ᠤᠰᠦᠠ ᠰᠢᠨᠵᠢᠯᠡᠭᠡᠨ ᠦ ᠥᠷᠳᠡᠭᠡ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
Shuiwenzhan.jpg

ᠤᠰᠦᠠ ᠰᠢᠨᠵᠢᠯᠡᠭᠡᠨ ᠦ ᠥᠷᠳᠡᠭᠡ (hydrological station᠂ ᠬᠢᠳᠠᠳ ᠬᠡᠯᠡᠨ ᠳᠤ᠄ 水文站) ᠨᠢ ᠭᠣᠣᠯ ᠮᠥᠷᠡᠨ ᠂ ᠨᠠᠭᠤᠷ ᠂ ᠤᠰᠤᠨ ᠴᠥᠭᠥᠷᠥᠮ ᠵᠡᠷᠭᠡ ᠤᠰᠥᠨ ᠴᠤᠭᠴᠠ ᠶᠢᠨ ᠤᠰᠤᠨ ᠰᠢᠨᠵᠢᠯᠡᠭᠡᠨ ᠂ ᠴᠠᠭ ᠠᠭᠤᠷ ᠤᠨ ᠮᠠᠲ᠋ᠧᠷᠢᠶᠠᠯ ᠢ ᠠᠵᠢᠭᠯᠠᠨ ᠬᠡᠮᠵᠢᠬᠦ ᠪᠠ ᠴᠤᠭᠯᠠᠭᠤᠯᠬᠤ ᠦᠨᠳᠦᠰᠦᠨ ᠱᠠᠲᠤᠨ ᠤ ᠤᠰᠤᠨ ᠰᠢᠨᠵᠢᠯᠡᠭᠡ ᠶᠢᠨ ᠪᠠᠶᠢᠭᠤᠯᠤᠮᠵᠢ ᠪᠤᠯᠤᠨ᠎ᠠ ᠃ ᠤᠰᠦᠠ ᠰᠢᠨᠵᠢᠯᠡᠭᠡᠨ ᠦ ᠥᠷᠳᠡᠭᠡ ᠠᠵᠢᠭᠯᠠᠨ ᠬᠡᠮᠵᠢᠬᠦ ᠤᠰᠤᠨ ᠵᠦᠢ ᠶᠢᠨ ᠡᠯᠧᠮᠧᠨ᠋ᠲ ᠳᠤ ᠤᠰᠤᠨ ᠲᠦᠪᠰᠢᠨ ᠂ ᠤᠷᠤᠰᠬᠤ ᠬᠤᠷᠳᠤᠴᠠ ᠂ ᠤᠷᠤᠰᠬᠠᠯ ᠤᠨ ᠴᠡᠭ ᠂ ᠳᠤᠯᠬᠢᠶ᠎ᠠ ᠂ ᠡᠯᠡᠰᠦᠨ ᠠᠭᠤᠯᠤᠭᠳᠠᠴᠠ ᠂ ᠤᠰᠤᠨ ᠤ ᠳᠤᠯᠠᠭᠠᠨ ᠂ ᠮᠥᠰᠥᠲᠦᠬᠦ ᠪᠠᠶᠢᠳᠠᠯ ᠂ ᠭᠠᠵᠠᠷ ᠳᠣᠣᠷᠠᠬᠢ ᠤᠰᠤ ᠂ ᠤᠰᠤᠨ ᠤ ᠴᠢᠨᠠᠷ ᠵᠡᠷᠭᠡ ᠪᠠᠭᠲᠠᠨ᠎ᠠ ᠃ ᠴᠠᠭ ᠠᠭᠤᠷ ᠤᠨ ᠡᠯᠧᠮᠧᠨ᠋ᠲ ᠳᠤ ᠲᠤᠨᠳᠠᠰᠤᠨ ᠤ ᠬᠡᠮᠵᠢᠶ᠎ᠡ ᠂ ᠠᠭᠣᠷᠰᠢᠴᠠ ᠂ ᠠᠭᠠᠷ ᠤᠨ ᠳᠤᠯᠠᠭᠠᠴᠠ ᠂ ᠴᠢᠭᠢᠭᠲᠦᠴᠡ ᠂ ᠠᠭᠠᠷ ᠤᠨ ᠳᠠᠷᠤᠴᠠ ᠪᠠ ᠰᠠᠯᠬᠢ ᠵᠡᠷᠭᠡ ᠪᠠᠭᠲᠠᠨ᠎ᠠ᠃



ᠲᠤᠳᠤᠷᠬᠠᠢᠯᠡᠯᠳᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠡᠮᠵᠢᠨ ᠪᠠᠶᠢᠴᠠᠭᠠᠯᠲᠠ ᠶᠢᠨ ᠲᠦᠰᠦᠯ ᠢ ᠲᠤᠤᠷᠠᠬᠢ ᠮᠡᠲᠦ ᠬᠡᠳᠦᠨ ᠵᠦᠢᠯ ᠳᠤ ᠬᠤᠪᠢᠶᠠᠬᠤ ᠪᠣᠯᠤᠨ᠎ᠠ᠄ ᠤᠰᠤᠨ ᠲᠦᠪᠰᠢᠨ ᠢ ᠠᠵᠢᠭᠯᠠᠬᠤ᠂ ᠤᠷᠤᠰᠬᠠᠯ ᠤᠨ ᠬᠡᠮᠵᠢᠶ᠎ᠡ ᠡᠰᠡᠬᠦᠯ᠎ᠡ ᠪᠤᠰᠤᠳ ᠲᠦᠰᠦᠯ ᠦᠨ ᠤᠰᠦᠠ ᠰᠢᠨᠵᠢᠯᠡᠭᠡᠨ ᠦ ᠥᠷᠳᠡᠭᠡ ᠃ ᠵᠥᠪᠬᠡᠨ ᠤᠰᠤᠨ ᠲᠦᠪᠰᠢᠨ ᠢ ᠠᠵᠢᠭᠯᠠᠬᠤ ᠂ ᠡᠰᠡᠬᠦᠯ᠎ᠡ ᠲᠤᠨᠤᠳᠠᠰᠤᠨ ᠤ ᠬᠡᠮᠵᠢᠶ᠎ᠡ ᠲᠠᠢ ᠬᠠᠮᠲᠤ ᠬᠡᠮᠵᠢᠬᠦ ᠤᠰᠤᠨ ᠲᠦᠪᠰᠢᠨ ᠦ ᠥᠷᠲᠡᠭᠡᠨ᠃ ᠵᠦᠪᠬᠡᠨ ᠤᠰᠤᠨ ᠤ ᠴᠢᠨᠠᠷ ᠢ ᠬᠡᠮᠵᠢᠬᠦ ᠤᠰᠤᠨ ᠴᠢᠨᠠᠷ ᠤᠨ ᠦᠷᠳᠡᠭᠡ ᠃ ᠵᠥᠪᠬᠡᠨ ᠭᠠᠵᠠᠷ ᠳᠣᠣᠷᠠᠬᠢ ᠤᠰᠤ ᠵᠢ ᠬᠡᠮᠵᠢᠬᠦ ᠭᠠᠵᠠᠷ ᠳᠣᠣᠷᠠᠬᠢ ᠤᠰᠤᠨ ᠬᠤᠳᠳᠤᠭ ᠤᠨ ᠠᠵᠢᠭᠯᠠᠯᠲᠠ ᠶᠢᠨ ᠦᠷᠳᠡᠭᠡ ᠃ ᠭᠣᠣᠯ ᠮᠥᠷᠡᠨ ᠦ ᠤᠷᠤᠰᠬᠠᠯ ᠤᠨ ᠰᠢᠪᠡᠷ ᠰᠢᠷᠣᠶ ᠵᠢ ᠬᠡᠮᠵᠢᠬᠦ ᠰᠢᠪᠠᠷ ᠰᠢᠷᠣᠶ ᠬᠡᠮᠵᠢᠬᠦ ᠦᠷᠳᠡᠭᠡ ᠃ ᠤᠰᠤᠨ ᠨᠢᠭᠤᠷ ᠤᠨ ᠠᠭᠤᠷᠰᠢᠯᠲᠠ ᠪᠠ ᠡᠬᠡ ᠬᠠᠭᠤᠷᠠᠶ ᠶᠢᠨ ᠨᠢᠭᠤᠷ ᠤᠨ ᠠᠭᠤᠷᠰᠢᠯᠲᠠ ᠵᠢ ᠠᠵᠢᠭᠯᠠᠨ ᠬᠡᠮᠵᠢᠬᠦ ᠠᠭᠤᠷᠰᠢᠯᠲᠠ ᠶᠢᠨ ᠥᠷᠲᠡᠭᠡ᠃ ᠳᠤᠮᠳᠠᠳᠤ ᠤᠯᠤᠰ ᠤᠰᠦᠠ ᠰᠢᠨᠵᠢᠯᠡᠭᠡᠨ ᠦ ᠥᠷᠳᠡᠭᠡ ᠰᠢᠨᠵᠢ ᠴᠢᠨᠠᠷ ᠢᠶᠠᠷ ᠨᠢ ᠦᠨᠳᠦᠰᠦᠨ ᠦᠷᠳᠡᠭᠡ ᠪᠣᠯᠤᠨ ᠲᠤᠰᠬᠠᠶ ᠬᠡᠷᠡᠭᠯᠡᠭᠡᠨ ᠤ ᠥᠷᠲᠡᠭᠡ ᠬᠡᠵᠦ ᠬᠤᠪᠢᠶᠠᠨ᠎ᠠ ᠃ ᠦᠨᠳᠦᠰᠦᠨ ᠦᠷᠳᠡᠭᠡ ᠶᠢᠨ ᠡᠭᠦᠷᠭᠡ ᠨᠢ ᠪᠣᠯ ᠪᠣᠳᠠᠲᠠᠶ ᠬᠡᠮᠵᠢᠯᠲᠡ ᠬᠢᠭᠰᠡᠨ ᠮᠠᠲ᠋ᠧᠷᠢᠶᠠᠯ ᠢ ᠴᠤᠭᠯᠠᠭᠤᠯᠵᠤ ᠂ ᠦᠨᠳᠦᠰᠦᠨ ᠤᠰᠤᠨ ᠰᠢᠨᠵᠢᠯᠡᠭᠡᠨ ᠤ ᠵᠢᠮ᠎ᠡ ᠶᠣᠰᠣ ᠶᠢ ᠬᠠᠶᠢᠨ ᠰᠦᠪᠡᠭᠴᠢᠯᠡᠬᠦ ᠮᠠᠲ᠋ᠧᠷᠢᠶᠠᠯ ᠢ ᠬᠠᠩᠭᠠᠵᠤ ᠂ ᠤᠰᠤᠨ ᠤ ᠡᠬᠢ ᠪᠠᠶᠠᠯᠢᠭ ᠤᠨ ᠦᠨᠡᠯᠡᠯᠲᠡ᠂ ᠤᠰᠤᠨ ᠰᠢᠨᠵᠢᠯᠡᠭᠡᠨ ᠦ ᠪᠣᠳ᠋ᠣᠯᠭ᠎ᠠ ᠂ ᠤᠰᠤᠨ ᠰᠢᠨᠵᠢᠯᠡᠬᠡᠨ ᠤ ᠮᠡᠳᠡᠭᠡ ᠵᠠᠩᠭᠢ ᠂ ᠤᠰᠤᠨ ᠰᠢᠨᠵᠢᠯᠡᠬᠡᠨ ᠤ ᠤᠷᠢᠳᠴᠢᠯᠠᠭᠰᠠᠨ ᠮᠡᠳᠡᠭᠡ ᠪᠣᠯᠤᠨ ᠤᠰᠤᠨ ᠰᠢᠨᠵᠢᠯᠡᠬᠡᠨ ᠤ ᠰᠢᠨᠵᠢᠯᠡᠬᠦ ᠤᠬᠠᠭᠠᠨ ᠤ ᠰᠤᠳᠤᠯᠤᠯᠲᠠ ᠶᠢᠨ ᠬᠡᠷᠡᠭᠴᠡᠭᠡ ᠵᠢ ᠬᠠᠩᠭᠠᠨ᠎ᠠ ᠃ ᠲᠤᠰᠬᠠᠶ ᠬᠡᠷᠡᠭᠯᠡᠭᠡᠨ ᠤ ᠥᠷᠲᠡᠭᠡ ᠨᠢ ᠦᠨᠳᠦᠰᠦᠨ ᠥᠷᠲᠡᠭᠡᠨ ᠦ ᠨᠥᠬᠥᠪᠥᠷᠢ ᠮᠥᠨ ᠃

