯᠡᠬᠦ ᠡᠴᠡ ᠡᠮᠦᠨ᠎ᠡ ᠤᠶᠢᠭᠤᠷᠤᠰᠲᠠᠨ ᠢ ᠪᠤᠶᠤ ᠲᠠᠷᠢᠮ ᠤᠨ ᠬᠥᠨᠳᠡᠢ ᠶᠢᠨ ᠬᠠᠷᠯᠤᠭ ᠡᠷᠲᠡᠨ ᠦ ᠤᠶᠢᠭᠤᠷ ᠴᠠᠭᠠᠳᠠᠢ ᠶᠢᠨ ᠠᠶᠠᠯᠭ᠎ᠠ ᠬᠡᠯᠡ ᠪᠡᠷ ᠶᠠᠷᠢᠭᠴᠢ᠂ ᠮᠣᠭᠣᠯ ᠬᠣᠵᠢᠵᠠᠨ ᠤᠳᠤᠷᠢᠳᠤᠯᠭ᠎ᠠ ᠲᠠᠢ ᠲᠠᠷᠠᠩᠴᠢ ᠨᠤᠭᠤᠳ ᠰᠠᠷᠠᠲᠤ ᠨᠤᠭᠤᠳ ᠲᠦᠮᠡᠨ ᠦ ᠨᠤᠲᠤᠭ ᠢ ᠮᠠᠨᠵᠤ ᠨᠤᠭᠤᠳ ᠪᠣᠯᠤᠨ ᠬᠢᠲᠠᠳ ᠤᠳ ᠬᠤᠢ ᠵᠢᠨ ᠪᠤᠶᠤ ᠢᠰᠯᠠᠮ ᠤᠨ ᠭᠠᠵᠠᠷ ᠨᠤᠲᠤᠭ ᠭᠡᠳᠡᠭ ᠪᠠᠶᠢᠴᠠᠢ᠃ ᠬᠠᠷᠢᠨ ᠢᠰᠯᠠᠮ ᠤᠨ ᠶᠢᠷᠲᠢᠨᠴᠦ ᠲᠡᠳᠡᠨ ᠢ ᠮᠣᠭᠤᠯᠢᠰᠲᠠᠨ ᠪᠣᠯᠤᠨ ᠵᠡᠭᠦᠨ ᠲᠦᠷᠺᠢᠰᠲᠠᠨ ᠭᠡᠳᠡᠭ ᠶᠠᠭᠤᠮ᠎ᠠ᠃ ᠤᠶᠢᠭᠤᠷ ᠤᠳ ᠥᠪᠡᠷᠰᠡᠨᠢ ᠶᠢ ᠪᠡᠨ ᠰᠠᠭᠤᠷᠢᠰᠢᠯ ᠢᠶᠠᠷ ᠢᠶᠠᠨ ᠺᠥᠷᠶ᠎ᠡ ᠨᠦᠭᠦᠳ᠂ ᠬᠣᠲᠠᠨᠤᠭ ᠤᠳ᠂ ᠺᠠᠰᠢᠭᠠᠷᠴᠤᠳ ᠬᠡᠮᠡᠨ᠎ᠡ᠃ ᠬᠣᠵᠢᠮ ᠬᠢᠲᠠᠳ ᠤᠨ ᠺᠣᠮᠮᠤᠨᠢᠰᠲ᠋ᠤᠤᠳ ᠰᠢᠨᠵᠢᠨ ᠤᠶᠢᠭᠤᠷ ᠬᠡᠮᠡᠬᠦ ᠪᠣᠯᠤᠭᠰᠠᠨ ᠪᠠᠶᠢᠨ᠎ᠠ᠃ ᠠᠯᠢᠨ ᠢᠶᠠᠷ ᠨᠢ ᠲᠠᠭᠤᠳᠠᠬᠤ ᠨᠢ ᠲᠠᠨ ᠤ ᠮᠡᠳᠡᠬᠦ ᠬᠡᠷᠡᠭ᠃ ᠤᠶᠢᠭᠤᠷ ᠤᠳ ᠲᠤᠰᠠᠭᠠᠷ ᠲᠣᠭᠲᠠᠨᠢᠯ ᠢᠶᠠᠨ ᠠᠯᠠᠳᠠᠭᠰᠠᠨ ᠲᠠᠢ ᠪᠠᠨ ᠬᠡᠵᠢᠶ᠎ᠡ ᠴᠤ ᠡᠪᠯᠡᠷᠡᠵᠦ ᠪᠠᠶᠢᠭᠰᠠᠨ ᠦᠭᠡᠢ᠃ ᠮᠠᠨᠵᠤ ᠶᠢᠨ ᠡᠰᠡᠷᠬᠦ ᠲᠣᠮᠣᠬᠠᠨ ᠪᠣᠰᠤᠯᠭ᠎ᠠ 1760 ᠣᠨ ᠳᠤ ᠺᠠᠰᠭᠢᠷᠲ᠂ 1765 ᠣᠨ ᠳᠤ ᠤᠴᠢ-ᠲᠦᠷᠹᠠᠨ ᠳᠤ ᠲᠤᠰ ᠪᠦᠷᠢ ᠭᠠᠷᠴᠠᠢ᠃ XᠦIII-ᠠᠷᠪᠠᠨ ᠲᠠᠪᠤᠳᠤᠭᠠᠷ ᠵᠠᠭᠤᠨ ᠤ ᠬᠣᠭᠣᠷᠣᠨᠳᠣ ᠤᠶᠢᠭᠤᠷ ᠤᠳ ᠮᠠᠨᠵᠤ᠂ ᠬᠢᠲᠠᠳ ᠤᠳ ᠤᠨ ᠡᠰᠡᠷᠬᠦ 400 ᠤᠳᠠᠭ᠎ᠠ ᠪᠣᠰᠴᠠᠢ᠃ 1866 ᠣᠨ ᠳᠤ ᠳᠣᠲᠣᠭᠠᠳᠤ ᠶᠢᠨ ᠲᠡᠮᠡᠴᠡᠯ ᠡᠴᠡ ᠪᠣᠯᠵᠤ ᠤᠶᠢᠭᠤᠷ ᠳᠣᠲᠣᠷ᠎ᠠ ᠪᠠᠨ ᠲᠠᠪ ᠬᠤᠪᠢᠶᠠᠭᠳᠠᠭᠰᠠᠨ ᠪᠠᠶᠢᠨ᠎ᠠ᠃ ᠺᠦ᠋ᠴᠠᠷ ᠤᠨ ᠬᠠᠨᠯᠢᠭ᠂ ᠺᠠᠰᠢᠭᠠᠷ ᠤᠨ ᠬᠠᠨᠯᠢᠭ᠂ ᠬᠣᠲᠠᠨ ᠤ ᠬᠠᠨᠯᠢᠭ᠂ ᠥᠷᠦᠮᠴᠢ᠂ ᠢᠯᠢ ᠶᠢᠨ ᠰᠤᠯᠲᠠᠨ ᠤᠯᠤᠰ ᠤᠳ ᠪᠤᠢ ᠪᠣᠯᠵᠠᠢ᠃ ᠤᠶᠢᠭᠤᠷᠴᠤᠳ ᠨᠢᠭᠡ ᠳᠦ ᠬᠢ ᠬᠡᠷᠡᠭᠲᠡᠢ ᠭᠡᠳᠡᠭ ᠢᠶᠡᠨ ᠣᠶᠢᠯᠠᠭᠠᠵᠤ ᠪᠠᠶᠢᠭᠰᠠᠨ ᠴᠤ ᠪᠡᠶ᠎ᠡ ᠪᠡᠶᠡᠩ ᠡᠴᠡ ᠪᠡᠨ ᠢᠯᠡᠭᠦᠦ ᠭᠠᠷᠬᠤ ᠭᠡᠰᠡᠨ ᠢᠪᠴᠤᠤ ᠰᠠᠨᠠᠭᠠᠷᠬᠠᠯ ᠠᠴᠠ ᠪᠠᠨ ᠪᠣᠯᠤᠭᠠᠳ ᠨᠢᠭᠡᠳᠴᠦ ᠴᠢᠳᠠᠳᠠᠭ ᠦᠭᠡᠢ ᠪᠠᠶᠢᠪᠠ᠃ᠡᠨᠡ ᠬᠤᠭᠤᠴᠠᠭᠠᠨ ᠳᠤ ᠤᠶᠢᠭᠤᠷ ᠤᠳ ᠮᠠᠨᠵᠤ ᠶᠢᠨ ᠡᠰᠡᠷᠬᠦ 42 ᠤᠳᠠᠭ᠎ᠠ ᠪᠣᠰᠤᠯᠭ᠎ᠠ ᠲᠡᠮᠡᠴᠡᠯ ᠭᠠᠷᠭᠠᠨ 1864 ᠣᠨ ᠤ ᠪᠣᠰᠤᠯᠭ᠎ᠠ ᠪᠠᠷ ᠠᠮᠵᠢᠯᠲᠠ ᠣᠯᠵᠤ ᠺᠠᠰᠢᠭᠠᠷ ᠤᠨ ᠴᠡᠷᠢᠭ ᠦᠨ ᠵᠠᠩᠵᠤᠨ ᠶᠠᠺᠦᠪ ᠪᠧᠺ ᠡᠶᠢᠨ ᠤᠳᠤᠷᠢᠳᠤᠯᠭ᠎ᠠ ᠳᠣᠣᠷ᠎ᠠ ᠮᠠᠨᠵᠤ ᠶᠢᠨ ᠵᠠᠬᠢᠷᠤᠭᠴᠢᠳ ᠢ ᠤᠶᠢᠭᠤᠷᠤᠰᠲᠠᠨ ᠠᠴᠠ ᠬᠥᠭᠡᠭᠡᠨ ᠢᠡᠲᠡᠰᠢᠷ (ᠳᠣᠯᠣᠭᠠᠨ ᠬᠣᠲᠠ ᠶᠢᠨ ᠤᠯᠤᠰ-ᠺᠠᠰᠭᠢᠷ᠂ ᠶᠠᠭᠠᠷᠺᠢᠨ ᠳᠦ᠂ ᠬᠣᠲᠠᠨ᠂ ᠠᠺᠰᠤ᠂ ᠺᠦ᠋ᠴᠠ᠂ ᠬᠣᠷᠯᠠ᠂ ᠲᠦᠷᠹᠠᠨ) ᠪᠤᠶᠤ ᠺᠠᠰᠢᠭᠠᠷ ᠤᠨ ᠰᠤᠯᠲᠠᠨ ᠳᠤ /ᠬᠠᠭᠠᠨᠲᠤ/ ᠤᠯᠤᠰ ᠢ ᠪᠠᠶᠢᠭᠤᠯᠤᠭᠰᠠᠨ ᠨᠢ 1873 ᠣᠨ ᠳᠤ ᠣᠳᠲᠠᠮᠠᠨ ᠤ ᠡᠵᠡᠨᠲᠦ ᠤᠯᠤᠰ᠂ 1872 ᠣᠨ ᠳᠤ ᠬᠠᠭᠠᠨᠲᠤ ᠣᠷᠣᠰ᠂ 1874 ᠣᠨ ᠳᠤ ᠶᠡᠬᠡ ᠪᠷᠢᠲ᠋ᠠᠨ(ᠠᠩᠭᠯᠢ) ᠪᠠᠷ ᠬᠦᠯᠢᠶᠡᠨ ᠵᠥᠪᠰᠢᠶᠡᠷᠡᠭᠳᠡᠵᠡᠢ᠃ ᠶ ᠡᠲ᠋ᠲᠥᠱᠠᠷ ᠤᠯᠤᠰ ᠬᠡᠳᠦᠢ ᠪᠡᠷ ᠣᠷᠣᠰ᠂ ᠠᠩᠭᠯᠢ ᠲᠠᠢ ᠬᠣᠯᠪᠣᠭ᠎ᠠ ᠲᠣᠭᠲᠠᠭᠠᠵᠤ᠂ ᠲᠤᠰᠠᠭᠠᠷ ᠲᠣᠭᠲᠠᠨᠢᠯ ᠢᠶᠠᠨ ᠵᠥᠪᠰᠢᠶᠡᠷᠡᠭᠦᠯᠦᠭᠰᠡᠨ ᠴᠤ ᠠᠮᠵᠢᠯᠲᠠ ᠪᠠᠨ ᠪᠠᠲᠤᠯᠠᠭᠠᠵᠢᠭᠤᠯᠵᠤ ᠴᠢᠳᠠᠭᠰᠠᠨ ᠦᠭᠡᠢ᠃ ᠮᠠᠨᠵᠤ ᠴᠢᠩ ᠭᠦᠷᠦᠨ 1877 ᠣᠨ ᠳᠤ ᠤᠶᠢᠭᠤᠷ ᠤᠨ ᠶ ᠡᠲ᠋ᠲᠥᠱᠠᠷ ᠤᠯᠤᠰ ᠤᠨ ᠡᠰᠡᠷᠬᠦ ᠴᠡᠷᠢᠭ ᠬᠥᠳᠡᠯᠭᠡᠭᠰᠡᠨ ᠪᠠᠶᠢᠨ᠎ᠠ᠃ ᠰᠤᠯᠲᠠᠨ ᠶᠠᠺᠦᠪ ᠪᠧᠺ ᠢ ᠬᠣᠣᠷᠯᠠᠵᠤ ᠠᠯᠠᠵᠠᠢ᠃ 1876 ᠣᠨ ᠳᠤ ᠮᠠᠨᠵᠤ ᠶᠢᠨ ᠬᠠᠭᠠᠨ ᠠᠴᠠ ᠲᠣᠮᠢᠯᠠᠭᠳᠠᠨ ᠤᠶᠢᠭᠤᠷ ᠤᠨ ᠡᠰᠡᠷᠬᠦ ᠳᠠᠶᠢᠨ ᠢ ᠤᠳᠤᠷᠢᠳᠤᠭᠰᠠᠨ ᠴᠡᠷᠢᠭ ᠦᠨ ᠵᠠᠩᠵᠤᠨ ᠵᠣ ᠵᠤᠨ ᠲᠠᠨ ᠲᠡᠦᠬᠡᠨ ᠳᠦ 《ᠤᠶᠢᠭᠤᠷ ᠤᠨ ᠡᠷᠯᠢᠭ》 ᠨᠡᠷ᠎ᠡ ᠪᠡᠷ ᠮᠥᠩᠬᠡᠷᠡᠴᠢ ᠦᠯᠡᠳᠡᠵᠡᠢ᠃ ᠲᠡᠷᠡ ᠪᠡᠷ ᠡᠷᠲᠡᠨ ᠦ ᠫᠣ ᠨᠤ ᠵᠠᠩᠵᠤᠨ ᠤ ᠠᠯᠠᠳᠠᠭ ᠳᠠᠪᠲᠠᠭᠰᠠᠨ ᠦᠭᠡᠢ᠂ ᠶᠠᠭᠠᠷᠠᠯ ᠦᠭᠡᠢ ᠳᠠᠪᠰᠢᠵᠤ᠂ ᠵᠠᠮ ᠳᠤ ᠪᠠᠨ ᠴᠡᠷᠢᠭ ᠦᠨ ᠲᠠᠷᠢᠶᠠᠯᠠᠩ ᠪᠠᠶᠢᠭᠤᠯᠵᠤ᠂ ᠬᠦᠨᠡᠰᠦ ᠨᠥᠭᠡᠴᠡ ᠶᠢ ᠰᠠᠶᠢᠲᠤᠷ ᠪᠡᠯᠡᠳᠬᠡᠭᠡᠳ ᠬᠠᠷᠭᠢᠰ ᠬᠠᠲᠠᠭᠤ ᠳᠠᠭᠠᠷᠢᠯᠲᠠ ᠬᠡᠶᠢᠵᠢᠭᠡ᠃ᠨᠥᠭᠥᠭᠡ ᠲᠠᠯ᠎ᠠ ᠠᠴᠠ ᠬᠠᠭᠠᠨᠲᠤ ᠣᠷᠣᠰ ᠤᠯᠤᠰ ᠰᠠᠮᠠᠷᠺᠠᠨᠳ᠂ ᠪᠤᠬᠤᠷ ᠬᠣᠲᠠ ᠨᠤᠭᠤᠳ ᠢ ᠡᠵᠡᠯᠡᠨ ᠠᠪᠤᠭᠰᠠᠨ ᠳᠤ ᠣᠷᠣᠰ ᠤᠳ ᠤᠨ ᠲᠦᠷᠢᠯᠲᠡ ᠡᠴᠡ ᠠᠶᠤᠭᠰᠠᠨ ᠪᠷᠢᠲ᠋ᠠᠨᠢᠴᠤᠤᠳ ᠬᠣᠩ ᠺᠣᠩ ᠳᠠᠾᠢ ᠪᠣᠰᠲᠠᠨ ᠪᠠᠩᠬᠢ ᠪᠠᠷ ᠢᠶᠠᠨ ᠳᠠᠮᠵᠢᠭᠤᠯᠠᠨ ᠮᠠᠨᠵᠢ ᠨᠤᠭᠤᠳ ᠲᠤ ᠵᠡᠭᠡᠯᠢ ᠣᠯᠭᠣᠬᠤ ᠵᠠᠮ ᠢᠶᠠᠷ ᠮᠠᠨᠵᠢ ᠨᠤᠭᠤᠳ ᠢ ᠳᠡᠮᠵᠢᠵᠡᠢ᠃ ᠲᠦᠷᠢ ᠲᠤᠰᠠᠭᠠᠷ ᠲᠣᠭᠲᠠᠨᠢᠭᠰᠠᠨ ᠤᠶᠢᠭᠤᠷᠴᠤᠳ ᠳᠠᠬᠢᠨ ᠮᠠᠨᠵᠤ ᠳᠤ ᠡᠵᠡᠯᠡᠭᠳᠡᠪᠡ᠃ᠤᠶᠢᠭᠤᠷ ᠤᠳ ᠨᠡᠭᠦᠳᠡᠯᠴᠢᠳ ᠪᠢᠰᠢ ᠲᠤᠯᠠ ᠵᠢᠭᠤᠳᠠᠨ ᠪᠠᠶᠢᠯᠳᠤᠵᠤ ᠴᠢᠳᠠᠭᠰᠠᠨ ᠦᠭᠡᠢ᠂ ᠬᠣᠲᠠ ᠨᠤᠭᠤᠳ ᠨᠢ ᠳᠠᠷᠠᠭᠠᠯᠠᠨ ᠤᠨᠠᠵᠠᠢ᠃ 1884 ᠣᠨ ᠳᠤ ᠮᠠᠨᠵᠢ ᠨᠤᠭᠤᠳ ᠤᠶᠢᠭᠤᠷ ᠲᠤ ᠳᠠᠬᠢᠨ ᠬᠢᠨᠠᠯᠲᠠ ᠪᠠᠨ ᠲᠣᠭᠲᠠᠭᠠᠪᠠ᠃ ᠮᠠᠨᠵᠤ ᠶᠢᠨ ᠬᠠᠭᠠᠨ ᠤ ᠵᠠᠷᠯᠢᠭ ᠢᠶᠠᠷ ᠳᠠᠬᠢᠨ 1884 ᠣᠨ ᠤ 11 ᠰᠠᠷ᠎ᠠ ᠶᠢᠨ 18 ᠍ ᠳᠦ 《ᠰᠢᠨ᠎ᠡ ᠡᠵᠡᠮᠰᠢᠯ ᠭᠠᠵᠠᠷ》 ᠪᠤᠶᠤ ᠰᠢᠩ ᠵᠢᠨ ᠬᠡᠮᠡᠨ ᠨᠡᠷᠡᠯᠡᠬᠦ ᠪᠣᠯᠤᠭᠰᠠᠨ ᠪᠠ ᠵᠠᠰᠠᠭ ᠵᠠᠬᠢᠷᠭᠠᠨ ᠤ ᠲᠥᠪ ᠨᠢ ᠥᠷᠦᠮᠴᠢ ᠪᠣᠯᠪᠠ᠃
ᠶᠠᠺᠦᠪ ᠪᠧᠺ᠃
ᠳᠣᠷᠣᠨᠠᠲᠤ ᠲᠦᠺᠧᠰᠲᠠᠨ ᠤ ᠪᠣᠰᠤᠭᠴᠢᠳ ᠢ ᠴᠢᠩ ᠤᠯᠤᠰ ᠴᠡᠷᠢᠭᠯᠡᠨ ᠳᠠᠷᠤᠵᠤ ᠪᠤᠢ ᠨᠢ(1828 ᠣᠨ)

