ᠤᠯᠮ ᠤᠨ ᠲᠤᠯᠤᠯᠳᠤᠭᠠᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠤᠯᠮ ᠤᠨ ᠲᠤᠯᠤᠯᠳᠤᠭᠠᠨ
ᠬᠠᠮᠢᠶᠠᠷᠬᠤ ᠳᠠᠶᠢᠨ: ᠨᠠᠫᠣᠯᠶᠣᠨ ᠤ ᠳᠠᠶᠢᠨ
ᠣᠩᠨᠠᠭ᠎ᠠ 1805 ᠣᠨ ᠤ 10 ᠰᠠᠷ᠎ᠠ ᠶᠢᠨ 16-19
ᠪᠠᠶᠢᠷᠢᠯᠠᠯ ᠪᠠᠪᠠᠷ ᠤᠨ ᠭᠦᠨᠯᠢᠭᠡᠶᠢᠨ ᠤᠯᠢᠮ᠎ᠠ ᠣᠷᠴᠢᠮ
ᠦᠷ᠎ᠡ ᠳᠠᠭᠠᠪᠤᠷᠢ ᠹᠷᠠᠨᠼᠢ ᠶᠢᠨ ᠠᠷᠮᠢ ᠢᠯᠠᠭᠰᠠᠨ
ᠪᠠᠶᠢᠯᠳᠤᠭᠴᠢ ᠲᠠᠯ᠎ᠠ ᠨᠤᠭᠤᠳ
ᠹᠷᠠᠨᠼᠢ ᠠᠦᠢᠰᠲᠷᠶ᠎ᠠ
ᠤᠳᠤᠷᠢᠳᠤᠭᠴᠢᠳ
ᠨᠠᠫᠣᠯᠶᠣᠨ I ᠹᠷᠠᠨᠼᠢ II
ᠠᠯᠧᠺᠰᠠᠨᠳᠠᠷ I
ᠮᠠᠺ ᠹᠣᠨ ᠯᠢᠪᠧᠷᠢᠬᠤ
ᠴᠡᠷᠢᠭ ᠦᠨ ᠬᠦᠴᠦ
80,000 29,000
ᠬᠣᠬᠢᠷᠠᠯ
ᠠᠯᠠᠭᠳᠠᠭᠰᠠᠨ᠂ ᠰᠢᠷᠬᠠᠲᠤᠭᠰᠠᠨ 5,980 ᠠᠯᠠᠭᠳᠠᠭᠰᠠᠨ᠂ ᠰᠢᠷᠬᠠᠲᠤᠭᠰᠠᠨ 12,000

ᠪᠠᠭᠤᠵᠤ ᠥᠭᠭᠦᠭᠰᠡᠨ 30,000

ᠤᠯᠮ ᠤᠨ ᠲᠤᠯᠤᠯᠳᠤᠭᠠᠨ (ᠠᠩᠭᠯᠢ ᠪᠠᠷ Battle of Ulm, ᠹᠷᠠᠨᠼᠢ ᠪᠠᠷ Bataille d'Ulm, ᠭᠧᠷᠮᠠᠨ ᠢᠶᠠᠷ Schlacht von Ulm, 1805 ᠣᠨ ᠤ 10 ᠰᠠᠷ᠎ᠠ ᠶᠢᠨ 16-19) ᠨᠢ ᠪᠠᠪᠠᠷ ᠤᠨ ᠭᠦᠨᠯᠢᠭᠡᠶᠢᠨ ᠨᠤᠲᠤᠭ (ᠡᠳᠦᠭᠡ ХБНГУ) ᠱᠲ᠋ᠦᠶᠢᠲ᠋ᠳᠬᠠᠷᠲ ᠍ ᠍ ᠤᠨ ᠣᠶᠢᠷᠠᠯᠴᠠᠭ᠎ᠠ ᠤᠷᠤᠰᠢᠬᠤ ᠤᠯᠢᠮ᠎ᠠ ᠬᠣᠲᠠ ᠶᠢᠨ ᠣᠷᠴᠢᠮ ᠳᠤ ᠨᠠᠫᠣᠯᠶᠣᠨᠢ ᠤᠳᠤᠷᠢᠳᠤᠭᠰᠠᠨ ᠹᠷᠠᠨᠼᠢ ᠍ ᠍ ᠤᠨ ᠠᠷᠮᠢ ᠠᠦᠢᠰᠲᠷᠶ᠎ᠠ ᠍ ᠍ ᠶᠢᠨ ᠠᠷᠮᠢ ᠶᠢ ᠢᠯᠠᠭᠰᠠᠨ ᠲᠤᠯᠤᠯᠳᠤᠭᠠᠨ ᠶᠤᠮ᠃

