ᠤᠯᠤᠰ ᠲᠥᠷᠥ ᠶᠢᠨ ᠨᠠᠮ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠤᠯᠤᠰ ᠲᠥᠷᠥ ᠶᠢᠨ ᠨᠠᠮ ᠭᠡᠳᠡᠭ ᠨᠢ ᠦᠵᠡᠯ ᠪᠣᠳᠣᠯ ᠢᠶᠠᠷ ᠢᠶᠠᠨ ᠡᠪᠯᠡᠯᠳᠦᠨ ᠨᠢᠭᠡᠳᠦᠭᠰᠡᠨ ᠪᠥᠭᠡᠳ ᠵᠠᠰᠠᠭ ᠤᠨ ᠡᠷᠬᠡ ᠶᠢ ᠠᠪᠬᠤ ᠡᠴᠦᠰ ᠦᠨ ᠵᠣᠷᠢᠯᠭ᠎ᠠ ᠲᠠᠢ ᠬᠡᠰᠡᠭ ᠪᠦᠯᠦᠭ ᠬᠦᠮᠦᠰ ᠦᠨ ᠨᠢᠭᠡᠳᠦᠯ᠂ ᠤᠯᠤᠰ ᠲᠥᠷᠥ ᠶᠢᠨ ᠪᠠᠶᠢᠭᠤᠯᠤᠯᠭ᠎ᠠ ᠶᠤᠮ᠃

ᠤᠯᠤᠰ ᠲᠥᠷᠥ ᠶᠢᠨ ᠨᠠᠮ ᠤᠨ ᠦᠨᠳᠦᠰᠦᠨ ᠡᠭᠦᠷᠭᠡ ᠨᠦᠭᠦᠳ:

  • ᠨᠡᠶᠢᠭᠡᠮ ᠤᠨ ᠡᠭᠦᠷᠭᠡ - ᠢᠷᠭᠡᠳ ᠦᠨ ᠠᠰᠢᠭ ᠰᠣᠨᠢᠷᠬᠠᠯ ᠢ ᠨᠢᠭᠡᠳᠬᠡᠨ ᠲᠣᠳᠣᠷᠬᠠᠶᠢᠯᠠᠬᠤ ᠶᠢ ᠡᠷᠡᠮᠡᠯᠵᠡᠳᠡᠭ ᠪᠥᠭᠡᠳ ᠲᠡᠳᠡᠨ ᠦ ᠬᠦᠰᠡᠯ ᠵᠣᠷᠢᠭ ᠢᠶᠠᠨ ᠢᠯᠡᠷᠬᠡᠶᠢᠯᠡᠬᠦ ᠠᠷᠭ᠎ᠠ ᠵᠠᠮ ᠢ 《ᠵᠢᠭᠠᠵᠤ》 ᠥᠭᠭᠦᠨ ᠲᠡᠳᠡᠨ ᠦ ᠱᠠᠭᠠᠷᠳᠠᠯᠭ᠎ᠠ ᠶᠢ ᠲᠣᠳᠣᠷᠬᠠᠢ ᠵᠣᠬᠢᠬᠤ ᠲᠦᠪᠰᠢᠨ ᠳᠦ ᠭᠠᠷᠭᠠᠳᠠᠭ (ᠬᠤᠷᠠᠯ᠂ ᠵᠢᠭ᠌ᠰᠠᠭᠠᠯ᠂ ᠴᠤᠭᠯᠠᠭᠠᠨ ᠵᠣᠬᠢᠶᠠᠨ ᠪᠠᠶᠢᠭᠤᠯᠬᠤ ᠠᠴᠠ ᠡᠬᠢᠯᠡᠭᠡᠳ ᠬᠤᠪᠢᠰᠬᠠᠯ ᠳᠤ ᠤᠷᠢᠶᠠᠯᠠᠨ ᠳᠠᠭᠤᠳᠠᠳᠠᠭ).
  • ᠦᠵᠡᠯ ᠰᠤᠷᠲᠠᠯ ᠤᠨ ᠡᠭᠦᠷᠭᠡ - ᠨᠡᠶᠢᠲᠡ ᠨᠡᠶᠢᠭᠡᠮ ᠤᠨ ᠭᠡᠰᠢᠭᠦᠳ ᠪᠣᠯᠤᠨ ᠥᠪᠡᠷ ᠦᠨ ᠭᠢᠰᠢ ᠨᠦᠭᠦᠳ ᠲᠡᠭᠡᠨ ᠤᠯᠤᠰ ᠲᠥᠷᠥ ᠶᠢᠨ ᠲᠣᠳᠣᠷᠬᠠᠢ ᠦᠵᠡᠯ ᠪᠠᠷᠢᠮᠲᠠᠯᠠᠯ ᠢ (ᠯᠢᠪᠧᠷᠠᠯᠺᠣᠨᠰᠧᠷᠠᠸᠠᠲ᠋ᠢᠸ᠂ ᠰᠣᠴᠢᠶᠠᠯ ᠳᠧᠮᠣᠺᠷᠠᠲ᠂ ᠹᠠᠱᠢᠰᠲᠡᠪ ᠬᠠᠮᠳᠣ ᠭᠡᠬᠦ ᠮᠡᠲᠦ) ᠰᠠᠨᠠᠯ ᠪᠣᠯᠭᠠᠵᠤ ᠢᠲᠡᠭᠡᠯ ᠦᠨᠡᠮᠰᠢᠯ ᠪᠣᠯᠭᠠᠭᠰᠠᠨ ᠢᠶᠠᠷ ᠥᠪᠡᠷᠰᠡᠳ ᠦᠨ ᠪᠣᠯᠪᠠᠰᠤᠷᠠᠭᠤᠯᠤᠭᠰᠠᠨ ᠨᠡᠶᠢᠭᠡᠮ ᠤᠨ ᠥᠭᠡᠷᠡᠴᠢᠯᠡᠯᠲᠡ ᠶᠢᠨ ᠪᠠᠶᠢᠯᠳᠣᠬᠣ ᠪᠣᠳᠣᠯᠭ᠎ᠠ ᠪᠠᠨ ᠳᠡᠮᠵᠢᠭᠦᠯᠬᠦ᠃
  • ᠤᠯᠤᠰ ᠲᠥᠷᠥ ᠶᠢᠨ ᠡᠭᠦᠷᠭᠡ (ᠰᠣᠩᠭᠣᠭᠤᠯᠢ ᠶᠢᠨ ᠡᠭᠦᠷᠭᠡ᠂ ᠤᠳᠤᠷᠢᠳᠤᠯᠭ᠎ᠠ ᠶᠢᠨ ᠡᠭᠦᠷᠭᠡ) - ᠲᠥᠷᠥ ᠶᠢᠨ ᠰᠣᠩᠭᠣᠭᠤᠯᠢ ᠳᠤ ᠣᠷᠣᠯᠴᠠᠵᠤ ᠵᠠᠰᠠᠭᠯᠠᠬᠤ ᠡᠷᠬᠡ ᠮᠡᠳᠡᠯ ᠪᠣᠯᠤᠨ ᠲᠡᠭᠦᠨ ᠳᠦ ᠤᠷᠤᠯᠴᠠᠬᠤ ᠡᠷᠬᠡ ᠠᠪᠬᠤ᠂ ᠲᠥᠷᠥ ᠶᠢᠨ ᠪᠣᠳᠣᠯᠭ᠎ᠠ ᠶᠢ ᠲᠣᠳᠣᠷᠬᠠᠶᠢᠯᠠᠬᠤ᠂ ᠲᠥᠷᠥ ᠶᠢᠨ ᠠᠯᠪᠠᠨ ᠲᠤᠰᠢᠶᠠᠯ ᠳᠤ ᠥᠪᠡᠷᠰᠡᠳ ᠦᠨ ᠬᠦᠮᠦᠰ ᠢ ᠪᠡᠯᠡᠳᠬᠡᠨ ᠪᠠᠶᠢᠷᠢᠰᠢᠭᠤᠯᠬᠤ᠃

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