ᠤᠳᠤᠭ  ᠤᠨ ᠡᠮᠦᠨᠡᠲᠤ ᠬᠤᠰᠢᠭᠤᠨ  ᠤ ᠮᠤᠩᠭᠤᠯ ᠦᠨᠳᠦᠰᠦᠳᠠᠨ  ᠤ ᠲᠤᠮᠳᠠᠳᠤ ᠰᠤᠷᠭᠠᠭᠤᠯᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠳᠤᠪᠴᠢ ᠳᠠᠨᠢᠯᠴᠠᠭᠤᠯᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠤᠳᠤᠭ  ᠤᠨ ᠡᠮᠦᠨᠡᠲᠤ ᠬᠤᠰᠢᠭᠤᠨ  ᠤ ᠮᠤᠩᠭᠤᠯ ᠦᠨᠳᠦᠰᠦᠳᠠᠨ  ᠤ ᠲᠤᠮᠳᠠᠳᠤ ᠰᠤᠷᠭᠠᠭᠤᠯᠢ  ᠨᠢ ᠤᠳᠤᠭ  ᠤᠨ ᠡᠮᠦᠨᠡᠲᠤ ᠬᠤᠰᠢᠭᠤᠨ  ᠤ ᠤᠯᠵᠠᠴᠢ ᠪᠠᠯᠭᠠᠰᠤᠨ  ᠳᠦ ᠪᠠᠶᠢᠷᠢᠯᠠᠵᠤ ᠪᠠᠶᠢᠭ᠎ᠠ ᠪᠦ᠋ᠭᠦ ᠬᠤᠰᠢᠭᠤᠨ  ᠤ ᠴᠤᠷ  ᠤᠨ ᠭᠠᠭᠴᠠ ᠮᠤᠩᠭᠤᠯ ᠦᠨᠳᠦᠰᠦᠳᠠᠨ  ᠤ ᠪᠦ᠋ᠷᠢᠨ ᠲᠤᠮᠳᠠᠳᠤ ᠰᠤᠷᠭᠠᠭᠤᠯᠢ ᠪᠤᠯᠤᠨ᠎ᠠ ᠃ 1981 ᠤᠨ  ᠤ 9 ᠰᠠᠷ᠎ᠠ  ᠳᠦ ᠤᠯᠵᠠᠴᠢ ᠪᠠᠯᠭᠠᠰᠤᠨ  ᠳᠦ ᠡᠬᠢᠯᠡᠨ ᠪᠠᠶᠢᠭᠤᠯᠤᠭᠳᠠᠵᠡᠢ ᠃ ᠲᠤᠬᠠᠢ ᠵᠢᠨ ᠦᠶ᠎ᠠ ᠵᠢᠨ ᠤᠳᠤᠭ  ᠤᠨ ᠭᠤᠷᠪᠠᠳᠤᠭᠠᠷ ᠲᠤᠮᠳᠠᠳᠤ ᠰᠤᠷᠭᠠᠭᠤᠯᠢ  ᠨᠢ ᠮᠠᠨ  ᠤ ᠰᠤᠷᠭᠠᠭᠤᠯᠢ ᠵᠢᠨ ᠤᠷᠢᠳᠤᠰ ᠪᠤᠯᠤᠨ᠎ᠠ ᠃ 1999 ᠤᠨ  ᠳᠦ ᠰᠤᠷᠭᠠᠭᠤᠯᠢ ᠵᠢ  ᠨᠠᠶᠢᠯᠡᠭᠦᠯᠦᠨ ᠂ ᠰᠤᠷᠤᠭᠴᠢᠳ  ᠢ ᠲᠦ᠋ᠪᠯᠡᠷᠡᠭᠦᠯᠵᠦ ᠂ ᠵᠢᠭᠠᠨ ᠰᠤᠷᠭᠠᠯᠳᠠ ᠵᠢᠨ ᠭᠢᠷᠢ ᠲᠦ᠋ᠪᠰᠢᠨ  ᠢ ᠲᠡᠭᠡᠭᠰᠢᠯᠡᠭᠦᠯᠭᠦ ᠵᠢᠨ ᠲᠤᠰᠠᠳᠠ ᠤᠤᠯ  ᠤᠨ ᠮᠠᠯᠠᠳ ᠲᠤᠮᠳᠠᠳᠤ ᠰᠤᠷᠭᠠᠭᠤᠯᠢ ᠪᠠ ᠤᠯᠵᠠᠴᠢ ᠪᠠᠯᠭᠠᠰᠤᠨ  ᠤ ᠲᠤᠮᠳᠠᠳᠤ ᠰᠤᠷᠭᠠᠭᠤᠯᠢ ᠵᠢ ᠬᠠᠰᠤᠵᠤ ᠪᠠᠭᠰᠢ ᠰᠤᠷᠤᠭᠴᠢᠳ  ᠢ  ᠨᠢ ᠤᠳᠤᠭ  ᠤᠨ ᠠᠮᠤᠨᠡᠳᠤ ᠬᠤᠰᠢᠭᠤᠨ  ᠤ ᠮᠤᠩᠭᠤᠯ ᠲᠤᠮᠳᠠᠳᠤ ᠰᠤᠷᠭᠠᠭᠤᠯᠢ  ᠲᠠᠢ ᠬᠠᠮᠳᠤᠷᠠᠭᠤᠯᠪᠠ ᠃ ᠲᠤᠬᠠᠢ ᠵᠢᠨ ᠦᠶ᠎ᠠ ᠵᠢᠨ ᠨᠦ᠋ᠭᠦᠴᠠᠯ ᠰᠢᠯᠳᠠᠭᠠᠨ ᠡᠴᠨ ᠪᠤᠯᠵᠤ ᠂ ᠰᠤᠷᠭᠠᠭᠤᠯᠢ  ᠨᠢ ᠤᠳᠤᠭ  ᠤᠨ ᠡᠮᠦᠨᠡᠲᠦ ᠬᠤᠰᠢᠭᠤᠨ  ᠤ ᠵᠢᠷᠠ ᠵᠢᠨ ᠠᠵᠢᠯᠯᠠᠬᠤ ᠵᠦ᠋ᠪᠯᠡᠯ ᠪᠠ ᠤᠳᠤᠭ  ᠤᠨ ᠠᠮᠤᠨᠡᠳᠤ ᠬᠤᠰᠢᠭᠤᠨ  ᠤ ᠮᠤᠩᠭᠤᠯ ᠦᠨᠳᠦᠰᠦᠳᠠᠨ  ᠤ ᠲᠤᠷᠰᠢᠯᠳᠠ ᠵᠢᠨ ᠪᠠᠭ᠎ᠠ ᠰᠤᠷᠭᠠᠭᠤᠯᠢ ᠵᠢᠨ ᠪᠠᠶᠢᠷᠢᠰᠢᠯ ᠲᠡᠭᠡᠷ᠎ᠠ ᠲᠦ᠋ᠷ ᠰᠠᠭᠤᠷᠢᠰᠢᠨ ᠪᠠᠶᠢᠵᠤ ᠪᠠᠶᠢᠭᠠᠳ 1985 ᠤᠨ ᠪᠤᠯᠬᠤ  ᠳᠦ ᠤᠳᠤ ᠵᠢᠨ ᠠᠨᠡ ᠤᠷᠤᠨ ᠳᠠᠭᠠᠨ ᠯᠠᠪᠳᠠᠭᠤᠨ ᠰᠠᠭᠤᠷᠢᠰᠢᠭᠰᠠᠨ ᠪᠠᠶᠢᠨ᠎ᠠ ᠃

ᠰᠤᠷᠭᠠᠭᠤᠯᠢ ᠵᠢᠨ  ᠶᠡᠷᠦᠩᠭᠡᠢ ᠲᠠᠯᠠᠪᠠᠢ  ᠨᠢ 68074 ᠲᠦ᠋ᠷᠪᠡᠯᠵᠢᠨ ᠮᠸᠲᠷ ᠂ ᠪᠠᠷᠢᠯᠭ᠎ᠠ ᠵᠢᠨ  ᠶᠡᠷᠦᠩᠭᠡᠢ ᠲᠠᠯᠠᠪᠠᠢ  ᠨᠢ 13000 ᠺᠤᠸᠠᠲ ᠮᠸᠲᠷ ᠪᠠᠶᠢᠵᠤ ᠂ ᠵᠢᠭᠠᠨ ᠰᠤᠷᠭᠠᠬᠤ ᠲᠤᠭᠤᠷᠢᠭ ᠂ ᠠᠮᠢᠳᠤᠷᠠᠯ  ᠤᠨ ᠲᠤᠭᠤᠷᠢᠭ ᠪᠠ ᠭᠦ᠋ᠳᠡᠯᠭᠡᠭᠡᠨ  ᠤ ᠲᠤᠭᠤᠷᠢᠭ  ᠲᠤ ᠬᠤᠪᠢᠶᠠᠭᠳᠠᠵᠤ ᠂ ᠬᠠᠳᠠᠭᠤᠵᠢᠭᠤᠯᠤᠯᠳᠠ ᠂  ᠨᠤᠭᠤᠭᠠᠵᠢᠭᠤᠯᠤᠯᠳᠠ ᠂ ᠭᠤᠶᠤᠵᠢᠭᠤᠯᠤᠯᠳᠠ ᠵᠢᠨ ᠲᠠᠯᠠᠪᠠᠢ  ᠨᠢ 25860 ᠺᠤᠸᠠᠲ ᠮᠸᠲᠷ ᠪᠠᠶᠢᠭ᠎ᠠ ᠃ ᠪᠠᠰᠠ 23000 ᠺᠤᠸᠠᠲ ᠮᠸᠲᠷ  ᠤᠨ ᠵᠤᠭᠢᠶᠠᠮᠠᠯ ᠵᠦ᠋ᠯᠭᠡ ᠪᠠ ᠭᠤᠮ ᠴᠠᠪᠠᠤᠯᠢᠭ ᠲᠠᠮᠢᠷ  ᠤᠨ ᠲᠠᠯᠠᠪᠤᠷ  ᠲᠠᠢ ᠪᠠᠶᠢᠵᠤ ᠂ ᠬᠠᠳᠠᠭᠠᠯᠵᠤ ᠪᠦ᠋ᠭᠦᠢ  ᠨᠤᠮ ᠰᠤᠳᠤᠷ 32000 ᠲᠡᠪᠳᠡᠷ ᠪᠠᠶᠢᠬᠤ ᠪᠦ᠋ᠭᠡᠳ ᠵᠢᠯ ᠪᠦ᠋ᠷᠢ ᠵᠠᠭᠤᠭᠠᠳ ᠲᠦ᠋ᠷᠦᠯ  ᠤᠨ ᠰᠤᠨᠢᠨ ᠰᠡᠳᠭᠦᠯ  ᠢ ᠵᠠᠭᠢᠶᠠᠯᠠᠵᠤ ᠪᠠᠶᠢᠳᠠᠭ ᠃

ᠤᠯᠠᠨ ᠵᠢᠯ  ᠤᠨ ᠲᠤᠷᠰᠢ  ᠳᠦ 《 ᠰᠤᠷᠤᠭᠴᠢ  ᠨᠢᠭᠡᠪᠦᠷᠢ  ᠳᠦ ᠤᠷᠮᠠᠰᠢᠯ  ᠳᠦ  ᠨᠢ ᠵᠤᠭᠢᠴᠠᠭᠰᠠᠨ ᠰᠤᠷᠭᠠᠨ ᠭᠦ᠋ᠮᠦᠵᠢᠯ  ᠢ ᠭᠦ᠋ᠷᠳᠡᠭᠡᠨ᠎ᠠ 》 ᠭᠡᠭᠦ ᠰᠤᠷᠭᠠᠨ ᠭᠦ᠋ᠮᠦᠵᠢᠭᠦᠯᠭᠦ ᠦᠵᠡᠯ ᠰᠠᠨᠠᠭ᠎ᠠ ᠶᠢ ᠲᠡᠭᠡᠳᠦᠯᠠᠵᠤ ᠂ 《 ᠦᠨᠳᠦᠰᠦᠲᠡᠨ ᠦ ᠬᠠᠶᠢᠷ᠎ᠠ ᠰᠡᠳᠬᠢᠯᠭᠡ ᠶᠢᠨ ᠬᠥ᠋ᠮᠥᠵᠢᠯ ᠢᠶᠡᠷ  ᠶᠣᠰᠣ ᠰᠤᠷᠲᠠᠬᠤᠨ ᠤ ᠬᠥ᠋ᠮᠥᠵᠢᠯ ᠢ ᠠᠬᠢᠭᠤᠯᠵᠤ ᠂ ᠣᠨᠴᠠᠯᠢᠭᠲᠤ ᠰᠤᠷᠭᠠᠭᠤᠯᠢ ᠶᠢᠨ ᠬᠢᠴᠢᠶᠡᠯᠯᠡᠭᠡ ᠪᠡᠷ ᠰᠤᠷᠤᠭᠴᠢᠳ ᠤᠨ ᠰᠤᠷᠤᠯᠴᠠᠬᠤ ᠤᠷᠮᠠᠰᠢᠯ ᠢ ᠬᠦ᠋ᠭᠵᠢᠭᠡᠵᠤ ᠂ ᠰᠤᠷᠭᠠᠭᠤᠯᠢ ᠪᠠᠨ ᠰᠤᠷᠤᠭᠴᠢ ᠪᠣᠯᠭᠠᠨ ᠤ ᠠᠵᠠ ᠵᠢᠷᠭᠠᠯ  ᠲᠠᠢ  ᠪᠠᠷ ᠦᠰᠦᠨ ᠪᠣᠶᠢᠵᠢᠬᠤ ᠥᠯᠥᠭᠡᠢ ᠪᠣᠯᠭᠠᠵᠤ ᠂ ᠰᠤᠷᠭᠠᠭᠤᠯᠢ   ᠪᠠᠨ ᠪᠠᠭᠰᠢ ᠪᠥ᠋ᠬᠥᠨ ᠦ ᠪᠠᠶᠠᠷ ᠵᠢᠷᠭᠠᠯ  ᠲᠠᠢ  ᠪᠠᠷ ᠦᠢᠯᠡᠰ ᠪᠦ᠋ᠲᠦᠭᠡᠬᠦ ᠳᠡᠯᠡᠬᠡᠢ ᠪᠤᠯᠭᠠᠨ᠎ᠠ 》 ᠭᠡᠭᠦ ᠰᠤᠷᠭᠠᠭᠤᠯᠢ ᠠᠷᠭᠢᠯᠡᠭᠦ ᠤᠨᠤᠯᠵᠢᠬᠤᠨ ᠪᠠ ᠰᠢᠨᠵᠢᠯᠡᠭᠦ ᠤᠬᠠᠭᠠᠨ ᠰᠤᠶᠤᠯ ᠮᠡᠳᠡᠯᠭᠡ ᠵᠢ ᠤᠯᠠᠮᠵᠢᠯᠠᠨ ᠂ ᠦᠨᠳᠦᠰᠦᠳᠠᠨ  ᠤ ᠤᠯᠠᠮᠵᠢᠯᠠᠯᠳᠤ ᠲᠡᠤᠭᠡ ᠰᠤᠶᠤᠯ ᠵᠶᠠᠨ ᠵᠠᠯᠭᠠᠮᠵᠢᠯᠠᠨ ᠭᠦ᠋ᠭᠵᠢᠭᠦᠯᠭᠦ  ᠪᠠᠷ ᠠᠭᠦᠷᠭᠡ ᠬᠠᠷᠢᠭᠤᠴᠠᠯᠭ᠎ᠠ  ᠪᠠᠨ ᠪᠤᠯᠭᠠᠵᠤ ᠂ ᠰᠤᠷᠭᠠᠭᠤᠯᠢ  ᠪᠠᠨ 《 ᠦᠪᠦᠷ ᠮᠤᠩᠭᠤᠯ  ᠤᠨ ᠪᠠᠷᠠᠭᠤᠨ ᠭᠡᠰᠡᠭ  ᠤᠨ ᠲᠡᠷᠢᠭᠦᠨ ᠵᠡᠷᠭᠡ ᠵᠢᠨ ᠰᠤᠷᠭᠠᠭᠤᠯᠢ ᠪᠤᠯᠭᠠᠬᠤ 》  ᠪᠠᠷ ᠬᠠᠷᠠᠯᠳᠠ  ᠪᠠᠨ ᠪᠤᠯᠭᠠᠨ ᠭᠦ᠋ᠴᠦᠯᠠᠨ ᠴᠢᠷᠮᠠᠶᠢᠭᠰᠠᠭᠠᠷ ᠢᠷᠡᠵᠡᠢ ᠃