ᠮᠠᠨᠧᠸᠷᠯᠠᠬᠤ ᠴᠢᠳᠠᠪᠤᠷᠢ ᠰᠠᠶᠢᠲᠠᠢ ᠹᠷᠠᠨᠼᠢ ᠶᠢᠨ ᠠᠷᠮᠢ ᠲᠤᠰ ᠲᠤᠯᠤᠭᠠᠨ ᠳᠤ ᠳᠠᠶᠢᠲᠤᠭᠴᠢ ᠲᠠᠯ᠎ᠠ ᠳᠤ ᠪᠠᠨ 50 ᠮᠢᠩᠭᠠᠨ ᠬᠦᠮᠦᠨ ᠦ ᠬᠣᠬᠢᠷᠠᠯ ᠤᠴᠠᠷᠠᠭᠤᠯᠵᠤ ᠴᠢᠳᠠᠵᠠᠢ᠃

ᠲᠤᠯᠤᠯᠳᠤᠭᠠᠨ ᠤ ᠡᠬᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

1805 ᠣᠨ ᠤ 8 ᠰᠠᠷ᠎ᠠ ᠳᠤ ᠠᠦᠢᠰᠲᠷᠶ᠎ᠠ ᠨᠢ ᠣᠷᠣᠰᠠᠩᠭᠯᠢ ᠵᠡᠷᠭᠡ ᠲᠡᠢ ᠬᠠᠮᠲᠤᠷᠠᠵᠤ ᠹᠷᠠᠨᠼᠢ ᠶᠢᠨ ᠡᠰᠡᠷᠬᠦ ᠭᠤᠷᠪᠠᠳᠤᠭᠠᠷ ᠡᠪᠰᠡᠯ ᠭᠡᠭᠴᠢ ᠶᠢ ᠪᠠᠶᠢᠭᠤᠯᠤᠨ ᠪᠠᠪᠠᠷᠢ ᠳᠤ ᠳᠣᠪᠲᠣᠯᠤᠨ ᠣᠷᠣᠵᠠᠢ᠃ ᠲᠡᠷᠡ ᠦᠶ᠎ᠡ ᠳᠦ ᠨᠠᠫᠣᠯᠶᠣᠨ ᠠᠩᠭᠯᠢ ᠷᠤ ᠳᠣᠪᠲᠣᠯᠬᠤ ᠪᠠᠷ ᠲᠥᠯᠥᠪᠯᠡᠵᠦ ᠪᠠᠶᠢᠭᠰᠠᠨ ᠴᠤ ᠡᠰᠡᠷᠭᠦ ᠡᠪᠰᠡᠯ ᠪᠠᠶᠢᠭᠤᠯᠤᠭᠳᠠᠭᠰᠠᠨ ᠨᠢ ᠳᠠᠶᠢᠨ ᠤ ᠭᠠᠯ ᠢ ᠵᠡᠭᠦᠨ ᠲᠡᠰᠢ ᠡᠷᠭᠢᠬᠦ ᠳᠦ ᠬᠦᠷᠭᠡᠵᠡᠢ᠃ 9 ᠰᠠᠷ᠎ᠠ ᠶᠢᠨ 23 ᠍ ᠍ ᠳᠦ ᠨᠠᠫᠣᠯᠶᠣᠨ ᠹᠷᠠᠨᠼᠢ ᠶᠢᠨ ᠰᠧᠨᠠᠲᠠᠳᠠ 《ᠪᠢ ᠠᠷᠮᠢ ᠪᠠᠨ ᠤᠳᠤᠷᠢᠳᠤᠨ᠂ ᠬᠣᠯᠪᠣᠭᠠᠲᠠᠨ ᠣᠷᠣᠨ ᠨᠤᠭᠤᠳ ᠲᠠᠭᠠᠨ ᠲᠤᠰᠠᠯᠠᠬᠤ ᠪᠣᠯᠤᠨ᠎ᠠ》 ᠬᠡᠮᠡᠨ ᠲᠠᠶᠢᠯᠪᠤᠷᠢᠯᠠᠭᠠᠳ 80 ᠮᠢᠩᠭᠠᠨ ᠴᠡᠷᠢᠭ ᠪᠦᠬᠦᠢ ᠠᠷᠮᠢ ᠪᠠᠨ ᠠᠪᠤᠨ ᠮᠣᠷᠳᠠᠵᠠᠢ᠃ ᠵᠠᠮ ᠳᠤ ᠪᠠᠨ ᠴᠡᠷᠢᠭ ᠢᠶᠡᠨ ᠴᠤᠭᠯᠠᠭᠤᠯᠤᠭᠰᠠᠭᠠᠷ ᠨᠡᠶᠢᠲᠡ 7 ᠠᠷᠮᠢ᠂ 210 ᠮᠢᠩᠭᠠᠨ ᠴᠡᠷᠢᠭ ᠲᠡᠢ ᠪᠣᠯᠤᠭᠰᠠᠨ ᠹᠷᠠᠨᠼᠢ ᠶᠢᠨ ᠴᠡᠷᠢᠭ 9 ᠰᠠᠷ᠎ᠠ ᠶᠢᠨ 24 ᠭᠡᠬᠦ ᠳᠦ ᠷᠠᠢ ᠶᠢᠨ ᠮᠥᠷᠡᠨ ᠦ ᠡᠷᠭᠢ ᠳᠦ ᠴᠤᠭᠯᠠᠷᠠᠵᠠᠢ᠃ ᠨᠥᠭᠥᠭᠡ ᠲᠠᠯ᠎ᠠ ᠳᠤ ᠠᠦᠢᠰᠲᠷᠶ᠎ᠠ ᠶᠢᠨ ᠵᠠᠩᠵᠤᠨ ᠮᠠᠺ ᠹᠣᠨ ᠯᠢᠪᠧᠷᠢᠬᠡ ᠶᠢᠨ ᠤᠳᠤᠷᠢᠳᠤᠭᠰᠠᠨ 72 ᠮᠢᠩᠭᠠᠨ ᠴᠡᠷᠢᠭ ᠤᠯᠮ ᠤᠨ ᠣᠷᠴᠢᠮ ᠳᠤ ᠲᠥᠪᠯᠡᠷᠡᠭᠰᠡᠨ ᠪᠠᠶᠢᠨ᠎ᠠ᠃

ᠲᠤᠯᠤᠯᠳᠤᠭᠠᠨ ᠤ ᠶᠠᠪᠤᠴᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠱᠸᠠᠷᠴᠠᠪᠠᠯ ᠳᠤ ᠪᠤᠶᠤ ᠬᠠᠷ᠎ᠠ ᠣᠢ ᠶᠢᠨ ᠲᠠᠯ᠎ᠠ ᠠᠴᠠ ᠳᠠᠭᠠᠷᠢᠯᠲᠠ ᠣᠷᠣᠵᠤ ᠢᠷᠡᠨ᠎ᠡ ᠬᠡᠮᠡᠨ ᠮᠠᠺ ᠲᠣᠭᠠᠴᠠᠵᠤ ᠪᠠᠶᠢᠭᠰᠠᠨ ᠴᠤ ᠡᠰᠡᠷᠭᠦ ᠲᠠᠯ᠎ᠠ ᠠᠴᠠ ᠨᠢ ᠴᠥᠮᠥᠷᠡᠨ ᠣᠷᠣᠵᠤ ᠢᠷᠡᠭᠰᠡᠨ ᠲᠤᠯᠠ ᠹᠷᠠᠨᠽᠢᠴᠤᠳ ᠠᠦᠢᠰᠲᠷᠶ᠎ᠠ ᠶᠢᠨ ᠠᠷᠮᠢ ᠶᠢ ᠤᠯᠢᠮ᠎ᠠ ᠴᠠᠶᠢᠵᠠ ᠶᠢᠨ ᠣᠷᠴᠢᠮ ᠳᠤ ᠬᠤᠮᠢᠵᠠᠢ᠃ 1805 ᠣᠨ ᠤ 10 ᠰᠠᠷ᠎ᠠ ᠶᠢᠨ 14 ᠍ ᠍ ᠳᠦ ᠡᠷᠳᠡᠩᠭᠧᠨ ᠢ ᠬᠠᠮᠠᠭᠠᠯᠠᠵᠤ ᠪᠠᠶᠢᠭᠰᠠᠨ ᠠᠦᠢᠰᠲᠷᠶ᠎ᠠ ᠶᠢᠨ ᠴᠡᠷᠢᠭ ᠦᠳ ᠢ ᠮᠥᠱᠧᠯ ᠨᠧᠢᠭᠡᠶᠢᠨ ᠤᠳᠤᠷᠢᠳᠤᠭᠰᠠᠨ ᠹᠷᠠᠨᠼᠢ ᠶᠢᠨ ᠴᠡᠷᠢᠭ ᠦᠳ ᠠᠷᠤ ᠲᠠᠯ᠎ᠠ ᠠᠴᠠ ᠨᠢ ᠳᠣᠪᠲᠣᠯᠤᠭᠰᠠᠨ ᠢᠶᠠᠷ ᠬᠦᠴᠦᠨ ᠮᠡᠬᠦᠰᠳᠡᠭᠰᠡᠨ ᠠᠦᠢᠰᠲᠷᠢᠴᠤᠳ ᠬᠣᠲᠠ ᠶᠢ ᠰᠢᠲᠠᠭᠠᠭᠠᠳ ᠤᠯᠢᠮ᠎ᠠ ᠬᠦᠷᠲᠡᠯ᠎ᠡ ᠤᠬᠤᠷᠢᠪᠠ᠃ ᠡᠨᠡ ᠭᠠᠪᠢᠶ᠎ᠠ ᠪᠠᠷ ᠢᠶᠠᠨ ᠨᠧᠢ ᠨᠢ ᠡᠷᠳᠡᠩᠭᠧᠨ ᠦ ᠭᠦᠨ ᠬᠡᠮᠡᠬᠦ ᠴᠣᠯᠠ ᠬᠦᠷᠲᠡᠭᠰᠡᠨ ᠪᠠᠶᠢᠨ᠎ᠠ᠃ ᠳᠠᠷᠠᠭ᠎ᠠ ᠶᠢᠨ ᠡᠳᠦᠷ ᠹᠷᠠᠨᠽᠢᠴᠤᠳ ᠤᠯᠮ ᠤᠨ ᠪᠠᠷᠠᠭᠤᠨ ᠬᠣᠶᠢᠨ᠎ᠠ ᠪᠠᠶᠢᠬᠤ᠂ ᠠᠰᠢᠭᠲᠠᠢ ᠥᠨᠳᠥᠷᠯᠢᠭ ᠪᠠᠶᠢᠷᠢᠯᠠᠯ ᠪᠦᠬᠦᠢ ᠮᠡᠬᠧᠯᠰᠪᠧᠺᠭ ᠪᠡᠬᠢᠯᠡᠯᠲᠡ ᠶᠢᠨ ᠡᠵᠡᠯᠡᠪᠡ᠃ ᠮᠥᠨ ᠡᠳᠦᠷ ᠤᠯᠢᠮ᠎ᠠ ᠬᠦᠷᠲᠡᠯ᠎ᠡ ᠳᠠᠪᠰᠢᠭᠰᠠᠨ ᠴᠤ ᠴᠠᠶᠢᠵᠠ ᠶᠢᠨ ᠬᠠᠨᠠᠨ ᠳᠤ ᠲᠤᠯᠤᠭᠠᠳ ᠪᠤᠴᠠᠭᠰᠠᠨ ᠠᠵᠢ᠃ ᠭᠡᠬᠦ ᠳᠦ ᠪᠡᠨ ᠠᠦᠢᠰᠲᠷᠶ᠎ᠠ ᠶᠢᠨ ᠬᠣᠯᠪᠣᠭᠠᠲᠠᠨ ᠣᠷᠣᠰ ᠤᠨ ᠴᠡᠷᠢᠭ ᠦᠳ ᠢᠷᠡᠬᠦ ᠰᠢᠨᠵᠢ ᠦᠭᠡᠢ ᠪᠠᠶᠢᠭᠰᠠᠨ ᠲᠤᠯᠠ ᠪᠠᠭᠤᠵᠤ ᠥᠭᠬᠦ ᠶᠢ ᠹᠷᠠᠨᠽᠢᠴᠤᠳ ᠱᠠᠭᠠᠷᠳᠠᠪᠠ᠃ ᠱᠠᠭᠠᠷᠳᠠᠯᠭ᠎ᠠ ᠶᠢ ᠠᠦᠢᠰᠲᠷᠢᠴᠤᠳ ᠪᠡᠶᠡᠯᠡᠭᠦᠯᠦᠭᠡ ᠦᠭᠡᠢ ᠲᠤᠯᠠ 18 ᠍ ᠍ ᠤ ᠡᠳᠦᠷ ᠴᠠᠶᠢᠳ ᠢ ᠳᠣᠪᠲᠣᠯᠵᠤ᠂ 19 ᠍ ᠍ ᠦ ᠡᠳᠦᠷ ᠭᠡᠬᠦ ᠳᠦ ᠪᠠᠭᠤᠯᠭᠠᠨ ᠠᠪᠴᠠᠢ᠃

