ᠤᠰᠤᠲᠥᠶᠢᠷᠦᠭᠴᠢ ᠠᠦ᠋ᠲ᠋ᠣᠮᠠᠰᠢᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠤᠰᠤᠲᠦᠷᠦᠭᠴᠢ ᠠᠦ᠋ᠲ᠋ᠣ᠋ ᠮᠠᠰᠢᠨ ᠭᠡᠳᠡᠭ ᠨᠢ ᠤᠰᠤᠲᠥᠷᠦᠭᠴᠢ ᠶᠢ ᠬᠡᠷᠡᠭᠯᠡᠵᠦ ᠠᠦ᠋ᠲ᠋ᠣ᠋ ᠮᠠᠰᠢᠨ ᠢ ᠬᠦᠳᠡᠯᠭᠡᠬᠦ ᠬᠦᠴᠦ ᠶᠢ ᠭᠠᠷᠭᠠᠵᠤ ᠠᠪᠳᠠᠭ ᠲᠡᠭᠡᠭᠡᠪᠦᠷᠢ ᠶᠢᠨ ᠬᠡᠷᠡᠭᠰᠡᠯ ᠶᠤᠮ᠃ ᠪᠤᠰᠤᠳ ᠲᠥᠷᠥᠯ ᠦᠨ ᠲᠡᠭᠡᠭᠡᠪᠦᠷᠢ ᠶᠢᠨ ᠬᠡᠷᠡᠭᠰᠡᠯ ᠴᠢᠯᠠᠭᠤᠨ ᠲᠤᠰᠤ ᠮᠡᠲᠦ ᠶᠢᠨ ᠰᠢᠲᠠᠮᠠᠬᠠᠢ ᠪᠤᠳᠠᠰ ᠢᠶᠠᠷ ᠴᠡᠨᠡᠭᠯᠡᠭᠰᠡᠨ ᠰᠢᠭ᠂ ᠤᠰᠤᠲᠥᠶᠢᠷᠦᠭᠴᠢ ᠠᠦ᠋ᠲ᠋ᠣ᠋ ᠮᠠᠰᠢᠨ ᠨᠢ ᠤᠰᠤᠲᠥᠷᠦᠭᠴᠢ ᠪᠡᠷ ᠴᠡᠨᠡᠭᠯᠡᠭᠰᠡᠨ ᠪᠠᠶᠢᠳᠠᠭ᠃ ᠤᠯᠠᠩᠬᠢ ᠲᠥᠷᠥᠯ ᠦᠨ ᠤᠰᠤᠲᠥᠷᠦᠭᠴᠢ ᠠᠦ᠋ᠲ᠋ᠣ᠋ ᠮᠠᠰᠢᠨ ᠤ ᠬᠥᠳᠡᠯᠭᠡᠭᠦᠷ ᠨᠢ ᠤᠰᠤᠲᠥᠷᠦᠭᠴᠢ ᠶᠢ ᠳᠣᠲᠣᠭᠠᠳᠤ ᠰᠢᠲᠠᠯᠲᠠ ᠶᠢᠨ ᠬᠥᠳᠡᠯᠭᠡᠭᠦᠷ ᠲᠦ ᠰᠢᠲᠠᠭᠠᠬᠤ ᠪᠣᠯᠤᠨ ᠤᠰᠤᠲᠥᠷᠦᠭᠴᠢ ᠶᠢ ᠬᠦᠴᠢᠯᠲᠥᠷᠦᠭᠴᠢ ᠲᠡᠢ ᠲᠤᠰᠬᠠᠢ ᠰᠠᠪᠠᠨ ᠳᠤᠲᠤᠷ ᠠ ᠤᠷᠪᠠᠯ ᠳᠤ ᠣᠷᠣᠭᠤᠯᠵᠤ᠂ ᠤᠷᠪᠠᠯ ᠤᠨ ᠦᠷ᠎ᠡ ᠳ᠋ᠦᠩ ᠳᠦ ᠡᠭᠦᠰᠴᠦ ᠪᠤᠢ ᠴᠠᠬᠢᠯᠭᠠᠨ ᠡᠨᠧᠷᠭᠢ ᠪᠡᠷ ᠴᠠᠬᠢᠯᠭᠠᠨ ᠮᠣᠲ᠋ᠣᠷ ᠢ ᠠᠵᠢᠯᠯᠠᠭᠤᠯᠬᠤ ᠵᠠᠮ ᠢᠶᠠᠷ ᠬᠢᠮᠢ ᠶᠢᠨ ᠡᠨᠧᠷᠭᠢ ᠶᠢ ᠮᠧᠬᠠᠨᠢᠭ ᠡᠨᠧᠷᠭᠢ ᠪᠣᠯᠭᠠᠨ ᠬᠤᠪᠢᠷᠠᠭᠠᠵᠤ ᠪᠠᠶᠢᠨ᠎ᠠ᠃ ᠲᠡᠭᠡᠭᠡᠪᠦᠷᠢ ᠶᠢᠨ ᠬᠡᠷᠡᠭᠰᠡᠯ ᠦᠨ ᠰᠢᠲᠠᠭᠠᠯᠭ᠎ ᠠ ᠶᠢᠨ ᠵᠣᠷᠢᠭᠤᠯᠤᠯᠲᠠ ᠪᠠᠷ ᠤᠰᠤᠲᠥᠷᠦᠭᠴᠢ ᠶᠢ ᠲᠦᠭᠡᠮᠡᠯ ᠬᠡᠷᠡᠭᠯᠡᠵᠦ ᠪᠤᠢ ᠰᠢᠯᠲᠠᠭᠠᠨ ᠨᠢ ᠤᠰᠤᠲᠥᠷᠦᠭᠴᠢ ᠪᠣᠯ ᠡᠳ᠋ ᠍ ᠦᠨ ᠵᠠᠰᠠᠭ ᠤᠨ ᠭᠠᠮᠨᠠᠯᠲᠠ ᠶᠢ ᠰᠠᠨᠠᠯ ᠪᠣᠯᠭᠠᠵᠤ ᠪᠠᠶᠢᠭ᠎ᠠ ᠭᠣᠣᠯ ᠡᠯᠧᠮᠧᠨ᠋ᠲ ᠶᠤᠮ᠃ ᠤᠰᠤᠲᠥᠷᠦᠭᠴᠢ ᠨᠢ ᠳᠡᠯᠡᠬᠡᠢ ᠳᠡᠭᠡᠷ᠎ᠡ ᠳᠠᠩ ᠢᠶᠠᠷ ᠢᠶᠠᠨ ᠮᠠᠰᠢ ᠬᠣᠪᠣᠷ ᠲᠣᠬᠢᠶᠠᠯᠳᠣᠬᠤ ᠪᠠ ᠡᠨᠡ ᠨᠢ ᠦᠨᠡᠨ ᠳᠦ ᠪᠡᠨ ᠡᠨᠧᠷᠭᠢ ᠶᠢᠨ ᠡᠬᠢ ᠡᠭᠦᠰᠪᠦᠷᠢ ᠪᠢᠰᠢ ᠬᠠᠷᠢᠨ ᠡᠨᠧᠷᠭᠢ ᠵᠥᠭᠡᠭᠡᠪᠦᠷᠢᠯᠡᠭᠴᠢ ᠶᠤᠮ᠃ ᠶᠡᠬᠡᠩᠬᠢ ᠳᠦ ᠪᠡᠨ ᠮᠧᠲ᠋ᠠᠨ ᠪᠣᠯᠤᠨ ᠥᠭᠡᠷ᠎ᠡ ᠪᠤᠰᠤᠳ ᠠᠰᠢᠭᠲᠤ ᠮᠠᠯᠲᠠᠮᠠᠯ ᠠᠴᠠ ᠢᠯᠭᠠᠵᠤ ᠠᠪᠤᠨ᠎ᠠ᠃ ᠭᠡᠬᠦ ᠳᠦ ᠪᠡᠨ ᠮᠥᠨ ᠥᠭᠡᠷ᠎ᠡ ᠲᠥᠷᠥᠯ ᠦᠨ ᠡᠨᠧᠷᠭᠢ ᠶᠢᠨ ᠡᠬᠢ ᠡᠭᠦᠰᠪᠦᠷᠢ ᠶᠢ (ᠰᠠᠯᠬᠢ᠂ ᠨᠠᠷᠠ ᠪᠣᠯᠤᠨ ᠴᠥᠮ᠎ᠡ ᠶᠢᠨ)ᠠᠰᠢᠭᠯᠠᠵᠤ ᠪᠣᠯᠬᠤ ᠪᠠ ᠡᠨᠡ ᠲᠣᠭᠲᠠᠪᠤᠷᠢ ᠦᠭᠡᠢ ᠪᠥᠭᠡᠳ ᠬᠡᠷᠡᠭᠯᠡᠭᠡᠨ ᠳᠦ ᠨᠡᠪᠲᠡᠷᠡᠭᠦᠯᠬᠦ ᠳᠦ ᠬᠡᠲᠦᠷᠬᠡᠢ ᠰᠠᠷᠨᠢᠯᠲᠠ ᠲᠠᠢ᠂ ᠬᠦᠨᠳᠦ ᠬᠡᠴᠡᠭᠦᠦ ᠪᠠᠶᠢᠳᠠᠭ᠃ ᠢᠵᠢ ᠪᠦᠷᠢᠨ ᠠᠦ᠋ᠲ᠋ᠣᠮᠠᠲᠠᠵᠢᠭᠤᠯᠤᠭᠰᠠᠨ ᠰᠠᠯᠬᠢ ᠤᠰᠤᠲᠥᠷᠦᠭᠴᠢᠲᠦ ᠦᠢᠯᠡᠳᠪᠦᠷᠢ ᠨᠦᠭᠦᠳ ᠨᠢ ᠤᠰᠤᠨ ᠤ ᠴᠠᠬᠢᠯᠭᠠᠨ ᠵᠠᠳᠠᠯᠤᠯᠲᠠ ᠶᠢ ᠠᠰᠢᠭᠯᠠᠨ ᠵᠠᠷᠤᠳᠠᠯ ᠬᠠᠩᠭᠠᠯᠲᠠᠲᠠᠢ ᠪᠠᠭ᠎ᠠ᠂ ᠲᠣᠭ᠎ᠠ ᠬᠡᠮᠵᠢᠶ᠎ᠡ ᠨᠢ ᠬᠠᠩᠭᠠᠯᠲᠠ ᠲᠠᠢ ᠶᠡᠬᠡ᠂ ᠤᠯᠠᠮᠵᠢᠯᠠᠯᠲᠤ ᠡᠨᠧᠷᠭᠢ ᠶᠢᠨ ᠡᠬᠢ ᠡᠭᠦᠰᠪᠦᠷᠢ ᠨᠦᠭᠦᠳ ᠲᠡᠢ ᠥᠷᠢᠰᠥᠯᠳᠥᠬᠦ ᠴᠢᠳᠠᠪᠤᠷᠢ ᠪᠦᠬᠦᠢ ᠡᠨᠧᠷᠭᠢ ᠶᠢᠨ ᠡᠬᠢ ᠡᠭᠦᠰᠪᠦᠷᠢ ᠶᠢᠨ ᠲᠧᠭᠨᠣᠯᠤᠬᠢ ᠤᠳ ᠢ ᠪᠣᠯᠪᠠᠰᠤᠷᠠᠭᠤᠯᠵᠤ ᠪᠠᠶᠢᠨ᠎ᠠ᠃ ᠣᠯᠠᠨ ᠺᠣᠮᠫᠠᠨᠢ ᠨᠤᠭᠤᠳ ᠤᠰᠤᠲᠥᠷᠦᠭᠴᠢ ᠶᠢᠨ ᠡᠨᠧᠷᠭᠢ ᠶᠢ ᠬᠥᠳᠡᠯᠭᠡᠭᠡᠨ ᠳᠦ ᠲᠥᠬᠥᠭᠡᠷᠦᠮᠵᠢ ᠳᠦ ᠦᠷ᠎ᠡ ᠠᠰᠢᠭ ᠲᠠᠢ ᠪᠠᠷ ᠠᠰᠢᠭᠯᠠᠬᠤ ᠲᠠᠯ᠎ᠠ ᠳᠡᠭᠡᠷ᠎ᠡ ᠠᠩᠬᠠᠷᠴᠤ ᠬᠥᠭᠵᠢᠭᠦᠯᠦᠯᠲᠡ ᠳᠡᠭᠡᠷ᠎ᠡ ᠠᠵᠢᠯᠯᠠᠵᠤ ᠪᠠᠶᠢᠨ᠎ᠠ᠃ ᠤᠰᠤᠲᠥᠷᠦᠭᠴᠢ ᠶᠢᠨ ᠡᠨᠧᠷᠭᠢ ᠶᠢ ᠥᠷᠭᠡᠨ ᠠᠰᠢᠭᠯᠠᠬᠤ ᠰᠣᠨᠢᠷᠬᠠᠯ ᠨᠢ ᠬᠡᠷᠪᠡ ᠤᠰᠤᠲᠥᠷᠦᠭᠴᠢ ᠶᠢ ᠠᠰᠢᠭᠲᠤ ᠮᠠᠯᠲᠠᠮᠠᠯ ᠤᠨ ᠣᠷᠣᠯᠴᠠᠯᠭ᠎ᠠ ᠦᠭᠡᠢ ᠪᠡᠷ ᠪᠣᠯᠪᠠᠰᠤᠷᠠᠭᠤᠯᠳᠠᠭ ᠪᠣᠯᠪᠠᠯ ᠨᠡᠭᠦᠷᠡᠰᠦᠲᠥ᠋ᠷᠥᠭᠴᠢ ᠶᠢᠨ ᠳᠠᠪᠬᠤᠷ ᠢᠰᠦᠯ ᠢ ᠪᠠᠭᠤᠷᠠᠭᠤᠯᠬᠤ ᠳᠤ ᠬᠤᠪᠢ ᠨᠡᠮᠡᠷᠢ ᠤᠷᠤᠭᠤᠯᠬᠤ ᠶᠠᠪᠤᠳᠠᠯ ᠶᠤᠮ᠃ ᠤᠰᠤᠲᠥᠷᠦᠭᠴᠢ ᠶᠢᠨ ᠬᠡᠷᠡᠭᠯᠡᠭᠡᠨ ᠦ ᠳᠤᠲᠠᠭᠳᠠᠯ ᠲᠠᠢ ᠲᠠᠯ᠎ᠠ ᠨᠤᠭᠤᠳ ᠨᠢ ᠦᠨᠳᠦᠰᠦᠨ ᠵᠠᠷᠤᠳᠠᠯ ᠥᠨᠳᠥᠷ᠂ ᠨᠢᠭᠡ ᠨᠢᠭᠡᠴᠡ ᠳ᠋ᠡᠬᠢ ᠡᠨᠧᠷᠭᠢ ᠶᠢᠨ ᠠᠭᠤᠯᠤᠮᠵᠢ ᠪᠠᠭ᠎ᠠ᠂ ᠲᠦᠯᠡᠰᠢᠨ ᠦ ᠰᠠᠪᠠᠨ ᠤ ᠡᠵᠡᠯᠡᠬᠦᠨ ᠶᠡᠬᠡ᠂ ᠲᠦᠯᠡᠰᠢᠨ ᠦ ᠰᠠᠪᠠᠨ ᠤ ᠳᠠᠷᠤᠯᠲᠠ ᠥᠨᠳᠥᠷ᠂ ᠬᠠᠳᠠᠭᠠᠯᠠᠯᠲᠠ᠂ ᠬᠡᠢ ᠲᠦᠯᠦᠪᠲᠦ ᠪᠣᠯᠤᠨ ᠰᠢᠩᠭᠡᠨ ᠲᠦᠯᠦᠪᠲᠦ ᠤᠰᠤᠲᠥᠷᠦᠭᠴᠢ ᠶᠢᠨ ᠠᠦ᠋ᠲ᠋ᠣ᠋ ᠮᠠᠰᠢᠨ ᠤ ᠲᠡᠭᠡᠭᠡᠪᠦᠷᠢᠯᠡᠯᠲᠡ ᠪᠣᠯᠤᠨ ᠴᠡᠨᠡᠭᠯᠡᠯᠲᠡ᠂ ᠠᠦ᠋ᠲ᠋ᠣ᠋ ᠮᠠᠰᠢᠨ ᠨᠤᠭᠤᠳ ᠤᠰᠤᠲᠥᠷᠦᠭᠴᠢ ᠶᠢ ᠲᠦᠭᠡᠭᠡᠬᠦ ᠳᠡᠳ᠋ ᠪᠦᠲᠦᠴᠡ ᠳᠦ ᠱᠠᠭᠠᠷᠳᠠᠭᠳᠠᠬᠤ ᠬᠥᠷᠥᠩᠭᠡ ᠣᠷᠣᠭᠤᠯᠤᠯᠲᠠ ᠮᠥᠨ ᠪᠠᠰᠠ ᠦᠢᠯᠡᠳᠪᠦᠷᠢᠯᠡᠯ ᠦᠨ ᠶᠠᠪᠤᠴᠠ ᠤᠨ ᠪᠠᠭ᠎ᠠ ᠦᠷ᠎ᠡ ᠠᠰᠢᠭ ᠵᠡᠷᠭᠡ ᠶᠤᠮ᠃

2007 ᠤᠨ ᠤ 7 ᠍ᠳ᠋ᠤᠭᠠᠷ ᠰᠠᠷ᠎ᠠ ᠶᠢᠨ 14 ᠍ ᠤ ᡀᠠᠪᠠ ᠭᠠᠷᠠᠭ ᠲᠤ Los Angeles ᠠᠦ᠋ᠲ᠋ᠣ᠋ ᠦᠵᠡᠰᠭᠦᠯᠡᠩ ᠳᠡᠭᠡᠷ᠎ᠡ ᠲᠠᠨᠢᠯᠴᠠᠭᠤᠯᠤᠭᠰᠠᠨ Honda FCX Clarity–  ᠶᠢᠨ ᠵᠢᠷᠤᠭ᠃

ᠲᠡᠭᠡᠭᠡᠪᠦᠷᠢ ᠶᠢᠨ ᠬᠡᠷᠡᠭᠰᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠶᠠᠨᠴᠢᠨ ᠤ ᠮᠠᠰᠢᠨ᠂ ᠭᠠᠯᠲᠤ ᠲᠡᠷᠭᠡ᠂ ᠮᠣᠲ᠋ᠣᠷᠲᠤ ᠳᠤᠭᠤᠢ᠂ ᠰᠤᠪᠠᠭ ᠤᠨ ᠵᠠᠪᠢ᠂ ᠮᠣᠲ᠋ᠣᠷ ᠲᠡᠷᠭᠡ᠂ ᠭᠣᠣᠯᠹ ᠦᠨ ᠮᠠᠰᠢᠨ ᠦᠳ᠂ ᠤᠰᠤᠨ ᠣᠩᠭᠣᠴᠠ᠂ ᠨᠢᠰᠭᠡᠯ᠂ ᠱᠤᠩᠪᠠᠭᠴᠢ ᠪᠣᠯᠤᠨ ᠲᠡᠢᠷᠦᠯᠲᠦ ᠰᠤᠮᠤ ᠤᠳ ᠠᠯᠢ ᠬᠡᠳᠦᠶᠢᠨ ᠤᠰᠤᠲᠥᠷᠦᠭᠴᠢ ᠶᠢᠨ ᠲᠦᠯᠡᠰᠢ ᠶᠢ ᠲᠥᠷᠥᠯ ᠪᠦᠷᠢ ᠶᠢᠨ ᠪᠠᠶᠢᠳᠠᠯ ᠢᠶᠠᠷ ᠬᠡᠷᠡᠭᠯᠡᠵᠦ ᠪᠠᠶᠢᠨ᠎ᠠ᠃ National Aeronautics and Space Administration ᠰᠠᠨᠰᠠᠷ ᠤᠨ ᠬᠥᠯᠭᠡ ᠪᠡᠨ ᠵᠠᠳᠠᠭᠠᠢ ᠰᠠᠨᠰᠠᠷ ᠲᠤ ᠭᠠᠷᠭᠠᠬᠤ ᠳᠤ ᠪᠠᠨ ᠤᠰᠤᠲᠥᠷᠦᠭᠴᠢ ᠶᠢ ᠠᠰᠢᠭᠯᠠᠵᠤ ᠪᠠᠶᠢᠨ᠎ᠠ᠃ ᠨᠠᠷᠠᠨ ᠤ ᠡᠨᠧᠷᠭᠢ ᠪᠡᠷ ᠠᠵᠢᠯᠯᠠᠳᠠᠭ ᠮᠠᠰᠢᠨ ᠵᠠᠭᠪᠤᠷ ᠨᠢ ᠨᠠᠷᠠᠨ ᠤ ᠡᠨᠧᠷᠭᠢ ᠶᠢ ᠤᠰᠤᠲᠥᠷᠦᠭᠴᠢ ᠪᠣᠯᠤᠨ ᠬᠦᠴᠢᠯᠲᠥᠷᠦᠭᠴᠢ ᠬᠡᠢ ᠪᠤᠯᠭᠠᠨ ᠰᠢᠯᠵᠢᠭᠦᠯᠦᠨ ᠬᠠᠳᠠᠭᠠᠯᠠᠳᠠᠭ ᠬᠤᠪᠢᠷᠠᠭᠠᠭᠴᠢ ᠡᠭᠦᠰᠬᠡᠭᠦᠷ ᠠᠰᠢᠭᠯᠠᠳᠠᠭ᠃ ᠡᠨᠡ ᠲᠦᠯᠡᠰᠢ ᠡᠷᠭᠢᠵᠦ ᠤᠰᠤ ᠪᠣᠯᠤᠨ ᠰᠢᠯᠵᠢᠬᠦ ᠳᠦ ᠪᠡᠨ ᠨᠠᠷᠠᠨ ᠠᠴᠠ ᠬᠤᠷᠠᠮᠲᠤᠯᠠᠭᠤᠯᠤᠭᠰᠠᠨ ᠡᠨᠧᠷᠭᠢ ᠪᠡᠨ ᠢᠯᠭᠠᠷᠠᠭᠤᠯᠳᠠᠭ ᠪᠠᠶᠢᠨ᠎ᠠ᠃ ᠬᠠᠮᠤᠭ ᠤᠨ ᠳᠡᠭᠡᠳᠦ ᠬᠤᠷᠳᠤ ᠦᠵᠡᠭᠦᠯᠦᠭᠰᠡᠨ ᠤᠰᠤᠲᠥᠷᠦᠭᠴᠢ ᠶᠢᠨ ᠲᠦᠯᠡᠰᠢ ᠬᠡᠷᠡᠭᠯᠡᠳᠡᠭ Ohio ᠮᠤᠵᠢ ᠶᠢᠨ ᠶᠡᠬᠡ ᠰᠤᠷᠭᠠᠭᠤᠯᠢ ᠶᠢᠨ Buckeye Bullet 2 ᠮᠠᠰᠢᠨ 286.476 Miles / h (461.038 km / h) ᠴᠢᠳᠠᠳᠠᠭ ᠪᠠ 2008 ᠤᠨ ᠤ 8 ᠳ᠋ᠤᠭᠠᠷ ᠰᠠᠷ᠎ᠠ ᠳᠤ Bonneville Salt Flats ᠍ᠳᠦ《ᠨᠢᠰᠬᠦ ᠬᠤᠷᠳ᠋》ᠪᠤᠶᠤ 280.007 Miles / h (450.628 km / h) ᠬᠤᠷᠳᠤᠯᠠᠭᠰᠠᠨ ᠪᠠᠶᠢᠨ᠎ᠠ᠃ ᠦᠢᠯᠡᠳᠪᠦᠷᠢ ᠶᠢᠨ ᠮᠠᠰᠢᠨ ᠤ ᠬᠤᠪᠢ ᠳᠤ ᠣᠳᠣ ᠶᠢᠨ ᠪᠠᠶᠢᠳᠠᠯ ᠢᠶᠠᠷ Ford Fusion Hydrogen 999 Fuel Cell ᠨᠡᠷ᠎ᠡ ᠲᠡᠢ ᠤᠷᠤᠯᠳᠤᠭᠠᠨ ᠤ ᠮᠠᠰᠢᠨ 333.38 