ᠰᠢᠨ᠎ᠠ ᠲᠡᠤᠭᠡ ᠵᠢᠨ ᠠᠬᠤᠢ  ᠳᠦ ᠤᠳᠤᠭ  ᠤᠨ ᠠᠮᠤᠨᠡᠳᠤ ᠬᠤᠰᠢᠭᠤᠨ  ᠤ ᠮᠤᠩᠭᠤᠯ ᠲᠤᠮᠳᠠᠳᠤ ᠰᠤᠷᠭᠠᠭᠤᠯᠢ  ᠨᠢ ᠴᠠᠭ ᠠᠷᠡᠨ  ᠤ ᠭᠦ᠋ᠭᠵᠢᠯᠳᠠ ᠵᠢ ᠴᠤᠤᠷᠢᠶᠠᠳᠤᠨ ᠬᠠᠮᠢᠶᠠᠷᠤᠯᠳᠠ ᠪᠠ ᠰᠤᠷᠭᠠᠯᠳᠠ ᠵᠢᠨ ᠠᠵᠢᠯ ᠵᠶᠠᠨ ᠤᠯᠠᠮ  ᠨᠢᠭᠡ ᠠᠯᠬᠤᠮ ᠰᠢᠨᠵᠢᠯᠡᠭᠦ ᠤᠬᠠᠭᠠᠨᠴᠢᠯᠠᠵᠤ ᠂ ᠪᠦ᠋ᠭᠦᠯᠢ ᠴᠤᠭᠴᠠ ᠵᠢᠨ ᠭᠦ᠋ᠭᠵᠢᠯᠳᠠ ᠵᠢ ᠠᠭᠢᠭᠤᠯᠤᠨ ᠂ ᠲᠦ᠋ᠷᠢᠮᠵᠢᠨ ᠵᠤᠭᠢᠴᠠᠭᠰᠠᠨ ᠰᠢᠨ᠎ᠠ ᠰᠡᠪᠡᠭᠦᠨ ᠠᠭᠤᠷ ᠠᠮᠢᠰᠬᠤᠯ ᠪᠦ᠋ᠭᠦᠢ ᠦᠨᠳᠦᠰᠦᠳᠠᠨ  ᠤ ᠤᠨᠴᠠᠯᠢᠭ  ᠲᠠᠢ ᠂ ᠭᠠᠵᠠᠷ ᠤᠷᠤᠨ  ᠤ ᠤᠨᠴᠠᠯᠢᠭ  ᠲᠠᠢ ᠪᠦ᠋ᠭᠦ ᠬᠤᠳᠠ ᠵᠢᠨ ᠲᠡᠷᠢᠭᠦᠨ  ᠤ ᠰᠤᠷᠭᠠᠭᠤᠯᠢ ᠴᠢᠨᠠᠭᠰᠢᠯᠠᠪᠠᠯ ᠂ ᠪᠦ᠋ᠭᠦ ᠤᠷᠤᠨ  ᠤ  ᠨᠡᠷᠡᠳᠤ ᠰᠤᠷᠭᠠᠭᠤᠯᠢ ᠪᠤᠯᠬᠤ  ᠪᠠᠷ ᠭᠦ᠋ᠴᠦᠯᠡᠨ ᠴᠢᠷᠮᠠᠶᠢᠵᠤ ᠂  ᠨᠡᠩ ᠤᠯᠠᠨ ᠪᠢᠴᠢᠭᠳᠠᠨ ᠰᠤᠶᠤᠯᠳᠠᠨ ᠮᠡᠳᠡᠯᠭᠡᠳᠡᠨ ᠴᠢᠳᠠᠪᠤᠷᠢᠳᠠᠨ  ᠢ ᠰᠤᠶᠤᠨ ᠭᠦ᠋ᠮᠦᠵᠢᠭᠦᠯᠭᠦ  ᠪᠠᠷ ᠢᠳᠡᠭᠡᠯ ᠰᠡᠳᠭᠢᠯ ᠵᠶᠠᠨ ᠭᠦ᠋ᠪᠴᠢᠯᠠᠨ ᠴᠢᠷᠮᠠᠶᠢᠭᠰᠠᠭᠠᠷ ᠪᠠᠶᠢᠨ᠎ᠠ ᠃

ᠰᠤᠷᠭᠠᠭᠤᠯᠢ ᠡᠷᠬᠢᠯᠡᠬᠦ ᠤᠨᠤᠯᠵᠢᠬᠤᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠤᠷᠭᠠᠭᠤᠯᠢ ᠪᠠᠨ ᠪᠠᠭᠰᠢ ᠪᠥ᠋ᠬᠥᠨ ᠦ ᠢᠲᠡᠭᠡᠯ  ᠲᠠᠢ  ᠪᠠᠷ ᠦᠢᠯᠡᠰ ᠪᠦ᠋ᠲᠦᠭᠡᠬᠦ ᠳᠡᠯᠡᠬᠡᠢ ᠪᠣᠯᠭᠠᠵᠤ ᠂ ᠰᠤᠷᠭᠠᠭᠤᠯᠢ ᠪᠠᠨ ᠰᠤᠷᠤᠭᠴᠢ ᠪᠣᠯᠭᠠᠨ ᠤ ᠪᠠᠶᠠᠰᠤᠯ  ᠲᠠᠢ  ᠪᠠᠷ ᠬᠥ᠋ᠮᠥᠵᠢᠭᠳᠡᠨ ᠪᠣᠶᠢᠵᠢᠬᠤ ᠥᠯᠥᠭᠡᠢ ᠪᠣᠯᠭᠠᠵᠤ ᠂ ᠬᠥ᠋ᠮᠥᠨ ᠲᠥ᠋ᠯᠥᠪᠵᠢᠯ ᠢᠶᠡᠷ ᠲᠡᠷᠢᠭᠦᠯᠡᠭᠦᠯᠦᠨ ᠮᠡᠳᠡᠯᠭᠡ ᠴᠢᠳᠠᠪᠤᠷᠢ ᠡᠵᠡᠮᠰᠢᠭᠦᠯᠬᠦ ᠪᠡᠷ ᠳᠡᠳᠯᠡᠭᠦᠯᠵᠦ ᠂ ᠦᠨᠳᠦᠰᠦᠲᠡᠨ ᠦ ᠬᠠᠶᠢᠷ᠎ᠠ ᠰᠡᠳᠬᠢᠯᠭᠡ ᠶᠢᠨ ᠬᠥ᠋ᠮᠥᠵᠢᠯ ᠢᠶᠡᠷ  ᠶᠣᠰᠣ ᠰᠤᠷᠲᠠᠬᠤᠨ ᠤ ᠬᠥ᠋ᠮᠥᠵᠢᠯ ᠢ ᠠᠬᠢᠭᠤᠯᠵᠤ ᠂ ᠣᠨᠴᠠᠯᠢᠭᠲᠤ ᠰᠤᠷᠭᠠᠭᠤᠯᠢ ᠶᠢᠨ ᠬᠢᠴᠢᠶᠡᠯᠯᠡᠭᠡ ᠪᠡᠷ ᠰᠤᠷᠤᠭᠴᠢᠳ ᠤᠨ ᠰᠤᠷᠤᠯᠴᠠᠬᠤ ᠤᠷᠮᠠᠰᠢᠯ ᠢ ᠬᠥ᠋ᠭᠵᠢᠭᠡᠨ᠎ᠡ ᠃


ᠰᠤᠷᠭᠠᠭᠤᠯᠢ  ᠶᠢᠨ ᠰᠦ᠋ᠯᠳᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination

ᠤᠳᠤᠭ ᠤᠨ ᠡᠮᠤᠨᠡᠳᠤ ᠬᠤᠰᠢᠭᠤᠨ ᠤ ᠮᠤᠩᠭᠤᠯ ᠦᠨᠳᠤᠰᠤᠳᠡᠨ ᠤ ᠲᠤᠮᠳᠠᠳᠤ ᠰᠤᠷᠭᠠᠭᠤᠯᠢ ᠶᠢᠨ ᠰᠦ᠋ᠯᠳᠡ  ᠨᠢ ᠷᠤᠮᠪ ᠬᠡᠯᠪᠡᠷᠢ  ᠶᠢᠨ ᠪᠦ᠋ᠳᠦᠴᠡ  ᠲᠠᠢ ᠪᠠᠶᠢᠵᠤ ᠂ ᠮᠤᠩᠭᠤᠯᠴᠤᠳ ᠤᠨ ᠲᠡᠭᠡᠳᠦᠯᠡᠳᠡᠭ ᠬᠦ᠋ᠬᠡ ᠦᠩᠭᠡ  ᠪᠡᠷ ᠰᠠᠭᠤᠷᠢ ᠦᠩᠭᠡ ᠪᠤᠯᠭᠠᠨ ᠂ ᠮᠤᠩᠭᠤᠯ ᠭᠡᠷ ᠂ ᠬᠠᠳᠠᠭ ᠵᠡᠷᠭᠡ ᠦᠨᠳᠦᠰᠦᠳᠡᠨ  ᠤ ᠤᠨᠴᠠᠯᠢᠭ ᠪᠦ᠋ᠬᠦᠢ ᠵᠢᠷᠤᠭ ᠲᠦ᠋ᠷᠰᠦ  ᠪᠡᠷ ᠦᠨᠳᠦᠰᠦᠨ ᠡᠯᠸᠮᠸᠨᠲ  ᠢᠶᠠᠨ ᠪᠤᠯᠭᠠᠵᠤ ᠂ ᠦᠨᠳᠦᠰᠦᠳᠡᠨ  ᠤ ᠤᠨᠴᠠᠯᠢᠭ  ᠢᠶᠠᠨ ᠲᠤᠪᠤᠶᠢᠯᠭᠠᠭᠰᠠᠨ ᠪᠠᠶᠢᠳᠠᠭ ᠃ ᠰᠦ᠋ᠯᠳᠡ  ᠶᠢᠨ ᠲᠦ᠋ᠷᠪᠠᠨ ᠲᠠᠯ᠎ᠠ  ᠨᠢ ᠠᠮᠠ ᠵᠠᠯᠭᠠᠨ ᠲᠠᠯᠪᠢᠭᠰᠠᠨ ᠬᠠᠳᠠᠭ ᠪᠠᠶᠢᠵᠤ ᠂ ᠲᠦ᠋ᠷᠪᠡᠨ ᠵᠦ᠋ᠭ  ᠨᠠᠢᠮᠠᠨ ᠵᠤᠪᠬᠢᠰ  ᠡᠴᠡ ᠡᠷᠳᠡᠮ  ᠤᠨ ᠡᠷᠢᠯ  ᠢᠶᠠᠷ ᠢᠷᠡᠭᠰᠡᠳ  ᠢᠶᠠᠨ ᠤᠭᠳᠤᠵᠤ ᠪᠠᠶᠢᠭ᠎ᠠ ᠵᠢᠴᠢ ᠪᠦ᠋ᠬᠦ ᠰᠤᠷᠭᠠᠭᠤᠯᠢ  ᠶᠢᠨ ᠪᠠᠭᠰᠢ ᠰᠤᠷᠤᠭᠴᠢᠳ  ᠤᠨ  ᠨᠢᠭᠳᠠᠷᠠᠯ ᠪᠦ᠋ᠯᠬᠦᠮᠳᠡᠯ ᠂ ᠬᠤᠷᠰᠢᠨ ᠲᠡᠮᠵᠢᠯᠴᠡᠭᠡ  ᠶᠢ ᠲᠦ᠋ᠯᠦᠭᠡᠯᠡᠵᠤ ᠪᠤᠢ ᠃ ᠲᠤᠮᠳᠠ ᠭᠡᠰᠡᠭ ᠲᠡᠬᠢ ᠬᠢᠴᠢᠶᠡᠩᠬᠦᠢ ᠲᠢᠭ  ᠢᠶᠠᠷ ᠪᠢᠴᠢᠭᠰᠡᠨ 《 ᠤᠳᠤᠭ  ᠤᠨ ᠡᠮᠦᠨᠡᠳᠦ ᠬᠤᠰᠢᠭᠤᠨ  ᠤ ᠮᠤᠩᠭᠤᠯ ᠦᠨᠳᠦᠰᠦᠳᠡᠨ  ᠤ ᠲᠤᠮᠳᠠᠳᠦ ᠰᠤᠷᠭᠠᠭᠤᠯᠢ 》  ᠨᠢ ᠴᠢᠩᠭ᠎ᠠ ᠲᠦ᠋ᠪᠯᠡᠬᠦᠨ  ᠢᠶᠠᠷ ᠰᠤᠷᠭᠠᠭᠤᠯᠢ ᠡᠷᠬᠢᠯᠡᠬᠦ ᠵᠤᠷᠢᠭ ᠰᠠᠨᠠᠭ᠎ᠠ  ᠶᠢ ᠲᠦ᠋ᠯᠦᠭᠡᠯᠡᠨ 《 OMS 》 ᠦᠰᠦᠭ  ᠨᠢ ᠰᠤᠷᠭᠠᠭᠤᠯᠢ  ᠶᠢᠨ  ᠨᠡᠷ᠎ᠡ  ᠶᠢᠨ ᠠᠩᠭᠯᠢ ᠦᠰᠦᠭ  ᠤᠨ ᠲᠤᠪᠴᠢᠯᠠᠯ ᠪᠠᠶᠢᠵᠤ ᠂ ᠴᠦ᠋ᠷᠬᠦᠯᠡᠨ  ᠨᠢᠰᠬᠦ ᠬᠤᠨ  ᠢᠶᠠᠷ ᠮᠤᠩᠭᠤᠯ ᠡᠵᠢ  ᠶᠢᠨ ᠬᠡᠤᠬᠡᠳ ᠮᠢᠩᠭ᠎ᠠ ᠮᠢᠩᠭ᠎ᠠ  ᠪᠡᠷ ᠡᠩᠨᠡᠵᠤ 《 ᠬᠡᠭᠡᠷ᠎ᠡ  ᠶᠢᠨ ᠭᠠᠯᠠᠭᠤ  ᠨᠢᠰᠦᠭᠡᠳ ᠬᠦ᠋ᠷᠬᠦ ᠦᠭᠡᠢ ᠭᠠᠵᠠᠷ  ᠡᠴᠡ ᠬᠦ᠋ᠮᠦᠨ  ᠤ ᠬᠦ᠋ᠦ ᠡᠷᠳᠡᠮ ᠡᠪᠦᠷᠯᠡᠵᠦ ᠢᠷᠡᠬᠦ 》  ᠶᠢ ᠪᠡᠯᠭᠡᠳᠡᠨ ᠂ ᠮᠤᠩᠭᠤᠯ ᠭᠡᠷ  ᠢᠶᠠᠷ ᠤᠯᠠᠮᠵᠢᠠᠯᠳᠦ ᠰᠣᠶᠣᠯ  ᠢᠶᠠᠨ ᠲᠦ᠋ᠯᠦᠭᠡᠯᠡᠨ ᠪᠦ᠋ᠬᠦ ᠪᠠᠭᠰᠢ ᠰᠤᠷᠤᠭᠴᠢᠳ  ᠤᠨ ᠤᠯᠠᠮᠵᠢᠯᠠᠯᠳᠦ ᠰᠤᠶᠤᠯ  ᠢᠶᠠᠨ ᠵᠠᠯᠭᠠᠮᠵᠢᠯᠠᠨ ᠬᠦ᠋ᠭᠵᠢᠬᠦᠯᠬᠦ ᠡᠬᠦᠷᠭᠡ ᠮᠦ᠋ᠷᠦᠯᠡᠵᠤ ᠪᠠᠶᠢᠭ᠎ᠠ  ᠶᠢ ᠪᠡᠯᠭᠡᠳᠡᠨ ᠬᠤᠩᠬ᠎ᠠ  ᠨᠢ ᠰᠤᠷᠭᠠᠭᠤᠯᠢ  ᠶᠢᠨ ᠦᠩᠭᠡᠷᠡᠭᠰᠡᠨ ᠤᠳᠤ ᠢᠷᠡᠭᠡᠳᠦᠢ  ᠶᠢᠨ ᠭᠤᠷᠪᠠᠨ ᠴᠠᠭ  ᠢ ᠲᠦ᠋ᠯᠦᠭᠡᠯᠡᠵᠤ ᠪᠤᠢ ᠃


ᠰᠤᠷᠭᠠᠭᠤᠯᠢ ᠶᠢᠨ ᠳᠠᠭᠤᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination

ᠵᠢᠭᠠᠨ ᠰᠤᠷᠭᠠᠯᠲᠠ ᠶᠢᠨ ᠡᠩᠨᠡᠭᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠭᠰᠢ ᠠᠵᠢᠯᠳᠠᠨ 142  ᠨᠠᠷ᠎ᠠ ᠪᠠᠶᠢᠵᠤ ᠂ ᠡᠭᠦᠨ  ᠳᠦ ᠭᠢᠴᠢᠶᠡᠯᠯᠡᠭᠴᠢ ᠪᠠᠭᠰᠢ 90  ᠨᠠᠷ᠎ᠠ ᠂  ᠶᠡᠭᠡ ᠰᠤᠷᠭᠠᠭᠤᠯᠢ  ᠶᠢᠨ ᠵᠢᠩᠭᠢᠨᠢ ᠠᠩᠭᠢ  ᠶᠢᠨ ᠰᠤᠷᠤᠯᠭ᠎ᠠ  ᠶᠢᠨ  ᠨᠠᠮᠳᠠᠷ  ᠲᠠᠢ  ᠨᠢ 58  ᠨᠠᠷ᠎ᠠ ᠂  ᠶᠡᠭᠡ ᠰᠤᠷᠭᠠᠭᠤᠯᠢ  ᠶᠢᠨ ᠲᠤᠰᠬᠠᠢ ᠠᠩᠭᠢ  ᠶᠢᠨ ᠰᠤᠷᠤᠯᠭ᠎ᠠ  ᠶᠢᠨ  ᠨᠠᠮᠳᠠᠷ  ᠲᠠᠢ  ᠨᠢ 32  ᠨᠠᠷ᠎ᠠ ᠪᠤᠢ ᠃ ᠠᠩᠬ᠎ᠠ ᠲᠤᠮᠳᠠᠳᠤ  ᠶᠢᠨ ᠭᠡᠯᠳᠡᠰ  ᠤᠨ ᠭᠢᠴᠢᠶᠡᠯᠯᠡᠭᠴᠢ ᠪᠠᠭᠰᠢ  ᠶᠢᠨ ᠭᠢᠷᠢ ᠲᠡᠩᠴᠡᠯᠳᠠ  ᠶᠢᠨ  ᠨᠤᠷᠮ᠎ᠠ 100%  ᠳᠦ ᠭᠦ᠋ᠷᠴᠤ ᠂ ᠲᠡᠭᠡᠳᠤ ᠲᠤᠮᠳᠠᠳᠤ  ᠶᠢᠨ ᠭᠡᠯᠳᠡᠰ  ᠤᠨ ᠭᠢᠴᠢᠶᠡᠯᠯᠡᠭᠴᠢ ᠪᠠᠭᠰᠢ  ᠶᠢᠨ ᠭᠢᠷᠢ ᠲᠡᠩᠴᠡᠯᠳᠠ  ᠶᠢᠨ  ᠨᠤᠷᠮ᠎ᠠ  ᠨᠢ 80% ᠡᠴᠨ ᠲᠡᠭᠡᠭᠰᠢ ᠪᠤᠯᠵᠡᠢ ᠃ ᠦᠨᠳᠦᠷ ᠲᠡᠰ  ᠤᠨ ᠪᠠᠭᠰᠢ 43 ᠪᠠᠶᠢᠵᠤ ᠂ ᠭᠢᠴᠢᠶᠠᠯ ᠲᠦ᠋ᠷᠦᠯ  ᠤᠨ ᠲᠠᠭᠠᠭᠤᠯᠤᠭᠴᠢ ᠂ ᠵᠢᠭᠠᠨ ᠰᠤᠷᠭᠠᠬᠤ ᠴᠢᠳᠠᠪᠤᠷᠢᠳᠠᠨ ᠂ ᠭᠤᠤᠯᠯᠠᠭᠴᠢ ᠪᠠᠭᠰᠢ 35  ᠨᠠᠷ᠎ᠠ  ᠳᠦ ᠭᠦ᠋ᠷᠦᠭᠰᠠᠨ ᠪᠠᠶᠢᠨ᠎ᠠ ᠃

ᠵᠢᠭᠠᠨ ᠰᠤᠷᠭᠠᠯᠲᠠ ᠶᠢᠨ ᠠᠮᠵᠢᠯᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠤᠳᠤᠬᠠᠨ ᠪᠤᠯᠬᠤ  ᠳᠦ ᠰᠤᠷᠭᠠᠭᠤᠯᠢ ᠵᠢᠨ ᠬᠠᠮᠢᠶᠠᠷᠤᠯᠳᠠ ᠂ ᠵᠢᠭᠠᠨ ᠰᠤᠷᠭᠠᠬᠤ  ᠶᠠᠰᠤ ᠴᠢᠨᠠᠷ ᠵᠡᠷᠭᠡ ᠲᠠᠯ᠎ᠠ  ᠪᠠᠷ ᠪᠦ᠋ᠭᠦ ᠬᠤᠳᠠ  ᠳᠦ  ᠪᠠᠨ ᠤᠷᠤᠶᠢᠯᠠᠭᠠᠳ ᠪᠠᠶᠢᠨ᠎ᠠ ᠃ 2009 ᠤᠨ  ᠤ ᠲᠡᠭᠡᠳᠤ ᠰᠢᠯᠭᠠᠯᠳᠠ  ᠪᠠᠷ ᠲᠠᠮᠵᠢᠭᠠᠳ 22  ᠨᠠᠷ᠎ᠠ ᠰᠤᠷᠤᠭᠴᠢ ᠵᠢᠩᠭᠢᠨᠢ ᠠᠩᠭᠢ ᠵᠢᠨ  ᠨᠢᠭᠡᠳᠦᠭᠡᠷ ᠤᠳᠠᠰᠤᠨ  ᠳᠦ ᠪᠠᠶᠢᠷᠢᠯᠠᠵᠤ ᠂ 