ᠣᠷᠴᠢᠨ ᠦᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ХХ ᠵᠠᠭᠤᠨ ᠤ ᠡᠬᠢ ᠪᠡᠷ ᠮᠠᠨᠵᠤ ᠴᠢᠩ ᠭᠦᠷᠦᠨ ᠵᠠᠳᠠᠷᠠᠬᠤ ᠳᠤ ᠤᠶᠢᠭᠤᠷ ᠲᠤ ᠴᠤ ᠪᠣᠰᠤᠯᠭ᠎ᠠ ᠳᠡᠭᠳᠡᠵᠡᠢ᠃ ᠺᠠᠭ ᠤᠺ᠂ ᠢᠷᠺᠧᠨᠳ᠂ ᠬᠣᠲᠠᠨ ᠤ ᠤᠶᠢᠭᠤᠷ ᠤᠳ ᠵᠡᠪᠰᠡᠭᠯᠡᠨ ᠪᠣᠰᠤᠭᠰᠠᠨ ᠪᠠᠶᠢᠨ᠎ᠠ᠃ 1912-1913 ᠣᠨ ᠳᠤ ᠺᠦᠢᠮᠦᠦᠶᠢᠳ ᠲᠣᠮᠣᠬᠠᠨ ᠦᠢᠮᠡᠭᠡᠨ ᠭᠠᠷᠴᠠᠢ᠃ ᠭᠡᠪᠡᠴᠦ ᠡᠨᠡ ᠪᠦᠬᠦ ᠪᠣᠰᠤᠯᠭ᠎ᠠ ᠬᠥᠳᠡᠯᠭᠡᠭᠡᠨ ᠠᠮᠵᠢᠯᠲᠠᠨ ᠳᠤ ᠬᠦᠷᠡᠭᠰᠡᠨ ᠦᠭᠡᠢ᠃ 1931 ᠣᠨ ᠳᠤ ᠤᠶᠢᠭᠤᠷ ᠤᠳ ᠬᠢᠲᠠᠳ ᠤᠨ ᠡᠰᠡᠷᠬᠦ ᠳᠠᠬᠢᠨ ᠪᠣᠰᠤᠯᠭ᠎ᠠ ᠭᠠᠷᠭᠠᠵᠠᠢ᠃ ᠡᠨᠡ ᠤᠳᠠᠭ᠎ᠠ ᠲᠡᠳᠡᠨ ᠦ ᠪᠣᠰᠤᠯᠭ᠎ᠠ ᠶᠢ ᠠᠯᠲᠠᠢ ᠶᠢᠨ ᠬᠠᠰᠠᠭ ᠤᠳ᠂ ᠬᠠᠷᠠᠰᠢᠷ᠎ᠠ ᠶᠢᠨ ᠮᠣᠩᠭᠣᠯᠴᠤᠳ᠂ ᠳᠤᠩᠭᠠᠨ᠂ ᠺᠢᠷᠭᠢᠽᠢ ᠨᠦᠭᠦᠳ ᠳᠡᠮᠵᠢᠭᠰᠡᠨ ᠪᠠᠶᠢᠨ᠎ᠠ᠃ 1933 ᠣᠨ ᠭᠡᠬᠦ ᠳᠦ ᠪᠣᠰᠤᠭᠴᠢᠳ ᠤᠶᠢᠭᠤᠷ ᠤᠨ ᠭᠠᠵᠠᠷ ᠨᠤᠲᠤᠭ ᠤᠨ 90 ᠬᠤᠪᠢ ᠶᠢ ᠬᠢᠨᠠᠯᠲᠠᠨ ᠳᠤ ᠪᠠᠨ ᠠᠪᠤᠭᠠᠳ ᠪᠠᠶᠢᠯ᠎ᠠ᠃ 1920 ᠍ ᠢᠤᠳ᠋ ᠣᠨ ᠠᠴᠠ ᠤᠶᠢᠭᠤᠷ ᠤᠨ ᠦᠨᠳᠦᠰᠦᠨ ᠦ ᠦᠵᠡᠯ ᠰᠡᠷᠭᠦᠨ ᠬᠢᠲᠠᠳ ᠤᠨ ᠡᠷᠬᠡ ᠪᠠᠷᠢᠭᠴᠢᠳ ᠤᠨ ᠡᠰᠡᠷᠬᠦ ᠲᠡᠮᠡᠴᠡᠨ ᠪᠠᠶᠢᠭᠰᠠᠨ ᠪᠠ ᠬᠣᠵᠢᠮ ᠤᠶᠢᠭᠤᠷ ᠬᠡᠮᠡᠭᠳᠡᠬᠦ ᠨᠡᠷ᠎ᠡ ᠲᠡᠢ ᠪᠣᠯᠤᠭᠰᠠᠨ ᠲᠦᠷᠹᠠᠨ ᠤ ᠢᠷᠠᠭᠤ ᠨᠠᠶᠢᠷᠠᠭᠴᠢ ᠠᠪᠳᠤᠯᠬᠠᠯᠢᠺ 《ᠤᠶᠠᠭᠠᠨ》 ᠨᠡᠷ᠎ᠡ ᠲᠡᠢ ᠰᠢᠯᠦᠭ ᠢᠶᠡᠨ ᠵᠣᠬᠢᠶᠠᠵᠠᠢ᠃ (ᠲᠡᠭᠦᠨ ᠢ 1933 ᠣᠨ ᠳᠤ ᠬᠢᠲᠠᠳ ᠤᠨ ᠴᠡᠷᠢᠭ ᠦᠨ ᠳᠠᠷᠤᠩᠭᠤᠶᠢᠯᠠᠭᠴᠢ ᠱᠢᠨ ᠱᠢᠺᠠᠢ ᠪᠠᠷᠢᠪᠴᠢᠯᠠᠨ ᠬᠣᠷᠢᠵᠤ᠂ ᠲᠠᠮᠤᠯᠠᠨ ᠬᠣᠷᠢᠶᠠᠴᠠᠢ) 1921 ᠣᠨ ᠳᠤ ᠵᠥᠪᠯᠡᠯᠲᠦ ᠨᠦᠭᠦᠳ ᠲᠠᠱᠺᠸᠨᠲ ᠲᠤ ᠤᠶᠢᠭᠤᠷ ᠤᠨ ᠯᠢᠳᠧᠷ ᠦᠳ ᠲᠡᠢ ᠠᠭᠤᠯᠵᠠᠭᠰᠠᠨ ᠢᠶᠠᠷ ᠠᠩᠬ᠎ᠠ ᠪᠠᠶᠢᠭᠤᠯᠤᠭᠳᠠᠭᠰᠠᠨ ᠤᠶᠢᠭᠤᠷ ᠤᠨ ᠦᠨᠳᠦᠰᠦᠨ ᠦ ᠡᠪ ᠬᠠᠮᠳᠣ ᠪᠠᠶᠢᠭᠤᠯᠤᠯᠭ᠎ᠠ ᠪᠣᠯᠬᠤ ᠬᠤᠪᠢᠰᠬᠠᠯᠲᠤ ᠪᠦᠯᠬᠦᠮ 1926 ᠬᠦᠷᠲᠡᠯ᠎ᠡ ᠪᠤᠶᠤ ᠣᠷᠣᠰ ᠤᠳ ᠤᠶᠢᠭᠤᠷᠤᠰᠲᠠᠨ ᠳᠠᠬᠢ ᠬᠢᠲᠠᠳ ᠤᠨ ᠭᠣᠮᠢᠨᠳᠠᠨ ᠤ ᠵᠠᠰᠠᠭᠯᠠᠯ ᠢ ᠬᠦᠯᠢᠶᠡᠨ ᠵᠥᠪᠰᠢᠶᠡᠷᠡᠴᠢ᠂ ᠬᠤᠳᠠᠯᠳᠤᠭᠠᠨ ᠤ ᠭᠡᠷ᠎ᠡ ᠪᠠᠶᠢᠭᠤᠯᠬᠤ ᠬᠦᠷᠲᠡᠯ᠎ᠡ ᠺᠠᠰᠭᠢᠷᠲ ᠦᠢᠯᠡ ᠠᠵᠢᠯᠯᠠᠭ᠎ᠠ ᠶᠠᠪᠤᠭᠤᠯᠵᠤ ᠪᠠᠶᠢᠭᠰᠠᠨ ᠪᠠᠶᠢᠨ᠎ᠠ᠃