km / h (207.2 Miles / h)  ᠤᠨ ᠬᠤᠷᠳᠤ ᠶᠢ ᠢᠦᠲ᠋ᠠ ᠮᠤᠵᠢ ᠶᠢᠨ Wendover ᠳ᠋ᠠᠬᠢ Bonneville Salt Flats ᠍ ᠳᠦ 2007 ᠤᠨ ᠤ 8 ᠳ᠋ᠤᠭᠠᠷ ᠰᠠᠷ᠎ᠠ ᠳᠤ ᠲᠣᠭᠲᠠᠭᠠᠭᠰᠠᠨ ᠪᠠᠶᠢᠨ᠎ᠠ᠃ ᠡᠨᠡ ᠨᠢ ᠲᠡᠭᠦᠨ ᠦ ᠴᠢᠳᠠᠯ ᠬᠦᠴᠦ ᠶᠢ ᠨᠡᠮᠡᠭᠳᠡᠭᠦᠯᠳᠡᠭ ᠠᠪᠴᠢᠭᠤᠯᠤᠭᠰᠠᠨ ᠬᠦᠴᠢᠯᠲᠥᠷᠦᠭᠴᠢ ᠪᠡᠷ ᠳᠦᠭᠦᠷᠡᠩ ᠲᠣᠮᠣ ᠲᠠᠩᠺᠠᠨ ᠠᠴᠠ ᠶᠡᠬᠡᠬᠡᠨ ᠬᠠᠮᠢᠶᠠᠷᠤᠭᠰᠠᠨ ᠶᠤᠮ᠃

ᠰᠠᠭᠤᠳᠠᠯ ᠤᠨ ᠲᠡᠷᠭᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠳᠣ ᠶᠢᠨ ᠪᠠᠶᠢᠳᠠᠯ ᠢᠶᠠᠷ ᠣᠯᠠᠨ ᠠᠦ᠋ᠲ᠋ᠣ᠋ ᠮᠠᠰᠢᠨ ᠦᠢᠯᠡᠳᠪᠦᠷᠢᠯᠡᠭᠴᠢ ᠺᠣᠮᠫᠠᠨᠢ ᠨᠤᠭᠤᠳ ᠤᠰᠤᠲᠥᠷᠦᠭᠴᠢ ᠠᠦ᠋ᠲ᠋ᠣ᠋ ᠮᠠᠰᠢᠨ ᠢ ᠵᠠᠬ᠎ᠠ ᠵᠡᠭᠡᠯᠢ ᠳᠡᠭᠡᠷ᠎ᠡ ᠭᠠᠷᠭᠠᠬᠤ ᠲᠠᠯ᠎ᠠ ᠪᠠᠷ ᠰᠤᠳᠤᠯᠭ᠎ᠠ ᠬᠢᠵᠦ ᠪᠠᠶᠢᠭ᠎ᠠ ᠪᠥᠭᠡᠳ ᠵᠠᠷᠢᠮ ᠺᠣᠮᠫᠠᠨᠢ ᠨᠤᠭᠤᠳ ᠴᠥᠭᠡᠨ ᠲᠣᠭᠠᠨ ᠤ ᠵᠠᠭᠪᠤᠷ ᠤᠳ ᠢ ᠦᠵᠡᠰᠬᠦᠯᠡᠩ ᠦᠳ ᠲᠦ ᠲᠠᠨᠢᠯᠴᠠᠭᠤᠯᠤᠭᠠᠳ ᠪᠠᠶᠢᠨ᠎ᠠ᠃ 2012 ᠤᠨ ᠤ ᠳᠡᠯᠡᠬᠡᠢ ᠶᠢᠨ ᠤᠰᠤᠲᠥᠷᠦᠭᠴᠢ ᠶᠢᠨ ᠡᠨᠧᠷᠭᠢ ᠶᠢᠨ ᠬᠤᠷᠠᠯ ᠢᠶᠠᠷ Daimler AG᠂ Honda᠂ Hyundai ᠪᠣᠯᠤᠨ Toyota ᠺᠣᠮᠫᠠᠨᠢ ᠨᠤᠭᠤᠳ 2015 ᠤᠨ ᠡᠴᠡ ᠳᠦ ᠤᠰᠤᠲᠥᠷᠦᠭᠴᠢ ᠲᠦᠯᠡᠰᠢ ᠪᠡᠷ ᠠᠵᠢᠯᠯᠠᠳᠠᠭ ᠮᠠᠰᠢᠨ ᠢ ᠬᠤᠳᠠᠯᠳᠤᠭᠠᠨ ᠳᠤ ᠭᠠᠷᠭᠠᠬᠤ ᠲᠥᠯᠥᠪᠯᠡᠭᠡ ᠶᠢ ᠪᠠᠲᠤᠯᠠᠭᠰᠠᠨ ᠪᠠ 2013 ᠤᠨ ᠳᠤ ᠵᠠᠷᠢᠮ ᠵᠠᠭᠪᠤᠷ ᠤᠳ ᠢ ᠦᠵᠡᠰᠬᠦᠯᠡᠩ ᠳᠦ ᠭᠠᠷᠭᠠᠬᠤ ᠪᠠᠷ ᠲᠥᠯᠥᠪᠯᠡᠭᠡᠳ ᠪᠠᠶᠢᠨ᠎ᠠ᠃ ᠬᠡᠳᠦᠢ ᠪᠡᠷ Ford Motor Company ᠪᠣᠯᠤᠨ ᠹᠷᠠᠨᠼᠢ ᠶᠢᠨ Renault-Nissan