ᠤᠰᠤᠨ ᠮᠠᠨᠳᠤᠯ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠤᠰᠤᠨ ᠮᠠᠨᠳᠠᠯ ᠳᠤ ᠡᠵᠡᠯᠡᠬᠦ ᠴᠡᠪᠡᠷ ᠪᠠ ᠳᠠᠪᠤᠰᠤᠲᠤ ᠤᠰᠤᠨ ᠤ ᠬᠠᠷᠢᠴᠠᠭ᠎ᠠ
ᠪᠠᠶᠢᠭᠠᠯᠢ ᠶᠢᠨ ᠤᠰᠤᠨ ᠤ ᠡᠷᠭᠢᠯᠲᠡ

ᠠᠮᠢᠳᠤ ᠪᠡᠶᠡᠰ ᠡᠭᠦᠰᠴᠦ ᠵᠢᠭᠡᠴᠢᠭᠰᠡᠨ ᠠᠩᠬᠠᠨ ᠤ ᠣᠷᠴᠢᠨ ᠪᠠ ᠠᠮᠢᠳᠤᠷᠠᠯ ᠬᠠᠮᠤᠭ ᠤᠨ ᠥᠷᠭᠡᠨ ᠲᠠᠷᠬᠠᠭᠰᠠᠨ ᠮᠠᠨᠳᠤᠯ ᠶᠤᠮ᠃ ᠤᠰᠤᠨ ᠮᠠᠨᠳᠠᠯ ᠳᠤ 200 ᠮ ᠬᠦᠷᠲᠡᠯ᠎ᠡ ᠠᠮᠢᠳᠤ ᠪᠡᠶ᠎ᠡ ᠶᠢᠨ ᠨᠢᠭᠲᠠᠰᠢᠯ ᠪᠠᠭᠠᠰᠠᠨ᠎ᠠ . ᠤᠰᠤᠨ ᠮᠠᠨᠳᠤᠯ ᠤ ᠭᠦᠨ ᠳ᠋ᠡᠬᠢ ᠠᠮᠢᠳᠤ ᠪᠡᠶ᠎ᠡ ᠶᠢᠨ ᠲᠠᠷᠬᠠᠯᠲᠠ ᠶᠢ ᠤᠰᠤᠨ ᠤ ᠳᠠᠷᠤᠯᠲᠠ ᠪᠠ ᠭᠡᠷᠡᠯ ᠳᠤᠯᠠᠭᠠᠨ ᠬᠢᠵᠠᠭᠠᠷᠯᠠᠳᠠᠭ᠃

ᠤᠰᠤᠨ ᠮᠠᠨᠳᠤᠯ ᠪᠤᠶᠤ ᠭᠢᠳ᠋ᠷᠣᠰᠹᠧᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠤᠰᠤᠨ ᠮᠠᠨᠳᠤᠯ ᠪᠣᠯ ᠳᠡᠯᠡᠬᠡᠢ ᠶᠢᠨ ᠤᠰᠤᠨ ᠰᠢᠩᠭᠡᠨ ᠪᠦᠷᠬᠦᠭᠦᠯ ᠶᠤᠮ᠃ ᠤᠰᠤ ᠪᠣᠯ ᠪᠢᠣᠰᠹᠧᠷ ᠤᠨ ᠬᠠᠮᠤᠭ ᠤᠨ ᠴᠢᠬᠤᠯᠠ ᠪᠦᠲᠦᠴᠡ ᠪᠥᠭᠡᠳ ᠠᠮᠢᠳᠤ ᠪᠡᠶ᠎ᠡ ᠮᠠᠬᠠᠪᠣᠳ ᠤᠨ ᠣᠷᠣᠰᠢᠨ ᠲᠣᠭᠲᠠᠨᠢᠬᠤ ᠳᠤ ᠵᠠᠶᠢᠯᠠᠰᠢ ᠦᠭᠡᠢ ᠱᠠᠭᠠᠷᠳᠠᠯᠭ᠎ᠠ ᠲᠠᠢ ᠬᠦᠴᠦᠨ ᠵᠦᠢᠯ ᠦᠨ ᠨᠢᠭᠡ ᠮᠥᠨ᠃ ᠤᠰᠤᠨ ᠮᠠᠨᠳᠤᠯ ᠤᠨ ᠦᠨᠳᠦᠰᠦᠨ ᠬᠡᠰᠡᠭ ᠳᠡᠯᠡᠬᠡᠢ ᠶᠢᠨ ᠪᠥᠮᠪᠥᠷᠴᠡᠭ ᠦᠨ ᠭᠠᠳᠠᠷᠭᠤ ᠶᠢᠨ ᠪᠠᠷᠤᠭ 70% ᠍ ᠶᠢ ᠡᠵᠡᠯᠡᠬᠦ ᠳᠠᠯᠠᠢ ᠳᠤ ᠬᠠᠮᠢᠶᠠᠷᠤᠨ᠎ᠠ᠃ ᠳᠠᠯᠠᠢ ᠶᠢᠨ ᠤᠰᠤᠨ ᠤ ᠶᠡᠷᠦᠩᠬᠡᠢ ᠪᠠᠭᠲᠠᠭᠠᠮᠵᠢ 130 ᠰᠠᠶ᠎ᠠ ᠱᠣᠣ km ᠡᠴᠡ ᠢᠯᠡᠭᠦᠦ ᠪᠠᠶᠢᠳᠠᠭ᠃ ᠤᠰᠤᠨ ᠤ 24 ᠰᠠᠶ᠎ᠠ ᠱᠣᠣ km ᠨᠢ ᠮᠥᠰᠦᠨ ᠳᠦ ᠠᠭᠤᠯᠤᠭᠳᠠᠬᠤ ᠪᠠ ᠡᠭᠦᠨ ᠦ 90% ᠨᠢ ᠠᠨᠲᠷᠠᠺᠲ᠋ᠢᠳ᠋ ᠍ ᠦᠨ ᠮᠥᠰᠦᠨ ᠪᠦᠷᠬᠦᠭᠦᠯ ᠳᠦ ᠨᠣᠭᠳᠠᠨ᠎ᠠ᠃ ᠮᠥᠨ ᠡᠶᠢᠮᠦ ᠬᠡᠮᠵᠢᠶᠡᠨ ᠦ ᠤᠰᠤ ᠭᠠᠵᠠᠷ ᠳᠣᠣᠷ᠎ᠠ ᠪᠠᠶᠢᠳᠠᠭ᠃ ᠨᠠᠭᠤᠷ ᠤᠨ ᠤᠰᠤ ᠪᠠᠷᠤᠭᠴᠠᠭᠠᠯᠠᠪᠠᠯ 0,18 ᠰᠠᠶ᠎ᠠ ᠱᠣᠣ ᠺᠮ᠂ ᠡᠭᠦᠨ ᠦ ᠬᠠᠭᠠᠰ ᠨᠢ ᠳᠠᠪᠤᠰᠤ ᠲᠠᠢ᠂ ᠱᠣᠷᠪᠣᠭ᠂ ᠬᠠᠷᠢᠨ ᠭᠣᠣᠯ ᠤᠨ ᠤᠰᠤ 0,002 ᠰᠠᠶ᠎ᠠ ᠱᠣᠣ km ᠶᠤᠮ᠃ ᠠᠮᠢᠳᠤ ᠪᠡᠶ᠎ᠡ ᠮᠠᠬᠠᠪᠣᠳᠢ ᠳᠠᠬᠢ ᠤᠰᠤᠨ ᠤ ᠬᠡᠮᠵᠢᠶ᠎ᠡ ᠪᠠᠷᠤᠭᠴᠠᠭᠠᠯᠠᠪᠠᠯ 0,001 ᠰᠠᠶ᠎ᠠ ᠱᠣᠣ km ᠬᠦᠷᠡᠨ᠎ᠡ᠃ ᠤᠰᠤᠨ ᠮᠠᠨᠳᠠᠯ ᠪᠤᠶᠤ ᠠᠮᠢᠳᠤᠷᠠᠯ ᠤᠨ ᠠᠩᠬᠠᠳᠠᠭᠴᠢ ᠣᠷᠴᠢᠨ ᠪᠣᠯᠬᠤ ᠤᠰᠤ ᠬᠡᠳᠦ ᠬᠡᠳᠦᠨ ᠥᠪᠡᠷᠮᠢᠴᠡ ᠣᠨᠴᠠᠯᠢᠭ ᠲᠠᠢ᠃ ᠲᠤᠬᠠᠶᠢᠯᠠᠪᠠᠯ: ᠨᠢᠭᠲᠠᠰᠢᠯ᠂ ᠳᠠᠷᠤᠯᠲᠠ ᠶᠡᠬᠡ᠂ ᠬᠦᠴᠢᠯᠲᠥᠷᠦᠭᠴᠢ ᠶᠢᠨ ᠬᠦᠷᠦᠯᠴᠡᠭᠡ ᠬᠠᠷᠢᠴᠠᠩᠭᠤᠢ ᠪᠠᠭ᠎ᠠ᠂ ᠭᠡᠷᠡᠯ ᠦᠨ ᠰᠠᠴᠤᠷᠠᠭ ᠢ ᠰᠠᠶᠢᠨ ᠰᠢᠩᠭᠡᠭᠡᠳᠡᠭ ᠵᠡᠷᠭᠡ ᠰᠢᠨᠵᠢ ᠨᠦᠭᠦᠳ ᠡᠭᠦᠨ ᠳᠦ ᠪᠠᠭᠠᠳᠤᠨ᠎ᠠ᠃ ᠲᠡᠨ ᠤᠷᠤᠰᠬᠠᠯ᠂ ᠳᠠᠪᠤᠰᠤᠵᠢᠯᠲᠠ᠂ ᠵᠢᠵᠢᠭ ᠬᠣᠯᠢᠴᠠ ᠵᠡᠷᠭᠡ ᠪᠡᠷ ᠢᠶᠡᠨ ᠢᠯᠭᠠᠭ᠎ᠠ ᠲᠠᠢ᠃ ᠤᠰᠤᠨ ᠤ ᠢᠷᠤᠭᠠᠷ ᠤᠨ ᠪᠡᠶ᠎ᠡ ᠮᠠᠬᠠᠪᠣᠳᠣᠳ ᠲᠡᠨᠳᠡᠬᠢ ᠬᠥᠷᠥᠰᠥ ᠪᠣᠯᠤᠨ ᠣᠷᠭᠠᠨᠢᠭ ᠪᠣᠳᠠᠰ ᠤᠨ ᠵᠠᠳᠠᠷᠠᠯ᠂ ᠢᠯᠵᠠᠷᠠᠯ ᠴᠢᠬᠤᠯᠠ ᠠᠴᠢ ᠬᠣᠯᠪᠣᠭᠳᠠᠯ ᠲᠠᠢ᠃ ᠡᠶᠢᠮᠦ ᠡᠴᠡ ᠤᠰᠤᠨ ᠤ ᠠᠮᠢᠲᠠᠳ (ᠭᠢᠳ᠋ᠷᠣᠪᠢᠣᠨᠲ ᠤᠳ) ᠥᠪᠡᠷᠮᠢᠴᠡ ᠵᠣᠬᠢᠳᠠᠯᠭᠣᠭ᠎ᠠ ᠲᠠᠢ᠃ ᠤᠰᠤᠨ ᠣᠷᠴᠢᠨ ᠤ ᠦᠨᠳᠦᠰᠦᠨ ᠰᠢᠨᠵᠢ ᠶᠢᠨ ᠨᠢᠭᠡ ᠪᠣᠯ ᠲᠡᠭᠦᠨ ᠦ ᠨᠢᠭᠲᠠᠰᠢᠯ ᠪᠥᠭᠡᠳ ᠲᠡᠷᠡ ᠨᠢ ᠤᠰᠤᠨ ᠤ ᠠᠮᠢᠲᠠᠳ ᠤᠨ ᠬᠥᠳᠡᠯᠦᠨ ᠶᠠᠪᠤᠬᠤ᠂ ᠤᠰᠤᠨ ᠤ ᠶᠠᠩᠵᠤ ᠪᠦᠷᠢ ᠶᠢᠨ ᠭᠦᠨ ᠳ᠋ᠡᠬᠢ ᠳᠠᠷᠤᠯᠲᠠ ᠶᠢᠨ ᠲᠣᠳᠣᠷᠬᠠᠶᠢᠯᠠᠬᠤ ᠬᠦᠴᠦᠨ ᠵᠦᠢᠯ ᠮᠥᠨ᠃ ᠨᠡᠷᠡᠮᠡᠯ ᠤᠰᠤᠨ ᠳᠤ +4 ᠰ ᠪᠠᠶᠢᠬᠤ ᠳᠤ ᠨᠢᠭᠲᠠᠰᠢᠯ 1 ᠭᠷᠠᠮᠠᠮ/ᠰᠮ 3 ᠍ ᠲᠡᠢ ᠲᠡᠩᠴᠡᠭᠦᠦ ᠪᠠᠶᠢᠳᠠᠭ᠃ ᠠᠭᠤᠰᠤᠭᠰᠠᠨ ᠳᠠᠪᠤᠰᠤ ᠪᠦᠬᠦᠢ ᠪᠠᠶᠢᠭᠠᠯᠢ ᠶᠢᠨ ᠤᠰᠤᠨ ᠤ ᠨᠢᠭᠲᠠᠰᠢᠯ 1,35 ᠭᠷᠠᠮᠠᠮ/ᠰᠮ 3 ᠪᠤᠶᠤ ᠲᠡᠭᠦᠨ ᠡᠴᠡ ᠶᠡᠬᠡ ᠴᠤ ᠪᠠᠶᠢᠵᠤ ᠪᠣᠯᠤᠨ᠎ᠠ᠃ ᠤᠰᠤᠨ ᠤ ᠳᠠᠷᠤᠯᠲᠠ ᠪᠠᠷᠤᠭᠴᠠᠭᠠᠯᠠᠪᠠᠯ 10 ᠮ ᠲᠤᠲᠤᠮ ᠳᠤ 1 ᠠᠲᠮᠣᠰᠹᠧᠷ ᠢᠶᠡᠷ ᠨᠡᠮᠡᠭᠳᠡᠨ᠎ᠡ᠃ ᠡᠶᠢᠨᠬᠦᠦ ᠤᠰᠤᠨ ᠳᠤ ᠳᠠᠷᠤᠯᠲᠠ ᠣᠭᠴᠣᠮ ᠬᠡᠯᠪᠡᠯᠵᠡᠳᠡᠭ ᠲᠡᠢ ᠬᠣᠯᠪᠣᠭᠳᠠᠭᠤᠯᠤᠨ ᠭᠢᠳ᠋ᠷᠣᠪᠢᠣᠨᠲ ᠤᠳ ᠬᠠᠭᠤᠷᠠᠢ ᠭᠠᠵᠠᠷ ᠤᠨ ᠠᠮᠢᠲᠠᠳ ᠢ ᠪᠣᠳᠣᠪᠠᠯ ᠳᠠᠷᠤᠯᠲᠠ ᠶᠢ ᠢᠯᠡᠭᠦᠦ ᠲᠡᠰᠪᠦᠷᠢᠯᠡᠵᠦ ᠴᠢᠳᠠᠳᠠᠭ᠃ ᠵᠢᠱᠢᠶ᠎ᠡ ᠨᠢ: ᠣᠯᠠᠩᠬᠢ ᠵᠢᠭᠠᠰᠤ᠂ ᠲᠣᠯᠣᠭᠠᠢ ᠬᠥᠯ ᠳᠦ ᠵᠥᠭᠡᠯᠡᠨ ᠪᠡᠶᠡᠲᠡᠨ᠂ ᠬᠠᠪᠴᠢ ᠬᠡᠯᠪᠡᠷᠢᠲᠡᠨ᠂ ᠫᠣᠭᠣᠨᠣᠹᠣᠷ᠂ ᠳᠠᠯᠠᠢ ᠶᠢᠨ ᠣᠳᠣ ᠵᠡᠷᠭᠡ ᠨᠢ 400-500 ᠠᠲᠮᠣᠰᠹᠧᠷ ᠳᠠᠷᠤᠯᠲᠠ ᠲᠠᠢ ᠭᠦᠨᠳᠡ ᠠᠮᠢᠳᠤᠷᠠᠵᠤ ᠴᠢᠳᠠᠨ᠎ᠠ᠃ ᠭᠡᠪᠡᠴᠦ ᠳᠠᠯᠠᠢ ᠲᠡᠩᠭᠢᠰ ᠦᠨ ᠣᠯᠠᠨ ᠲᠣᠭᠠᠨ ᠤ ᠠᠮᠢᠲᠠᠳ ᠲᠤ ᠳᠠᠷᠤᠯᠲᠠ ᠪᠠᠭ᠎ᠠ ᠥᠭᠡᠷᠡᠴᠢᠯᠡᠭᠳᠡᠬᠦ ᠲᠣᠭᠲᠠᠮᠠᠯ ᠣᠷᠴᠢᠨ ᠳᠤ ᠠᠮᠢᠳᠤᠷᠠᠬᠤ ᠳᠤ ᠢᠯᠡᠭᠦᠦ ᠵᠣᠬᠢᠴᠠᠳᠠᠭ᠃ ᠤᠰᠤᠨ ᠤ ᠠᠮᠢᠳᠤ ᠪᠡᠶ᠎ᠡ ᠮᠠᠬᠠᠪᠣᠳ ᠤᠨ ᠲᠤᠯᠭᠠᠭᠤᠷᠯᠠᠬᠤ ᠭᠣᠣᠯ ᠨᠥᠬᠥᠴᠡᠯ ᠢ ᠳᠠᠷᠤᠯᠲᠠ ᠬᠠᠩᠭᠠᠵᠤ ᠥᠭᠳᠡᠭ᠃ ᠡᠨᠡ ᠨᠢ ᠢᠯᠠᠩᠭᠤᠶ᠎ᠠ ᠬᠡᠯᠬᠢᠶ᠎ᠡ ᠶᠠᠰᠤᠨ ᠤ ᠬᠥᠭᠵᠢᠯ ᠢᠶᠡᠷ ᠳᠣᠷᠣᠢ ᠪᠡᠶ᠎ᠡ ᠳᠦ ᠪᠦᠷ ᠴᠤ ᠴᠢᠬᠤᠯᠠ᠃ ᠤᠰᠤᠨ ᠳᠤ ᠬᠥᠪᠪᠦᠮᠡᠯ ᠠᠮᠢᠳᠤᠷᠠᠯ ᠲᠠᠢ ᠪᠡᠶ᠎ᠡ ᠮᠠᠬᠠᠪᠣᠳ ᠤᠳ ᠢ ᠡᠺᠣᠯᠣᠭ ᠤᠨ ᠨᠢᠭᠡᠨ ᠥᠪᠡᠷᠮᠢᠴᠡ ᠪᠦᠯᠦᠭ ᠪᠣᠯᠭᠠᠵᠤ ПЛАНКТОН ᠭᠡᠵᠦ ᠨᠡᠷᠡᠯᠡᠳᠡᠭ᠃ ᠫᠯᠠᠨᠺᠲ᠋ᠣᠨ ᠪᠡᠶ᠎ᠡ ᠮᠠᠬᠠᠪᠣᠳᠣᠳ ᠬᠥᠪᠦᠬᠦ ᠴᠢᠳᠠᠪᠤᠷᠢ ᠪᠠᠨ ᠨᠡᠮᠡᠭᠳᠡᠭᠦᠯᠬᠦ ᠣᠯᠠᠨ ᠵᠣᠬᠢᠳᠠᠯᠭ᠎ᠠ ᠪᠤᠢ ᠪᠣᠯᠵᠠᠢ᠃ ᠲᠤᠠᠶᠢᠯᠠᠪᠠᠯ: ᠪᠡᠶ᠎ᠡ ᠶᠢᠨ ᠭᠠᠳᠠᠷᠭᠤ ᠶᠢ ᠶᠡᠬᠡᠰᠬᠡᠬᠦ᠂ ᠬᠠᠪᠲᠠᠭᠠᠶᠢᠷᠠᠬᠤ᠂ ᠤᠷᠲᠤᠰᠬᠤ᠂ ᠨᠡᠮᠡᠯᠲᠡ ᠣᠯᠠᠨ ᠲᠣᠭᠠᠨ ᠤ ᠤᠨᠴᠠᠯᠭ᠎ᠠ ᠰᠡᠷᠲᠡᠩ ᠪᠤᠢ ᠪᠣᠯᠬᠤ᠂ ᠪᠡᠶ᠎ᠡ ᠶᠢᠨ ᠬᠡᠮᠵᠢᠶ᠎ᠡ ᠪᠠᠭᠠᠰᠬᠤ᠂ ᠬᠡᠯᠬᠢᠶ᠎ᠡ ᠶᠠᠰᠤ ᠠᠯᠠᠭ᠎ᠠ ᠪᠣᠯᠬᠤ᠂ ᠪᠡᠶ᠎ᠡ ᠳᠦ ᠬᠤᠨ ᠪᠥᠮᠪᠥᠯᠢᠭ᠂ ᠥᠭᠡᠬᠦ ᠲᠣᠰ ᠬᠤᠷᠠᠮᠲᠤᠯᠠᠭᠤᠯᠬᠤ ᠭᠡᠬᠦ ᠮᠡᠲᠦ᠃ ᠨᠢᠭᠡ ᠡᠰ ᠲᠦ ᠹᠢᠲ᠋ᠣᠫᠯᠠᠨ᠋ᠺᠲ᠋ᠣᠨ ᠶᠡᠬᠡᠪᠴᠢᠯᠡᠨ ᠤᠷᠤᠰᠠᠬᠠᠯ ᠶᠢᠡᠷ ᠢᠳᠡᠪᠬᠢ ᠭᠦᠢ ᠬᠥᠪᠥᠬᠦ ᠪᠠ ᠬᠠᠷᠢᠨ ᠵᠣᠹᠢᠯᠠᠩᠺᠲ ᠤᠳ ᠪᠣᠯ ᠶᠡᠬᠡᠩᠬᠢ ᠳᠦ ᠪᠡᠨ ᠢᠳᠡᠪᠬᠢ ᠲᠡᠢ ᠰᠡᠯᠡᠵᠦ ᠬᠥᠪᠥᠨ᠎ᠡ᠃ ᠫᠯᠠᠨᠺᠲ᠋ᠣᠨ ᠪᠡᠶ᠎ᠡ ᠮᠠᠬᠠᠪᠣᠳ ᠤᠳ ᠤᠨ ᠥᠪᠡᠷᠮᠢᠴᠡ ᠡᠺᠣᠯᠣᠭ ᠤᠨ ᠪᠦᠯᠦᠭ ᠪᠣᠯ НЕЙСТОН ᠠᠮᠢᠲᠠᠳ ᠶᠤᠮ᠃ ᠡᠳᠡᠭᠡᠷ ᠨᠢ ᠤᠰᠤ᠂ ᠠᠭᠠᠷ ᠤᠨ ᠣᠷᠴᠢᠨ ᠤ ᠵᠠᠭᠠᠭ ᠳᠡᠭᠡᠷ᠎ᠡ ᠤᠷᠤᠰᠢᠬᠤ ᠪᠦᠯᠦᠭ ᠠᠮᠢᠲᠠᠳ ᠶᠤᠮ᠃ ᠤᠰᠤᠨ ᠤ ᠨᠢᠭᠲᠠᠰᠢᠯ ᠵᠠᠭᠤᠷᠠᠯᠳᠤᠩᠭᠢ ᠠᠮᠢᠲᠠᠳ ᠤᠨ ᠢᠳᠡᠪᠬᠢ ᠲᠡᠢ ᠰᠡᠯᠢᠬᠦ ᠳᠦ ᠨᠥᠯᠦᠭᠡᠯᠡᠨ᠎ᠡ᠃ ᠤᠷᠤᠰᠬᠠᠯ ᠤᠨ ᠬᠦᠴᠦ᠂ ᠡᠰᠡᠷᠭᠦᠴᠡᠯ ᠢ ᠳᠠᠪᠠᠨ ᠲᠤᠭᠤᠯᠵᠤ ᠴᠢᠯᠦᠭᠡᠲᠡᠢ ᠰᠡᠯᠢᠵᠦ ᠴᠢᠳᠠᠳᠠᠭ ᠠᠮᠢᠲᠠᠳ ᠤᠨ ᠪᠦᠯᠦᠭ ᠢ НЕКТОН ᠠᠮᠢᠲᠠᠳ ᠭᠡᠵᠦ ᠨᠡᠷᠡᠯᠡᠨ᠎ᠡ᠃ ᠡᠭᠦᠨ ᠳᠦ: ᠳᠠᠯᠠᠢ ᠶᠢᠨ ᠭᠠᠬᠠᠢ᠂ ᠬᠠᠯᠢᠮᠤ ᠵᠢᠭᠠᠰᠤ᠂ ᠺᠠᠯᠢᠮᠠᠷ ᠤᠳ ᠣᠷᠣᠨ᠎ᠠ᠃ ᠢᠢ ᠠᠮᠢᠲᠠᠳ ᠤᠨ ᠪᠦᠶ᠎ᠡ ᠱᠤᠪᠲᠤᠩ ᠬᠡᠯᠡᠪ ᠲᠡᠢ᠂ ᠪᠤᠯᠴᠢᠩ᠂ ᠬᠥᠳᠡᠯᠭᠡᠭᠡᠨ ᠦ ᠡᠷᠬᠡᠲᠡᠨ ᠰᠠᠶᠢᠵᠤ ᠬᠥᠭᠵᠢᠭᠰᠡᠨ ᠪᠠᠶᠢᠳᠠᠭ᠃ ᠤᠰᠤᠨ ᠣᠷᠴᠢᠨ ᠤ ᠭᠣᠣᠯ ᠣᠨᠴᠠᠯᠢᠭ ᠤᠨ ᠨᠢᠭᠡ ᠨᠢ ᠬᠦᠴᠢᠯᠲᠥᠷᠦᠭᠴᠢ ᠶᠢᠨ ᠭᠣᠷᠢᠮ ᠶᠤᠮ᠃ ᠬᠦᠴᠢᠯᠲᠥᠷᠦᠭᠴᠢ ᠶᠢᠨ ᠤᠰᠤᠨ ᠳᠤ ᠨᠡᠪᠴᠢᠬᠦ ᠺᠣᠧᠹᠹᠢᠽᠢᠶᠠᠨᠲ ᠠᠭᠠᠷ ᠤᠨ ᠬᠢ ᠠᠴᠠ ᠪᠠᠷᠢᠴᠠᠭᠠᠯᠠᠪᠠᠯ ᠪᠠᠷᠤᠭ 320 ᠳᠠᠬᠢᠨ ᠪᠠᠭ᠎ᠠ᠃ 1 ᠯᠠ ᠤᠰᠤᠨ ᠳᠤ 10 ᠮᠯ ᠡᠴᠡ ᠬᠡᠲᠦᠷᠬᠦ ᠦᠭᠡᠢ ᠬᠡᠮᠵᠢᠶᠡᠨ ᠦ ᠬᠦᠴᠢᠯᠲᠥᠷᠦᠭᠴᠢ ᠠᠭᠤᠯᠤᠭᠳᠠᠨ᠎ᠠ᠃ ᠡᠨᠡ ᠨᠢ ᠠᠭᠠᠷ ᠮᠠᠨᠳᠠᠯ ᠳᠤ ᠪᠠᠶᠢᠭᠠᠰ ᠠᠴᠠ 21 ᠳᠠᠬᠢᠨ ᠪᠠᠭ᠎ᠠ ᠶᠤᠮ᠃ ᠡᠶᠢᠮᠦ ᠡᠴᠡ ᠤᠰᠤᠨ ᠤ ᠠᠮᠢᠲᠠᠳ ᠤᠨ ᠠᠮᠢᠰᠬᠤᠯᠠᠬᠤ ᠫᠷᠣᠼᠧᠰ ᠨᠡᠯᠢᠶᠡᠳᠦᠲᠥᠪᠡᠭ ᠲᠡᠢ᠃ ᠤᠰᠤᠨ ᠳᠤ ᠬᠦᠴᠢᠯᠲᠥᠷᠦᠭᠴᠢ ᠦᠨᠳᠦᠰᠦᠨ ᠳᠦ ᠪᠡᠨ ᠤᠰᠤᠨ ᠤ ᠤᠷᠭᠤᠮᠠᠯ᠂ ᠨᠣᠭᠣᠭᠠᠨ ᠵᠠᠮᠠᠭ ᠤᠨ ᠹᠣᠲ᠋ᠣᠰᠢᠨᠲ᠋ᠧᠽᠢ ᠶᠢᠨ ᠶᠠᠪᠤᠴᠠ ᠪᠠ ᠠᠭᠠᠷ ᠠᠴᠠ ᠤᠰᠤᠨ ᠳᠤ ᠨᠡᠪᠴᠢᠬᠦ ᠵᠠᠮ ᠢᠶᠠᠷ ᠰᠢᠩᠭᠡᠨ᠎ᠡ᠃ ᠡᠶᠢᠮᠦ ᠡᠴᠡ ᠤᠰᠤᠨ ᠤ ᠭᠠᠳᠠᠷᠭᠤ ᠶᠢᠨ ᠥᠩᠭᠡᠨ ᠬᠡᠰᠡᠭ ᠲᠦ ᠳᠣ᠋ ᠍ ᠳᠤ ᠭᠦᠨ ᠳᠠᠪᠬᠤᠷᠠᠨ᠎ᠠ ᠠᠴᠠ ᠢᠯᠡᠭᠦᠦ ᠶᠡᠬᠡ ᠬᠦᠴᠢᠯᠲᠥᠷᠦᠭᠴᠢ ᠪᠠᠶᠢᠳᠠᠭ᠃ ᠤᠰᠤᠨ ᠤ ᠳᠠᠪᠤᠰᠤᠵᠢᠯᠲᠠ᠂ ᠲᠣᠯᠠᠭᠠᠨ ᠤ ᠬᠡᠮᠵᠢᠶ᠎ᠡ ᠶᠡᠬᠡᠰᠬᠦ ᠳᠤ ᠲᠡᠭᠦᠨ ᠳᠦ ᠪᠠᠶᠢᠬᠤ ᠬᠦᠴᠢᠯᠲᠥᠷᠦᠭᠴᠢ ᠶᠢᠨ ᠬᠡᠮᠵᠢᠶ᠎ᠡ ᠪᠠᠭᠠᠰᠠᠨ᠎ᠠ᠃ ᠪᠠᠺᠲ᠋ᠧᠷᠢ᠂ ᠠᠮᠢᠲᠠᠳ ᠣᠯᠠᠨ ᠢᠶᠠᠷ ᠢᠶᠠᠨ ᠪᠥᠭᠡᠭᠡᠨᠡᠷᠡᠭᠰᠡᠨ ᠦᠶ᠎ᠡ ᠳᠦ ᠤᠰᠤᠨ ᠤ ᠬᠦᠴᠢᠯᠲᠥᠷᠦᠭᠴᠢ ᠶᠢᠨ ᠶᠡᠬᠡ ᠠᠰᠢᠭᠯᠠᠭᠰᠠᠨ ᠠᠴᠠ ᠳᠤᠲᠠᠭᠳᠠᠯ ᠪᠤᠢ ᠪᠣᠯᠤᠨ᠎ᠠ᠃ ᠲᠤᠬᠠᠶᠢᠯᠠᠪᠠᠯ: ᠤᠰᠤᠨ ᠤ ᠭᠠᠳᠠᠷᠭᠤ ᠮᠥᠰᠥ ᠪᠡᠷ ᠬᠤᠴᠢᠭᠳᠠᠬᠤ᠂ ᠭᠠᠳᠠᠷᠭᠤ ᠶᠢᠨ ᠲᠣᠯᠠᠭᠠᠨ ᠤ ᠬᠡᠮᠵᠢᠶ᠎ᠡ ᠶᠡᠬᠡᠰᠦᠭᠰᠡᠨ ᠢᠶᠡᠷ ᠬᠦᠴᠢᠯᠲᠥᠷᠦᠭᠴᠢ ᠶᠢᠨ ᠠᠭᠤᠰᠬᠤ ᠴᠢᠨᠠᠷ ᠪᠠᠭᠠᠰᠬᠤ᠂ ᠢᠷᠤᠭᠠᠷ ᠤᠨ ᠣᠷᠭᠠᠨᠢᠭ ᠨᠢᠭᠡᠳᠦᠯ ᠦᠳ ᠦᠨ ᠢᠯᠵᠠᠷᠠᠯ ᠡᠷᠴᠢᠮᠵᠢᠬᠦ ᠦᠶ᠎ᠡ ᠳᠦ ᠲᠣᠳᠣ ᠠᠵᠢᠭᠡᠯᠡᠭᠳᠠᠨ᠎ᠠ᠃ ᠤᠰᠤᠨ ᠳᠤ ᠶᠠᠩᠵᠤ ᠪᠦᠷᠢ ᠶᠢᠨ ᠡᠷᠦᠳᠡᠰᠦ ᠳᠠᠪᠤᠰᠤ᠂ ᠪᠣᠳᠠᠰ ᠠᠭᠤᠰᠳᠠᠭ ᠨᠢ ᠲᠣᠳᠣᠷᠬᠠᠢ᠃ ᠡᠶᠢᠮᠦ ᠡᠴᠡ ᠭᠢᠳ᠋ᠷᠣᠪᠢᠣᠨᠲ ᠤᠳ ᠤᠨ ᠠᠮᠢᠳᠤᠷᠠᠯ ᠳᠤ ᠳᠠᠪᠤᠰᠤᠨ ᠤ ᠭᠣᠷᠢᠮ ᠴᠢᠬᠤᠯᠠ ᠨᠥᠯᠥᠭᠡ ᠲᠡᠢ ᠪᠥᠭᠡᠳ ᠲᠡᠳᠡᠭᠡᠷ ᠨᠢ ᠪᠡᠶᠡᠩ ᠳᠦ ᠪᠠᠶᠢᠬᠤ ᠳᠠᠪᠤᠰᠤᠨ ᠤ ᠬᠡᠮᠵᠢᠶ᠎ᠡ᠂ ᠲᠡᠩᠴᠡᠪᠦᠷᠢ ᠶᠢ ᠲᠣᠭᠲᠠᠮᠠᠯ ᠪᠠᠶᠢᠯᠭᠠᠬᠤ ᠵᠣᠬᠢᠳᠠᠯᠠᠭ᠎ᠠ ᠲᠠᠢ᠃ ᠬᠡᠷᠪᠡ ᠬᠠᠭᠤᠷᠠᠢ ᠭᠠᠵᠠᠷ᠂ ᠠᠭᠠᠷ ᠤᠨ ᠠᠮᠢᠲᠠᠳ ᠲᠤ ᠤᠰᠤ ᠳᠤᠲᠠᠭᠳᠠᠬᠤ ᠦᠶ᠎ᠡ ᠳᠦ ᠲᠡᠭᠦᠨ ᠢ ᠤᠰᠤ ᠪᠠᠷ ᠬᠠᠩᠭᠠᠬᠤ ᠶᠠᠪᠤᠳᠠᠯ ᠬᠠᠮᠤᠭ ᠤᠨ ᠴᠢᠬᠤᠯᠠ ᠪᠣᠯᠳᠠᠭ ᠪᠣᠯ ᠭᠢᠳ᠋ᠷᠣᠪᠢᠣᠨᠲ ᠤᠳ ᠲᠤ ᠪᠡᠶ᠎ᠡ ᠳ᠋ᠡᠬᠢ ᠤᠰᠤᠨ ᠤ ᠬᠡᠮᠵᠢᠶ᠎ᠡ ᠶᠢ ᠲᠣᠭᠲᠠᠪᠤᠷᠢᠲᠠᠢ ᠪᠠᠶᠢᠯᠭᠠᠬᠤ᠂ ᠢᠯᠡᠭᠦᠳᠡᠯ ᠤᠰᠤ ᠶᠢ ᠪᠡᠶᠡᠰ ᠪᠠᠶᠢᠩᠭᠤ ᠵᠠᠶᠢᠯᠠᠭᠤᠯᠬᠤ ᠶᠠᠪᠤᠳᠠᠯ ᠲᠡᠭᠦᠨ ᠡᠴᠡ ᠴᠤ ᠴᠢᠬᠤᠯᠠ᠃ ᠭᠢᠳ᠋ᠷᠣᠪᠢᠣᠨᠲ ᠤᠳ ᠤᠨ ᠪᠡᠶ᠎ᠡ ᠶᠢᠨ ᠡᠰ ᠳ᠋ᠡᠬᠢ ᠤᠰᠤᠨ ᠤ ᠬᠡᠮᠵᠢᠶ᠎ᠡ ᠢᠯᠡᠭᠦᠳᠡᠪᠡᠯ ᠣᠰᠮᠠᠰ ᠳᠠᠷᠤᠯᠲᠠ ᠥᠭᠡᠷᠡᠴᠢᠯᠡᠭᠳᠡᠵᠦ᠂ ᠠᠮᠢᠳᠤᠷᠠᠯ᠂ ᠦᠢᠯᠡ ᠠᠵᠢᠯᠯᠠᠭᠠᠨ ᠤ ᠭᠣᠷᠢᠮ ᠠᠯᠳᠠᠭᠳᠠᠬᠤ ᠳᠤ ᠬᠦᠷᠡᠳᠡᠭ᠃ ᠭᠢᠳ᠋ᠷᠣᠪᠢᠣᠨᠲ ᠤᠳ ᠤᠨ ᠣᠰᠮᠠᠰ ᠳᠠᠷᠤᠯᠲᠠ ᠬᠦᠷᠢᠶᠡᠯᠡᠩ ᠪᠤᠢ ᠣᠷᠴᠢᠨ ᠤ ᠳᠠᠪᠤᠰᠤᠵᠢᠯᠲᠠ ᠠᠴᠠ ᠶᠡᠬᠡᠬᠡᠨ ᠬᠠᠮᠢᠶᠠᠷᠤᠨ᠎ᠠ᠃ ᠡᠶᠢᠮᠦ ᠡᠴᠡ ᠫᠣᠢᠺᠢᠯᠠᠭᠠᠰᠤᠮᠣᠰ ᠪᠡᠶ᠎ᠡ ᠮᠠᠬᠠᠪᠣᠳᠢ ᠨᠤᠭᠤᠳ ᠥᠪᠡᠷ ᠦᠨ ᠡᠷᠦᠳᠡᠰᠦ ᠳᠠᠪᠤᠰᠤᠨ ᠤ ᠰᠣᠯᠢᠯᠴᠠᠭ᠎ᠠ᠂ ᠲᠡᠩᠴᠡᠪᠦᠷᠢ ᠶᠢ ᠲᠣᠭᠲᠠᠮᠠᠯ ᠪᠠᠶᠢᠯᠭᠠᠬᠤ ᠭᠣᠣᠯ ᠠᠷᠭ᠎ᠠ ᠨᠢ ᠲᠣᠬᠢᠷᠠᠮᠵᠢ ᠦᠭᠡᠢ ᠳᠠᠪᠤᠰᠤᠵᠢᠯᠲᠠ ᠪᠦᠬᠦᠢ ᠣᠷᠴᠢᠨ ᠠᠴᠠ ᠵᠠᠶᠢᠯᠠᠵᠤ ᠬᠣᠯᠠᠳᠬᠤ᠂ ᠰᠢᠯᠵᠢᠬᠦ ᠶᠠᠪᠤᠳᠠᠯ ᠶᠤᠮ᠃ ᠬᠠᠷᠢᠨ ᠤᠰᠤᠨ ᠤ ᠰᠡᠭᠡᠷ ᠨᠢᠷᠤᠭᠤᠲᠠᠨ ᠠᠮᠢᠲᠠᠳ᠂ ᠳᠡᠭᠡᠳᠦ ᠬᠠᠪᠴᠢ᠂ ᠲᠡᠳᠡᠭᠡᠷ ᠦᠨ ᠠᠪᠠᠭᠠᠯᠳᠠᠢ ᠵᠡᠷᠭᠡ ᠨᠢ ᠤᠰᠤᠨ ᠣᠷᠴᠢᠨ ᠤ ᠳᠠᠪᠤᠰᠤᠨ ᠤ ᠠᠭ᠎ᠠ ᠠᠴᠠ ᠦᠯᠦ ᠬᠠᠮᠢᠶᠠᠷᠤᠨ ᠪᠡᠶ᠎ᠡ ᠳ᠋ᠡᠬᠢ ᠣᠰᠮᠠᠰ ᠳᠠᠷᠤᠯᠲᠠ ᠪᠠᠨ ᠲᠣᠭᠲᠠᠪᠤᠷᠢᠲᠠᠢ ᠪᠠᠶᠢᠯᠭᠠᠬᠤ ᠴᠢᠳᠠᠪᠤᠷᠢ ᠲᠠᠢ᠃ ᠢᠢᠮ ᠭᠢᠳ᠋ᠷᠣᠪᠢᠣᠨᠲ ᠤᠳ ᠢ ГОМОЙООСМОС ᠠᠮᠢᠲᠠᠳ ᠭᠡᠨ᠎ᠡ᠃ ᠴᠡᠩᠭᠡᠭ ᠤᠰᠤᠨ ᠤ ᠭᠢᠳ᠋ᠷᠣᠪᠢᠣᠨᠲ ᠤᠳ ᠤᠨ ᠪᠡᠶ᠎ᠡ ᠶᠢᠨ ᠰᠢᠭᠦᠰᠦ ᠬᠦᠷᠢᠶᠡᠯᠡᠨ ᠪᠤᠢ ᠤᠰᠤᠨ ᠤ ᠬᠢ ᠲᠠᠢ ᠬᠠᠷᠢᠴᠠᠭᠤᠯᠬᠤ ᠳᠤ ᠭᠢᠫᠧᠷᠲ᠋ᠣᠨᠢᠺ ᠪᠤᠶᠤ ᠶᠡᠬᠡ ᠪᠠᠶᠢᠳᠠᠭ᠃ ᠡᠶᠢᠮᠦ ᠡᠴᠡ ᠪᠡᠶ᠎ᠡ ᠳᠦ ᠣᠷᠣᠵᠤ ᠪᠤᠢ ᠤᠰᠤᠨ ᠤ ᠬᠡᠮᠵᠢᠶ᠎ᠡ ᠶᠢ ᠪᠠᠶᠢᠭᠠᠰᠭᠠᠬᠤ᠂ ᠡᠰᠡᠪᠡᠯ ᠢᠯᠡᠭᠦᠳᠡᠯ ᠤᠰᠤ ᠶᠢ ᠵᠠᠶᠢᠯᠠᠭᠤᠯᠬᠤ ᠡᠭᠦᠷᠭᠡ ᠶᠢ ᠪᠦᠳᠦᠭᠦᠯᠢᠭ ᠪᠡᠶ᠎ᠡ ᠳᠦ ᠠᠮᠢᠲᠠᠳ ᠲᠤ ᠸᠠᠺᠠᠯ ᠤᠳ᠂ ᠣᠯᠠᠨ ᠡᠰᠲᠦ ᠠᠮᠢᠲᠠᠳ ᠲᠤ ᠲᠤᠰᠬᠠᠢ ᠢᠯᠭᠠᠷᠠᠭᠤᠯᠬᠤ ᠡᠷᠬᠡᠲᠡᠨ ᠦ ᠲᠣᠭᠲᠠᠯᠴᠠᠭ᠎ᠠ ᠭᠦᠢᠴᠡᠳᠭᠡᠳᠡᠭ᠃ ᠬᠡᠷᠪᠡ ᠪᠡᠶ᠎ᠡ ᠶᠢᠨ ᠰᠢᠩᠭᠡᠨ ᠲᠡᠢ ᠬᠠᠷᠢᠴᠠᠭᠤᠯᠬᠤ ᠳᠤ ᠤᠰᠤᠨ ᠣᠷᠴᠢᠨ ᠭᠢᠫᠧᠷᠲ᠋ᠣᠨᠢᠺ ᠪᠠᠶᠢᠪᠠᠯ ᠣᠰᠮᠠᠰ ᠳᠠᠷᠤᠯᠲᠠ ᠠᠯᠳᠠᠭᠳᠠᠵᠤ ᠪᠡᠶ᠎ᠡ ᠤᠰᠤᠭᠦᠶᠢᠵᠢᠨ ᠬᠠᠭᠤᠷᠠᠶᠢᠰᠢᠬᠤ ᠳᠤ ᠬᠦᠷᠡᠨ᠎ᠡ᠃ ᠢᠩᠭᠢᠵᠦ ᠬᠠᠭᠤᠷᠠᠶᠢᠰᠢᠬᠤ ᠠᠴᠠ ᠬᠠᠮᠠᠭᠠᠯᠠᠬᠤ ᠶᠢᠨ ᠲᠤᠯᠠᠳᠠ ᠭᠢᠳ᠋ᠷᠣᠪᠢᠣᠨᠲ ᠤᠳ ᠪᠡᠶ᠎ᠡ ᠳ᠋ᠡᠬᠢ ᠳᠠᠪᠠᠭᠰᠠᠨ ᠤ ᠪᠠᠨ ᠠᠭᠠᠭ ᠢ ᠶᠡᠬᠡᠰᠬᠡᠬᠦ ᠵᠣᠬᠢᠳᠠᠯᠠᠭ᠎ᠠ ᠲᠠᠢ ᠪᠣᠯᠵᠠᠢ᠃ ᠬᠠᠷᠢᠨ ᠬᠥᠬᠦᠲᠡᠨ ᠠᠮᠢᠲᠠᠨ᠂ ᠵᠢᠭᠠᠰᠤ᠂ ᠳᠡᠭᠡᠳᠦ ᠬᠠᠪᠴᠢ᠂ ᠤᠰᠤᠨ ᠤ ᠰᠢᠪᠠᠵᠢ᠂ ᠲᠡᠳᠡᠭᠡᠷ ᠦᠨ ᠠᠪᠠᠭᠠᠯᠳᠠᠢ ᠵᠡᠷᠭᠡ ᠳᠦ ᠤᠰᠤ ᠦᠯᠦ ᠨᠡᠪᠲᠡᠷᠡᠭᠦᠯᠬᠦ ᠪᠦᠷᠬᠦᠭᠦᠯ ᠨᠢ ᠤᠰᠤᠭᠦᠶᠢᠵᠢᠵᠦ ᠬᠠᠭᠤᠷᠠᠶᠢᠰᠢᠬᠤ ᠠᠴᠠ ᠬᠠᠮᠠᠭᠠᠯᠠᠨ᠎ᠠ᠃ ᠤᠰᠤᠨ ᠣᠷᠴᠢᠨ ᠤ ᠥᠭᠡᠷ᠎ᠡ ᠨᠢᠭᠡ ᠣᠨᠴᠠᠯᠢᠭ ᠪᠣᠯ ᠲᠧᠮᠫᠷᠠᠲ᠋ᠦ᠋ᠷ ᠤᠨ ᠭᠣᠷᠢᠮ ᠶᠤᠮ᠃ ᠤᠰᠤᠨ ᠤᠷᠴᠢᠨ ᠳᠤ ᠲᠧᠮᠫᠷᠠᠲ᠋ᠦ᠋ᠷ ᠤᠨ ᠭᠣᠷᠢᠮ ᠠᠭᠠᠷ᠂ ᠬᠠᠭᠤᠷᠠᠢ ᠭᠠᠵᠠᠷ ᠤᠨ ᠬᠢ ᠠᠴᠠ ᠢᠯᠡᠭᠦᠦ ᠲᠣᠭᠲᠠᠪᠤᠷᠢᠲᠠᠢ ᠪᠠᠶᠢᠳᠠᠭ᠃ ᠡᠨᠡ ᠨᠢ ᠤᠰᠤᠨ ᠤ ᠬᠤᠪᠠ ᠶᠢᠨ ᠳᠤᠯᠠᠭᠠᠨ ᠪᠠᠭᠲᠠᠭᠠᠮᠵᠢ ᠶᠡᠬᠡ ᠪᠠᠶᠢᠳᠠᠭ ᠵᠡᠷᠭᠡ ᠹᠢᠽᠢᠺ ᠰᠢᠨᠵᠢ ᠲᠡᠢ ᠬᠣᠯᠪᠣᠭ᠎ᠠ ᠲᠠᠢ᠃ ᠤᠰᠤᠨ ᠤ ᠲᠧᠮᠫᠷᠠᠲ᠋ᠦ᠋ᠷ ᠤᠨ ᠭᠣᠷᠢᠮ ᠢᠯᠡᠭᠦᠦ ᠲᠣᠭᠲᠠᠪᠤᠷᠢᠲᠠᠢ ᠪᠠᠶᠢᠭ᠎ᠠ ᠲᠠᠢ ᠬᠣᠯᠪᠣᠭᠳᠠᠵᠤ ᠭᠢᠳ᠋ᠷᠣᠪᠢᠣᠨᠲ ᠤᠳ ᠳᠣᠲᠣᠷ᠎ᠠ ᠬᠠᠭᠤᠷᠠᠢ ᠭᠠᠵᠠᠷ ᠲᠠᠢ ᠬᠠᠷᠢᠴᠠᠭᠤᠯᠪᠠᠯ ᠰᠨᠡᠨᠣᠲ᠋ᠧᠷᠮ ᠪᠡᠶ᠎ᠡ ᠮᠠᠬᠠᠪᠣᠳᠢ ᠢᠯᠡᠭᠦᠦ ᠲᠠᠷᠬᠠᠭᠰᠠᠨ ᠪᠠᠶᠢᠳᠠᠭ᠃ ᠡᠪᠡᠷᠢᠲ᠋ᠧᠷᠮ ᠵᠦᠢᠯ ᠦᠨᠳᠦᠰᠦᠨ ᠳᠦ ᠪᠡᠨ ᠡᠬᠡ ᠭᠠᠵᠠᠷ ᠤᠨ ᠵᠢᠵᠢᠭ ᠤᠰᠤᠨ ᠰᠠᠩ᠂ ᠰᠡᠷᠢᠭᠦᠨ᠂ ᠬᠦᠢᠲᠡᠨ ᠪᠥᠰᠡ ᠶᠢᠨ ᠳᠠᠯᠠᠢ᠂ ᠲᠡᠩᠭᠢᠰ ᠦᠨ ᠡᠷᠭᠢ ᠣᠷᠴᠢᠮ ᠤᠨ ᠪᠦᠰ ᠵᠡᠷᠭᠡ ᠲᠧᠮᠫᠷᠠᠲ᠋ᠦ᠋ᠷ ᠤᠨ ᠬᠣᠨᠣᠭ᠂ ᠤᠯᠠᠷᠢᠯ ᠤᠨ ᠬᠡᠯᠪᠡᠯᠵᠡᠯ ᠦᠯᠡᠮᠵᠢᠬᠡᠨ ᠶᠡᠬᠡ ᠪᠠᠶᠢᠬᠤ ᠬᠡᠰᠡᠭ ᠦᠳ ᠢᠶᠡᠷ ᠣᠷᠣᠰᠢᠨ᠎ᠠ᠃ ᠤᠰᠤᠨ ᠤᠷᠴᠢᠨ ᠳᠤ ᠭᠡᠷᠡᠯ ᠠᠭᠠᠷ ᠬᠠᠭᠤᠷᠠᠢ ᠭᠠᠵᠠᠷ ᠤᠨ ᠬᠢ ᠠᠴᠠ ᠮᠠᠰᠢ ᠪᠠᠭ᠎ᠠ᠃ ᠤᠰᠤᠨ ᠤ ᠭᠠᠳᠠᠷᠭᠤ ᠳᠡᠭᠡᠷ᠎ᠡ ᠲᠤᠰᠠᠭᠰᠠᠨ ᠭᠡᠷᠡᠯ ᠦᠨ ᠶᠡᠬᠡᠩᠬᠢ ᠨᠢ ᠠᠭᠠᠷ ᠲᠤ ᠣᠶᠢᠳᠣᠭ᠃ ᠨᠠᠷ ᠬᠡᠴᠢᠨᠡᠨ ᠲᠠᠰᠢᠭᠤ ᠲᠤᠰᠠᠨ᠎ᠠ᠂ ᠣᠶᠢᠯᠲᠠ ᠲᠡᠳᠦᠢ ᠴᠢᠨᠡᠭᠡ ᠶᠡᠬᠡ ᠪᠠᠶᠢᠳᠠᠭ᠃ ᠡᠶᠢᠮᠦ ᠡᠴᠡ ᠡᠳᠦᠷ ᠦᠨ ᠭᠡᠷᠡᠯ ᠲᠡᠢ ᠪᠠᠶᠢᠬᠤ ᠦᠶ᠎ᠡ ᠤᠰᠤᠨ ᠤ ᠭᠦᠨᠳᠡ ᠬᠠᠭᠤᠷᠠᠢ ᠭᠠᠵᠠᠷ ᠤᠨ ᠬᠢ ᠠᠴᠠ ᠮᠠᠰᠢ ᠪᠣᠭᠣᠨᠢ ᠬᠤᠭᠤᠴᠠᠭᠠᠨ ᠳᠤ ᠦᠷᠭᠦᠯᠵᠢᠯᠡᠨ᠎ᠡ᠃ ᠵᠢᠱᠢᠶ᠎ᠡ ᠨᠢ: ᠠᠹᠷᠢᠺᠠ ᠶᠢᠨ ᠮᠠᠳᠧᠢᠷ ᠠᠷᠠᠯ ᠤᠨ ᠣᠷᠴᠢᠮ ᠳᠤ ᠵᠤᠨ ᠤ ᠡᠳᠦᠷ ᠤᠰᠤᠨ ᠳᠣᠣᠷ᠎ᠠ 30 ᠮ ᠭᠦᠨᠳᠡ ᠶᠡᠷᠦ ᠳᠡᠭᠡᠨ 5 ᠴᠠᠭ᠂ 40 ᠮ ᠭᠦᠨᠳᠡ 15 ᠮᠢᠨᠦ᠋ᠲ ᠦᠷᠭᠦᠯᠵᠢᠯᠡᠳᠡᠭ ᠠᠵᠡᠢ᠃ ᠭᠦᠨ ᠪᠣᠯᠬᠤ ᠲᠤᠲᠤᠮ ᠭᠡᠷᠡᠯ ᠦᠨ ᠬᠡᠮᠵᠢᠶ᠎ᠡ ᠪᠠᠭᠤᠷᠠᠬᠤ ᠨᠢ ᠲᠡᠭᠦᠨ ᠢ ᠤᠰᠤ ᠰᠢᠩᠭᠡᠭᠡᠳᠡᠭ ᠲᠡᠢ ᠬᠣᠯᠪᠣᠭ᠎ᠠ ᠲᠠᠢ᠃ ᠭᠡᠷᠡᠯ ᠦᠨ ᠰᠢᠩᠭᠡᠭᠡᠯᠲᠡ ᠨᠢ ᠤᠰᠤᠨ ᠤ ᠲᠤᠩᠭᠠᠯᠠᠭᠵᠢᠯᠲᠠ ᠪᠠᠭ᠎ᠠ ᠪᠠᠶᠢᠪᠠᠯ ᠲᠥᠴᠢᠨᠡᠨ ᠶᠡᠬᠡ ᠪᠠᠶᠢᠳᠠᠭ᠃ ᠲᠤᠩᠭᠠᠯᠠᠭᠵᠢᠯᠲᠠ ᠨᠢ ᠤᠰᠤᠨ ᠳᠤ ᠪᠠᠶᠢᠬᠤ ᠵᠢᠵᠢᠭ ᠬᠡᠰᠡᠭ᠂ ᠬᠣᠯᠢᠴᠠ ᠪᠤᠯᠠᠩᠭᠢᠷ ᠠᠴᠠ ᠬᠠᠮᠢᠶᠠᠷᠤᠨ᠎ᠠ᠃ ᠲᠤᠩᠭᠠᠯᠠᠭᠵᠢᠯᠲᠠ ᠠᠴᠠ ᠬᠠᠮᠢᠶᠠᠷᠤᠨ ᠤᠰᠤᠨ ᠣᠷᠴᠢᠨ ᠳ᠋ᠠᠬᠢ ᠹᠣᠲ᠋ᠣᠰᠢᠨᠲ᠋ᠧᠽᠢ ᠶᠢᠨ ᠪᠦᠰᠡ ᠶᠢᠨ ᠬᠢᠵᠠᠭᠠᠷ ᠶᠡᠬᠡ ᠬᠡᠯᠪᠡᠯᠵᠡᠨ᠎ᠡ᠃ ᠬᠠᠮᠤᠭ ᠤᠨ ᠴᠡᠪᠡᠷ ᠤᠰᠤᠨ ᠳᠤ 200 ᠮ ᠪᠠ ᠲᠡᠭᠦᠨ ᠡᠴᠡ ᠭᠦᠨᠳᠡ ᠭᠡᠷᠡᠯ ᠨᠡᠪᠲᠡᠷᠡᠨ᠎ᠡ᠃ ᠬᠠᠷᠢᠨ 1000-1500 ᠮ –᠎ᠡ ᠡᠴᠡ ᠴᠠᠰᠢ ᠬᠠᠷᠠᠩᠭᠤᠢ ᠪᠦᠰᠡ ᠣᠷᠣᠰᠢᠬᠤ ᠪᠠ ᠡᠨᠳᠡ ᠨᠠᠷᠠᠨ ᠤ ᠭᠡᠷᠡᠯ ᠶᠡᠷᠦᠳᠡᠭᠡᠨ ᠨᠡᠪᠲᠡᠷᠡᠬᠦ ᠦᠭᠡᠢ᠂ ᠮᠥᠩᠬᠡ ᠶᠢᠨ ᠬᠠᠷᠠᠩᠭᠤᠢ ᠪᠣᠯᠤᠨ᠎ᠠ᠃ ᠬᠠᠷᠢᠨ 1000-1500 ᠮ ᠬᠦᠷᠲᠡᠯ᠎ᠡ ᠪᠦᠷᠦᠩᠬᠡᠢ ᠶᠢᠨ ᠪᠦᠰᠡ ᠣᠷᠣᠰᠢᠨ᠎ᠠ᠃ ᠤᠰᠤᠨ ᠰᠠᠩ ᠳᠤ ᠳᠡᠭᠡᠳᠦ ᠳᠠᠪᠬᠤᠷᠠᠨ ᠤ ᠭᠡᠷᠡᠯ ᠦᠨ ᠬᠡᠮᠵᠢᠶ᠎ᠡ᠂ ᠵᠢᠯ ᠦᠨ ᠤᠯᠠᠷᠢᠯ᠂ ᠭᠠᠵᠠᠷ ᠨᠤᠲᠤᠭ ᠤᠨ ᠥᠷᠭᠡᠷᠢᠭ ᠡᠴᠡ ᠬᠠᠮᠢᠶᠠᠷᠴᠢ ᠶᠡᠬᠡ ᠬᠤᠪᠢᠰᠤᠨ᠎ᠠ᠃ ᠬᠠᠮᠤᠭ ᠤᠨ ᠲᠣᠳᠣ ᠭᠣᠶᠣᠮᠰᠣᠭ᠂ ᠣᠯᠠᠨ ᠶᠠᠩᠵᠤ ᠶᠢᠨ ᠥᠩᠭᠡ ᠲᠡᠢ ᠠᠮᠢᠲᠠᠳ ᠯᠢᠲ᠋ᠣᠷᠠᠯ ᠪᠠ ᠰᠦᠪᠯᠢᠲ᠋ᠣᠷᠠᠯ ᠪᠦᠰᠡ ᠳᠦ ᠠᠮᠢᠳᠤᠷᠠᠳᠠᠭ᠃ ᠳᠠᠯᠠᠢ ᠲᠡᠩᠭᠢᠰ ᠦᠨ ᠭᠦᠨ ᠦ ᠬᠠᠷᠠᠩᠭᠤᠢ ᠪᠠ ᠪᠦᠷᠦᠩᠬᠡᠢ ᠪᠦᠳᠡᠭᠢ ᠭᠡᠷᠡᠯ ᠲᠡᠢ ᠪᠦᠰᠡ ᠳᠦ ᠤᠯᠠᠭᠠᠨ ᠥᠩᠭᠡ ᠶᠢᠨ ᠠᠮᠢᠲᠠᠳ ᠡᠯᠪᠡᠭ ᠲᠣᠬᠢᠶᠠᠯᠳᠤᠳᠠᠭ ᠪᠥᠭᠡᠳ ᠡᠨᠡ ᠨᠢ ᠪᠡᠶ᠎ᠡ ᠪᠡᠨ ᠬᠠᠮᠠᠭᠠᠯᠠᠬᠤ ᠵᠣᠬᠢᠳᠠᠯᠭ᠎ᠠ ᠪᠠᠨ ᠪᠢᠯᠡ᠃

ᠪᠢᠴᠢᠭᠡᠰᠦ