ᠠᠵᠢᠭᠯᠠᠯᠲᠠ ᠶᠢᠨ ᠲᠦᠰᠦᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠢᠩᠭ᠎ᠠ ᠠᠪᠴᠤ ᠬᠡᠯᠡᠪᠡᠯ ᠂ ᠤᠰᠦᠠ ᠰᠢᠨᠵᠢᠯᠡᠭᠡᠨ ᠦ ᠥᠷᠳᠡᠭᠡ ᠠᠵᠢᠭᠯᠠᠨ ᠬᠡᠮᠵᠢᠬᠦ ᠲᠥᠷᠥᠯ ᠵᠦᠢᠯ ᠬᠤᠪᠢᠶᠠᠵᠤ ᠪᠣᠯᠤᠨ᠎ᠠ ᠄ ᠤᠰᠤᠨ ᠲᠦᠪᠰᠢᠨ ᠂ ᠤᠷᠤᠰᠴᠠ ᠂ ᠡᠯᠡᠰᠦ ᠰᠢᠪᠡᠷ ᠂ ᠲᠤᠨᠳᠠᠰᠤ ᠂ ᠠᠭᠤᠷᠰᠢᠯᠲᠠ ᠵᠡᠷᠭᠡ ᠲᠠᠪᠤᠨ ᠶᠡᠬᠡ ᠲᠦᠷᠦᠯ ᠂ 2008 ᠤᠨ  ᠠᠴᠠ ᠡᠬᠢᠯᠡᠨ ᠪᠠᠰᠠ ᠣᠭᠲᠣᠯᠤᠭᠠᠰᠤ ᠶᠢᠨ ᠪᠣᠬᠢᠷᠲᠤᠯ ᠤᠨ ᠦᠯᠢᠭᠡᠷ ᠠᠪᠴᠤ ᠪᠠᠢ᠌ᠨ᠎ᠠ ᠃

ᠤᠷᠤᠰᠬᠠᠯ ᠤᠨ ᠬᠡᠮᠵᠢᠶᠡᠨ ᠦ ᠠᠵᠢᠭᠯᠠᠯᠲᠠ ᠶᠢᠨ ᠠᠭᠤᠯᠭ᠎ᠠ ᠨᠢ ᠄ ᠤᠷᠤᠰᠬᠠᠯ ᠤᠨ ᠬᠤᠷᠳᠤᠴᠠ ᠶᠢ ᠶᠡᠬᠡᠰᠬᠡᠵᠦ ᠂ ᠤᠰᠤᠨ ᠭᠦᠨ ᠂ ᠰᠠᠯᠬᠢᠨ ᠤ ᠴᠢᠭᠯᠡᠯ ᠰᠠᠯᠬᠢᠨ ᠤ ᠬᠦᠴᠦ ᠃ ᠤᠷᠤᠰᠬᠠᠯ ᠤᠨ ᠬᠤᠷᠳᠤᠴᠠ ᠵᠢ ᠬᠡᠮᠵᠢᠬᠦ ᠠᠷᠭ᠎ᠠ ᠳᠤ ᠄ ᠬᠥᠪᠪᠥᠭᠦᠯ ᠲᠡᠮᠳ᠋ᠡᠭ᠌ ᠬᠠᠤᠯᠢ ᠂ ᠤᠷᠤᠰᠬᠠᠯ ᠤᠨ ᠬᠤᠷᠳᠤᠴᠠ ᠶᠢᠨ ᠬᠡᠮᠵᠢᠶᠡᠯᠡᠪᠤᠷᠢ ᠬᠠᠤᠯᠢ ᠵᠢᠴᠢ ᠭᠡᠳᠦ ᠲᠡᠭᠤᠠ ᠳᠣᠯᠭᠢᠶᠠᠨ ᠬᠠᠤᠯᠢ ᠃ ᠤᠷᠤᠰᠬᠠᠯ ᠤᠨ ᠬᠤᠷᠳᠤᠴᠠ ᠵᠢ ᠬᠡᠮᠵᠢᠬᠦ ᠲᠥᠬᠥᠭᠡᠷᠦᠮᠵᠢ ᠄ ᠡᠯᠭᠦᠭᠦᠷ ᠬᠠᠶᠢᠷᠴᠠᠭ ᠂ ᠣᠩᠭᠣᠴᠠ ᠂ ᠬᠦᠨᠳᠦ ᠬᠠᠷ᠎ᠠ ᠲᠤᠭᠤᠯᠭ᠎ᠠ ᠵᠢᠭᠠᠰᠤ ᠭᠣᠣᠯ ᠭᠠᠲᠤᠯᠤᠨ᠎ᠠ ᠃