ᠺᠣᠮᠫᠠᠨᠢ ᠨᠤᠭᠤᠳ ᠥᠪᠡᠷᠰᠡᠳ ᠦᠨ ᠤᠰᠤᠲᠥᠷᠦᠭᠴᠢ ᠶᠢᠨ ᠲᠦᠯᠡᠰᠢ ᠬᠡᠷᠡᠭᠯᠡᠳᠡᠭ ᠮᠠᠰᠢᠨ ᠦᠢᠯᠡᠳᠪᠦᠷᠢᠯᠡᠬᠦ ᠣᠷᠣᠯᠳᠤᠯᠭ᠎ᠠ ᠪᠠᠨ 2008 ᠪᠣᠯᠤᠨ 2009 ᠤᠨ ᠤᠳ ᠲᠤ ᠴᠤᠴᠠᠯᠠᠭᠰᠠᠨ ᠪᠣᠯᠪᠠᠴᠤ 2009 ᠤᠨ ᠳᠤ ᠪᠤᠰᠤᠳ ᠦᠢᠯᠡᠳᠪᠦᠷᠢᠯᠡᠭᠴᠢᠳ ᠲᠡᠢ ᠰᠠᠨᠠᠮᠵᠢ ᠪᠢᠴᠢᠭ ᠲᠦ ᠭᠠᠷ ᠤᠨ ᠦᠰᠦᠭ ᠵᠢᠷᠤᠭᠰᠠᠨ ᠪᠣᠯ᠂ 2009 ᠤᠨ ᠤ 9 ᠍ ᠳ᠋ᠦᠭᠡᠷ ᠰᠠᠷ᠎ᠠ ᠳᠤ GMBH ᠺᠣᠮᠫᠠᠨᠢ 2015 ᠤᠨ ᠤ FCV ᠍ ᠶᠢᠨ ᠣᠯᠠᠨ ᠨᠡᠶᠢᠲᠡ ᠶᠢᠨ ᠵᠠᠷ ᠰᠤᠷᠲᠠᠯᠴᠢᠯᠠᠭ᠎ᠠ ᠶᠢ ᠳᠡᠮᠵᠢᠵᠦ ᠠᠵᠢᠯᠯᠠᠵᠤ ᠪᠠᠶᠢᠨ᠎ᠠ᠃ General Motors ᠬᠡᠯᠡᠬᠦ ᠳᠦ ᠪᠡᠨ《ᠡᠨᠡ ᠲᠦᠯᠡᠰᠢᠨ ᠦ ᠰᠠᠪᠠᠨ ᠳ᠋ᠡᠬᠢ ᠲᠧᠭᠨᠣᠯᠣᠭᠢ ᠪᠣᠯ ᠣᠷᠬᠢᠭᠳᠠᠭᠰᠠᠨ ᠲᠧᠭᠨᠣᠯᠣᠭᠢ ᠪᠢᠰᠢ ᠶᠤᠮ᠂ ᠤᠰᠤᠲᠥᠷᠦᠭᠴᠢ ᠶᠢᠨ ᠮᠠᠰᠢᠨ ᠢ ᠣᠯᠠᠨ ᠨᠡᠶᠢᠲᠡ ᠳᠦ ᠲᠠᠨᠢᠯᠴᠠᠭᠤᠯᠬᠤ ᠲᠥᠯᠥᠪᠯᠡᠭᠡ ᠪᠠᠶᠢᠭ᠎ᠠ ᠪᠠ 2015 ᠤᠨ ᠪᠤᠯᠬᠤ ᠳᠦ GM HydroGen4 ᠍ ᠶᠢ ᠵᠢᠵᠢᠭᠯᠡᠨ ᠬᠤᠳᠠᠯᠳᠤᠭᠠᠨ ᠳᠤ ᠭᠠᠷᠭᠠᠬᠤ ᠪᠠᠷ ᠲᠥᠯᠥᠪᠯᠡᠵᠦ ᠪᠠᠶᠢᠭᠰᠠᠨ ᠪᠠᠶᠢᠨ᠎ᠠ》᠃ GM ᠍ ᠤᠨ ᠭᠣᠤᠯ ᠡᠨᠧᠷᠭᠢ ᠳᠠᠮᠵᠢᠭᠤᠯᠬᠤ ᠢᠨᠵᠧᠨᠧᠷᠢᠭ ᠶᠢᠨ

ᠰᠠᠯᠪᠤᠷᠢ ᠶᠢᠨ ᠭᠦᠢᠴᠡᠳᠭᠡᠬᠦ ᠵᠠᠬᠢᠷᠤᠯ Charles Freese: ᠺᠣᠮᠫᠠᠨᠢ ᠤᠰᠤᠲᠥᠶᠢᠷᠦᠭᠴᠢ ᠲᠦᠯᠡᠰᠢᠨ ᠦ ᠰᠠᠪᠠᠲᠦ ᠪᠣᠯᠤᠨ ᠴᠠᠬᠢᠯᠭᠠᠨ ᠳ᠋ᠢᠶᠠᠨ ᠋ᠤ᠋ᠤᠢ ᠪᠦᠬᠦᠢ ᠮᠠᠰᠢᠨ ᠨᠤᠭᠤᠳ ᠬᠣᠶᠠᠭᠤᠯᠠ ᠬᠦᠯᠡᠮᠵᠢ ᠶᠢᠨ ᠬᠡᠢ ᠪᠠ ᠭᠠᠵᠠᠷ ᠤᠨ ᠲᠣᠰᠤᠨ ᠤ ᠬᠡᠷᠡᠭᠯᠡᠭᠡ ᠶᠢ ᠪᠠᠭᠠᠰᠬᠠᠬᠤ ᠳᠤ ᠴᠢᠬᠤᠯᠠ ᠡᠭᠦᠷᠭᠡ ᠲᠡᠢ ᠭᠡᠳᠡᠭ ᠲᠦ ᠢᠲᠡᠭᠡᠳᠡᠭ᠃