ᠲᠤᠯᠤᠯᠳᠤᠭᠠᠨ ᠤ ᠦᠷ᠎ᠡ ᠳ᠋ᠦᠩ[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠠᠫᠣᠯᠶᠣᠨ ᠬᠠᠲᠤᠨ ᠵᠣᠽᠧᠹᠢᠨᠳ᠋ᠡ 《60 ᠮᠢᠩᠭᠠᠨ ᠬᠦᠮᠦᠨ ᠤᠰᠠᠳᠬᠠᠵᠤ᠂ 120 ᠭᠠᠷᠤᠢ ᠶᠡᠬᠡ ᠪᠤᠤ᠂ 90 ᠭᠠᠷᠤᠢ ᠳᠠᠯᠪᠠᠭ᠎ᠠ 300 ᠮᠢᠩᠭ᠎ᠠ ᠭᠠᠷᠤᠢ ᠴᠡᠷᠢᠭ ᠢ ᠣᠯᠵᠯᠠᠯ᠎ᠠ》 ᠬᠡᠮᠡᠨ ᠵᠠᠬᠢᠳᠠᠯ ᠪᠢᠴᠢᠭᠰᠡᠨ ᠪᠠᠶᠢᠳᠠᠭ᠃ ᠭᠡᠬᠦ ᠳᠦ ᠪᠡᠨ ᠦᠨᠡᠨ ᠳᠦ ᠪᠡᠨ ᠲᠡᠷᠡ ᠪᠡᠷ 25,000 ᠬᠦᠮᠦᠨ 65 ᠶᠡᠬᠡ ᠪᠤᠤ᠂ 140 ᠳᠠᠯᠪᠠᠭ᠎ᠠ ᠣᠯᠵᠯᠠᠭᠰᠠᠨ ᠭᠡᠰᠡᠨ ᠲᠣᠭᠠᠴᠠᠭ᠎ᠠ ᠪᠠᠶᠢᠳᠠᠭ