ᠡᠯᠡᠰᠦᠨ ᠠᠭᠤᠯᠤᠭᠳᠠᠴᠠ ᠶᠢᠨ ᠠᠵᠢᠭᠯᠠᠯᠲᠠ ᠶᠢᠨ ᠠᠭᠤᠯᠭ᠎ᠠ ᠨᠢ ᠄ ᠭᠣᠣᠯᠳᠠᠭᠤ ᠭᠣᠣᠯ ᠮᠥᠷᠡᠨ ᠦ ᠤᠷᠤᠰᠬᠠᠯ ᠤᠨ ᠤᠰᠤᠨ ᠳᠠᠬᠢ ᠡᠯᠡᠰᠦ ᠰᠢᠪᠠᠷ ᠤᠨ ᠠᠭᠤᠯᠤᠭᠳᠠᠴᠠ ᠪᠠ ᠡᠯᠡᠰᠦ ᠰᠢᠪᠠᠷ ᠤᠨ ᠪᠦᠳᠦᠭᠦᠨ ᠨᠠᠷᠢᠨ ᠮᠥᠬᠥᠯᠢᠭ ᠠᠵᠢᠭᠯᠠᠨ ᠵᠠᠳᠠᠯᠵᠤ ᠱᠠᠲᠤ ᠬᠤᠪᠢᠶᠠᠨ᠎ᠠ ᠂ ᠦᠯᠢᠭᠡᠷ ᠠᠪᠬᠤ ᠨᠢ ᠬᠦᠪᠦᠨ ᠰᠢᠯᠵᠢᠬᠦ ᠪᠣᠳᠠᠰ᠂ ᠲᠦᠯᠬᠢᠭᠳᠡᠭᠡ ᠪᠣᠳᠠᠰ ᠭᠤᠯᠳᠤᠷᠢᠯ ᠤᠨ ᠪᠤᠳᠠᠰ ᠭᠡᠵᠦ ᠬᠤᠪᠢᠶᠠᠨ᠎ᠠ᠂ ᠣᠳᠣᠬᠠᠨ ᠳᠤ ᠭᠣᠣᠯᠳᠠᠭᠤ ᠦᠯᠢᠭᠡᠷ ᠠᠪᠬᠤ ᠳᠤ ᠬᠦᠪᠦᠨ ᠰᠢᠯᠵᠢᠬᠦ ᠪᠣᠳᠠᠰ ᠪᠠ ᠭᠤᠯᠳᠤᠷᠢᠯ ᠤᠨ ᠪᠤᠳᠠᠰ ᠪᠠᠢᠨ᠎ᠠ᠃

ᠲᠤᠨᠳᠠᠰᠤ ᠶᠢᠨ ᠠᠵᠢᠭᠯᠠᠯᠲᠠ ᠶᠢᠨ ᠠᠭᠤᠯᠭ᠎ᠠ ᠄ ᠴᠠᠰᠤ ᠪᠣᠯᠤᠨ ᠪᠣᠷᠣᠭᠠᠨ ᠣᠷᠣᠬᠤ ᠂ ᠠᠵᠢᠭᠯᠠᠯᠲᠠ ᠶᠢᠨ ᠬᠡᠮᠵᠢᠭᠦᠷᠯᠢᠭ ᠨᠢ ᠭᠤᠤᠯᠳᠠᠭᠤ ᠲᠤᠨᠳᠠᠰᠤ ᠶᠢᠨ ᠬᠡᠮᠵᠢᠭᠦᠷ ᠪᠠ ᠲᠤᠨᠳᠠᠰᠤ ᠶᠢᠨ ᠬᠡᠮᠵᠢᠶ᠎ᠡ ᠶᠢᠨ ᠬᠣᠭᠣᠯᠠᠶ ᠂ ᠲᠤᠨᠳᠠᠰᠤ ᠶᠢᠨ ᠬᠡᠮᠵᠢᠭᠦᠷ ᠨᠢ ᠭᠣᠣᠯᠳᠠᠭᠤ ᠲᠤᠨᠳᠠᠰᠤ ᠶᠢ ᠠᠵᠢᠭᠯᠠᠨ ᠂ ᠬᠡᠮᠵᠢᠭᠦᠷᠯᠢᠭ ᠤᠨ ᠬᠡᠯᠪᠡᠷᠢ ᠮᠠᠶ᠋ᠢᠭ ᠨᠢ ᠬᠤᠯᠠ ᠳᠠᠮᠵᠢᠭᠤᠯᠬᠤ ᠪᠠ ᠬᠤᠯᠠ ᠳᠠᠮᠵᠢᠭᠤᠯᠬᠤ ᠪᠤᠰᠤ ᠃