ᠠᠩᠭᠯᠢ᠂ ᠣᠷᠣᠰ ᠤᠯᠤᠰ ᠵᠡᠷᠭᠡ ᠶᠡᠬᠡ ᠭᠦᠷᠦᠨ ᠨᠦᠭᠦᠳ ᠦᠨ ᠨᠥᠯᠥᠭᠡ ᠪᠡᠷ ᠺᠠᠰᠭᠢᠷ (ᠤᠶᠢᠭᠤᠷᠤᠰᠲᠠᠨ) ᠪᠣᠯᠤᠨ ᠠᠨᠳᠢᠷᠠᠨ ᠤ(ᠦᠵᠡᠪᠺ) ᠠᠳᠠᠯᠢᠬᠠᠨ ᠰᠠᠷ᠎ᠠ ᠳᠤ-ᠲᠠᠷᠠᠩᠴᠢ ᠨᠤᠭᠤᠳ ᠢ ᠤᠶᠢᠭᠤᠷ ᠪᠣᠯᠤᠨ ᠦᠽᠪᠺ ᠬᠡᠮᠡᠬᠦ 2 ᠦᠨᠳᠦᠰᠦᠲᠡᠨ ᠪᠣᠯᠭᠠᠵᠠᠢ᠃ ᠣᠳᠣ ᠲᠦᠷᠹᠠᠨ᠂ ᠺᠦᠮᠦᠯ ᠪᠤᠶᠤ ᠬᠠᠮᠢ᠂ ᠺᠣᠷᠯᠠ᠂ ᠺᠠᠰᠭᠢᠷ᠂ ᠶᠠᠭᠠᠷᠺᠧᠨᠳ᠂ ᠢᠢᠩᠭᠢᠰᠰᠠᠷ᠂ ᠬᠣᠲᠠᠨ᠂ ᠭᠤᠯᠵᠠ ᠵᠡᠷᠭᠡ ᠲᠠᠷᠢᠮ ᠤᠨ ᠬᠥᠨᠳᠡᠢ ᠶᠢᠨ ᠬᠦᠮᠦᠨ ᠵᠣᠨ ᠢ ᠤᠶᠢᠭᠤᠷ ᠤᠳ ᠭᠡᠬᠦ ᠪᠣᠯᠵᠠᠢ᠃1933 ᠣᠨ ᠳᠤ ᠤᠶᠢᠭᠤᠷ ᠤᠨ ᠡᠷᠬᠡ ᠪᠠᠷᠢᠭᠴᠢ ᠰᠠᠪᠢᠲ ᠳᠠᠮᠤᠯᠠᠯ᠂ ᠮᠤᠬᠠᠮ ᠳᠤ ᠢᠮᠢᠨ ᠪᠤᠭᠠᠷ ᠨᠠᠷ ᠳᠣᠷᠣᠨᠠᠲᠤ ᠲᠦᠺᠧᠰᠲᠠᠨ ᠤᠯᠤᠰ ᠪᠠᠶᠢᠭᠤᠯᠤᠭᠳᠠᠭᠰᠠᠨ ᠢ ᠵᠠᠷᠯᠠᠭᠰᠠᠨ ᠪᠠᠶᠢᠨ᠎ᠠ᠃ ᠲᠡᠳᠡ ᠠᠩᠬ᠎ᠠ ᠯᠠᠯᠤ ᠶᠢᠨ ᠪᠦᠭᠦᠳᠡ ᠨᠠᠶᠢᠷᠠᠮᠳᠠᠬᠤ ᠤᠶᠢᠭᠤᠷ ᠤᠯᠤᠰ ᠭᠡᠵᠦ ᠨᠡᠷ᠎ᠡ ᠶᠢ ᠰᠣᠩᠭᠣᠭᠰᠠᠨ ᠪᠣᠯᠪᠠᠴᠤ ᠡᠨᠳᠡ ᠠᠮᠢᠳᠤᠷᠠᠵᠤ ᠪᠠᠶᠢᠭ᠎ᠠ ᠪᠤᠰᠤᠳ ᠦᠨᠳᠦᠰᠦᠲᠡᠨ ᠦ ᠰᠠᠨᠠᠯ ᠢ ᠬᠠᠷᠠᠭᠠᠯᠵᠠᠨ ᠦᠵᠡᠵᠦ ᠳᠣᠷᠣᠨᠠᠲᠤ ᠲᠦᠺᠧᠰᠲᠠᠨ ᠭᠡᠵᠦ ᠨᠡᠷᠡᠯᠡᠭᠰᠡᠨ ᠪᠠᠶᠢᠨ᠎ᠠ᠃ ᠡᠨᠡ ᠦᠶ᠎ᠡ ᠳᠦ ᠵᠥᠪᠯᠡᠯᠲᠦ ᠬᠣᠯᠪᠣᠭᠠᠲᠤ ᠤᠯᠤᠰ ᠲᠡᠳᠡᠨ ᠳᠦ ᠬᠦᠴᠦᠲᠡᠢ ᠨᠥᠯᠦᠭᠡᠯᠡᠵᠦ᠂ ᠳᠡᠮᠵᠢᠵᠦ ᠪᠠᠶᠢᠭᠰᠠᠨ ᠪᠠ ᠣᠷᠣᠰ ᠤᠨ ᠤᠯᠤᠰ ᠲᠥᠷᠥ ᠶᠢᠨ ᠬᠢᠨ ᠤᠶᠢᠭᠤᠷ᠂ ᠲᠦᠷᠦᠭ ᠢ ᠢᠯᠭᠠᠳᠠᠭ ᠦᠭᠡᠢ ᠪᠠᠶᠢᠯ᠎ᠠ᠃ ᠲᠡᠶᠢᠮᠦ ᠡᠴᠡ 《ᠵᠡᠭᠦᠨ ᠲᠦᠷᠦᠭ ᠤᠯᠤᠰ》 ᠭᠡᠵᠦ ᠨᠡᠷᠡᠯᠡᠵᠡᠢ᠃1933 ᠣᠨ ᠤ 11 ᠰᠠᠷ᠎ᠠ ᠶᠢᠨ 12 ᠍ ᠳᠦ ᠺᠠᠰᠭᠢᠷ ᠬᠣᠳᠠ ᠳᠤ ᠤᠯᠤᠰ ᠤᠨ ᠢᠶᠠᠨ ᠦᠨᠳᠦᠰᠦᠨ ᠬᠠᠤᠯᠢ ᠶᠢ ᠪᠠᠲᠤᠯᠠᠵᠠᠢ᠃ ᠠᠩᠬᠠᠨ ᠤ ᠶᠡᠷᠦᠩᠬᠡᠶᠢᠯᠡᠭᠴᠢ ᠨᠢ ᠬᠣᠵᠢᠶ᠎ᠠ ᠨᠢᠵᠠ ᠬᠠᠵᠢ᠂ ᠬᠠᠷᠢᠨ ᠶᠡᠷᠦᠩᠬᠡᠢ ᠰᠠᠶᠢᠳ ᠨᠢ ᠰᠠᠪᠢᠲ ᠳᠠᠮᠤᠯᠠᠯ ᠪᠣᠯᠪᠠ᠃ ᠴᠠᠶᠢᠪᠤᠷ ᠴᠡᠩᠬᠡᠷ ᠥᠩᠭᠡ ᠶᠢᠨ ᠳᠡᠪᠢᠰᠬᠡᠷ ᠳᠡᠭᠡᠷ᠎ᠡ ᠴᠠᠭᠠᠨ ᠥᠩᠭᠡ ᠶᠢᠨ ᠣᠳᠣ ᠲᠠᠢ ᠬᠠᠪᠢᠷᠭᠠᠨ ᠰᠠᠷᠠᠨ ᠤ ᠳᠦᠷᠢ ᠪᠦᠬᠦᠢ ᠲᠥᠷᠥ ᠶᠢᠨ ᠳᠠᠯᠪᠠᠭ᠎ᠠ ᠲᠠᠢ ᠪᠣᠯᠵᠠᠢ᠃ 1934 ᠣᠨ ᠠᠴᠠ ᠳᠣᠷᠣᠨᠠᠲᠤ ᠲᠦᠺᠧᠰᠲᠠᠨ ᠤ ᠤᠳᠤᠷᠢᠳᠤᠭᠴᠢᠳ ᠮᠣᠰᠺᠸᠠ ᠳᠤ ᠣᠴᠢᠵᠤ ᠵᠥᠪᠯᠡᠯᠲᠦ ᠡᠴᠡ ᠳᠡᠮᠵᠢᠯᠭᠡ ᠠᠪᠬᠤ ᠪᠣᠯᠵᠠᠢ᠃ ᠭᠡᠪᠡᠴᠦ 1936 ᠣᠨ ᠳᠤ ᠳᠣᠷᠣᠨᠠᠲᠤ ᠲᠦᠺᠧᠰᠲᠠᠨ ᠤᠯᠤᠰ ᠴᠢᠨ ᠺᠠᠶᠢᠰᠢ ᠶᠢᠨ ᠬᠢᠨᠠᠯᠲᠠᠨ ᠳᠤ ᠣᠷᠣᠵᠠᠢ᠃ 1937 ᠣᠨ ᠳᠤ ᠤᠶᠢᠭᠤᠷ ᠤᠳ ᠳᠠᠬᠢᠨ ᠪᠣᠰᠤᠯᠭ᠎ᠠ ᠭᠠᠷᠭᠠᠪᠠ᠃ ᠬᠡᠳᠦᠢ ᠪᠡᠷ ᠳᠣᠷᠣᠨᠠᠲᠤ ᠲᠦᠺᠧᠰᠲᠠᠨ ᠨᠢ ᠬᠢᠲᠠᠳ ᠤᠨ ᠮᠡᠳᠡᠯ ᠳᠦ ᠳᠠᠬᠢᠨ ᠣᠷᠣᠭᠰᠠᠨ ᠴᠤ ᠥᠪᠡᠷ ᠦᠨ ᠮᠥᠩᠭᠥᠨ ᠲᠡᠮᠳᠡᠭᠲᠦ ᠲᠡᠢ᠂ ᠵᠥᠪᠯᠡᠯᠲᠦ ᠬᠣᠯᠪᠣᠭᠠᠲᠤ ᠤᠯᠤᠰ ᠤᠨ ᠲᠥᠪ ᠪᠠᠩᠬᠢᠨ ᠠᠴᠠ ᠳᠡᠮᠵᠢᠯᠭᠡ ᠠᠪᠴᠤ ᠪᠠᠶᠢᠯ᠎ᠠ᠃ ᠤᠴᠢᠷ ᠨᠢ ᠰᠢᠨᠵᠢᠶᠠᠩ ᠳᠤ ᠤᠷᠠᠨ᠂ ᠸᠣᠯᠹᠷᠠᠮ᠂ ᠰᠤᠷᠢᠮᠠ᠂ ᠨᠢᠺᠧᠯ᠂ ᠲᠠᠨᠲᠤᠯ ᠭᠡᠳ ᠠᠰᠢᠭᠲᠤ ᠮᠠᠯᠲᠠᠮᠠᠯ ᠤᠨ ᠣᠷᠳᠣ ᠭᠠᠵᠠᠷ ᠢᠯᠡᠷᠡᠭᠰᠡᠨ ᠪᠠᠶᠢᠪᠠ᠃ ᠰᠢᠨᠵᠢᠶᠠᠩ ᠤᠨ ᠠᠮᠪᠠᠨ ᠵᠠᠬᠢᠷᠤᠭᠴᠢ ᠪᠠᠷ ᠲᠣᠮᠢᠯᠠᠭᠳᠠᠨ ᠢᠷᠡᠭᠰᠡᠨ ᠬᠢᠲᠠᠳ ᠤᠨ ᠭᠧᠨᠧᠷᠠᠯ ᠱᠢᠨ ᠱᠢᠽᠠᠢ ᠡᠬᠢᠨ ᠳᠦ ᠪᠡᠨ ᠣᠷᠣᠰ ᠤᠳ ᠲᠤ ᠰᠠᠶᠢᠨ ᠬᠠᠨᠳᠤᠵᠤ ᠪᠠᠶᠢᠭᠰᠠᠨ ᠢᠶᠠᠨ ᠬᠣᠵᠢᠮ ᠬᠢᠲᠠᠳ ᠤᠨ ᠭᠣᠮᠢᠨᠳᠠᠨ ᠤ ᠨᠠᠮ ᠳᠤ ᠡᠯᠢᠭᠡᠲᠡᠢ ᠪᠣᠯᠤᠭᠰᠠᠨ ᠳᠤ ᠳᠤᠷᠠᠭᠦᠶᠢᠴᠡᠭᠰᠡᠨ ᠵᠥᠪᠯᠡᠯᠲᠦ ᠬᠣᠯᠪᠣᠭᠠᠲᠤ ᠤᠯᠤᠰ ᠤᠶᠢᠭᠤᠷ ᠤᠨ ᠦᠨᠳᠦᠰᠦᠨ ᠦ ᠴᠢᠯᠦᠭᠡᠯᠡᠬᠦ ᠬᠥᠳᠡᠯᠭᠡᠭᠡᠨ ᠢ ᠳᠡᠮᠵᠢᠬᠦ ᠪᠣᠯᠪᠠ᠃ 1941 ᠣᠨ ᠳᠤ ᠬᠢᠲᠠᠳ ᠤᠨ ᠡᠰᠡᠷᠬᠦ ᠺᠠᠽᠠᠭ ᠤᠳ ᠤᠨ ᠪᠣᠰᠤᠯᠭ᠎ᠠ ᠭᠠᠷᠪᠠ᠃ ᠪᠣᠰᠤᠯᠭ᠎ᠠ ᠶᠢ ᠣᠰᠫᠠᠨ ᠢᠰᠯᠠᠮ ᠤᠯ ᠤ ᠤᠳᠤᠷᠢᠳᠥᠵᠠᠢ᠃ ᠭᠧᠨᠧᠷᠠᠯ ᠱᠢᠨ ᠱᠢᠽᠠᠢ ᠠᠯᠳᠠᠭ᠎ᠠ ᠶᠢ ᠪᠠᠨ ᠵᠠᠰᠠᠵᠤ ᠰᠢᠨᠵᠢᠶᠠᠩ ᠢ ᠵᠥᠪᠯᠡᠯᠲᠦ ᠬᠣᠯᠪᠣᠭᠠᠲᠤ ᠤᠯᠤᠰ ᠤᠨ ᠪᠦᠷᠢᠯᠳᠦᠬᠦᠨ ᠬᠡᠰᠡᠭ ᠪᠣᠯᠭᠠᠬᠤ ᠬᠦᠰᠡᠯᠲᠡ ᠭᠠᠷᠭᠠᠭᠰᠠᠨ ᠵᠠᠬᠢᠭ᠎ᠠ ᠶᠢ ᠢ᠃ᠸ᠃ᠰᠲ᠋ᠠᠯᠢᠨ ᠳᠤ ᠶᠠᠪᠤᠭᠤᠯᠵᠠᠢ᠃ ᠭᠡᠪᠡᠴᠦ ᠰᠲ᠋ᠠᠯᠢᠨ ᠲᠠᠲᠠᠭᠠᠯᠵᠠᠪᠠ᠃ ᠮᠣᠰᠺᠸᠠ ᠥᠭᠡᠷ᠎ᠡ ᠬᠦᠮᠦᠨ ᠢ-ᠣᠰᠫᠠᠨ ᠪᠠᠭᠠᠲᠤᠷ ᠢ ᠳᠡᠮᠵᠢᠵᠦ ᠪᠠᠶᠢᠯ᠎ᠠ᠃ ᠲᠡᠭᠦᠨ ᠢ ᠵᠡᠷ ᠵᠡᠪᠰᠡᠭ ᠢᠶᠡᠷ ᠬᠠᠩᠭᠠᠬᠤ ᠠᠵᠢᠯ ᠢ ᠮᠣᠩᠭᠣᠯᠴᠤᠳ ᠬᠠᠷᠢᠭᠤᠴᠠᠵᠤ ᠪᠠᠶᠢᠭᠰᠠᠨ ᠶᠤᠮ᠃ ᠮᠠᠷᠱᠠᠯ ᠬ᠃ᠴᠣᠶᠢᠪᠠᠯᠰᠠᠩ ᠣᠰᠫᠠᠨ ᠪᠠᠭᠠᠲᠤᠷ ᠲᠠᠢ ᠬᠣᠪᠳᠣ ᠠᠶᠢᠮᠠᠭ ᠤᠨ ᠪᠤᠯᠠᠭᠠᠨ ᠰᠤᠮᠤᠨ ᠳᠤ ᠪᠡᠶᠡᠴᠢᠯᠡᠨ ᠠᠭᠤᠯᠵᠠᠭᠰᠠᠨ ᠨᠢᠭᠡ ᠯᠠ ᠳᠤᠳᠠ ᠶᠢᠨ ᠠᠭᠤᠯᠵᠠᠯᠲᠠ ᠪᠠᠷ 395 ᠸᠢᠨᠲ᠋ᠣᠸ᠂ 200 ᠮᠢᠩᠭᠠᠨ ᠰᠤᠮᠤ᠂ 30 ᠬᠥᠩᠭᠡᠨ ᠫᠦᠯᠧᠮᠶᠣᠲ᠂ 6 ᠬᠦᠨᠳᠦ ᠫᠦᠯᠧᠮᠶᠣᠲ᠂ 45 ᠠᠦ᠋ᠲ᠋ᠣᠮᠠᠲ᠂ 2000 ᠭᠠᠷᠨᠠᠲᠠ ᠥᠭᠴᠡᠢ᠃ ᠮᠥᠨ ᠴᠡᠷᠢᠭ ᠦᠨ ᠵᠦᠪᠳᠡᠬᠦ᠂ ᠲᠠᠩᠨᠠᠭᠤᠯᠴᠢᠳ ᠢᠶᠠᠷ ᠲᠤᠰᠠᠯᠠᠵᠤ ᠪᠠᠶᠢᠪᠠ᠃ ᠬ᠃ᠴᠣᠶᠢᠪᠠᠯᠰᠠᠩ ᠳᠠᠪᠬᠤᠷ ᠰᠢᠨᠵᠢᠶᠠᠩ ᠳᠠᠬᠢ ᠮᠣᠩᠭᠣᠯᠴᠤᠳ ᠤᠨ ᠳᠣᠲᠣᠷ᠎ᠠ ᠬᠢᠨᠠᠯᠲᠠ ᠪᠠᠨ ᠲᠣᠭᠲᠠᠭᠠᠬᠤ ᠶᠢ ᠬᠦᠰᠡᠵᠦ ᠪᠠᠶᠢᠪᠠ᠃ ᠲᠡᠷᠡ ᠪᠡᠷ ᠫᠠᠩᠮᠣᠩᠭᠣᠯᠢᠰᠲ ᠰᠠᠨᠠᠭᠠᠷᠬᠠᠯ ᠢᠶᠠᠨ ᠵᠥᠪᠯᠡᠯᠲᠦ ᠶᠢᠨ ᠳᠠᠯᠪᠠᠭᠠᠨ ᠳᠣᠣᠷ᠎ᠠ ᠬᠡᠷᠡᠭᠵᠢᠭᠦᠯᠵᠦ᠂ ᠪᠦᠬᠦ ᠮᠣᠩᠭᠣᠯᠴᠤᠳ ᠢ ᠨᠢᠭᠡᠳᠬᠡᠬᠦ ᠳᠦ ᠵᠥᠪᠯᠡᠯᠲᠦ ᠬᠣᠯᠪᠣᠭᠠᠲᠤ ᠤᠯᠤᠰ ᠲᠤᠰᠠᠯᠠᠨ᠎ᠠ ᠭᠡᠵᠦ ᠢᠲᠡᠭᠡᠵᠦ ᠪᠠᠶᠢᠭᠰᠠᠨ ᠶᠤᠮ᠃1943 ᠣᠨ ᠳᠤ ᠵᠥᠪᠯᠡᠯᠲᠦ ᠶᠢᠨ ᠲᠠᠩᠨᠠᠭᠤᠯ ᠤᠨ ᠪᠠᠶᠢᠭᠤᠯᠤᠯᠭ᠎ᠠ ᠶᠢᠨ ᠳᠡᠮᠵᠢᠯᠭᠡ ᠲᠡᠢ ᠪᠡᠷ ᠳᠣᠷᠣᠨᠠᠲᠤ ᠲᠦᠺᠧᠰᠲᠠᠨ ᠢ ᠴᠢᠯᠦᠭᠡᠯᠡᠬᠦ «ᠠᠵᠠᠲᠤ ᠲᠠᠱᠺᠢᠯᠠᠲ ᠤ» ᠭᠡᠳᠡᠭ ᠪᠠᠶᠢᠭᠤᠯᠤᠯᠭ᠎ᠠ ᠪᠤᠢ ᠪᠣᠯᠵᠠᠢ᠃ 1944 ᠣᠨ ᠤ 11 ᠰᠠᠷ᠎ᠠ ᠶᠢᠨ 8 ᠍ ᠳᠦ 《ᠴᠡᠷᠢᠭ ᠦᠨ ᠬᠤᠪᠢᠰᠬᠠᠯᠲᠤ ᠬᠣᠷᠢᠶ᠎ᠠ》 ᠺᠦᠶᠢᠯᠢᠵᠠ ᠬᠣᠳᠠ ᠳᠤ ᠬᠤᠷᠠᠯᠳᠤᠵᠤ ᠬᠢᠲᠠᠳ ᠤᠨ ᠡᠰᠡᠷᠬᠦ ᠵᠡᠪᠰᠡᠭᠲᠦ ᠲᠡᠮᠡᠴᠡᠯ ᠬᠢᠬᠦ ᠪᠡᠷ ᠲᠣᠭᠲᠠᠵᠠᠢ᠃ ᠪᠧᠷᠢᠶᠠᠭ ᠤᠨ ᠲᠤᠰᠢᠶᠠᠯ ᠢᠶᠠᠷ 《ᠰᠢᠨᠵᠢᠶᠠᠩ ᠤᠨ ᠮᠦᠰᠦ᠋ᠯᠮᠠᠨᠴᠤᠳ ᠲᠤ ᠲᠤᠰᠠᠯᠠᠬᠤ ᠬᠣᠷᠢᠶ᠎ᠠ》 ᠪᠠᠶᠢᠭᠤᠯᠤᠭᠰᠠᠨ ᠪᠠᠶᠢᠨ᠎ᠠ᠃ ᠤᠷᠳᠤ ᠠᠴᠠ ᠰᠠᠶᠢᠲᠤᠷ ᠵᠣᠬᠢᠶᠠᠨ ᠪᠠᠶᠢᠭᠤᠯᠤᠭᠰᠠᠨ ᠪᠣᠰᠤᠯᠭ᠎ᠠ ᠥᠷᠭᠡᠨ ᠬᠦᠷᠢᠶ᠎ᠡ ᠶᠢ ᠬᠠᠮᠤᠷᠴᠢ ᠬᠢᠲᠠᠳ ᠪᠢᠰᠢ ᠪᠦᠬᠦ ᠦᠨᠳᠦᠰᠦᠲᠡᠨ ᠨᠦᠭᠦᠳ ᠣᠷᠣᠯᠴᠠᠵᠠᠢ᠃ ᠮᠠᠰᠢ ᠪᠣᠭᠣᠨᠢ ᠬᠤᠭᠤᠴᠠᠭᠠᠨ ᠳᠤ ᠲᠡᠳᠡ ᠬᠢᠲᠠᠳ ᠤᠨ ᠴᠡᠷᠢᠭ ᠢ ᠪᠤᠲᠠ ᠴᠣᠬᠢᠵᠤ ᠴᠢᠳᠠᠭᠰᠠᠨ ᠪᠠᠶᠢᠨ᠎ᠠ᠃ 1944 ᠣᠨ ᠤ 11 ᠰᠠᠷ᠎ᠠ ᠶᠢᠨ 12 ᠍ ᠳᠦ ᠺᠦᠶᠢᠯᠢᠵᠠ ᠬᠣᠲᠠᠣᠳᠣ ᠳᠣᠷᠣᠨᠠᠲᠤ ᠲᠦᠺᠧᠰᠲᠠᠨ ᠤ ᠪᠦᠭᠦᠳᠡ ᠨᠠᠶᠢᠷᠠᠮᠳᠠᠬᠤ ᠤᠯᠤᠰ ᠍ ᠢ ᠲᠤᠩᠬᠠᠭᠯᠠᠪᠠ᠃ᠤᠯᠤᠰ ᠤᠨ ᠶᠡᠷᠦᠩᠬᠡᠶᠢᠯᠡᠭᠴᠢ ᠪᠡᠷ ᠦᠽᠡᠪᠸᠺᠢᠰᠲᠠᠨ ᠦᠨᠳᠦᠰᠦᠲᠡᠨ ᠠᠯᠠᠬᠠᠨ ᠲᠤᠷᠠ ᠲᠣᠮᠢᠯᠠᠭᠳᠠᠵᠠᠢ᠃ ᠬᠠᠷᠢᠨ ᠣᠷᠣᠯᠠᠭᠴᠢ ᠪᠠᠷ ᠨᠢ ᠤᠶᠢᠭᠤᠷ ᠤᠨ ᠲᠠᠶᠢᠵᠢ ᠬᠠᠺᠢᠩᠪᠧᠺ ᠬᠣᠵᠢᠶ᠎ᠠ ᠠᠵᠢᠯᠯᠠᠵᠠᠢ᠃ 1945 ᠣᠨ ᠤ 4 ᠰᠠᠷ᠎ᠠ ᠳᠤ ᠳᠣᠷᠣᠨᠠᠲᠤ ᠲᠦᠺᠧᠰᠲᠠᠨ ᠤ ᠦᠨᠳᠦᠰᠦᠨ ᠦ ᠠᠷᠮᠢ ᠪᠠᠶᠢᠭᠤᠯᠵᠤ ᠺᠣᠮᠠᠨᠳᠠᠯᠠᠭᠴᠢ ᠪᠠᠷ ᠨᠢ ᠵᠥᠪᠯᠡᠯᠲᠦ ᠶᠢᠨ ᠭᠧᠨᠧᠷᠠᠯ ᠢᠸᠠᠩ ᠫᠣᠯᠣᠨᠢᠪᠠ ᠲᠣᠮᠢᠯᠠᠭᠳᠠᠪᠠ᠃ ᠳ᠋ᠢᠸᠢᠽᠡᠶᠢᠨ ᠳᠠᠷᠤᠭ᠎ᠠ ᠪᠠᠷ ᠨᠢ ᠮᠣᠩᠭᠣᠯ ᠠᠴᠠ ᠭᠠᠷᠤᠯᠲᠠᠢ ᠬᠠᠰᠠᠭ ᠳᠠᠯᠧᠯᠬᠠᠨ ᠰᠤᠭᠤᠷᠪᠠᠸ ᠠᠵᠢᠯᠯᠠᠵᠤ ᠪᠠᠶᠢᠯ᠎ᠠ᠃ ᠤᠶᠢᠭᠤᠷ ᠤᠳ ᠵᠣᠩᠬᠢᠯᠠᠭᠰᠠᠨ ᠣᠯᠠᠨ ᠦᠨᠳᠦᠰᠦᠲᠡᠨ ᠢ ᠪᠠᠭᠲᠠᠭᠠᠭᠰᠠᠨ ᠳᠣᠷᠣᠨᠠᠲᠤ ᠲᠦᠺᠧᠰᠲᠠᠨ ᠨᠢ ᠣᠯᠠᠨ ᠤᠯᠤᠰ ᠤᠨ ᠬᠡᠮᠵᠢᠶᠡᠨ ᠳᠦ ᠬᠦᠯᠢᠶᠡᠨ ᠵᠥᠪᠰᠢᠶᠡᠷᠡᠭᠳᠡᠭᠰᠡᠨ ᠲᠤᠰᠠᠭᠠᠷ ᠤᠯᠤᠰ ᠪᠣᠯᠬᠤ ᠪᠦᠷᠢᠨ ᠪᠣᠯᠤᠮᠵᠢ ᠲᠠᠢ ᠪᠣᠯᠵᠠᠢ᠃ᠭᠡᠪᠡᠴᠦ ᠡᠨᠡ ᠤᠯᠤᠰ ᠤᠨ ᠢᠷᠡᠭᠡᠳᠦᠢ 1945 ᠣᠨ ᠤ ᠨᠠᠶᠢᠮᠠᠳᠤᠭᠠᠷ ᠰᠠᠷ᠎ᠠ ᠳᠤ ᠵᠥᠪᠯᠡᠯᠲᠦ ᠬᠣᠯᠪᠣᠭᠠᠲᠤ ᠤᠯᠤᠰ᠂ ᠬᠢᠲᠠᠳ ᠤᠨ ᠬᠣᠭᠣᠷᠣᠨᠳᠣ ᠪᠠᠶᠢᠭᠤᠯᠤᠭᠰᠠᠨ ᠬᠠᠮᠲᠤ ᠶᠢᠨ ᠠᠵᠢᠯᠯᠠᠭ᠎ᠠ ᠪᠠᠨ᠂ ᠨᠠᠶᠢᠷᠠᠮᠳᠠᠯ ᠤᠨ ᠭᠡᠷ᠎ᠡ ᠪᠡᠷ ᠰᠢᠢᠳᠦᠭᠳᠡᠭᠰᠡᠨ ᠪᠠᠶᠢᠨ᠎ᠠ᠃ ᠸ᠃ᠮ᠃ᠮᠣᠯᠣᠲᠳᠣᠸ᠂ᠬᠢᠲᠠᠳ ᠤᠨ ᠭᠠᠳᠠᠭᠠᠳᠤ ᠬᠡᠷᠡᠭ ᠦᠨ ᠰᠠᠶᠢᠳ ᠸᠠᠩ ᠱᠢᠽᠧ ᠨᠠᠷ ᠤᠨ ᠭᠠᠷ ᠤᠨ ᠦᠰᠦᠭ ᠵᠢᠷᠤᠭᠰᠠᠨ ᠭᠡᠷᠢᠶᠡᠨ ᠳᠦ ᠤᠶᠢᠭᠤᠷ ᠤᠨ ᠠᠰᠠᠭᠤᠳᠠᠯ ᠢ ᠲᠤᠰᠬᠠᠵᠠᠢ᠃ ᠵᠥᠪᠯᠡᠯᠲᠦ ᠬᠣᠯᠪᠣᠭᠠᠲᠤ ᠤᠯᠤᠰ ᠤᠨ ᠤᠳᠤᠷᠢᠳᠤᠭᠴᠢᠳ ᠳᠣᠷᠣᠨᠠᠲᠤ ᠲᠦᠺᠧᠰᠲᠠᠨ ᠤ ᠡᠷᠬᠡ ᠪᠠᠷᠢᠭᠴᠢᠳ ᠢ ᠬᠢᠲᠠᠳ ᠤᠨ ᠭᠣᠮᠢᠨᠳᠠᠨ ᠤ ᠨᠠᠮ ᠤᠨ ᠬᠢᠨ ᠲᠠᠢ ᠬᠡᠯᠡᠯᠴᠡᠭᠡᠷ ᠦᠨ ᠰᠢᠷᠡᠭᠡᠨ ᠦ ᠠᠷᠤ ᠳᠤ ᠬᠦᠴᠦᠯᠡᠨ ᠰᠠᠭᠤᠯᠭᠠᠪᠠ᠃ᠳᠣᠷᠣᠨᠠᠲᠤ ᠲᠦᠺᠧᠰᠲᠠᠨ ᠤ ᠲᠥᠯᠥᠭᠡᠯᠡᠭᠴᠢᠳ ᠢ ᠠᠬᠠᠮᠧᠲ᠋ᠵᠠᠨ ᠺᠠᠰᠢᠮ ᠭᠡᠳᠡᠭ ᠤᠶᠢᠭᠤᠷ ᠬᠦᠮᠦᠨ ᠲᠡᠷᠢᠭᠦᠯᠡᠪᠡ᠃ ᠳᠣᠷᠣᠨᠠᠲᠤ ᠲᠦᠺᠧᠰᠲᠠᠨ ᠤ ᠶᠡᠷᠦᠩᠬᠡᠶᠢᠯᠡᠭᠴᠢ ᠠᠯᠠᠬᠠᠨ ᠲᠤᠷᠤᠭ ᠵᠥᠪᠯᠡᠯᠲᠦ ᠬᠣᠯᠪᠣᠭᠠᠲᠤ ᠤᠯᠤᠰ ᠳᠦ ᠠᠪᠴᠤ ᠢᠷᠡᠭᠡᠳ ᠪᠠᠶᠢᠯ᠎ᠠ᠃ ᠬᠢᠲᠠᠳ ᠤᠨ ᠡᠪ ᠬᠠᠮᠳᠣ ᠨᠠᠮ ᠭᠣᠮᠢᠨᠳᠠᠨ ᠤ ᠨᠠᠮ ᠢ ᠢᠯᠠᠭᠰᠠᠨ ᠤ ᠳᠠᠷᠠᠭ᠎ᠠ ᠳᠣᠷᠣᠨᠠᠲᠤ ᠲᠦᠺᠧᠰᠲᠠᠨ ᠤ ᠲᠥᠯᠥᠭᠡᠯᠡᠭᠴᠢᠳ ᠠᠯᠮᠠ-ᠠᠲ᠋ᠠᠢᠷᠠᠺ ᠲᠤᠰᠺᠡᠭᠡᠷᠡ ᠳᠠᠮᠵᠢᠨ ᠪᠡᠭᠡᠵᠢᠩ ᠬᠦᠷᠡᠬᠦ ᠪᠡᠷ ᠶᠠᠪᠤᠵᠠᠢ᠃ᠭᠡᠪᠡᠴᠦ ᠠᠯᠠᠬᠠᠨ ᠲᠤᠷᠠ ᠢᠷᠡᠭᠰᠡᠨ ᠦᠭᠡᠢ᠃ ᠲᠡᠭᠦᠨ ᠦ ᠣᠩᠭᠣᠴᠠ ᠢᠷᠠᠺ ᠲᠤᠰᠺ ᠡᠴᠡ ᠨᠢᠰᠦᠭᠰᠡᠨ ᠴᠤ ᠴᠢᠲ᠋ᠠ ᠬᠣᠲᠠ ᠶᠢᠨ ᠣᠷᠴᠢᠮ ᠳᠤ ᠰᠦᠢᠷᠡᠵᠡᠢ᠃ ᠥᠭᠡᠷ᠎ᠡ ᠨᠢᠭᠡ ᠬᠤᠪᠢᠯᠪᠤᠷᠢ ᠪᠠᠷ ᠪᠣᠯ ᠴᠢᠲ᠋ᠠ ᠣᠷᠴᠢᠮ ᠳᠤ ᠳᠣᠷᠣᠨᠠᠲᠤ ᠲᠦᠺᠧᠰᠲᠠᠨ ᠤ ᠳᠠᠷᠤᠭ᠎ᠠ ᠨᠠᠷ ᠢ ᠬᠣᠷᠣᠭᠠᠭᠠᠳ ᠣᠩᠭᠣᠴᠠᠨ ᠤ ᠣᠰᠣᠯ ᠢᠶᠠᠷ ᠦᠬᠦᠭᠰᠡᠨ ᠵᠦᠵᠦᠭᠡ ᠲᠠᠯᠪᠢᠭᠰᠠᠨ ᠭᠡᠳᠡᠭ ᠲᠠᠭᠠᠮᠠᠭᠯᠠᠯ ᠪᠠᠶᠢᠳᠠᠭ᠃ ᠨᠠᠰᠤ ᠪᠠᠷᠠᠭᠰᠠᠨ ᠳᠣᠷᠣᠨᠠᠲᠤ ᠲᠦᠺᠧᠰᠲᠠᠨ ᠤ ᠲᠥᠯᠥᠭᠡᠯᠡᠭᠴᠢᠳ ᠦᠨ ᠴᠣᠭᠴᠠᠰ ᠢ ᠺᠦᠶᠢᠯᠢᠵᠠ ᠬᠣᠳᠠ ᠳᠤ ᠣᠷᠣᠰᠢᠭᠤᠯᠤᠭᠰᠠᠨ ᠪᠠᠶᠢᠨ᠎ᠠ᠃ ᠮᠠᠷᠱᠠᠯ ᠴᠣᠶᠢᠪᠠᠯᠰᠠᠩ ᠥᠪᠥᠷ ᠮᠣᠩᠭᠣᠯ ᠢ ᠴᠢᠯᠦᠭᠡᠯᠡᠭᠰᠡᠨ ᠦ ᠪᠡᠨ ᠳᠠᠷᠤᠭ᠎ᠠ ᠨᠢᠭᠡᠳᠦᠮᠡᠯ ᠮᠣᠩᠭᠣᠯ ᠢ ᠪᠠᠶᠢᠭᠤᠯᠬᠤ ᠳᠤ ᠨᠢ ᠣᠷᠣᠰ ᠤᠳ ᠲᠤᠰᠯᠠᠬᠤ ᠦᠭᠡᠢ ᠢ ᠲᠦᠷᠦᠭᠦᠯᠡᠵᠦ ᠮᠡᠳᠡᠵᠡᠢ᠃ ᠲᠡᠭᠡᠭᠡᠳ ᠵᠠᠯᠢ ᠲᠠᠢ ᠬᠥᠭᠰᠢᠨ ᠴᠢᠨᠣ᠎ᠠ ᠰᠢᠨᠵᠢᠶᠠᠩ ᠠᠴᠠ ᠮᠣᠩᠭᠣᠯᠴᠤᠳ ᠢᠶᠠᠨ ᠲᠠᠲᠠᠵᠤ ᠠᠪᠬᠤ ᠶᠢ ᠣᠷᠣᠯᠳᠤᠵᠠᠢ᠃ 1944 ᠣᠨ ᠳᠤ ᠫᠠᠭᠮᠠ ᠶᠢᠨ ᠤᠳᠤᠷᠢᠳᠤᠯᠭ᠎ᠠ ᠪᠠᠷ ᠬᠣᠪᠣᠭ ᠰᠠᠶᠢᠷ ᠲᠤ ᠨᠤᠲᠤᠭᠯᠠᠵᠤ ᠪᠠᠶᠢᠭᠰᠠᠨ ᠲᠣᠷᠭᠤᠳ ᠤᠳ ᠬᠢᠯᠢ ᠳᠠᠪᠠᠨ ᠢᠷᠡᠵᠦ᠂ ᠮᠣᠩᠭᠣᠯ ᠤᠨ ᠨᠤᠲᠤᠭ᠂ ᠪᠤᠯᠠᠭᠠᠨ ᠭᠣᠣᠯ ᠤᠨ ᠰᠠᠪᠠ ᠳᠤ ᠢᠷᠡᠪᠡ᠃ ᠺᠠᠽᠠᠭ ᠤᠳ ᠴᠤ ᠮᠣᠩᠭᠣᠯ ᠷᠤ ᠨᠡᠭᠦᠵᠦ ᠡᠬᠢᠯᠡᠵᠡᠢ᠃

ᠵᠡᠭᠦᠨ ᠲᠦᠺᠧᠰᠲᠠᠨ ᠤ ᠠᠩᠬᠠᠨ ᠤ ᠪᠦᠭᠦᠳᠡ ᠨᠠᠶᠢᠷᠠᠮᠳᠠᠬᠤ ᠤᠯᠤᠰ ᠍ ᠶᠢᠨ ᠰᠦᠯᠳᠡ᠂ᠳᠠᠯᠪᠠᠭ᠎ᠠ
ᠤᠶᠢᠭᠤᠷ ᠤᠨ ᠬᠤᠪᠢᠰᠬᠠᠯᠴᠢᠳ
1933 ᠣᠨ ᠤ 11 ᠳᠦᠭᠡᠷ ᠰᠠᠷ᠎ᠠ ᠶᠢᠨ 12 ᠍ ᠳᠦ ᠺᠠᠰᠭᠢᠷ ᠬᠣᠳᠠ ᠳᠤ ᠳᠣᠷᠣᠨᠠᠲᠤ ᠲᠦᠺᠧᠰᠲᠠᠨ ᠤ ᠠᠩᠬᠠᠳᠤᠭᠠᠷ ᠢᠰᠯᠠᠮ ᠤᠨ ᠪᠦᠭᠦᠳᠡ ᠨᠠᠶᠢᠷᠠᠮᠳᠠᠬᠤ ᠤᠯᠤᠰ ᠍ ᠢ ᠲᠤᠩᠬᠠᠭᠯᠠᠵᠤ ᠪᠠᠶᠢᠭ᠎ᠠ ᠨᠢ
ᠳᠣᠷᠣᠨᠠᠲᠤ ᠲᠦᠺᠮᠧᠨ ᠤ ᠪᠦᠭᠦᠳᠡ ᠨᠠᠶᠢᠷᠠᠮᠳᠠᠬᠤ ᠤᠯᠤᠰ ᠤᠨ ᠵᠠᠰᠠᠭ ᠤᠨ ᠭᠠᠵᠠᠷ ᠤᠨ ᠪᠦᠷᠢᠯᠳᠦᠬᠦᠨ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
ᠳᠣᠷᠣᠨᠠᠲᠤ ᠲᠦᠺᠧᠰᠲᠠᠨ ᠤ ᠠᠷᠮᠢ ᠶᠢᠨ ᠣᠹᠢᠼᠧᠷ ᠤᠳ
ᠢᠰᠦᠮᠠᠶᠢᠯ ᠪᠧᠺ ᠠᠺᠰᠤᠭ ᠤᠨ ᠲᠤᠯᠤᠯᠳᠤᠭᠠᠨ ᠤ ᠡᠮᠦᠨ᠎ᠡ

1949 ᠣᠨ ᠳᠤ ᠬᠢᠲᠠᠳ ᠤᠨ ᠦᠨᠳᠦᠰᠦᠨ ᠦ ᠦᠵᠡᠯᠲᠡᠨ ᠨᠦᠭᠦᠳ ᠺᠣᠮᠮᠤᠨᠢᠰᠲ᠋ᠤᠤᠳ ᠲᠤ ᠢᠯᠠᠭᠳᠠᠨ ᠮᠠ᠎ᠠ ᠶᠢᠨ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠭᠠᠷᠴᠤ ᠢᠷᠡᠬᠦ ᠳᠦ ᠤᠶᠢᠭᠤᠷ ᠤᠳ ᠡᠪ ᠬᠠᠮᠳᠣ ᠬᠢᠲᠠᠳ ᠤᠨ ᠬᠣᠯᠪᠣᠭᠠᠨ ᠳᠤ ᠪᠠᠶᠢᠬᠤ ᠶᠢ ᠵᠥᠪᠰᠢᠶᠡᠷᠡᠬᠦ ᠦᠭᠡᠢ ᠪᠠᠶᠢᠪᠠ᠃ ᠡᠨᠡ ᠦᠶ᠎ᠡ ᠪᠡᠷ ᠵᠡᠭᠦᠨ ᠲᠦᠺᠧᠰᠲᠠᠨ ᠤ ᠪᠦᠭᠦᠳᠡ ᠨᠠᠶᠢᠷᠠᠮᠳᠠᠬᠤ ᠤᠯᠤᠰ ᠤᠨ ᠶᠡᠬᠡᠩᠬᠢ ᠳᠡᠭᠡᠳᠦ ᠠᠯᠪᠠᠨ ᠲᠤᠰᠢᠶᠠᠯᠲᠠᠨ᠂ ᠤᠳᠤᠷᠢᠳᠤᠭᠴᠢ ᠨᠠᠷ ᠣᠩᠭᠣᠴᠠᠨ ᠤ ᠣᠰᠣᠯ ᠢᠶᠠᠷ ᠣᠰᠣᠯᠳᠠᠭᠰᠠᠨ ᠪᠠᠶᠢᠨ᠎ᠠ (ᠬᠤᠪᠢ ᠵᠣᠬᠢᠶᠠᠯ ᠤᠤ᠂ ᠠᠯᠠᠯᠭ᠎ᠠ ᠤᠤ). ᠡᠨᠡ ᠣᠰᠣᠯ ᠮᠠᠣ᠋ ᠍ ᠲᠠᠢ ᠬᠣᠯᠪᠣᠭ᠎ᠠ ᠲᠠᠢ ᠪᠠᠶᠢᠬᠤ ᠶᠢ (ᠰᠲ᠋ᠠᠯᠢᠨ ᠴᠤ ᠭᠡᠰᠡᠨ) ᠦᠭᠡᠶᠢᠰᠭᠡᠬᠦ ᠠᠷᠭ᠎ᠠ ᠦᠭᠡᠢ ᠤᠴᠢᠷ ᠨᠢ ᠣᠰᠣᠯ ᠤᠨ ᠳᠠᠷᠠᠭᠠᠬᠠᠨ ᠭᠧᠨᠧᠷᠠᠯ ᠸᠠᠩ ᠵᠡᠨ ᠢᠶᠡᠷ ᠤᠳᠤᠷᠢᠳᠤᠭᠤᠯᠤᠭᠰᠠᠨ ᠬᠢᠲᠠᠳ ᠤᠨ ᠠᠷᠠᠳ ᠤᠨ ᠴᠢᠯᠦᠭᠡᠯᠡᠬᠦ ᠠᠷᠮᠢ ᠶᠢᠨ ᠴᠡᠷᠢᠭ ᠶᠠᠭᠠᠷᠠᠪᠴᠢᠯᠠᠨ ᠣᠷᠣᠵᠤ ᠢᠷᠡᠭᠰᠡᠨ ᠪᠠᠶᠢᠨ᠎ᠠ᠃ ᠦᠯᠡᠳᠡᠭᠰᠡᠨ ᠤᠳᠤᠷᠢᠳᠤᠭᠴᠢᠳ ᠢ ᠰᠠᠶᠢᠫᠠᠳᠢᠨ ᠡᠵᠡᠢᠽ ᠭᠡᠭᠴᠢ ᠡᠲᠡᠭᠡᠳ ᠪᠠᠷᠢᠪᠴᠢᠯᠠᠨ ᠬᠣᠷᠢᠵᠤ᠂ ᠮᠠᠣ ᠵᠡᠭᠦᠨ ᠲᠦᠷᠺᠢᠰᠲᠠᠨ ᠢ ᠰᠢᠨᠵᠢᠨ ᠤᠶᠢᠭᠤᠷ ᠤᠨ ᠥᠪᠡᠷᠲᠡᠭᠡᠨ ᠵᠠᠰᠠᠬᠤ ᠣᠷᠣᠨ ᠪᠣᠯᠭᠠᠵᠤ ЗТБНУ ᠍ ᠤᠨ ᠠᠷᠮᠢ ᠶᠢᠨ ᠦᠯᠡᠳᠡᠭᠳᠡᠯ ᠢ ᠠᠷᠠᠳ ᠤᠨ ᠴᠢᠯᠦᠭᠡᠯᠡᠬᠦ ᠠᠷᠮᠢ ᠳᠤ ᠬᠦᠴᠦ ᠪᠡᠷ ᠨᠢᠭᠡᠳᠬᠡᠨ ᠰᠠᠶᠢᠫᠠᠳᠢᠨ ᠡᠵᠡᠢᠽᠢ ᠶᠢ ᠠᠦ᠋ᠲ᠋ᠣᠨᠣᠮᠢ ᠶᠢᠨ ᠠᠩᠬᠠᠨ ᠤ КН ᠍ ᠤᠨ ᠳᠠᠷᠤᠭ᠎ᠠ ᠪᠣᠯᠭᠠᠪᠠ᠃ ᠣᠯᠠᠨ ᠣᠯᠠᠨ ᠤᠶᠢᠭᠤᠷ ᠰᠡᠬᠡᠭᠡᠲᠡᠨ᠂ ᠦᠨᠳᠦᠰᠦᠨ ᠦ ᠦᠵᠡᠯᠲᠡᠨ ᠨᠦᠭᠦᠳ ᠲᠦᠷᠺ ᠪᠣᠯᠤᠨ ᠪᠠᠷᠠᠭᠤᠨ ᠤ ᠤᠯᠤᠰ ᠤᠳ ᠷᠤ ᠳᠦᠷᠪᠡᠵᠡᠢ᠃ 1949 ᠣᠨ ᠠᠴᠠ ᠬᠣᠶᠢᠰᠢ ᠣᠯᠠᠨ ᠣᠯᠠᠨ ᠡᠷᠬᠡ ᠴᠢᠯᠦᠭᠡᠨ ᠦ ᠬᠥᠳᠡᠯᠭᠡᠭᠡᠨ ᠲᠡᠮᠡᠴᠡᠯ ᠦᠳ ᠭᠠᠷᠤᠭᠰᠠᠨ ᠪᠠ ᠠᠦ᠋ᠲ᠋ᠣᠨᠣᠮᠢ ᠪᠣᠯᠭᠠᠭᠰᠠᠨ ᠠᠴᠠ ᠬᠣᠶᠢᠰᠢ ᠬᠢᠲᠠᠳ ᠤᠨ ᠵᠠᠰᠠᠭ ᠤᠨ ᠭᠠᠵᠠᠷ ᠤᠨ ᠳᠡᠮᠵᠢᠯᠭᠡ ᠰᠢᠢᠳᠪᠦᠷᠢ ᠪᠡᠷ ᠣᠯᠠᠨ ᠬᠢᠲᠠᠳ ᠤᠳ ᠢ ᠤᠶᠢᠭᠤᠷᠤᠰᠲᠠᠨ ᠳᠤ ᠨᠡᠭᠦᠯᠭᠡᠨ ᠰᠠᠭᠤᠷᠢᠰᠢᠭᠤᠯᠵᠤ᠂ ᠪᠢᠽᠢᠨ᠋ᠧᠰ ᠡᠷᠬᠡᠯᠡᠭᠦᠯᠦᠨ ᠥᠷᠭᠡᠵᠢᠭᠦᠯᠵᠦ᠂ ᠣᠳᠣ ᠬᠢᠲᠠᠳ ᠤᠳ ᠣᠯᠠᠩᠬᠢ ᠪᠣᠯᠬᠣᠷ ᠪᠠᠷᠠᠬᠤ ᠦᠭᠡᠢ ᠭᠣᠣᠯᠯᠠᠬᠤ ᠪᠢᠽᠢᠨ᠋ᠧᠰ ᠲᠦ ᠳᠠᠪᠠᠮᠠᠭᠠᠶᠢᠯᠠᠬᠤ ᠪᠣᠯᠪᠠ᠃ 1949 ᠣᠨ ᠠᠴᠠ ᠥᠷᠦᠮᠴᠢ ᠳ᠋ᠡᠬᠢ ᠳᠣᠷᠣᠨᠠᠲᠤ ᠲᠦᠺᠧᠰᠲᠠᠨ ᠤ ᠵᠠᠰᠠᠭ ᠤᠨ ᠭᠠᠵᠠᠷ ᠢ ᠲᠠᠲ᠋ᠠᠷ ᠤᠨ ᠪᠣᠯᠱᠧᠸᠢᠭ ᠪᠤᠷᠬᠠᠨ ᠱᠠᠬᠢᠳᠢ ᠲᠡᠷᠢᠭᠦᠯᠡᠵᠡᠢ᠃ ᠲᠡᠷᠡ ᠬᠢᠲᠠᠳ ᠤᠨ ᠺᠣᠮᠮᠤᠨᠢᠰᠲ᠋ᠤᠤᠳ ᠲᠤ ᠠᠶᠠᠳᠠᠭᠤ ᠬᠠᠨᠳᠤᠵᠤ ᠪᠠᠶᠢᠯ᠎ᠠ᠃ ᠥᠭᠡᠷ᠎ᠡ ᠠᠷᠭ᠎ᠠ ᠪᠠᠶᠢᠭᠰᠠᠨ ᠦᠭᠡᠢ᠂ ᠵᠥᠪᠯᠡᠯᠲᠦ ᠬᠣᠯᠪᠣᠭᠠᠲᠤ ᠤᠯᠤᠰ ᠲᠡᠳᠡᠨ ᠢ ᠭᠠᠷᠭᠠᠭᠤᠨ ᠳᠤ ᠨᠢ ᠬᠠᠶᠠᠵᠠᠢ᠃ ᠬᠢᠲᠠᠳ ᠤᠨ ᠡᠪ ᠬᠠᠮᠳᠣ ᠨᠠᠮ ᠤᠨ ᠤᠯᠤᠰ ᠲᠥᠷᠥ ᠶᠢᠨ ᠲᠣᠪᠴᠢᠶ᠎ᠠ ᠰᠢᠨᠵᠢᠶᠠᠩ ᠳᠤ 250 ᠮᠢᠩᠭᠠᠨ ᠬᠠᠨᠢ ᠦᠨᠳᠦᠰᠦᠲᠡᠨ ᠰᠠᠭᠤᠷᠢᠰᠢᠭᠤᠯᠬᠤ ᠰᠢᠢᠳᠪᠦᠷᠢ ᠭᠠᠷᠭᠠᠵᠠᠢ᠃ 1955 ᠣᠨ ᠤ ᠰᠡᠭᠦᠯᠡᠷ ᠰᠢᠨᠵᠢᠶᠠᠩ-ᠤᠶᠢᠭᠤᠷ ᠤᠨ ᠥᠪᠡᠷᠲᠡᠭᠡᠨ ᠵᠠᠰᠠᠬᠤ ᠣᠷᠣᠨ ᠢ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠪᠦᠷᠢᠯᠳᠦᠬᠦᠨ ᠳᠦ ᠪᠠᠶᠢᠭᠤᠯᠵᠠᠢ᠃ ᠤᠶᠢᠭᠤᠷᠴᠤᠳ ᠡᠭᠦᠨ ᠢ ᠨᠢ ᠬᠠᠭᠠᠰ ᠵᠠᠭᠤᠨ ᠵᠢᠯ ᠡᠰᠡᠷᠭᠦᠴᠡᠭᠰᠡᠭᠡᠷ ᠪᠠᠶᠢᠨ᠎ᠠ᠃ 1950 ᠣᠨ ᠠᠴᠠ ᠡᠬᠢᠯᠡᠭᠡᠳ ᠪᠡᠭᠡᠵᠢᠩ ᠰᠢᠨᠵᠢᠶᠠᠩ-ᠤᠶᠢᠭᠤᠷ ᠢ ᠬᠢᠲᠠᠳᠴᠢᠯᠠᠬᠤ ᠪᠣᠳᠣᠯᠭ᠎ᠠ ᠡᠷᠴᠢᠮᠲᠡᠢ ᠬᠡᠷᠡᠭᠵᠢᠭᠦᠯᠬᠦ ᠪᠣᠯᠵᠤ᠂ ᠬᠠᠨᠢ ᠦᠨᠳᠦᠰᠦᠲᠡᠨ ᠨᠦᠭᠦᠳ ᠢ ᠪᠥᠭᠡᠮ ᠢᠶᠡᠷ ᠨᠢ ᠰᠢᠨᠵᠢᠶᠠᠩ ᠷᠤ ᠢᠯᠡᠭᠡᠭᠰᠡᠭᠡᠷ ᠪᠠᠶᠢᠨ᠎ᠠ᠃

ᠰᠢᠨᠵᠢᠶᠠᠩ-ᠤᠶᠢᠭᠤᠷ ᠤᠨ ᠥᠪᠡᠷᠲᠡᠭᠡᠨ ᠵᠠᠰᠠᠬᠤ ᠣᠷᠣᠨ ᠳᠤ ᠳᠣᠷᠣᠨᠠᠲᠤ ᠲᠦᠺᠧᠰᠲᠠᠨ ᠤᠯᠤᠰ ᠢ ᠰᠡᠷᠭᠦᠭᠡᠨ ᠪᠠᠶᠢᠭᠤᠯᠬᠤ ᠬᠥᠳᠡᠯᠭᠡᠭᠡᠨ ᠨᠢᠭᠤᠴᠠ ᠪᠠᠷ ᠦᠢᠯᠡ ᠠᠵᠢᠯᠯᠠᠭ᠎ᠠ ᠶᠠᠪᠤᠭᠤᠯᠤᠭᠰᠠᠭᠠᠷ ᠪᠠᠶᠢᠨ᠎ᠠ᠃ ᠬᠢᠲᠠᠳ ᠤᠨ ᠡᠷᠬᠡ ᠪᠠᠷᠢᠭᠴᠢᠳ ᠡᠨᠡ ᠪᠠᠶᠢᠭᠤᠯᠤᠯᠭ᠎ᠠ ᠶᠢ ᠠᠯᠠᠨ ᠬᠢᠳᠤᠭᠴᠢ ᠪᠦᠯᠦᠭᠯᠡᠯ ᠭᠡᠵᠦ ᠵᠠᠷᠯᠠᠭᠰᠠᠨ ᠪᠠᠶᠢᠨ᠎ᠠ᠃ 9 ᠳᠦᠭᠡᠷ ᠰᠠᠷ᠎ᠠ ᠶᠢᠨ 11 ᠍ ᠦ ᠬᠡᠷᠡᠭ ᠶᠠᠪᠤᠳᠠᠯ ᠤᠨ ᠳᠠᠷᠠᠭ᠎ᠠ ᠠᠮᠧᠷᠢᠺᠠ ᠶᠢᠨ ᠨᠢᠭᠡᠳᠦᠭᠰᠡᠨ ᠤᠯᠤᠰ ᠲᠧᠷᠷᠣᠷᠢᠰᠮ ᠤᠨ ᠡᠰᠡᠷᠬᠦ ᠳᠠᠶᠢᠨ ᠵᠠᠷᠯᠠᠬᠤ ᠳᠤ ᠬᠢᠲᠠᠳ ᠤᠳ 《ᠰᠲ᠋ᠠᠲ᠋ᠦ᠋ᠰ ᠢ ᠨᠢ ᠣᠯᠠᠨ ᠤᠯᠤᠰ ᠤᠨ ᠬᠡᠮ ᠬᠡᠮᠵᠢᠶᠡᠨ ᠳᠦ ᠲᠣᠬᠢᠷᠠᠭᠤᠯᠤᠨ》 ᠰᠠᠯᠠᠩ ᠲᠤᠰᠠᠭᠠᠷᠯᠠᠭᠴᠢᠳ ᠢ ᠠᠯᠠᠨ ᠬᠢᠳᠤᠭᠴᠢ ᠪᠣᠯᠭᠠᠵᠤ᠂ 《ᠠᠯᠢ ᠺᠠᠢ ᠳᠠ》 ᠪᠦᠯᠦᠭᠯᠡᠯ ᠲᠡᠢ ᠬᠣᠯᠪᠣᠭ᠎ᠠ ᠲᠠᠢ ᠭᠡᠵᠦ 2009 ᠣᠨ ᠳᠤ ᠮᠡᠳᠡᠭᠳᠡᠪᠡ᠃ 2009 ᠣᠨ ᠤ 7 ᠰᠠᠷ᠎ᠠ ᠶᠢᠨ 5 ᠍ ᠳᠦ ᠰᠢᠨᠵᠢᠶᠠᠩ-ᠤᠶᠢᠭᠤᠷ ᠤᠨ ᠥᠪᠡᠷᠲᠡᠭᠡᠨ ᠵᠠᠰᠠᠬᠤ ᠣᠷᠣᠨ ᠤ ᠥᠷᠦᠮᠴᠢ ᠬᠣᠳᠠ ᠳᠤ ᠡᠮᠬᠢ ᠵᠠᠮᠪᠠᠷᠠᠭ᠎ᠠ ᠦᠭᠡᠢ ᠪᠠᠶᠢᠳᠠᠯ ᠡᠭᠦᠰᠦᠯ᠎ᠡ᠃ ᠤᠶᠢᠭᠤᠷ ᠤᠳ ᠬᠢᠲᠠᠳ ᠤᠨ ᠡᠰᠡᠷᠬᠦ ᠴᠤᠭᠯᠠᠭᠠᠨ ᠬᠢᠵᠦ᠂ ᠬᠢᠲᠠᠳ ᠡᠵᠡᠨ ᠲᠡᠢ ᠳᠡᠯᠭᠡᠭᠦᠷ ᠬᠣᠷᠰᠢᠶ᠎ᠠ ᠶᠢ ᠲᠣᠨᠣᠵᠤ᠂ ᠮᠠᠰᠢᠨ᠂ ᠠᠦ᠋ᠲ᠋ᠣᠪᠦ᠋ᠰ ᠢ ᠭᠠᠯᠳᠠᠨ ᠰᠢᠲᠠᠭᠠᠴᠠᠢ᠃ ᠬᠢᠲᠠᠳ ᠤᠨ ᠭᠤᠸᠠᠩᠳᠦ᠋ᠩ ᠮᠤᠵᠢ ᠶᠢᠨ ᠲᠣᠭᠯᠠᠭᠠᠮ ᠤᠨ ᠦᠢᠯᠡᠳᠪᠦᠷᠢ ᠳᠦ ᠠᠵᠢᠯᠯᠠᠳᠠᠭ ᠬᠣᠶᠠᠷ ᠤᠶᠢᠭᠤᠷ ᠬᠦᠮᠦᠨ ᠬᠢᠲᠠᠳ ᠤᠳ ᠲᠠᠢ ᠵᠣᠳᠣᠯᠳᠤᠵᠤ ᠠᠮᠢᠶ᠎ᠠ ᠠᠯᠳᠠᠰᠤᠨ ᠠᠴᠠ ᠡᠨᠡ ᠡᠮᠬᠢ ᠵᠠᠮᠪᠠᠷᠠᠭ᠎ᠠ ᠦᠭᠡᠢ ᠪᠠᠶᠢᠳᠠᠯ ᠡᠬᠢ ᠲᠡᠢ᠃ ᠡᠨᠡ ᠬᠡᠷᠡᠭ ᠢ ᠰᠢᠳᠤᠷᠭᠤ ᠪᠠᠷ ᠰᠢᠢᠳᠬᠦ ᠶᠢ ᠤᠶᠢᠭᠤᠷ ᠤᠳ ᠱᠠᠭᠠᠷᠳᠠᠵᠤ ᠪᠠᠶᠢᠯ᠎ᠠ᠃ ᠡᠨᠡ ᠦᠢᠮᠡᠭᠡᠨ ᠰᠠᠮᠠᠭᠤᠨ ᠢ ᠠᠮᠧᠷᠢᠺᠠ ᠶᠢᠨ ᠨᠢᠭᠡᠳᠦᠭᠰᠡᠨ ᠤᠯᠤᠰ ᠳᠦ ᠪᠠᠶᠢᠳᠠᠭ ᠷᠧᠪᠡᠶ᠎ᠡ ᠺᠠᠳᠧᠷ ᠭᠡᠳᠡᠭ ᠤᠶᠢᠭᠤᠷ ᠡᠮᠡᠭᠲᠡᠢ ᠶᠢᠨ ᠲᠡᠷᠢᠭᠦᠳᠡᠭ 《ᠪᠦᠬᠦ ᠤᠶᠢᠭᠤᠷ ᠤᠨ ᠺᠣᠩᠷᠧᠰ》 ᠪᠠᠶᠢᠭᠤᠯᠤᠭᠠ ᠰᠠᠩᠬᠦᠵᠢᠭᠦᠯᠦᠭᠰᠡᠨ ᠭᠡᠵᠦ ᠬᠢᠲᠠᠳ ᠤᠨ ᠡᠷᠬᠡ ᠪᠠᠷᠢᠭᠴᠢᠳ ᠵᠠᠷᠯᠠᠪᠠ᠃ 1999 ᠣᠨ ᠳᠤ ᠬᠢᠲᠠᠳ ᠤᠨ ᠠᠶᠤᠯ ᠠᠴᠠ ᠬᠠᠮᠠᠭᠠᠯᠠᠬᠤ ᠶᠢᠨ ᠬᠢᠨ ᠳᠤ ᠰᠠᠭᠠᠳᠠᠭᠤᠯᠤᠭᠳᠠᠵᠤ ᠪᠠᠶᠢᠭᠰᠠᠨ ᠷᠧᠪᠡᠶ᠎ᠡ ᠺᠠᠳᠧᠷ 2005 ᠣᠨ ᠳᠤ ᠠᠮᠧᠷᠢᠺᠠ ᠶᠢᠨ ᠨᠢᠭᠡᠳᠦᠭᠰᠡᠨ ᠤᠯᠤᠰ ᠳᠦ ᠴᠠᠭᠠᠴᠢᠯᠠᠵᠠᠢ᠃ 2004 ᠣᠨ ᠳᠤ ᠮᠠᠨ ᠢᠶᠸᠨ ᠬᠣᠳᠠ ᠳᠤ 《》ᠪᠦᠬᠦ ᠤᠶᠢᠭᠤᠷ ᠤᠨ ᠳᠡᠯᠡᠬᠡᠢ ᠶᠢᠨ ᠺᠣᠩᠷᠧᠰ》 ᠪᠠᠶᠢᠭᠤᠯᠤᠭᠳᠠᠭᠰᠠᠨ ᠶᠤᠮ᠃

《ᠬᠥᠬᠡᠪᠠᠶᠢᠷᠠᠭ》 ᠬᠡᠮᠡᠬᠦ ᠲᠤᠭ ᠤᠶᠢᠭᠤᠷ ᠤᠨ ᠡᠷᠬᠡ ᠴᠢᠯᠦᠭᠡᠨ ᠦ ᠬᠥᠳᠡᠯᠭᠡᠭᠡᠨ ᠦ ᠪᠡᠯᠭᠡ ᠲᠡᠮᠳᠡᠭ ᠪᠣᠯᠳᠠᠭ ᠪᠥᠭᠡᠳ ᠬᠢᠲᠠᠳ ᠤᠨ ᠨᠤᠲᠤᠭ ᠳᠡᠪᠢᠰᠬᠡᠷ ᠳᠡᠭᠡᠷ᠎ᠡ ᠬᠡᠷᠡᠭᠯᠡᠬᠦ ᠶᠢ ᠬᠢᠲᠠᠳ ᠤᠳ ᠬᠠᠤᠯᠢ ᠪᠠᠷ ᠬᠣᠷᠢᠭᠰᠠᠨ ᠪᠠᠶᠢᠳᠠᠭ ᠶᠤᠮ ᠪᠠᠶᠢᠨ᠎ᠠ᠃ ᠤᠶᠢᠭᠤᠷ ᠤᠨ ᠤᠯᠤᠰ ᠲᠥᠷᠥ ᠶᠢᠨ ᠬᠦᠴᠦᠨ ᠨᠦᠭᠦᠳ ᠲᠠᠶᠢᠪᠤᠩ ᠵᠠᠮ ᠢᠶᠠᠷ ᠡᠷᠬᠡ ᠴᠢᠯᠦᠭᠡ ᠲᠤᠰᠠᠭᠠᠷ ᠲᠣᠭᠲᠠᠨᠢᠯ ᠤᠨ ᠢᠶᠠᠨ ᠲᠥᠯᠥᠭᠡ ᠲᠡᠮᠡᠴᠡᠨ ᠫᠠᠩ ᠲᠦᠷᠦᠭ ᠦᠨ ᠪᠣᠯᠤᠨ ᠵᠡᠭᠦᠨ ᠲᠦᠺᠢᠰᠲᠠᠨ ᠤ ᠨᠠᠮ ᠵᠡᠷᠭᠡ ᠪᠠᠶᠢᠭᠤᠯᠤᠯᠭ᠎ᠠ ᠨᠤᠭᠤᠳ ᠤᠨ ᠳᠡᠮᠵᠢᠯᠭᠡ ᠶᠢ ᠬᠦᠯᠢᠶᠡᠨ᠂ ᠵᠡᠭᠦᠨ ᠲᠦᠺᠢᠰᠲᠠᠨ ᠤ ᠯᠠᠯᠤ ᠶᠢᠨ ᠬᠥᠳᠡᠯᠭᠡᠭᠡᠨ᠂ ᠵᠡᠭᠦᠨ ᠲᠦᠺᠢᠰᠲᠠᠨ ᠤ ᠴᠢᠯᠦᠭᠡᠯᠡᠬᠦ ᠪᠠᠶᠢᠭᠤᠯᠤᠯᠭ᠎ᠠ ᠵᠡᠷᠭᠡ ᠨᠢ 《ᠬᠢᠲᠠᠳ ᠤᠨ ᠵᠠᠰᠠᠭ ᠤᠨ ᠭᠠᠵᠠᠷ ᠤᠶᠢᠭᠤᠷ ᠤᠨ ᠦᠨᠳᠦᠰᠦᠨ ᠦ ᠦᠵᠡᠯᠲᠡᠨ ᠨᠦᠭᠦᠳ ᠢ ᠲᠧᠷᠷᠣᠷᠢᠰᠲ ᠨᠡᠷ᠎ᠡ ᠶᠢᠨ ᠳᠣᠣᠷ᠎ᠠ ᠬᠠᠪᠴᠢᠨ ᠮᠥᠷᠳᠡᠬᠦ ᠪᠣᠯᠤᠭᠰᠠᠨ ᠢᠶᠠᠷ ᠪᠠᠷᠠᠬᠤ ᠦᠭᠡᠢ᠂ ᠢᠯᠠᠩᠭᠤᠶ᠎ᠠ 2001 ᠣᠨ ᠤ 9 ᠰᠠᠷ᠎ᠠ ᠶᠢᠨ 11 ᠍ ᠦ ᠠᠮᠧᠷᠢᠺᠠ ᠳᠠᠬᠢ ᠠᠯᠠᠨ ᠬᠢᠳᠤᠬᠤ ᠦᠢᠯᠡ ᠠᠵᠢᠯᠯᠠᠭᠠᠨ ᠠᠴᠠ ᠬᠣᠶᠢᠰᠢ ᠲᠧᠷᠷᠣᠷ ᠤᠨ ᠡᠰᠡᠷᠬᠦ ᠲᠡᠮᠡᠴᠡᠬᠦ ᠪᠣᠯᠤᠭᠰᠠᠨ ᠳᠡᠯᠡᠬᠡᠢ ᠨᠡᠶᠢᠲᠡ ᠶᠢᠨ ᠳᠡᠮᠵᠢᠯᠭᠡ ᠶᠢ ᠠᠪᠬᠤ᠂ ᠲᠡᠷᠡ ᠨᠡᠷ᠎ᠡ ᠶᠢᠨ ᠳᠣᠣᠷ᠎ᠠ ᠤᠶᠢᠭᠤᠷ ᠦᠨᠳᠦᠰᠦᠲᠡᠨ ᠦ ᠱᠠᠰᠢᠨ ᠰᠤᠶᠤᠯ ᠤᠨ ᠡᠰᠡᠷᠬᠦ ᠦᠢᠯᠡᠳᠦᠯ ᠬᠢᠬᠦ᠂ ᠲᠤᠰᠠᠭᠠᠷ ᠲᠣᠭᠲᠠᠨᠢᠬᠤ ᠬᠦᠰᠡᠯ ᠡᠷᠡᠮᠡᠯᠵᠡᠯ ᠢ ᠨᠢ ᠮᠣᠬᠣᠭᠠᠨ ᠳᠠᠷᠤᠬᠤ ᠪᠣᠯᠤᠨ ᠬᠦᠮᠦᠨ ᠦ ᠡᠷᠬᠡ ᠶᠢᠨ ᠡᠰᠡᠷᠬᠦ ᠬᠦᠴᠦᠷᠬᠡᠶᠢᠶᠢᠯᠡᠯ ᠶᠠᠪᠤᠭᠤᠯᠵᠤ ᠪᠠᠶᠢᠨ᠎ᠠ》 ᠬᠡᠮᠡᠨ ᠮᠡᠳᠡᠭᠳᠡᠬᠦ ᠪᠣᠯᠵᠠᠢ᠃ 2009 ᠣᠨ ᠳᠤ ᠪᠠᠷᠠᠺ ᠣᠪᠠᠮᠠ ᠭᠤᠸᠠᠨᠲ᠋ᠠᠨᠠᠮᠣ᠋ ᠍ ᠳᠤ 7 ᠵᠢᠯ ᠬᠣᠷᠢᠭᠳᠠᠵᠤ ᠪᠠᠶᠢᠭᠰᠠᠨ 4 ᠤᠶᠢᠭᠤᠷ ᠢ ᠮᠥᠷᠳᠡᠨ ᠪᠠᠶᠢᠴᠠᠭᠠᠯᠲᠠ ᠶᠢᠨ ᠶᠠᠪᠤᠴᠠ ᠳᠤ 9:11 ᠍ ᠳᠦ ᠣᠷᠣᠯᠴᠠᠭ᠎ᠠ ᠲᠠᠢ ᠭᠡᠬᠦ ᠨᠣᠲᠠᠯᠠᠭ᠎ᠠ ᠦᠭᠡᠢ᠂ ᠮᠥᠨ ᠶᠠᠮᠠᠷ ᠴᠤ ᠭᠡᠮᠲᠦ ᠬᠡᠷᠡᠭ ᠲᠦ ᠣᠷᠣᠯᠴᠠᠭ᠎ᠠ ᠦᠭᠡᠢ ᠭᠡᠵᠦ ᠦᠵᠡᠭᠰᠡᠨ ᠲᠤᠯᠠ ᠰᠤᠯᠠᠯᠠᠬᠤ ᠰᠢᠢᠳᠪᠦᠷᠢ ᠭᠠᠷᠭᠠᠵᠠᠢ᠃ ᠬᠠᠷᠢᠨ ᠬᠢᠲᠠᠳ ᠤᠨ ᠵᠠᠰᠠᠭ ᠤᠨ ᠭᠠᠵᠠᠷ ᠲᠡᠳᠡᠨ ᠢ ᠲᠧᠷᠷᠣᠷᠢᠰᠲ ᠬᠡᠮᠡᠨ ᠬᠢᠲᠠᠳ ᠲᠤ ᠲᠤᠰᠢᠶᠠᠬᠤ ᠶᠢ ᠱᠠᠭᠠᠷᠳᠠᠨ ᠪᠧᠷᠮᠤᠳ ᠫᠠᠯᠯᠠᠤᠭᠠᠷ ᠮᠥᠷᠳᠡᠨ ᠮᠥᠰᠬᠢᠵᠦ ᠪᠠᠶᠢᠨ᠎ᠠ᠃

ᠰᠢᠨᠵᠢᠶᠠᠩ ᠤᠨ ᠪᠠᠶᠢᠭᠠᠯᠢ ᠶᠢᠨ ᠨᠥᠬᠥᠴᠡᠯ ᠪᠣᠯᠬᠤ ᠠᠭᠤᠯᠠ ᠤᠰᠤ᠂ ᠲᠠᠯ᠎ᠠ᠂ ᠬᠡᠳᠦᠨ ᠮᠢᠩᠭᠠᠨ ᠺᠢᠯᠣᠮᠧᠲ᠋ᠷ ᠢᠶᠡᠷ ᠦᠷᠭᠦᠯᠵᠢᠯᠡᠬᠦ ᠡᠯᠡᠰᠦᠨ ᠴᠥᠯ ᠵᠡᠷᠭᠡ ᠨᠢ ᠫᠠᠷᠲ᠋ᠢᠽᠠᠨ ᠤ ᠳᠠᠶᠢᠨ ᠶᠠᠪᠤᠭᠤᠯᠬᠤ ᠳᠤ ᠲᠤᠩ ᠶᠡᠬᠡ ᠪᠡᠷ ᠨᠥᠯᠦᠭᠡᠯᠡᠭᠰᠡᠨ ᠶᠤᠮ᠃ᠤᠶᠢᠭᠤᠷ ᠤᠨ ᠬᠦᠮᠦᠨ ᠠᠮᠠ ᠶᠢᠨ 85 ᠬᠤᠪᠢ ᠨᠢ ᠬᠥᠳᠡᠭᠡ ᠳᠦ ᠠᠮᠢᠳᠤᠷᠠᠳᠠᠭ᠃ᠦᠨᠡᠨ ᠳᠦ ᠪᠡᠨ ᠬᠢᠲᠠᠳ ᠤᠳ ᠬᠣᠲᠠ ᠠᠴᠠ ᠭᠠᠳᠠᠭᠰᠢ ᠪᠠᠷᠤᠭ ᠠᠮᠢᠳᠤᠷᠠᠳᠠᠭ ᠦᠭᠡᠢ ᠪᠢᠯᠡ᠃1992 ᠣᠨ ᠳᠤ ᠤᠶᠢᠭᠤᠷ ᠤᠳ ᠫᠠᠷᠲ᠋ᠢᠽᠠᠨ ᠮᠠᠶ᠋ᠢᠭ ᠤᠨ ᠲᠡᠮᠡᠴᠡᠯ ᠪᠣᠯᠤᠨ ᠠᠯᠠᠨ ᠬᠢᠳᠤᠬᠤ ᠬᠡᠯᠪᠡᠷᠢ ᠳᠦ ᠰᠢᠯᠵᠢᠨ ᠣᠷᠣᠭᠰᠠᠨ ᠶᠤᠮ᠃ ᠢᠩᠭᠢᠭᠡᠳ 1992 ᠣᠨ ᠤ ᠶᠢᠰᠦᠳᠦᠭᠡᠷ ᠰᠠᠷ᠎ᠠ ᠶᠢᠨ ᠰᠡᠭᠦᠯ ᠢᠶᠡᠷ ᠵᠡᠪᠰᠡᠭᠯᠡᠭᠰᠡᠨ ᠵᠠᠯᠠᠭᠤᠴᠤᠳ ᠤᠨ ᠪᠦᠯᠦᠭ ᠺᠦᠢᠮᠦᠦᠶᠢ ᠬᠣᠲᠠ ᠶᠢᠨ ᠪᠥᠰᠡ ᠳᠦ ᠬᠢᠲᠠᠳ᠂ ᠰᠢᠩᠠᠵᠢᠭᠠᠨ-ᠤᠶᠢᠭᠤᠷ ᠤᠨ ᠥᠪᠡᠷᠲᠡᠭᠡᠨ ᠵᠠᠰᠠᠬᠤ ᠣᠷᠣᠨ ᠢ ᠬᠣᠯᠪᠣᠭᠰᠠᠨ ᠲᠡᠮᠦᠷ ᠵᠠᠮ ᠢ ᠡᠪᠳᠡᠨ ᠰᠦᠢᠳᠬᠡᠭᠰᠡᠨ ᠪᠢᠯᠡ᠃

1993 ᠣᠨ ᠤ ᠳᠥᠷᠪᠡᠳᠦᠭᠡᠷ ᠰᠠᠷ᠎ᠠ ᠳᠤ ᠲᠦᠷᠹᠠᠨ᠎ᠠ ᠬᠣᠲᠠ ᠶᠢᠨ ᠣᠶᠢᠷᠠᠯᠴᠠᠭᠠᠬᠢ ᠴᠡᠷᠢᠭ ᠦᠨ ᠪᠠᠭᠠᠵᠢ ᠳᠤ ᠳᠡᠯᠪᠡᠷᠡᠯᠲᠡ ᠪᠣᠯᠤᠭᠰᠠᠨ ᠨᠢ ᠤᠶᠢᠭᠤᠷ ᠤᠨ ᠠᠯᠠᠨ ᠬᠢᠳᠤᠭᠴᠢᠳ ᠵᠣᠬᠢᠶᠠᠨ ᠪᠠᠶᠢᠭᠤᠯᠤᠭᠰᠠᠨ ᠪᠠᠶᠢᠯ᠎ᠠ᠃ᠮᠥᠨ ᠣᠨ ᠤ ᠲᠠᠪᠤᠳᠤᠭᠠᠷ ᠰᠠᠷ᠎ᠠ ᠶᠢᠨ 15-20 ᠍ ᠤ ᠬᠣᠭᠣᠷᠣᠨᠳᠣ ᠮᠥᠨ ᠯᠠ ᠪᠦᠯᠦᠭ ᠬᠦᠮᠦᠰ ᠴᠥᠮ᠎ᠡ ᠶᠢᠨ ᠪᠠᠭᠠᠵᠢ ᠪᠣᠯᠬᠤ ᠯᠣᠪ ᠨᠠᠭᠤᠷ ᠲᠤ ᠬᠠᠯᠳᠠᠯᠭ᠎ᠠ ᠬᠢᠭᠰᠡᠨ ᠪᠠᠶᠢᠨ᠎ᠠ᠃1993 ᠣᠨ ᠤ ᠵᠢᠷᠭᠤᠳᠠᠤᠭᠠᠷ ᠰᠠᠷ᠎ᠠ ᠶᠢᠨ ᠳᠤᠮᠳᠠᠭᠤᠷ ᠺᠠᠰᠭᠢᠷ ᠳᠠᠬᠢ ᠨᠢᠭᠡᠨ ᠵᠣᠴᠢᠳ ᠪᠠᠭᠤᠳᠠᠯ ᠤᠨ ᠡᠰᠡᠷᠬᠦ ᠲᠠᠯ᠎ᠠ ᠳᠤ ᠪᠥᠮᠪᠥᠭᠡ ᠳᠡᠯᠪᠡᠷᠡᠭᠰᠡᠨ ᠡᠴᠡ ᠭᠤᠷᠪᠠᠨ ᠬᠦᠮᠦᠨ ᠠᠮᠢ ᠦᠷᠡᠭᠳᠡᠪᠡ᠃ ᠲᠡᠷᠡ ᠦᠶ᠎ᠡ ᠳᠦ ᠨᠥᠬᠥᠴᠡᠯ ᠪᠠᠶᠢᠳᠠᠯ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠬᠤᠪᠢ ᠳᠤ ᠲᠤᠩ ᠠᠶᠤᠯ ᠲᠠᠢ ᠪᠠᠷ ᠡᠷᠭᠢᠭᠡᠳ ᠪᠠᠶᠢᠯ᠎ᠠ᠃ᠲᠤᠰᠬᠠᠢ ᠠᠯᠪᠠᠳ ᠤᠨ ᠮᠡᠳᠡᠭᠡᠯᠡᠭᠰᠡᠨ ᠢᠶᠡᠷ ᠲᠡᠷᠡ ᠦᠶ᠎ᠡ ᠳᠦ ᠰᠢᠩᠠᠵᠢᠶᠠᠨ ᠳᠤ 30 ᠣᠷᠴᠢᠮ ᠬᠠᠤᠯᠢ ᠪᠤᠰᠤ ᠪᠦᠯᠬᠦᠮ᠂ ᠪᠠᠶᠢᠭᠤᠯᠤᠯᠭ᠎ᠠ ᠨᠤᠭᠤᠳ /》ᠡᠬᠡ ᠣᠷᠣᠨ ᠤ ᠲᠤᠶᠠᠭ᠎ᠠ》, 《ᠯᠣᠪ ᠨᠠᠭᠤᠷ ᠤᠨ ᠪᠠᠷ ᠤᠳ》 ᠭᠡᠬᠦ ᠮᠡᠲᠦ/ ᠦᠢᠯᠡ ᠠᠵᠢᠯᠯᠠᠭ᠎ᠠ ᠶᠢ ᠪᠠᠨ ᠶᠠᠪᠤᠭᠤᠯᠵᠤ ᠪᠠᠶᠢᠴᠠᠢ᠃ᠲᠡᠳᠡᠨ ᠡᠴᠡ ᠵᠡᠭᠦᠨ ᠲᠦᠺᠧᠰᠲᠠᠨ ᠤ ᠦᠨᠳᠦᠰᠦᠨ ᠦ ᠬᠤᠪᠢᠰᠬᠠᠯᠲᠤ ᠹᠷᠣᠨᠲ ᠭᠡᠭᠴᠢ ᠨᠡᠯᠢᠶᠡᠳ ᠠᠯᠳᠠᠷᠲᠤ ᠭᠠᠷᠤᠭᠰᠠᠨ ᠶᠤᠮ᠃ᠲᠡᠭᠦᠨ ᠢ 1984 ᠣᠨ ᠳᠤ ᠶᠱᠤᠫᠪᠧᠺ ᠮᠤᠬᠤᠯᠢᠰᠢ ᠪᠠᠶᠢᠭᠤᠯᠤᠭᠰᠠᠨ ᠪᠥᠭᠡᠳ ᠤᠶᠢᠭᠤᠷ ᠤᠨ ᠲᠤᠰᠠᠭᠠᠷ ᠲᠣᠭᠲᠠᠨᠢᠭᠰᠠᠨ ᠤᠯᠤᠰ ᠢ ᠪᠠᠶᠢᠭᠤᠯᠬᠤ ᠭᠡᠰᠡᠨ ᠴᠣᠷ ᠤᠨ ᠭᠠᠭᠴᠠ ᠵᠣᠷᠢᠯᠲᠠ ᠶᠢ ᠭᠡᠰᠢᠭᠦᠳ ᠦᠨ ᠢᠶᠡᠨ ᠡᠮᠦᠨ᠎ᠡ ᠲᠠᠯᠪᠢᠭᠰᠠᠨ ᠶᠤᠮ᠃ ᠰᠢᠩᠠᠵᠢᠶᠠᠨ ᠤ ᠰᠠᠯᠠᠩ ᠲᠤᠰᠠᠭᠠᠷᠯᠠᠭᠴᠢᠳ ᠤᠨ ᠭᠣᠣᠯ ᠲᠠᠺᠲ᠋ᠢᠭ ᠨᠢ ᠬᠢᠲᠠᠳ ᠤᠨ ᠴᠡᠷᠢᠭ ᠦᠨ ᠠᠯᠪᠠᠲᠠᠨ ᠨᠤᠭᠤᠳ ᠪᠣᠯᠤᠨ ᠴᠠᠭᠳᠠᠭ᠎ᠠ ᠨᠠᠷ ᠷᠤ ᠳᠠᠭᠠᠷᠢᠯᠲᠠ ᠬᠢᠬᠦ ᠳᠦ ᠣᠷᠣᠰᠢᠵᠤ ᠪᠠᠶᠢᠯ᠎ᠠ᠃ᠮᠥᠨ ᠣᠷᠣᠨ ᠨᠤᠲᠤᠭ ᠤᠨ ᠲᠥᠷᠥ ᠶᠢᠨ ᠪᠠᠶᠢᠭᠤᠯᠤᠯᠭ᠎ᠠ ᠨᠤᠭᠤᠳ ᠤᠨ ᠡᠰᠡᠷᠬᠦ ᠠᠶᠤᠯᠭᠠᠨ ᠰᠦᠷᠳᠡᠭᠦᠯᠬᠦ ᠠᠵᠢᠯᠯᠠᠭ᠎ᠠ ᠶᠢ ᠶᠠᠪᠤᠭᠤᠯᠵᠤ ᠪᠠᠶᠢᠪᠠ᠃ᠲᠡᠳᠡ ᠡᠨᠧᠷᠭᠢ ᠳᠠᠮᠵᠢᠭᠤᠯᠬᠤ ᠱᠤᠭᠤᠮ ᠪᠣᠯᠤᠨ ᠬᠣᠯᠪᠣᠭᠠᠨ ᠤ ᠱᠤᠭᠤᠮ ᠤᠳ ᠢ ᠲᠠᠰᠤᠯᠵᠤ᠂ ᠠᠦ᠋ᠲ᠋ᠣ᠋ ᠵᠠᠮ ᠳᠡᠭᠡᠷ᠎ᠡ ᠬᠣᠣᠷᠯᠠᠨ ᠰᠦᠢᠳᠭᠡᠬᠦ ᠠᠵᠢᠯᠯᠠᠭ᠎ᠠ ᠵᠣᠬᠢᠶᠠᠨ ᠪᠠᠶᠢᠭᠤᠯᠵᠤ ᠪᠠᠶᠢᠯ᠎ᠠ᠃《ᠯᠠᠯᠤ ᠶᠢᠨ ᠱᠠᠰᠢᠨᠲᠠᠨ ᠨᠤᠭᠤᠳ》 ᠪᠠᠩᠬᠢ ᠳᠡᠭᠡᠷᠡᠮ ᠳᠦ ᠬᠢ ᠠᠵᠢᠯ ᠢ ᠴᠤ ᠮᠥᠨ ᠤᠮᠠᠷᠲᠠᠭᠰᠠᠨ ᠦᠭᠡᠢ᠃

ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠶᠢᠨ ᠲᠤᠰᠬᠠᠢ ᠠᠯᠪᠠ ᠳᠤ ᠡᠨᠡ ᠪᠦᠬᠦᠨ ᠳᠦ ᠴᠠᠭ ᠢ ᠨᠢ ᠣᠯᠵᠤ ᠠᠷᠭ᠎ᠠ ᠬᠡᠮᠵᠢᠶ᠎ᠡ ᠠᠪᠴᠤ ᠪᠠᠶᠢᠯ᠎ᠠ᠃ᠠᠯᠠᠨ ᠬᠢᠳᠤᠬᠤ ᠨᠢᠭᠤᠴᠠ ᠪᠦᠯᠬᠦᠮ ᠦᠳ ᠢ ᠪᠤᠲᠠ ᠴᠣᠬᠢᠬᠤ ᠶᠢᠨ ᠲᠤᠯᠠᠳᠠ ᠲᠡᠳᠡ ᠪᠠᠶᠢᠵᠤ ᠪᠣᠯᠬᠤ ᠪᠦᠬᠦ ᠠᠷᠭ᠎ᠠ ᠬᠡᠮᠵᠢᠶ᠎ᠡ ᠪᠡᠨ ᠠᠪᠴᠤ ᠪᠠᠶᠢᠪᠠ᠃ᠮᠣᠰᠺᠸᠠ᠂ ᠠᠯᠮᠠ-ᠠᠲ᠋ᠠ ᠳᠠᠬᠢ 《ᠤᠶᠢᠭᠤᠷ ᠤᠨ ᠰᠤᠶᠤᠯ ᠤᠨ ᠲᠥᠪ》 ᠍ ᠨᠦᠭᠦᠳ ᠢ ᠮᠠᠰᠢ ᠪᠣᠭᠣᠨᠢ ᠬᠤᠭᠤᠴᠠᠭᠠᠨ ᠳᠤ ᠲᠠᠲᠠᠨ ᠪᠠᠭᠤᠯᠭᠠᠪᠠ᠃ᠬᠠᠷᠢᠨ ᠭᠧᠷᠮᠠᠨ ᠤ ᠮᠠᠨ ᠢᠶᠸᠨ ᠳᠦ ᠡᠶᠢᠮᠦ ᠲᠥᠪ ᠨᠢ ᠡᠳᠦᠭᠡ ᠶᠢ ᠬᠦᠷᠲᠡᠯ᠎ᠡ ᠠᠮᠤᠷ ᠲᠠᠶᠢᠪᠤᠩ ᠦᠢᠯᠡ ᠠᠵᠢᠯᠯᠠᠭ᠎ᠠ ᠶᠢ ᠪᠠᠨ ᠶᠠᠪᠤᠭᠤᠯᠵᠤ ᠪᠠᠶᠢᠭ᠎ᠠ ᠪᠢᠯᠡ᠃ ᠯᠠᠯᠤ ᠶᠢᠨ ᠱᠠᠰᠢᠨᠲᠠᠨ ᠨᠤᠭᠤᠳ ᠨᠥᠬᠥᠴᠡᠯ ᠪᠠᠶᠢᠳᠠᠯ ᠢ ᠥᠪᠡᠷᠰᠡᠳ ᠦᠨ ᠠᠰᠢᠭ ᠰᠣᠨᠢᠷᠬᠠᠯ ᠳᠤ ᠨᠡᠶᠢᠴᠡᠭᠦᠯᠦᠨ ᠡᠷᠭᠢᠭᠦᠯᠬᠦ ᠶᠢ ᠣᠷᠣᠯᠳᠤᠵᠤ ᠪᠠᠶᠢᠯ᠎ᠠ᠃ᠠᠯᠠᠨ ᠬᠢᠳᠤᠬᠤ ᠠᠵᠢᠯᠯᠠᠭᠠᠨ ᠤ ᠬᠠᠮᠤᠭ ᠤᠨ ᠣᠷᠭᠢᠯ ᠦᠶ᠎ᠡ 1997 ᠣᠨ ᠪᠠᠶᠢᠭᠰᠠᠨ ᠶᠤᠮ᠃ᠪᠦᠬᠦ ᠵᠦᠢᠯ ᠢᠯᠢᠷ ᠬᠣᠳᠠ ᠳᠤ ᠦᠢ ᠣᠯᠠᠨ ᠦᠢᠮᠡᠭᠡᠨ ᠰᠠᠮᠠᠭᠤᠨ ᠳᠡᠭᠳᠡᠭᠡᠭᠰᠡᠨ ᠢᠶᠡᠷ ᠡᠬᠢᠯᠡᠭᠰᠡᠨ ᠶᠤᠮ᠃ᠲᠡᠷᠡ ᠦᠶ᠎ᠡ ᠳᠦ ᠶᠢᠰᠦᠨ ᠬᠦᠮᠦᠨ ᠠᠮᠢ ᠦᠷᠡᠭᠳᠡᠵᠦ᠂ ᠵᠠᠭᠤᠭᠠᠳ ᠬᠦᠮᠦᠨ ᠰᠢᠷᠬᠠᠲᠤᠭᠰᠠᠨ ᠪᠢᠯᠡ᠃ 1997 ᠣᠨ ᠤ ᠬᠣᠶᠠᠳᠤᠭᠠᠷ ᠰᠠᠷ᠎ᠠ ᠳᠤ ᠤᠶᠢᠭᠤᠷ ᠤᠨ ᠪᠣᠰᠤᠭᠴᠢᠳ ᠰᠢᠩᠠᠵᠢᠶᠠᠨ ᠤ ᠵᠠᠰᠠᠭ ᠵᠠᠬᠢᠷᠭᠠᠨ ᠤ ᠲᠥᠪ ᠪᠣᠯᠬᠤ ᠤᠷᠤᠮᠴᠢᠳ ᠬᠡᠳᠦ ᠬᠡᠳᠦᠨ ᠠᠦ᠋ᠲ᠋ᠣᠪᠦ᠋ᠰ ᠳᠡᠯᠪᠡᠯᠪᠡ᠃ᠲᠡᠨᠳᠡ 24 ᠬᠢᠲᠠᠳ ᠴᠡᠷᠢᠭ᠂ 27 ᠮᠡᠷᠭᠡᠵᠢᠯᠲᠡᠨ ᠠᠮᠢ ᠦᠷᠡᠭᠳᠡᠭᠰᠡᠨ ᠪᠢᠯᠡ᠃ᠭᠤᠷᠪᠠᠳᠤᠭᠠᠷ ᠰᠠᠷ᠎ᠠ ᠶᠢᠨ ᠭᠤᠷᠪᠠᠨ ᠳᠤ ᠤᠶᠢᠭᠤᠷᠴᠤᠳ ᠤᠷᠤᠮᠴᠢᠳ ᠵᠢᠩᠬᠢᠨᠢ ᠲᠡᠰᠦᠯᠦᠨ ᠳᠡᠯᠪᠡᠯᠬᠦ ᠺᠠᠮᠫᠠᠨᠢ ᠳᠤ ᠠᠵᠢᠯ ᠶᠠᠪᠤᠭᠤᠯᠤᠭᠰᠠᠨ ᠠᠭᠠᠳ ᠡᠨᠳᠡ ᠣᠯᠠᠨ ᠠᠷᠪᠠᠨ ᠬᠦᠮᠦᠨ ᠠᠮᠢ ᠦᠷᠡᠭᠳᠡᠵᠦ᠂ ᠮᠥᠨ ᠬᠡᠳᠦᠨ ᠵᠤᠭ᠎ᠠ ᠪᠠᠷ ᠢᠶᠠᠨ ᠰᠢᠷᠬᠠᠲᠤᠭᠰᠠᠨ ᠶᠤᠮ᠃ᠵᠢᠯ ᠦᠨ ᠡᠴᠦᠰ ᠢᠶᠡᠷ ᠠᠷᠪᠠᠨ ᠨᠢᠭᠡᠳᠦᠭᠡᠷ ᠰᠠᠷ᠎ᠠ ᠶᠢᠨ 27 ᠍ ᠳᠦ ᠮᠥᠨ ᠭᠤᠷᠪᠠᠨ ᠤᠳᠠᠭ᠎ᠠ ᠳᠡᠯᠪᠡᠷᠡᠯᠲᠡ ᠪᠣᠯᠤᠭᠰᠠᠨ ᠪᠥᠭᠡᠳ ᠡᠭᠦᠨ ᠦ ᠦᠷ᠎ᠡ ᠳ᠋ᠦᠩ ᠳᠦ 70 ᠭᠠᠷᠤᠢ ᠬᠢᠲᠠᠳ ᠢᠷᠭᠡᠨ ᠠᠮᠢ ᠦᠷᠡᠭᠳᠡᠨ᠂ ᠵᠠᠷᠢᠮ ᠨᠢ ᠰᠢᠷᠬᠠᠲᠤᠭᠰᠠᠨ ᠶᠤᠮ᠃ᠭᠡᠪᠡᠴᠦ ᠡᠨᠡ ᠨᠢ ᠲᠤᠩ ᠪᠣᠭᠣᠨᠢ ᠬᠤᠭᠤᠴᠠᠭᠠᠨ ᠤ ᠠᠮᠵᠢᠯᠲᠠ ᠪᠠᠶᠢᠯ᠎ᠠ᠃ ᠥᠨᠥᠳᠥᠷ ᠦᠨ ᠪᠠᠶᠢᠳᠠᠯ ᠢᠶᠠᠷ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠶᠢᠨ ᠲᠤᠰᠬᠠᠢ ᠠᠯᠪᠠ ᠳᠤ ᠰᠢᠩᠠᠵᠢᠭᠠᠨ ᠳᠠᠬᠢ ᠨᠥᠬᠥᠴᠡᠯ ᠪᠠᠶᠢᠳᠠᠯ ᠢ ᠨᠡᠯᠢᠶᠡᠳ ᠴᠢᠩᠭ᠎ᠠ ᠬᠢᠨᠠᠵᠤ ᠪᠠᠶᠢᠭ᠎ᠠ ᠪᠥᠭᠡᠳ ᠭᠠᠳᠠᠭᠠᠳᠤ ᠶᠢᠨ ᠬᠢᠨ ᠤ ᠰᠢᠭᠤᠳ ᠣᠷᠣᠯᠴᠠᠭ᠎ᠠ ᠦᠭᠡᠢ ᠨᠥᠬᠥᠴᠡᠯ ᠪᠠᠶᠢᠳᠠᠯ ᠬᠤᠷᠴᠠᠳᠠᠬᠤ ᠶᠠᠪᠤᠳᠠᠯ ᠣᠶᠢᠷ᠎ᠠ ᠶᠢᠨ ᠬᠡᠳᠦᠨ ᠵᠢᠯ ᠶᠠᠮᠠᠷ ᠴᠤ ᠪᠣᠯᠤᠯᠴᠠᠭ᠎ᠠ ᠦᠭᠡᠢ ᠪᠣᠯᠤᠭᠠᠳ ᠪᠠᠶᠢᠭ᠎ᠠ ᠪᠢᠯᠡ᠃ᠠᠯᠠᠨ ᠬᠢᠳᠤᠬᠤ ᠠᠵᠢᠯᠯᠠᠭᠠᠨ ᠤ ᠬᠠᠷᠢᠭᠤ ᠳᠤ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠶᠢᠨ ᠣᠯᠠᠨ ᠨᠡᠶᠢᠲᠡ ᠶᠢᠨ ᠠᠶᠤᠯ ᠦᠭᠡᠢ ᠪᠠᠶᠢᠳᠠᠯ ᠤᠨ ᠶᠠᠮᠤ ᠬᠠᠲᠠᠭᠤᠬᠠᠨ ᠠᠷᠭ᠎ᠠ ᠬᠡᠮᠵᠢᠶ᠎ᠡ ᠠᠪᠴᠤ ᠠᠯᠠᠨ ᠬᠢᠳᠤᠭᠴᠢᠳ ᠤᠨ ᠵᠣᠬᠢᠶᠠᠨ ᠪᠠᠶᠢᠭᠤᠯᠤᠯᠲᠠ ᠲᠠᠢ ᠰᠦᠯᠵᠢᠶ᠎ᠡ ᠶᠢ ᠪᠤᠲᠠ ᠨᠢᠷᠭᠡᠭᠰᠡᠨ ᠶᠤᠮ᠃2000 ᠣᠨ ᠳᠤ ᠪᠡᠭᠡᠵᠢᠩ ᠦᠨ ᠰᠢᠬᠠᠯᠲᠠᠨ ᠳᠣᠣᠷ᠎ᠠ ᠬᠠᠰᠠᠭᠰᠲ᠋ᠠᠨ ᠤ ᠡᠷᠬᠡ ᠪᠠᠷᠢᠭᠴᠢᠳ ᠠᠯᠠᠨ ᠬᠢᠳᠤᠬᠤ ᠦᠢᠯᠡ ᠠᠵᠢᠯᠯᠠᠭ᠎ᠠ ᠶᠠᠪᠤᠭᠤᠯᠤᠭᠰᠠᠨ ᠬᠡᠷᠡᠭ ᠢᠶᠡᠷ ᠬᠢᠲᠠᠳ ᠤᠨ ᠰᠢᠭᠦᠬᠦ ᠪᠡᠷ ᠶᠠᠯᠠᠯᠠᠭᠳᠠᠭᠰᠠᠨ ᠤᠶᠢᠭᠤᠷ ᠤᠨ ᠭᠤᠷᠪᠠᠨ ᠲᠡᠷᠢᠭᠦᠯᠡᠭᠴᠢ ᠶᠢ ᠴᠥᠯᠡᠭᠰᠡᠨ ᠶᠤᠮ᠃《ᠤᠶᠢᠭᠤᠷ ᠤᠨ ᠠᠯᠠᠨ ᠬᠢᠳᠤᠬᠤ ᠣᠯᠠᠨ ᠪᠠᠶᠢᠭᠤᠯᠤᠯᠭ᠎ᠠ ᠨᠤᠭᠤᠳ ᠢ ᠦᠨᠡᠨ ᠳᠦ ᠪᠡᠨ ᠪᠡᠭᠡᠵᠢᠩ ᠬᠢᠨᠠᠵᠤ ᠪᠠᠶᠢᠳᠠᠭ᠃ᠬᠢᠲᠠᠳ ᠤᠨ ᠲᠤᠰᠬᠠᠢ ᠠᠯᠪᠠ ᠳᠤ ᠠᠵᠢᠯ ᠢᠶᠠᠨ ᠲᠤᠩ ᠴᠢᠳᠠᠪᠤᠷᠢᠯᠢᠭ ᠬᠢᠳᠡᠭ᠃ᠲᠤᠬᠠᠶᠢᠯᠠᠪᠠᠯ᠂ ᠲᠡᠳᠡ ᠣᠯᠠᠨ ᠤᠶᠢᠭᠤᠷᠴᠤᠳ ᠢ ᠡᠯᠰᠡᠭᠦᠯᠦᠭᠡᠳ᠂ ᠳᠠᠷᠠᠭ᠎ᠠ ᠨᠢ ᠰᠢᠩᠠᠵᠢᠶᠠᠨ ᠳᠤ ᠤᠶᠢᠭᠤᠷᠴᠤᠳ ᠤᠨ ᠪᠦᠯᠬᠦᠮ ᠢ ᠪᠠᠶᠢᠭᠤᠯᠵᠤ ᠰᠢᠩᠠᠵᠢᠶᠠᠨ ᠤ ᠲᠤᠰᠠᠭᠠᠷ ᠲᠣᠭᠲᠠᠨᠢᠯ ᠤᠨ ᠲᠥᠯᠥᠭᠡ ᠲᠡᠮᠡᠴᠡᠬᠦ ᠳᠦ ᠬᠦᠷᠭᠡᠳᠡᠭ》 ᠬᠡᠮᠡᠨ ᠵᠡᠭᠦᠨ ᠲᠦᠺᠧᠰᠲᠠᠨ ᠤ ᠠᠯᠮᠠ-ᠠᠲ ᠤ ᠳᠠᠬᠢ ᠦᠨᠳᠦᠰᠦᠨ ᠦ ᠬᠣᠷᠢᠶᠠᠨ ᠤ ᠳᠠᠷᠤᠭ᠎ᠠ ᠶᠱᠤᠫᠪᠧᠺ ᠮᠤᠬᠤᠯᠢᠰᠢ ᠪᠠᠲᠤᠯᠠᠵᠤ ᠪᠠᠶᠢᠭ᠎ᠠ ᠶᠤᠮ᠃ᠰᠢᠨᠵᠢᠭᠡᠴᠢᠳ ᠲᠦ ᠪᠠᠶᠢᠭ᠎ᠠ ᠪᠠᠷᠢᠮᠲᠠ ᠠᠴᠠ ᠬᠠᠷᠠᠬᠤ ᠳᠤ ᠬᠢᠲᠠᠳ ᠤᠨ ᠡᠷᠬᠡ ᠪᠠᠷᠢᠭᠴᠢᠳ ᠠᠯᠠᠨ ᠬᠢᠳᠤᠬᠤ ᠪᠠᠶᠢᠭᠤᠯᠤᠯᠭ᠎ᠠ ᠳᠤ ᠡᠯᠰᠡᠭᠰᠡᠨ ᠤᠶᠢᠭᠤᠷᠴᠤᠳ ᠢ ᠨᠠᠷᠢᠨ ᠲᠣᠭᠲᠠᠭᠠᠵᠤ ᠠᠪᠤᠭᠠᠳ ᠳᠠᠷᠠᠭ᠎ᠠ ᠨᠢ ᠲᠡᠳᠡᠨ ᠢ ᠪᠠᠷᠢᠪᠴᠢᠯᠠᠳᠠᠭ᠃ᠵᠡᠭᠦᠨ ᠲᠦᠺᠧᠰᠲᠠᠨ ᠤ ᠲᠤᠰᠠᠭᠠᠷ ᠲᠣᠭᠲᠠᠨᠢᠯ ᠤᠨ ᠲᠥᠯᠥᠭᠡ ᠢᠳᠡᠪᠬᠢᠲᠡᠢ ᠲᠡᠮᠡᠴᠡᠭᠴᠢ ᠬᠡᠳᠦᠨ ᠤᠶᠢᠭᠤᠷ ᠬᠦᠮᠦᠨ ᠠᠯᠮᠠ-ᠠᠲ ᠤᠳ ᠲᠤᠩ ᠨᠢᠭᠤᠴᠠᠯᠠᠭ ᠪᠠᠶᠢᠳᠠᠯ ᠢᠶᠠᠷ ᠠᠮᠢ ᠦᠷᠡᠭᠳᠡᠭᠰᠡᠨ ᠪᠠᠶᠢᠨ᠎ᠠ᠃ᠲᠡᠮᠡᠴᠡᠭᠴᠢᠳ ᠦᠨ ᠨᠢᠭᠡ ᠬᠡᠰᠡᠭ ᠨᠢ ᠠᠹᠬᠠᠨᠨᠢᠰᠲᠠᠨ ᠷᠤ ᠵᠢᠭᠤᠲᠠᠭᠰᠠᠨ ᠪᠣᠯ ᠦᠯᠡᠳᠡᠭᠰᠡᠨ ᠨᠢ ᠦᠢᠯᠡ ᠶᠠᠪᠤᠳᠠᠯ ᠨᠠᠭᠠᠰᠢ ᠲᠠᠢ ᠡᠷᠭᠢᠬᠦ ᠶᠢ ᠬᠦᠯᠢᠶᠡᠨ ᠰᠢᠩᠠᠵᠢᠶᠠᠨ ᠳᠤ ᠦᠯᠡᠳᠡᠭᠰᠡᠨ ᠪᠠᠶᠢᠨ᠎ᠠ᠃ ᠬᠢᠲᠠᠳ ᠤᠨ ᠲᠤᠰᠬᠠᠢ ᠠᠯᠪᠠ ᠳᠤ ТУХН ᠍ ᠦᠨ ᠴᠢᠭᠯᠡᠯ ᠳᠦ ᠶᠠᠪᠤᠭᠤᠯ ᠤᠨ ᠬᠤᠳᠠᠯᠳᠤᠭ᠎ᠠ ᠬᠢᠳᠡᠭ ᠨᠠᠶᠢᠮᠠᠭᠠᠴᠢᠳ ᠤᠨ ᠦᠢᠯᠡ ᠠᠵᠢᠯᠯᠠᠭ᠎ᠠ ᠶᠢ ᠲᠤᠩ ᠠᠩᠬᠠᠷᠤᠯ ᠲᠠᠢ ᠠᠵᠢᠭᠯᠠᠵᠣ ᠪᠠᠶᠢᠭ᠎ᠠ ᠶᠤᠮ᠃ᠲᠡᠳᠡᠨ ᠡᠴᠡ ᠲᠤᠩ ᠶᠡᠬᠡ ᠪᠣᠯᠭᠣᠮᠵᠢᠯᠠᠳᠠᠭ ᠬᠢᠲᠠᠳ ᠤᠶᠢᠭᠤᠷ ᠤᠨ ᠨᠢᠭᠤᠴᠠ ᠪᠠᠶᠢᠭᠤᠯᠤᠯᠭ᠎ᠠ ᠨᠤᠭᠤᠳ ᠲᠠᠢ ᠲᠣᠭᠲᠠᠮᠠᠯ ᠬᠣᠯᠪᠣᠭᠠᠲᠠᠢ ᠪᠠᠶᠢᠳᠠᠭ ᠠᠵᠢ᠃ᠠᠹᠬᠠᠨᠨᠢᠰᠲᠠᠨ ᠲᠠᠢ ᠬᠢᠯᠢᠯᠡᠬᠦ ᠬᠢᠯᠢ ᠶᠢ ᠨᠢᠭᠤᠴᠠᠯᠠᠨ ᠬᠠᠯᠬᠠᠯᠠᠭᠰᠠᠨ᠂ ᠬᠢᠯᠢ ᠳᠠᠭᠠᠤ ᠨᠡᠮᠡᠯᠲᠡ ᠴᠡᠷᠢᠭ ᠪᠠᠶᠢᠷᠢᠰᠢᠭᠤᠯᠤᠭᠰᠠᠨ᠃ᠠᠶᠤᠯ ᠦᠭᠡᠢ ᠪᠠᠶᠢᠳᠠᠯ ᠢ ᠬᠠᠩᠭᠠᠬᠤ ᠵᠣᠷᠢᠯᠭ᠎ᠠ ᠪᠠᠷ ᠰᠢᠩᠠᠵᠢᠶᠠᠨ ᠳᠤ ᠭᠠᠳᠠᠨ᠎ᠠ ᠶᠢᠨ ᠰᠡᠳᠬᠦᠯᠴᠢᠳ ᠢ ᠨᠡᠪᠲᠡᠷᠡᠬᠦ ᠪᠣᠯᠤᠮᠵᠢ ᠶᠢ ᠬᠢᠵᠠᠭᠠᠷᠯᠠᠭᠰᠠᠨ᠃ᠣᠷᠣᠨ ᠨᠤᠲᠤᠭ ᠤᠨ ᠨᠢᠰᠬᠦ ᠣᠩᠭᠣᠴᠠᠨ ᠤ ᠪᠠᠭᠤᠳᠠᠯ ᠳᠤ ᠲᠤᠰᠬᠠᠢ ᠠᠯᠪᠠᠳ ᠤᠨ ᠠᠵᠢᠯᠴᠢᠳ ᠤᠨ ᠲᠣᠭ᠎ᠠ ᠬᠡᠮᠵᠢᠶ᠎ᠡ ᠶᠢ ᠨᠡᠮᠡᠭᠳᠡᠭᠦᠯᠦᠭᠰᠡᠨ᠃

ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠳᠦ ᠲᠣᠭᠲᠠᠪᠤᠷᠢ ᠦᠭᠡᠢ ᠪᠠᠶᠢᠳᠠᠯ ᠡᠭᠦᠰᠭᠡᠬᠦ ᠤᠶᠢᠭᠤᠷᠴᠤᠳ ᠤᠨ ᠦᠢᠯᠡ ᠠᠵᠢᠯᠯᠠᠭᠠᠨ ᠤ ᠴᠢᠭ ᠢ ᠪᠠᠷᠠᠭᠤᠨ ᠳᠤ ᠬᠡᠳᠦᠶᠢᠨ᠎ᠡ ᠲᠣᠭᠲᠠᠭᠠᠭᠰᠠᠨ ᠪᠥᠭᠡᠳ ᠬᠠᠷᠢᠨ ᠡᠭᠦᠨ ᠢ ᠬᠡᠷᠡᠭᠵᠢᠭᠦᠯᠬᠦ ᠬᠠᠮᠤᠭ ᠤᠨ ᠪᠣᠯᠤᠮᠵᠢ ᠲᠠᠢ ᠮᠥᠴᠡ ᠶᠢ ᠬᠦᠯᠢᠶᠡᠵᠦ ᠪᠠᠶᠢᠭ᠎ᠠ ᠶᠤᠮ᠃ᠤᠶᠢᠭᠤᠷᠴᠤᠳ ᠥᠪᠡᠷᠰᠡᠳ ᠦᠨ ᠠᠰᠠᠭᠤᠳᠠᠯ ᠢ ᠥᠪᠡᠷ ᠦᠨ ᠬᠦᠴᠦ ᠪᠡᠷ ᠰᠢᠢᠳᠪᠦᠷᠢᠯᠡᠵᠦ ᠶᠠᠭᠠᠬᠢᠭᠠᠳ ᠴᠤ ᠴᠢᠳᠠᠬᠤ ᠦᠭᠡᠢ ᠭᠡᠳᠡᠭ ᠢᠶᠡᠨ ᠣᠶᠢᠯᠠᠭᠠᠵᠤ ᠪᠠᠶᠢᠭ᠎ᠠ ᠪᠣᠯᠤᠯᠲᠠᠢ᠃ ᠱᠠᠩᠬᠠᠢ ᠳᠤ ᠪᠣᠯᠤᠭᠰᠠᠨ ᠳᠡᠭᠡᠳᠦ ᠬᠡᠮᠵᠢᠶᠡᠨ ᠦ ᠠᠭᠤᠯᠵᠠᠯᠲᠠ ᠶᠢᠨ ᠦᠶ᠎ᠡ ᠪᠡᠷ ᠠᠮᠧᠷᠢᠺᠠ ᠶᠢᠨ ᠨᠢᠭᠡᠳᠦᠭᠰᠡᠨ ᠤᠯᠤᠰ ᠤᠨ ᠶᠡᠷᠦᠩᠬᠡᠶᠢᠯᠡᠭᠴᠢ ᠵᠣᠷᠵᠢ ᠪᠤᠱ 《ᠠᠯᠠᠨ ᠬᠢᠳᠤᠯᠭ᠎ᠠ ᠶᠢᠨ ᠡᠰᠡᠷᠭᠦ ᠲᠡᠮᠡᠴᠡᠯ ᠬᠡᠵᠢᠶ᠎ᠡ ᠴᠤ ᠴᠥᠭᠡᠩᠬᠢ ᠶᠢ ᠳᠠᠷᠤᠯᠠᠨ ᠳᠡᠭᠡᠷᠡᠯᠬᠡᠬᠦ ᠰᠢᠯᠲᠠᠭᠠᠨ ᠪᠠᠶᠢᠬᠤ ᠶᠣᠰᠣ ᠦᠭᠡᠢ》 ᠬᠡᠮᠡᠨ ᠪᠡᠭᠡᠵᠢᠩ ᠳᠦ ᠠᠩᠬᠠᠷᠠᠭᠤᠯᠤᠭᠰᠠᠨ ᠶᠤᠮ᠃ᠡᠶᠢᠮᠦ ᠰᠠᠨᠠᠭ᠎ᠠ ᠶᠢ ᠮᠥᠨ ᠪᠠᠷᠠᠭᠤᠨ ᠣᠯᠠᠨ ᠤᠯᠤᠰ ᠤᠨ ᠠᠯᠠᠨ ᠬᠢᠳᠤᠭᠴᠢᠳ ᠤᠨ ᠪᠠᠭᠠᠵᠢ ᠪᠣᠯᠤᠭᠰᠠᠨ ᠦᠢᠮᠡᠭᠡᠨ ᠰᠠᠮᠠᠭᠤᠨ ᠲᠠᠢ ᠪᠠᠶᠢᠭ᠎ᠠ ᠴᠧᠴᠧᠨᠢ ᠶᠢᠨ ᠬᠤᠪᠢ ᠳᠤ ᠮᠣᠰᠺᠸᠠ ᠠᠴᠠ ᠠᠪᠴᠤ ᠬᠡᠷᠡᠭᠵᠢᠭᠦᠯᠦᠭᠰᠡᠨ ᠠᠵᠢᠯᠯᠠᠭᠠᠨ ᠳᠤ ᠨᠢ ᠢᠯᠡᠷᠬᠡᠶᠢᠯᠡᠭᠰᠡᠨ ᠪᠢᠯᠡ᠃ᠵᠡᠭᠦᠨ ᠲᠦᠺᠧᠰᠲᠠᠨ ᠡᠭᠡᠭᠡ ᠯᠠ 《ᠳᠠᠷᠢ ᠲᠠᠢ ᠲᠣᠷᠬ᠎ᠠ ᠶᠢ》ᠰᠠᠨᠠᠭᠳᠠᠭᠤᠯᠤᠨ᠎ᠠ᠃ᠬᠢᠲᠠᠳ ᠤᠨ ᠡᠷᠬᠡ ᠪᠠᠷᠢᠭᠴᠢᠳ ᠲᠡᠷᠬᠡᠦ ᠲᠣᠷᠬᠠᠨ ᠳᠤ ᠭᠠᠯ ᠠᠪᠤᠯᠴᠠᠭᠤᠯᠴᠢᠬᠤ ᠦᠭᠡᠢ ᠶᠢᠨ ᠲᠤᠯᠠᠳᠠ ᠪᠣᠯᠤᠮᠵᠢ ᠲᠠᠢ ᠪᠦᠬᠦ ᠵᠦᠢᠯ ᠢ ᠬᠢᠵᠦ ᠪᠠᠶᠢᠭ᠎ᠠ ᠴᠤ ᠱᠠᠰᠢᠨ ᠤ ᠪᠣᠯᠤᠨ ᠤᠭᠰᠠᠭᠠᠲᠠᠨ ᠤ ᠲᠣᠮᠣᠬᠠᠨ ᠲᠦᠢᠮᠡᠷ ᠢ ᠲᠠᠯᠪᠢᠴᠢᠬ᠎ᠠ ᠰᠣᠨᠢᠷᠬᠠᠯ ᠲᠠᠢ ᠬᠦᠮᠦᠰ ᠴᠤ ᠣᠯᠠᠨ ᠪᠠᠶᠢᠭ᠎ᠠ ᠪᠢᠯᠡ᠃

ᠲᠤᠰ ᠥᠪᠡᠷᠲᠡᠭᠡᠨ ᠵᠠᠰᠠᠬᠤ ᠮᠤᠵᠢ ᠶᠢᠨ ᠬᠢᠯᠢ ᠶᠢ ᠲᠣᠭᠲᠠᠭᠠᠭᠰᠠᠨ ᠪᠣᠳᠣᠯᠭ᠎ᠠ ᠢᠯᠡᠭᠦᠦ ᠰᠣᠨᠢᠷᠬᠠᠯ ᠲᠠᠲᠠᠳᠠᠭ᠃ ᠬᠠᠭᠤᠴᠢᠨ ᠵᠥᠪᠯᠡᠯᠲᠦ ᠬᠣᠯᠪᠣᠭᠠᠲᠤ ᠤᠯᠤᠰ ᠵᠠᠳᠠᠷᠠᠭᠰᠠᠨ ᠤ ᠳᠠᠷᠠᠭ᠎ᠠ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠪᠠᠷᠠᠭᠤᠨ᠂ ᠪᠠᠷᠠᠭᠤᠨ ᠬᠣᠶᠢᠳᠤ ᠲᠠᠯ᠎ᠠ ᠪᠠᠷ ᠢᠶᠠᠨ ᠣᠷᠣᠰ ᠬᠣᠯᠪᠣᠭᠠᠨ ᠤ ᠤᠯᠤᠰ ᠲᠠᠢ ᠪᠢᠰᠢ ᠬᠠᠰᠠᠭᠰᠲ᠋ᠠᠨ ᠲᠠᠢ ᠬᠢᠯᠢᠯᠡᠬᠦ ᠪᠣᠯᠵᠠᠢ᠃ ᠭᠡᠪᠡᠴᠦ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ᠂ ᠣᠷᠣᠰ ᠬᠣᠯᠪᠣᠭᠠᠨ ᠤ ᠤᠯᠤᠰ ᠮᠣᠩᠭᠣᠯ ᠢ ᠲᠣᠭᠣᠷᠢᠭᠤᠯᠤᠨ ᠠᠳᠬᠤᠯᠴᠠᠭᠰᠠᠨ ᠭᠠᠷ ᠢᠶᠠᠨ ᠲᠠᠯᠪᠢᠬᠤ ᠶᠢ ᠬᠦᠰᠡᠭᠡ ᠦᠭᠡᠢ ᠶᠤᠮ᠃ ᠲᠡᠶᠢᠮᠦ ᠡᠴᠡ ᠮᠣᠩᠭᠣᠯ ᠤᠯᠤᠰ ᠪᠠ ᠮᠠᠨ ᠤ 《ᠵᠢᠩᠬᠢᠨᠢ ᠭᠤᠷᠪᠠᠳᠠᠭᠴᠢ ᠬᠥᠷᠰᠢ》 ᠪᠠᠶᠢᠬᠤ ᠶᠣᠰᠣᠲᠠᠢ ᠬᠠᠰᠠᠭᠰᠲ᠋ᠠᠨᠢ ᠬᠣᠭᠣᠷᠣᠨᠳᠣ 55 ᠺᠢᠯᠣᠮᠧᠲ᠋ᠷ ᠵᠤᠷᠪᠤᠰ ᠠᠪᠴᠤ ᠦᠯᠡᠳᠡᠵᠡᠢ᠃ ᠢᠩᠭᠢᠭᠰᠡᠨ ᠢᠶᠡᠷ ᠮᠣᠩᠭᠣᠯᠴᠤᠳ ᠡᠭᠦᠷᠢᠳᠡ ᠬᠣᠶᠠᠷ ᠬᠥᠷᠰᠢ ᠲᠡᠢ ᠪᠠᠶᠢᠬᠤ ᠬᠤᠪᠢ ᠵᠠᠶᠠᠭ᠎ᠠ ᠲᠠᠢ ᠪᠠᠨ ᠡᠪᠯᠡᠷᠡᠬᠦ ᠡᠴᠡ ᠥᠭᠡᠷ᠎ᠡ ᠬᠤᠪᠢ ᠦᠭᠡᠢ ᠪᠣᠯᠵᠤ᠂ ᠯᠠᠯᠤ ᠶᠢᠨ ᠰᠤᠶᠤᠯ ᠢᠷᠭᠡᠨᠰᠢᠯ ᠦᠨ ᠳᠣᠷᠣᠨᠠᠲᠤ ᠬᠢᠵᠠᠭᠠᠷ ᠲᠠᠢ ᠬᠢᠯᠢᠯᠡᠬᠦ ᠦᠭᠡᠢ ᠪᠣᠯᠵᠠᠢ᠃ ᠡᠭᠦᠨ ᠡᠴᠡ ᠡᠷᠲᠡᠨ ᠦ ᠪᠣᠯᠭᠣᠮᠵᠢᠯᠠᠯ ᠪᠣᠯ ᠰᠢᠨᠵᠢᠶᠠᠩ ᠤᠶᠢᠭᠤᠷ ᠤᠨ ᠠᠦ᠋ᠲ᠋ᠣᠨᠣᠮᠢᠲᠤ ᠤᠯᠤᠰ ᠪᠠ ᠥᠪᠥᠷ ᠮᠣᠩᠭᠣᠯ ᠤᠨ ᠠᠦ᠋ᠲ᠋ᠣᠨᠣᠮᠢᠲᠤ ᠤᠯᠤᠰ ᠢ ᠬᠣᠭᠣᠷᠣᠨᠳᠣ ᠨᠢ 60 ᠺᠢᠯᠣᠮᠧᠲ᠋ᠷ ᠵᠤᠷᠪᠤᠰ ᠢᠶᠠᠷ ᠲᠤᠰᠠᠭᠠᠷᠯᠠᠵᠤ᠂ ᠭᠠᠨᠢᠰᠤ ᠮᠤᠵᠢ ᠶᠢ ᠬᠠᠪᠴᠢᠭᠤᠯᠤᠭᠰᠠᠨ ᠶᠤᠮ᠃ ᠮᠣᠩᠭᠣᠯ ᠤᠯᠤᠰ ᠤᠨ ᠡᠮᠦᠨᠡᠲᠦ ᠬᠢᠯᠢ ᠶᠢᠨ ᠳᠠᠭᠠᠤ ᠮᠣᠩᠭᠣᠯ ᠦᠨᠳᠦᠰᠦᠲᠡᠨ ᠨᠦᠭᠦᠳ ᠨᠤᠲᠤᠭᠯᠠᠳᠠᠭ ᠪᠠ ᠬᠢᠲᠠᠳ ᠤᠨ ᠡᠷᠲᠡᠨ ᠦ ᠪᠡᠬᠢᠯᠡᠯᠲᠡ ᠯᠠᠨᠵᠢ ᠤᠳ ᠲᠥᠪᠯᠡᠭᠰᠡᠨ ᠭᠠᠨᠢᠰᠤ ᠮᠤᠵᠢ ᠶᠢ ᠪᠠᠶᠢᠭᠤᠯᠤᠭᠰᠠᠨ ᠢᠶᠠᠷ ᠪᠠᠷᠠᠭᠤᠨ ᠮᠣᠩᠭᠣᠯ᠂ ᠬᠥᠬᠡ ᠨᠠᠭᠤᠷ᠂ ᠰᠢᠨᠵᠢᠶᠠᠩ ᠤᠨ ᠮᠣᠩᠭᠣᠯᠴᠤᠳ ᠢ ᠲᠤᠰᠠᠭᠠᠷᠯᠠᠭᠰᠠᠨ ᠶᠤᠮ᠃ ᠡᠨᠡ ᠨᠢᠮᠭᠡᠨ ᠵᠢᠭᠢᠷᠢᠭ᠌ᠡᠪᠴᠢ ᠮᠣᠩᠭᠣᠯ ᠳᠤ ᠵᠠᠷᠢᠮ ᠲᠠᠯ᠎ᠠ ᠪᠠᠷ ᠠᠰᠢᠭᠲᠠᠢ ᠲᠤᠰᠠᠵᠠᠢ᠃ 1990 ᠣᠨ ᠤ ᠳᠡᠯᠡᠬᠡᠢ ᠨᠡᠶᠢᠲᠡ ᠶᠢ ᠬᠠᠮᠤᠷᠤᠭᠰᠠᠨ ᠥᠭᠡᠷᠡᠴᠢᠯᠡᠯᠲᠡ᠂ ᠬᠦᠢᠲᠡᠨ ᠳᠠᠶᠢᠨ ᠤ ᠢᠯᠠᠭᠳᠠᠯ ᠤᠨ ᠳᠠᠷᠠᠭ᠎ᠠ ᠡᠪ ᠬᠠᠮᠳᠣ ᠰᠢᠰᠲ᠋ᠧᠮ᠂ ᠤᠯᠠᠮ ᠢᠶᠠᠷ ᠵᠥᠪᠯᠡᠯᠲᠦ ᠬᠣᠯᠪᠣᠭᠠᠲᠤ ᠤᠯᠤᠰ ᠵᠠᠳᠠᠷᠠᠬᠤ ᠳᠤ ᠺᠠᠽᠠᠭ ᠤᠳ ᠣᠯᠠᠨ ᠵᠤᠨ ᠤ ᠮᠥᠷᠥᠭᠡᠳᠦᠯ ᠪᠣᠯᠤᠭᠰᠠᠨ ᠲᠤᠭᠤᠷᠭ᠎ᠠ ᠲᠤᠰᠠᠭᠠᠷ ᠲᠥᠷᠥ ᠤᠯᠤᠰ ᠢᠶᠠᠨ ᠪᠠᠶᠢᠭᠤᠯᠤᠭᠰᠠᠨ ᠶᠤᠮ᠃ ᠮᠡᠳᠡᠭᠡᠵᠢ ᠡᠨᠡ ᠨᠢ ᠬᠦᠢᠲᠡᠨ ᠳᠠᠶᠢᠨ ᠳᠤ ᠢᠯᠠᠭᠳᠠᠭᠰᠠᠨ ᠲᠠᠯ᠎ᠠ ᠳᠤ ᠪᠠᠶᠢᠭᠰᠠᠨ ᠮᠣᠩᠭᠣᠯ ᠳᠤ ᠨᠥᠯᠦᠭᠡᠯᠡᠭᠰᠡᠨ᠃ ᠲᠤᠰᠠᠭᠠᠷ ᠬᠠᠰᠠᠭᠰᠲ᠋ᠠᠨ ᠤᠯᠤᠰ ᠪᠠᠶᠢᠭᠤᠯᠤᠭᠳᠠᠭᠰᠠᠨ ᠨᠢ ᠮᠣᠩᠭᠣᠯ ᠳᠤ ᠨᠥᠯᠦᠭᠡᠯᠡᠵᠦ ᠣᠯᠠᠨ ᠮᠢᠩᠭᠠᠨ ᠬᠠᠰᠠᠭ ᠢᠷᠭᠡᠨ ᠮᠣᠩᠭᠣᠯ ᠠᠴᠠ ᠭᠠᠷᠤᠭᠰᠠᠨ ᠶᠤᠮ᠃ ᠭᠡᠪᠡᠴᠦ ᠲᠡᠳᠡ ᠡᠨᠡ 55 ᠺᠢᠯᠣᠮᠧᠲ᠋ᠷ ᠵᠤᠷᠪᠤᠰ ᠠᠴᠠ ᠪᠣᠯᠵᠤ ᠰᠢᠭᠤᠳ ᠬᠠᠰᠠᠭᠰᠲ᠋ᠠᠨ ᠤ ᠬᠢᠯᠢ ᠳᠠᠪᠠᠵᠤ ᠴᠢᠳᠠᠬᠤ ᠦᠭᠡᠢ ᠪᠣᠯᠵᠠᠢ᠃ ᠲᠡᠶᠢᠮᠦ ᠡᠴᠡ ᠣᠷᠣᠰ ᠬᠣᠯᠪᠣᠭᠠᠨ ᠤ ᠤᠯᠤᠰ ᠪᠠᠷ ᠳᠠᠮᠵᠢᠨ ᠣᠴᠢᠬᠤ ᠠᠴᠠ ᠥᠭᠡᠷ᠎ᠡ ᠠᠷᠭ᠎ᠠ ᠦᠭᠡᠢ ᠪᠣᠯᠤᠭᠰᠠᠨ ᠪᠠ ᠢᠩᠭᠢᠬᠦ ᠶᠢᠨ ᠲᠤᠯᠠᠳᠠ ᠣᠷᠣᠰ ᠬᠣᠯᠪᠣᠭᠠᠨ ᠤ ᠤᠯᠤᠰ ᠤᠨ ᠸᠢᠽ ᠠᠪᠬᠤ᠂ ᠣᠷᠣᠰ ᠬᠣᠯᠪᠣᠭᠠᠨ ᠤ ᠤᠯᠤᠰ ᠶᠢᠨ ᠲᠡᠮᠦᠷ ᠵᠠᠮ ᠢᠶᠠᠷ ᠳᠠᠮᠵᠢᠨ ᠨᠡᠭᠦᠬᠦ ᠡᠴᠡ ᠥᠭᠡᠷ᠎ᠡ ᠠᠷᠭ᠎ᠠ ᠦᠭᠡᠢ ᠪᠣᠯᠤᠭᠰᠠᠨ ᠪᠢᠯᠡ᠃