ᠲᠤᠯᠤᠯᠳᠤᠭᠠᠨ ᠤ ᠳᠠᠷᠠᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

21 ᠍ ᠍ ᠳᠦ ᠨᠠᠫᠣᠯᠶᠣᠨ ᠱᠸᠠᠪᠢ ᠶᠢ ᠠᠦᠢᠰᠲᠷᠶ᠎ᠠ ᠶᠢᠨ ᠠᠷᠮᠢ ᠶᠢᠨ ᠵᠡᠪᠰᠠᠭ᠂ ᠬᠣᠭᠣᠯᠠ ᠬᠦᠨᠡᠰᠦᠨ ᠦ ᠨᠥᠭᠡᠴᠡ ᠪᠡᠨ ᠬᠤᠷᠢᠶᠠᠯᠭᠠᠵᠤ᠂ ᠠᠯᠪᠠᠨ ᠲᠠᠲᠠᠪᠤᠷᠢ ᠲᠥᠯᠥᠬᠦ ᠶᠢ ᠱᠠᠭᠠᠷᠳᠠᠭᠰᠠᠨ ᠪᠣᠯᠪᠠᠴᠤ ᠬᠡᠳᠦᠢ ᠶᠡᠬᠡ ᠬᠣᠬᠢᠷᠠᠯ ᠬᠦᠯᠢᠶᠡᠭᠰᠡᠨ ᠴᠤ ᠠᠦᠢᠰᠲᠷᠶ᠎ᠠ ᠶᠢᠨ ᠠᠷᠮᠢ ᠶᠢᠨ ᠭᠣᠣᠯ ᠬᠦᠴᠦ ᠳᠣᠷᠣᠶᠢᠳᠠᠭ᠎ᠠ ᠦᠭᠡᠢ᠂ ᠮᠥᠨ ᠬᠣᠯᠪᠣᠭᠠᠲᠠᠨ ᠣᠷᠣᠨ ᠣᠷᠣᠰ ᠤᠨ ᠴᠡᠷᠢᠭ ᠦᠳ ᠲᠤᠰᠯᠠᠬᠤ ᠪᠠᠷ ᠢᠷᠡᠵᠦ ᠪᠠᠶᠢᠭᠰᠠᠨ ᠲᠤᠯᠠ ᠲᠡᠭᠦᠨ ᠳᠦ ᠬᠠᠷᠢᠭᠤ ᠥᠭᠭᠦᠭᠡ ᠦᠭᠡᠢ᠃ ᠡᠶᠢᠮᠦ ᠡᠴᠡ ᠨᠠᠫᠣᠯᠶᠣᠨ 《ᠪᠤᠷᠬᠠᠨ ᠤ ᠲᠤᠰᠠᠯᠠᠯᠴᠠᠭ᠎ᠠ ᠲᠠᠢ ᠪᠠᠷ ᠣᠶᠢᠷ᠎ᠠ ᠶᠢᠨ ᠦᠶ᠎ᠡ ᠳᠦ ᠳᠠᠶᠢᠰᠤᠨ ᠤ ᠠᠷᠮᠢ ᠶᠢ ᠳᠠᠬᠢᠨ ᠢᠯᠠᠬᠤ ᠪᠣᠯᠤᠨ᠎ᠠ》 ᠬᠡᠮᠡᠨ ᠳᠠᠶᠢᠨ ᠢ ᠦᠷᠭᠦᠯᠵᠢᠯᠡᠭᠦᠯᠬᠦ ᠪᠣᠳᠣᠯ ᠢᠶᠠᠨ ᠢᠯᠡᠷᠬᠡᠶᠢᠯᠡᠵᠡᠢ᠃

12 ᠰᠠᠷ᠎ᠠ ᠶᠢᠨ 14 ᠍ ᠍ ᠳᠦ ᠹᠷᠠᠨᠼᠢ ᠶᠢᠨ ᠠᠷᠮᠢ ᠠᠯᠢ ᠬᠡᠳᠦᠶᠢᠨ ᠬᠠᠶᠠᠭᠳᠠᠭᠰᠠᠨ ᠠᠦᠢᠰᠲᠷᠶ᠎ᠠ ᠶᠢᠨ ᠨᠡᠶᠢᠰᠯᠡᠯ ᠸᠸᠨ ᠳᠤ ᠴᠥᠮᠥᠷᠡᠨ ᠣᠷᠣᠵᠤ᠂ 16 ᠍ ᠍ ᠤ ᠡᠳᠦᠷ ᠲᠤᠰ ᠬᠣᠲᠠ ᠠᠴᠠ ᠬᠥᠳᠡᠯᠵᠦ᠂ 21 ᠍ ᠍ ᠳᠦ ᠪᠠᠷᠠᠨ (ᠣᠳᠣ ᠶᠢᠨ ᠴᠧᠺᠡᠶᠢᠨ ᠪᠷᠠᠨ᠎ᠠ) ᠍ ᠍ ᠳᠦ ᠬᠦᠷᠴᠦ᠂ ᠠᠦᠢᠰᠲᠷᠶ᠎ᠠ-ᠣᠷᠣᠰ ᠤᠨ ᠴᠡᠷᠢᠭ ᠢ ᠲᠣᠰᠤᠨ ᠪᠠᠶᠢᠯᠳᠤᠬᠤ ᠪᠡᠯᠡᠳᠬᠡᠯ ᠢᠶᠡᠨ ᠪᠠᠵᠠᠭᠠᠵᠤ ᠡᠬᠢᠯᠡᠵᠡᠢ᠃

ᠪᠢᠴᠢᠭᠡᠰᠦ