ᠠᠭᠤᠷᠰᠢᠯᠲᠠ ᠄ ᠲᠤᠨᠳᠠᠰᠤ ᠶᠢᠨ ᠠᠵᠢᠭᠯᠠᠯᠲᠠ ᠲᠠᠢ ᠡᠰᠡᠷᠭᠦ ᠪᠡᠷ ᠂ ᠲᠤᠨᠳᠠᠰᠤ ᠤᠨ ᠠᠵᠢᠭᠯᠠᠯᠲᠠ ᠪᠤᠯ ᠭᠠᠵᠠᠷ ᠤᠨ ᠨᠢᠭᠤᠷ ᠲᠤ ᠪᠠᠭᠤᠬᠤ ᠤᠰᠤᠨ ᠤ ᠬᠡᠮᠵᠢᠶ᠎ᠡ ᠵᠢ ᠠᠵᠢᠭᠯᠠᠨ ᠬᠡᠮᠵᠢᠵᠤ᠂ ᠠᠭᠤᠷᠰᠢᠯᠲᠠ ᠨᠢ ᠬᠠᠷᠢᠨ ᠭᠠᠵᠠᠷ ᠳᠡᠭᠡᠷ᠎ᠡ ᠡᠴᠡ ᠣᠭᠲᠠᠷᠭᠤᠶ ᠲᠡᠭᠳᠡᠬᠦ ᠤᠰᠤᠨ ᠤ ᠬᠡᠮᠵᠢᠶ᠎ᠡ ᠶᠢ ᠠᠵᠢᠭᠯᠠᠨ᠎ᠠ ᠂ ᠭᠣᠣᠯᠳᠠᠭᠤ ᠠᠵᠢᠭᠯᠠᠯᠲᠠ ᠶᠢᠨ ᠬᠡᠮᠵᠢᠭᠦᠷᠯᠢᠭ ᠨᠢ ᠠᠭᠤᠷᠰᠢᠭᠤᠯᠤᠭᠤᠷ ᠪᠠ ᠰᠢᠷᠭᠢᠭᠡᠭᠦᠷ᠃

ᠳᠡᠰ ᠤᠨ ᠠᠩᠭᠢᠯᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠨ ᠤ ᠤᠯᠤᠰ ᠤᠨ ᠤᠰᠦᠠ ᠰᠢᠨᠵᠢᠯᠡᠭᠡᠨ ᠦ ᠥᠷᠳᠡᠭᠡ ᠨᠢ ᠠᠵᠢᠭᠯᠠᠨ ᠬᠡᠮᠵᠢᠬᠦ ᠲᠦᠰᠦᠯ ᠵᠢᠴᠢ ᠡᠵᠡᠮᠰᠢᠯ ᠦᠨ ᠰᠠᠪᠠ ᠭᠠᠵᠠᠷ ᠢ ᠥᠨᠳᠦᠰᠦᠯᠡᠨ ᠶᠡᠬᠡ ᠪᠠᠭ᠎ᠠ ᠭᠤᠷᠪᠠᠨ ᠳᠡᠰ ᠬᠤᠪᠢᠶᠠᠨ᠎ᠠ ᠃ ᠳᠠᠷᠥᠢ᠄ ᠨᠢᠭᠡᠳᠦᠭᠡᠷ ᠲᠦᠷᠦᠯ ᠤᠨ ᠥᠷᠲᠡᠭᠡ ᠂ ᠬᠣᠶᠠᠳᠤᠭᠠᠷ ᠲᠦᠷᠦᠯ ᠦᠨ ᠦᠷᠳᠡᠭᠡ ᠂ ᠭᠤᠷᠪᠠᠳᠤᠭᠠᠷ ᠲᠥᠷᠥᠯ ᠦᠨ ᠦᠷᠳᠡᠭᠡ

ᠪᠢᠴᠢᠭᠡᠰᠦ