33  ᠨᠠᠷ᠎ᠠ ᠰᠤᠷᠤᠭᠴᠢ ᠬᠤᠶᠠᠳᠤᠭᠠᠷ ᠤᠳᠠᠰᠤᠨ  ᠳᠦ ᠭᠦ᠋ᠷᠴᠡᠢ ᠃ 2010 ᠤᠨ  ᠳᠦ 11  ᠨᠠᠷ᠎ᠠ ᠰᠤᠷᠤᠭᠴᠢ ᠵᠢᠩᠭᠢᠨᠢ ᠠᠩᠭᠢ ᠵᠢᠨ  ᠨᠢᠭᠡᠳᠦᠭᠡᠷ ᠤᠳᠠᠰᠤᠨ  ᠳᠦ ᠭᠦ᠋ᠷᠴᠤ ᠂ 29  ᠨᠠᠷ᠎ᠠ ᠰᠤᠷᠤᠭᠴᠢ ᠬᠤᠶᠠᠳᠤᠭᠠᠷ ᠤᠳᠠᠰᠤᠨ  ᠳᠦ ᠭᠦ᠋ᠷᠴᠤ ᠂ 14  ᠨᠠᠷ᠎ᠠ ᠰᠤᠷᠤᠭᠴᠢ ᠲᠠᠮᠢᠷ ᠤᠷᠠᠯᠢᠭ  ᠤᠨ ᠲᠦ᠋ᠷᠦᠯ  ᠤᠨ ᠵᠢᠩᠭᠢᠨᠢ ᠠᠩᠭᠢ  ᠳᠦ ᠰᠢᠯᠭᠠᠭᠳᠠᠨ ᠤᠷᠤᠵᠡᠢ ᠃ ᠲᠤᠮᠳᠠᠳᠤ ᠰᠢᠯᠭᠠᠯᠳᠠ ᠵᠢᠨ ᠪᠦ᠋ᠳᠦᠮᠵᠢ  ᠨᠢ  ᠴᠦ ᠪᠦ᠋ᠭᠦ ᠬᠤᠳᠠ  ᠳᠦ  ᠪᠠᠨ ᠲᠡᠷᠢᠭᠦᠯᠡᠭᠰᠡᠭᠡᠷ ᠪᠠᠶᠢᠵᠤ ᠂ 2008 ᠤᠨ ᠂ 2010 ᠤᠨ ᠪᠤᠯᠳᠠᠯ᠎ᠠ ᠭᠤᠷᠪᠠᠨ ᠵᠢᠯ ᠲᠠᠷᠠᠭᠠᠯᠠᠨ ᠪᠦ᠋ᠭᠦ ᠬᠤᠳᠠ ᠵᠢᠨ ᠲᠤᠮᠳᠠᠳᠤ ᠰᠢᠯᠭᠠᠯᠳᠠ ᠵᠢᠨ ᠰᠤᠳᠤᠨ ᠮᠠᠩᠯᠠᠢ ᠲᠤᠳᠤᠷᠠᠭᠰᠠᠨ ᠪᠢᠯᠡ ᠃ ᠮᠠᠨ  ᠤ ᠰᠤᠷᠭᠠᠭᠤᠯᠢ ᠵᠢᠨ ᠠᠩᠬ᠎ᠠ ᠲᠤᠮᠳᠠᠳᠤ ᠡᠴᠨ ᠲᠡᠭᠦᠰᠦᠭᠰᠠᠨ ᠰᠤᠷᠤᠭᠴᠢ ᠬᠠᠰᠠᠤᠶᠤᠨ 2009 ᠤᠨ  ᠳᠦ ᠰᠢᠯᠢᠳᠡᠭ ᠪᠦ᠋ᠳᠦᠮᠵᠢ  ᠪᠠᠷ ᠪᠡᠭᠡᠵᠢᠩ  ᠶᠡᠭᠡ ᠰᠤᠷᠭᠠᠭᠤᠯᠢ  ᠳᠦ ᠰᠢᠯᠭᠠᠭᠳᠠᠨ ᠤᠷᠤᠵᠤ ᠂ ᠦᠪᠦᠷ ᠮᠤᠩᠭᠤᠯ  ᠤᠨ ᠪᠠᠭᠰᠢ ᠵᠢᠨ  ᠶᠡᠭᠡ ᠰᠤᠷᠭᠠᠭᠤᠯᠢ ᠵᠢᠨ ᠬᠠᠷᠢᠶᠠᠳᠤ ᠲᠤᠮᠳᠠᠳᠤ ᠰᠤᠷᠭᠠᠭᠤᠯᠢ ᠵᠢᠨ ᠦᠨᠳᠦᠰᠦᠳᠠᠨ  ᠤ ᠠᠩᠭᠢ ᠡᠴᠨ  ᠨᠠᠶᠢᠭᠡᠮ ᠰᠢᠨᠵᠢᠯᠡᠭᠡᠨ  ᠤ ᠭᠢᠴᠢᠶᠠᠯ ᠲᠦ᠋ᠷᠦᠯ ᠵᠶᠠᠷ ᠪᠡᠭᠡᠵᠢᠩ  ᠶᠡᠭᠡ ᠰᠤᠷᠭᠠᠭᠤᠯᠢ  ᠳᠦ ᠰᠢᠯᠭᠠᠭᠳᠠᠨ ᠤᠷᠤᠭᠰᠠᠨ ᠠᠩᠬᠠᠳᠠᠭᠴᠢ ᠭᠦ᠋ᠮᠦᠨ ᠪᠤᠯᠵᠡᠢ ᠃

--brgd (talk) 10:29, 10 ᠲᠠᠪᠤᠳᠤᠭᠠᠷ ᠰᠠᠷ᠎ᠠ 2016 (CST)

ᠪᠢᠴᠢᠭᠡᠰᠦ