ᠰᠡᠳᠬᠢᠯ ᠬᠥᠭᠡᠷᠦᠯ ᠨᠠᠮᠵᠢᠭ᠌ᠰᠠᠨ ᠤ ᠳᠠᠷᠠᠭ᠎ᠠ ᠲᠡᠳᠡᠨ ᠦ ᠣᠯᠠᠩᠬᠢ ᠨᠢ ᠡᠬᠡ ᠨᠤᠲᠤᠭ ᠲᠤ ᠪᠠᠨ ᠪᠤᠴᠠᠵᠤ ᠢᠷᠡᠭᠰᠡᠨ ᠪᠢᠯᠡ᠃ ᠮᠣᠩᠭᠣᠯ-ᠬᠠᠰᠠᠭᠰᠲ᠋ᠠᠨ ᠤ ᠬᠠᠷᠢᠯᠴᠠᠭᠠᠨ ᠳᠤ 《ᠬᠠᠰᠠᠭᠰᠲ᠋ᠠᠨ ᠳᠤ ᠬᠥᠳᠡᠯᠮᠦᠷᠢ ᠶᠢᠨ ᠭᠡᠷ᠎ᠡ ᠪᠡᠷ ᠠᠵᠢᠯᠯᠠᠵᠤ ᠪᠠᠶᠢᠭ᠎ᠠ ᠮᠣᠩᠭᠣᠯ ᠢᠷᠭᠡᠳ ᠦᠨ ᠠᠰᠠᠭᠤᠳᠠᠯ》 ᠪᠤᠢ ᠪᠣᠯᠪᠠ᠃ ᠬᠡᠷᠪᠡ ᠰᠢᠭᠤᠳ ᠬᠢᠯᠢᠯᠡᠭᠰᠡᠨ ᠪᠣᠯ ᠮᠣᠩᠭᠣᠯ ᠠᠴᠠ ᠢᠯᠡᠭᠦᠦ ᠣᠯᠠᠨ ᠬᠠᠰᠠᠭ ᠭᠠᠷᠴᠤ ᠶᠠᠪᠤᠬᠤ ᠪᠠᠶᠢᠭᠰᠠᠨ ᠳᠤ ᠡᠷᠡᠭᠡᠯᠵᠡᠳᠡᠭ ᠦᠭᠡᠢ ᠶᠤᠮ᠃ ᠣᠳᠣ ᠴᠤ ᠵᠠᠷᠢᠮ ᠨᠢᠭᠡ ᠠᠰᠠᠭᠤᠳᠠᠯ ᠪᠤᠢ᠂ ᠵᠢᠱᠢᠶᠡᠯᠡᠪᠡᠯ ᠮᠣᠩᠭᠣᠯ ᠠᠴᠠ ᠢᠷᠭᠡᠨ ᠦ ᠬᠠᠭᠤᠷᠮᠠᠴᠢ ᠪᠢᠴᠢᠭ ᠪᠠᠷᠢᠮᠲᠠ ᠶᠢ ᠬᠠᠰᠠᠭᠰᠲ᠋ᠠᠨ ᠷᠤ ᠣᠯᠠᠨ ᠢᠶᠠᠷ ᠨᠢ ᠠᠪᠴᠤ ᠭᠠᠷᠬᠤ ᠶᠢ ᠣᠷᠣᠯᠳᠤᠳᠠᠭ ᠪᠣᠯᠵᠠᠢ᠃ ᠤᠴᠢᠷ ᠨᠢ ᠬᠠᠰᠠᠭᠰᠲ᠋ᠠᠨ ᠤ ᠵᠠᠰᠠᠭ ᠤᠨ ᠭᠠᠵᠠᠷ ᠥᠭᠡᠷ᠎ᠡ ᠤᠯᠤᠰ ᠲᠤ ᠲᠥᠷᠦᠭᠡᠳ ᠺᠠᠽᠠᠭ ᠤᠯᠤᠰ ᠤᠨ ᠢᠷᠭᠡᠨ ᠪᠣᠯᠤᠭᠰᠠᠨ ᠬᠦᠮᠦᠰ ᠲᠦ ᠥᠨᠳᠥᠷ ᠬᠡᠮᠵᠢᠶᠡᠨ ᠦ 《ᠬᠡᠰᠢᠭ》 ᠬᠦᠷᠲᠡᠭᠡᠳᠡᠭ ᠲᠤᠯᠠ ᠲᠡᠷᠡ ᠬᠡᠰᠢᠭ ᠡᠴᠡ ᠨᠢ ᠠᠪᠬᠤ ᠪᠣᠯᠵᠣᠯ᠎ᠠ ᠬᠠᠩᠭᠠᠬᠤ ᠶᠢᠨ ᠲᠤᠯᠠᠳᠠ 《ᠣᠷᠣᠭ》 ᠬᠠᠰᠠᠭ ᠤᠳ ᠨᠢ ᠴᠤ ᠬᠠᠷᠢ ᠭᠠᠷᠤᠯᠲᠠᠢ ᠪᠣᠯᠬᠤ ᠶᠢ ᠬᠦᠰᠡᠳᠡᠭ ᠡᠴᠡ ᠡᠶᠢᠮᠦ ᠬᠡᠷᠡᠭ ᠭᠠᠷᠬᠤ ᠪᠣᠯᠵᠠᠢ᠃ 《ᠨᠠᠵᠠᠷᠪᠠᠸ ᠤᠨ ᠰᠢᠣᠨᠢᠰᠮ》 ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠳᠦ ᠴᠤ ᠬᠠᠯᠠᠳᠠᠭᠰᠠᠨ ᠪᠥᠭᠡᠳ ᠰᠢᠨᠵᠢᠶᠠᠩ ᠳᠤ ᠠᠮᠢᠳᠤᠷᠠᠳᠠᠭ ᠰᠠᠶᠠᠭᠠᠷ ᠲᠣᠭᠠᠯᠠᠭᠳᠠᠳᠠᠭ ᠬᠠᠰᠠᠭ ᠤᠳ ᠠᠴᠠ ᠬᠠᠰᠠᠭᠰᠲ᠋ᠠᠨ ᠳᠤ ᠣᠯᠠᠨ ᠢᠷᠭᠡᠨ ᠨᠡᠭᠦᠵᠦ ᠣᠴᠢᠬᠤ ᠳᠤ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠵᠠᠰᠠᠭ ᠤᠨ ᠭᠠᠵᠠᠷ ᠬᠢᠵᠠᠭᠠᠷᠯᠠᠯ ᠳᠤ ᠲᠠᠯᠪᠢᠭᠰᠠᠨ ᠶᠤᠮ᠃ ᠰᠢᠨ᠎ᠡ ᠲᠤᠯᠭᠤᠷ ᠬᠠᠰᠠᠭ ᠤᠨ 《ᠰᠢᠣᠨᠢᠰᠲ ᠪᠣᠳᠣᠯᠭ᠎ᠠ ᠶᠢᠨ》 ᠤᠯᠠᠮ ᠠᠴᠠ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠰᠢᠨᠵᠢᠶᠠᠩ ᠳᠠᠬᠢ ᠴᠡᠷᠢᠭ ᠦᠨ ᠢᠶᠡᠨ ᠲᠣᠭ᠎ᠠ ᠶᠢ 150 000 ᠪᠣᠯᠭᠠᠵᠤ ᠨᠡᠮᠡᠭᠳᠡᠭᠦᠯᠪᠡ᠃ ᠠᠰᠠᠭᠤᠳᠠᠯ ᠡᠭᠦᠪᠡᠷ ᠳᠠᠭᠤᠰᠤᠭ᠎ᠠ ᠦᠭᠡᠢ ᠪᠥᠭᠡᠳ ᠡᠨᠡ ᠳᠠᠷᠤᠮᠲᠠ ᠬᠡᠷ ᠬᠦᠴᠢᠲᠡᠢ ᠶᠢ ᠨ᠃ᠨᠠᠵᠠᠷᠪᠠᠸ ᠨᠡᠶᠢᠰᠯᠡᠯ ᠢᠶᠡᠨ ᠬᠣᠶᠢᠳᠤ ᠨᠤᠲᠤᠭ ᠲᠤ ᠪᠠᠨ ᠪᠤᠶᠤ ᠣᠷᠣᠰ ᠤᠳ ᠬᠠᠰᠠᠭ ᠢ ᠡᠵᠡᠯᠡᠬᠦ ᠳᠦ ᠪᠡᠨ ᠠᠩᠬ᠎ᠠ ᠪᠠᠷᠢᠭᠰᠠᠨ ᠴᠠᠶᠢᠵᠠ ᠠᠰᠲᠠᠨ᠎ᠠ ᠷᠤ ᠨᠡᠭᠦᠯᠭᠡᠭᠰᠡᠨ ᠡᠴᠡ ᠬᠠᠷᠠᠵᠤ ᠪᠣᠯᠤᠨ᠎ᠠ᠃ᠬᠣᠷᠢᠳᠤᠭᠠᠷ ᠵᠠᠭᠤᠨ ᠳᠤ ᠬᠢᠲᠠᠳ ᠤᠳ ᠲᠠᠩᠰᠤᠨ ᠯᠠᠮᠠ ᠶᠢᠨ ᠳᠣᠮᠣᠭ ᠢᠶᠠᠷ ᠲᠠᠨ ᠭᠦᠷᠦᠨ ᠦ ᠬᠢᠯᠢ ᠬᠢᠵᠠᠭᠠᠷ ᠢ 《ᠪᠠᠲᠤᠯᠠᠭᠠᠵᠢᠭᠤᠯᠵᠤ》 ᠵᠢᠵᠢᠭ ᠬᠥᠷᠰᠢ ᠨᠦᠭᠦᠳ ᠢᠶᠡᠨ ᠦᠵᠡᠯ ᠰᠤᠷᠲᠠᠯ ᠢᠶᠠᠷ ᠳᠠᠷᠤᠮᠲᠠᠯᠠᠭᠰᠠᠭᠠᠷ ᠪᠠᠶᠢᠨ᠎ᠠ᠃ᠮᠠᠨ ᠤ ᠳᠤ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠡᠯᠴᠢᠨ ᠰᠠᠶᠢᠳ ᠢᠶᠠᠷ ᠠᠵᠢᠯᠯᠠᠵᠤ ᠪᠠᠶᠢᠭᠠᠳ ᠪᠤᠴᠠᠭᠰᠠᠨ ᠭᠠᠣ ᠱᠤᠩᠣ ᠪᠣᠯ ᠲᠠᠩᠰᠤᠨ ᠯᠠᠮᠠ ᠶᠢᠨ ᠵᠣᠬᠢᠶᠠᠯ ᠤᠨ ᠰᠤᠳᠤᠯᠭ᠎ᠠ ᠪᠠᠷ ᠬᠢᠲᠠᠳ ᠤᠨ ᠤᠷᠢᠳᠤ ᠪᠠᠨ ᠪᠠᠷᠢᠳᠠᠭ ᠰᠤᠳᠤᠯᠤᠭᠠᠴᠢᠳ ᠤᠨ ᠨᠢᠭᠡ ᠪᠠᠶᠢᠭᠰᠠᠨ ᠭᠡᠵᠦ ᠶᠠᠷᠢᠳᠠᠭ᠃ ХХI ᠵᠠᠭᠤᠨ ᠤ ᠪᠣᠰᠬ᠎ᠠ ᠳᠠᠪᠠᠮᠠᠭᠴᠠ ᠪᠠᠨ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠵᠠᠰᠠᠭ ᠤᠨ ᠭᠠᠵᠠᠷ ᠠᠴᠠ 《Go west》 ᠪᠤᠶᠤ ᠪᠠᠷᠠᠭᠤᠨ ᠵᠦᠭ ᠲᠤ ᠳᠠᠪᠰᠢᠬᠤ ᠡᠳ᠋ ᠍ ᠦᠨ ᠵᠠᠰᠠᠭ ᠤᠨ ᠪᠠᠶᠢᠯᠳᠣᠬᠣ ᠪᠣᠳᠣᠯᠭ᠎ᠠ ᠶᠢ ᠬᠡᠷᠡᠭᠵᠢᠭᠦᠯᠵᠦ ᠡᠬᠢᠯᠡᠭᠰᠡᠨ ᠶᠤᠮ᠃ ᠪᠠᠶᠢᠯᠳᠣᠬᠣ ᠪᠣᠳᠣᠯᠭ᠎ᠠ ᠶᠢ ᠬᠡᠷᠡᠭᠵᠢᠭᠦᠯᠬᠦ ᠶᠢᠨ ᠲᠤᠯᠠᠳᠠ ᠥᠨᠳᠥᠷ ᠬᠥᠭᠵᠢᠯᠲᠡᠢ ᠵᠡᠭᠦᠨ ᠡᠮᠦᠨᠡᠲᠦ ᠪᠥᠰᠡ ᠡᠴᠡ ᠪᠠᠷᠠᠭᠤᠨ᠂ ᠪᠠᠷᠠᠭᠤᠨ ᠬᠣᠶᠢᠳᠤ ᠮᠤᠵᠢ ᠨᠤᠭᠤᠳ ᠲᠤ ᠬᠥᠷᠥᠩᠭᠡ ᠣᠷᠣᠭᠤᠯᠤᠯᠲᠠ ᠲᠠᠲᠠᠵᠤ᠂ ᠲᠤᠰ ᠪᠥᠰᠡ ᠨᠤᠲᠤᠭ ᠤᠨ ᠪᠠᠶᠢᠭᠠᠯᠢ ᠶᠢᠨ ᠪᠠᠶᠠᠯᠢᠭ ᠢ ᠡᠳ᠋ ᠍ ᠦᠨ ᠵᠠᠰᠠᠭ ᠤᠨ ᠡᠷᠭᠢᠯᠲᠡᠨ ᠳᠦ ᠤᠷᠤᠭᠤᠯᠬᠤ ᠵᠠᠮ ᠢᠶᠠᠷ ᠬᠥᠭᠵᠢᠯ ᠢ ᠨᠢ ᠲᠦᠷᠭᠡᠳᠬᠡᠵᠦ᠂ ᠡᠳ᠋ ᠍ ᠦᠨ ᠵᠠᠰᠠᠭ ᠤᠨ ᠪᠦᠲᠦᠴᠡ ᠨᠦᠭᠦᠳ ᠢ ᠬᠥᠭᠵᠢᠭᠦᠯᠬᠦ ᠶᠢ ᠴᠢᠷᠮᠠᠶᠢᠵᠤ ᠪᠠᠶᠢᠨ᠎ᠠ᠃ ᠤᠯᠤᠰᠤᠲᠥᠶᠢᠷ ᠦᠨ ᠪᠣᠳᠣᠯᠭ᠎ᠠ ᠶᠢᠨ ᠬᠤᠪᠢ ᠳᠤ ᠡᠳᠡᠭᠡᠷ ᠮᠤᠵᠢᠭᠤᠳᠠ ᠡᠭᠦᠷᠢᠳᠡ ᠬᠢᠲᠠᠳ ᠤᠨ ᠬᠢ ᠪᠣᠯᠬᠤ ᠪᠠ ᠲᠧᠭᠨᠢᠭ ᠦᠨ ᠥᠨᠳᠥᠷ ᠮᠡᠷᠭᠡᠵᠢᠯ ᠦᠨ ᠠᠵᠢᠯᠲᠠᠨ ᠪᠣᠯᠤᠨ ᠠᠵᠢᠯᠯᠠᠬᠤ ᠬᠦᠴᠦᠨ ᠨᠡᠷ᠎ᠡ ᠪᠡᠷ ᠬᠠᠨ ᠦᠨᠳᠦᠰᠦᠲᠡᠨ ᠢ ᠣᠯᠠᠨ ᠢᠶᠠᠷ ᠨᠢ ᠰᠠᠭᠤᠷᠢᠰᠢᠭᠤᠯᠵᠤ ᠪᠠᠶᠢᠨ᠎ᠠ᠃

ᠮᠥᠨ ᠱᠠᠩᠬᠠᠢ ᠶᠢᠨ ᠬᠠᠮᠲᠤ ᠶᠢᠨ ᠠᠵᠢᠯᠯᠠᠭᠠᠨ ᠤ ᠪᠠᠶᠢᠭᠤᠯᠤᠯᠭ᠎ᠠ ᠍ ᠶᠢ ᠪᠠᠶᠢᠭᠤᠯᠵᠤ᠂ ᠬᠢᠯᠢ ᠵᠠᠯᠭᠠᠭ᠎ᠠ ᠯᠠᠯᠤ ᠱᠠᠵᠢᠨᠲᠠᠨ ᠨᠤᠭᠤᠳ ᠢ ᠰᠢᠬᠠᠨ ᠣᠷᠣᠭᠤᠯᠤᠭᠰᠠᠨ ᠢᠶᠠᠷ ᠬᠢᠯᠢ ᠬᠢᠵᠠᠭᠠᠷ ᠢᠶᠠᠨ ᠪᠠᠲᠤᠵᠢᠭᠤᠯᠵᠤ ᠠᠪᠴᠠᠢ᠃ ᠢᠯᠠᠩᠭᠤᠶ᠎ᠠ ᠱᠠᠩᠬᠠᠢ ᠶᠢᠨ ᠬᠠᠮᠲᠤ ᠶᠢᠨ ᠠᠵᠢᠯᠯᠠᠭᠠᠨ ᠤ ᠪᠠᠶᠢᠭᠤᠯᠤᠯᠭ᠎ᠠ ᠳᠦ ᠣᠷᠣᠭᠰᠠᠨ ᠢᠶᠠᠷ ᠬᠢᠲᠠᠳ ᠤᠨ ᠬᠢᠮᠳᠠ ᠪᠠᠷᠠᠭ᠎ᠠ ᠪᠦᠲᠦᠭᠡᠭᠳᠡᠬᠦᠨ ᠳᠦ ᠵᠠᠬ᠎ᠠ ᠵᠡᠭᠡᠯᠢ ᠪᠡᠨ ᠠᠯᠠᠳᠠᠭᠰᠠᠨ ᠺᠢᠷᠭᠢᠽ ᠬᠠᠮᠤᠭ ᠤᠨ ᠲᠦᠷᠦᠭᠦᠨ ᠳᠦ ᠨᠣᠮᠣᠬᠠᠷᠠᠵᠤ᠂ ᠠᠮᠧᠷᠢᠺᠠ ᠶᠢᠨ ᠴᠡᠷᠢᠭ ᠦᠨ ᠪᠠᠭᠠᠵᠢ ᠶᠢ ᠨᠤᠲᠤᠭ ᠠᠴᠠ ᠪᠠᠨ ᠭᠠᠷᠭᠠᠵᠤ᠂ ᠣᠷᠣᠨ ᠳᠤ ᠨᠢ ᠣᠷᠣᠰ ᠤᠳ ᠠᠴᠠ ᠳᠡᠮᠵᠢᠯᠭᠡ ᠠᠪᠬᠤ ᠵᠠᠮ ᠢᠶᠠᠷ ᠬᠦᠴᠦᠨ ᠦ ᠲᠡᠩᠴᠡᠪᠦᠷᠢ ᠶᠢ ᠪᠠᠷᠢᠬᠤ ᠭᠡᠵᠦ ᠣᠷᠣᠯᠳᠤᠵᠤ ᠪᠠᠶᠢᠨ᠎ᠠ᠃ ᠭᠡᠪᠡᠴᠦ ᠲᠡᠳᠡ ᠳᠣᠲᠣᠭᠠᠳᠤ ᠶᠢᠨ ᠵᠠᠬ᠎ᠠ ᠵᠡᠭᠡᠯᠢ ᠪᠡᠨ ᠬᠢᠲᠠᠳ ᠤᠨ ᠦᠢᠯᠡᠳᠪᠦᠷᠢᠯᠡᠭᠴᠢᠳ ᠲᠦ ᠠᠯᠠᠳᠠᠭᠰᠠᠨ ᠪᠠ ᠬᠠᠮᠤᠭ ᠤᠨ ᠰᠡᠭᠦᠯ ᠳᠦ ᠳᠠᠭᠠᠷᠢᠭᠰᠠᠨ ᠳᠠᠭᠠᠷᠢᠯᠭ᠎ᠠ ᠨᠢ ᠠᠯᠳᠠᠷᠲᠤ 《ᠮᠠᠨᠠᠰ》 ᠲᠤᠤᠯᠢ ᠶᠢ ᠨᠢ ᠬᠢᠲᠠᠳ ᠤᠳ ᠥᠪᠡᠷ ᠦᠨ ᠨᠡᠷ᠎ᠡ ᠳᠡᠭᠡᠷ᠎ᠡ United Nations Educational Scientific and Cultural Organization ᠍ ᠦᠨ ᠰᠤᠶᠤᠯ ᠤᠨ ᠥᠪ ᠲᠦ ᠪᠥᠷᠢᠳᠬᠡᠭᠦᠯᠴᠢᠬᠠᠵᠠᠢ᠃

ᠤᠶᠢᠭᠤᠷ ᠤᠳ ᠤᠨ ᠦᠵᠡᠵᠦ ᠪᠤᠢ ᠪᠠᠷ 1949 ᠣᠨ ᠤ ᠵᠡᠭᠦᠨ ᠲᠦᠺᠧᠰᠲᠠᠨ ᠤ 1,820,000 km 2 ᠭᠠᠵᠠᠷ ᠠᠴᠠ ᠴᠢᠩᠬᠠᠢᠭᠠᠨᠢᠰᠤ ᠳᠤ ᠵᠠᠷᠢᠮ ᠨᠤᠲᠤᠭ ᠨᠢ ᠣᠷᠣᠭᠰᠠᠨ ᠪᠠᠶᠢᠨ᠎ᠠ᠃[5][6] ᠲᠡᠳᠡ ᠭᠠᠨᠢᠰᠤᠳ 120,000 ᠭᠠᠷᠤᠢ km 2 ᠭᠠᠵᠠᠷ ᠠᠯᠠᠳᠠᠭᠰᠠᠨ ᠭᠡᠵᠦ ᠦᠵᠡᠳᠡᠭ᠃ ᠣᠳᠣ ᠰᠢᠨᠵᠢᠶᠠᠩ ᠮᠤᠵᠢ 1,664,900 km 2 ᠨᠤᠲᠤᠭ ᠲᠠᠢ᠃

ᠵᠢᠷᠤᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠰᠢᠭᠯᠠᠭᠰᠠᠨ ᠮᠠᠲ᠋ᠧᠷᠢᠶᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. Mair, Victor (13 July 2009). A Little Primer of Xinjiang Proper Nouns. Language Log. 30 July 2009 ᠍ ᠳᠦ ᠬᠠᠨᠳᠤᠭᠰᠠᠨ᠃
  2. Dillon, Michael (2004). Xinjiang: China's Muslim far northwest. Routledge. ISBN 9780415320511. p.24
  3. "Ethnic Uygurs in Hunan Live in Harmony with Han Chinese", 29 December 2000 
  4. Ethno-Diplomacy: The Uyghur Hitch in Sino-Turkish Relations (PDF). 2011-08-28 ᠍ ᠳᠦ ᠬᠠᠨᠳᠤᠭᠰᠠᠨ᠃
  5. Uyghuramerican.org:About Uyghurs
  6. East Turkistan is a lost Country

ᠪᠢᠴᠢᠭᠡᠰᠦ