ᠬᠤᠪᠢᠰᠤᠯ!!! ᠵᠧᠨᠧᠷᠠᠯ ᠮᠣᠲ᠋ᠣᠷᠰ ᠺᠣᠮᠫᠠᠨᠢ ᠤᠰᠤᠲᠥᠷᠦᠭᠴᠢ ᠶᠢᠨ ᠲᠦᠯᠡᠰᠢᠨ ᠦ ᠰᠠᠪᠠᠲᠤ ᠮᠠᠰᠢᠨ᠃

2009 ᠤᠨ ᠳᠤ ᠶᠠᠫᠣᠨ ᠳᠤ ᠰᠢᠨ᠎ᠡ ᠲᠦᠯᠡᠰᠢᠨ ᠦ ᠰᠠᠪᠠᠲᠦ ᠮᠠᠰᠢᠨ ᠢᠶᠠᠨ ᠲᠤᠷᠰᠢᠵᠤ ᠡᠬᠢᠯᠡᠭᠰᠡᠨ ᠶᠤᠮ᠃ Daimler ᠲᠦᠯᠡᠰᠢᠨ ᠦ ᠰᠠᠪᠠᠲᠤ ᠮᠠᠰᠢᠨ ᠢᠶᠠᠨ B ᠠᠩᠬᠢᠯᠠᠯ ᠤᠨ ᠦᠵᠡᠰᠬᠦᠯᠡᠩ ᠳᠦ ᠲᠠᠨᠢᠯᠴᠠᠭᠤᠯᠤᠭᠰᠠᠨ ᠶᠤᠮ᠃ 2011 ᠤᠨ ᠳᠤ᠂ Hyundai Blue2 ("Blue Square") ᠨᠡᠷ᠎ᠡ ᠲᠡᠢ ᠲᠦᠯᠡᠰᠢᠨ ᠦ ᠰᠠᠪᠠᠲᠤ ᠴᠠᠬᠢᠯᠭᠠᠨ ᠮᠠᠰᠢᠨ ᠢᠶᠠᠨ ᠲᠠᠨᠢᠯᠴᠠᠭᠤᠯᠤᠭᠰᠠᠨ ᠪᠠ 2014 ᠤᠨ ᠳᠤ ᠬᠤᠳᠠᠯᠳᠤᠭᠠᠨ ᠳᠤ ᠭᠠᠷᠬᠤ ᠪᠣᠯᠤᠮᠵᠢ ᠲᠠᠢ ᠬᠡᠮᠡᠨ ᠮᠡᠳᠡᠭᠳᠡᠭᠰᠡᠨ ᠪᠢᠯᠡ᠃ Honda ᠨᠢ 2009 ᠤᠨ ᠳᠤ ᠲᠦᠯᠡᠰᠢᠨ ᠦ ᠰᠠᠪᠠ ᠶᠢᠨ ᠵᠠᠷᠴᠢᠮ ᠳᠤ ᠰᠠᠭᠤᠷᠢᠯᠠᠭᠰᠠᠨ ᠮᠠᠰᠢᠨ ᠤ ᠦᠢᠯᠡᠳᠪᠦᠷᠢᠯᠡᠯ ᠢ 2020 ᠤᠨ ᠳᠤ ᠡᠬᠢᠯᠡᠭᠦᠯᠦᠨ᠎ᠡ ᠭᠡᠵᠦ ᠮᠡᠳᠡᠭᠳᠡᠭᠰᠡᠨ ᠪᠠ ᠮᠥᠨ ᠡᠨᠡ ᠮᠠᠰᠢᠨ ᠨᠢ ᠳ᠋ᠢᠶᠠᠨ ᠤ᠋ᠤᠢ ᠪᠠᠷ ᠠᠵᠢᠯᠯᠠᠳᠠᠭ ᠪᠣᠯᠤᠨ ᠴᠡᠨᠡᠭᠯᠡᠳᠡᠭ ᠮᠠᠰᠢᠨ ᠠᠴᠠ ᠢᠯᠡᠭᠦᠦ ᠤᠷᠲᠤ ᠬᠤᠭᠤᠴᠠᠭᠠᠨ ᠳᠤ ᠠᠵᠢᠯᠯᠠᠬᠤ ᠴᠢᠳᠠᠪᠤᠷᠢ ᠲᠠᠢ ᠭᠡᠵᠦ ᠮᠡᠳᠡᠭᠳᠡᠭᠰᠡᠨ ᠪᠠᠶᠢᠨ᠎ᠠ᠃ ᠬᠡᠳᠦᠢ ᠲᠡᠶᠢᠮᠦ ᠪᠣᠯᠪᠠᠴᠤ 2010 ᠤᠨ ᠤ 12 ᠳ᠋ᠤᠭᠠᠷ ᠰᠠᠷ᠎ᠠ ᠳᠤ Honda Fit ᠬᠡᠮᠡᠬᠦ ᠴᠠᠬᠢᠯᠭᠠᠨ ᠳ᠋ᠢᠶᠠᠨ ᠤ᠋ᠤᠢ ᠪᠦᠬᠦᠢ ᠮᠠᠰᠢᠨ ᠵᠠᠭᠪᠤᠷ ᠳᠡᠭᠡᠷ᠎ᠡ ᠰᠠᠭᠤᠷᠢᠯᠠᠭᠰᠠᠨ ᠤᠰᠤᠲᠥᠷᠦᠭᠴᠢ ᠶᠢᠨ ᠬᠥᠳᠡᠯᠭᠡᠭᠦᠷ ᠦᠨ ᠡᠯᠧᠮᠧᠨ᠋ᠲ ᠶᠢ ᠠᠰᠢᠭᠯᠠᠭᠰᠠᠨ BEV ᠬᠤᠪᠢᠯᠪᠤᠷᠢ ᠶᠢ ᠲᠠᠨᠢᠯᠴᠠᠭᠤᠯᠤᠭᠰᠠᠨ ᠪᠠᠶᠢᠨ᠎ᠠ᠃ 2013 ᠤᠨ ᠳᠤ Lux Research ᠺᠣᠮᠫᠠᠨᠢ ᠮᠡᠳᠡᠭᠳᠡᠬᠦ ᠳᠦ ᠪᠡᠨ: ᠤᠰᠤᠲᠥᠷᠦᠭᠴᠢ ᠶᠢᠨ ᠡᠺᠣᠯᠤᠬᠢ ᠶᠢᠨ ᠮᠥᠷᠥᠭᠡᠳᠦᠯ᠃ ᠣᠶᠢᠷᠠᠬᠠᠨ ᠪᠢᠰᠢ ᠪᠠᠶᠢᠨ᠎ᠠ᠃ ᠦᠨᠳᠦᠰᠦᠨ ᠵᠠᠷᠤᠳᠠᠯ᠂ ᠤᠰᠤᠲᠥᠷᠦᠭᠴᠢ ᠶᠢᠨ ᠬᠠᠩᠭᠠᠮᠵᠢ ᠪᠠᠶᠢᠬᠤ ᠦᠭᠡᠢ᠂ 2030 ᠤᠨ ᠬᠦᠷᠲᠡᠯ᠎ᠡ 5.9 GW ᠬᠦᠷᠲᠡᠯ᠎ᠡ ᠬᠡᠷᠡᠭᠯᠡᠭᠡᠨ ᠦ ᠬᠢᠵᠠᠭᠠᠷᠯᠠᠯ ᠲᠠᠢ᠂ ᠵᠡᠷᠭᠡ ᠣᠯᠠᠨ ᠠᠰᠠᠭᠤᠳᠠᠯ ᠠᠴᠠ ᠭᠠᠳᠠᠨ᠎ᠠ ᠬᠠᠳᠠᠭᠠᠯᠠᠬᠤ ᠪᠠᠷᠢᠯᠭ᠎ᠠ ᠪᠠᠶᠢᠭᠤᠯᠤᠮᠵᠢ ᠶᠢᠨ ᠠᠰᠠᠭᠤᠳᠠᠯ ᠪᠠᠶᠢᠨ᠎ᠠ᠃ Lux ᠍ ᠦᠨ ᠵᠠᠳᠠᠯᠤᠯᠲᠠ ᠳ᠋ᠦᠩᠨᠡᠯᠲᠡ ᠪᠡᠷ 2030 ᠤᠨ ᠭᠡᠬᠦ ᠳᠦ ᠠᠦ᠋ᠲ᠋ᠣ᠋ ᠮᠠᠰᠢᠨ ᠤ ᠵᠠᠬ᠎ᠠ ᠵᠡᠭᠡᠯᠢ ᠶᠢᠨ PEM ᠲᠣᠭᠲᠠᠮᠠᠯ ᠡᠷᠭᠢᠯᠲᠡ ᠨᠢ 1 ᠲᠡᠷᠪᠤᠮ ᠳ᠋ᠣᠯᠯᠠᠷ ᠬᠦᠷᠬᠦ ᠪᠠ ᠡᠷᠭᠦᠬᠦ ᠮᠠᠰᠢᠨ᠂ ᠲᠣᠨᠣᠭ ᠲᠥᠬᠥᠭᠡᠷᠦᠮᠵᠢ ᠶᠢ ᠲᠣᠭᠠᠴᠠᠪᠠᠯ 2 ᠲᠡᠷᠪᠤᠮ ᠳ᠋ᠣᠯᠯᠠᠷ ᠬᠦᠷᠬᠦ ᠪᠣᠯᠤᠨ᠎ᠠ ᠭᠡᠵᠡᠢ᠃

ᠠᠶᠠᠨᠴᠢᠳ ᠤᠨ ᠮᠠᠰᠢᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠲ᠋ᠣᠷ ᠲᠡᠷᠭᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠲ᠋ᠣᠼᠢᠺᠠᠯ ᠪᠣᠯᠤᠨ ᠤᠨᠠᠳᠠᠭ ᠳᠤᠭᠤᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠷᠠᠺᠲ᠋ᠣᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠢᠰᠬᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠡᠷᠡᠭᠡᠲᠦ ᠠᠴᠢᠶᠠᠨ ᠤ ᠮᠠᠰᠢᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠡᠢᠷᠦᠯᠲᠦ ᠰᠤᠮᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