ᠤᠯᠢᠶᠠᠰᠤᠲᠠᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠤᠯᠢᠶᠠᠰᠤᠲᠠᠢ ᠬᠣᠲᠠ
ᠰᠤᠮᠤ
ᠨᠤᠲᠤᠭ ᠤᠨ ᠤᠳᠤᠷᠢᠳᠤᠯᠭ᠎ᠠ ᠶᠢᠨ ᠣᠷᠳᠣᠨ

ᠮᠣᠩᠭᠣᠯ ᠣᠷᠣᠨ ᠳᠠᠬᠢ ᠤᠯᠢᠶᠠᠰᠤᠲᠠᠢ ᠬᠣᠲᠠ ᠶᠢᠨ ᠪᠠᠶᠢᠷᠢᠯᠠᠭᠰᠠᠨ ᠴᠡᠭ
ᠤᠯᠤᠰ ᠮᠣᠩᠭᠣᠯ ᠮᠣᠩᠭᠣᠯ (ᠮᠣᠩᠭᠣᠯ ᠤᠯᠤᠰ)
ᠠᠶᠢᠮᠠᠭ Zavchan.gif ᠵᠠᠪᠬᠠᠨ
ᠰᠤᠮᠤ / ᠬᠣᠲᠠ ᠤᠯᠢᠶᠠᠰᠤᠲᠠᠢ
ᠪᠠᠭ (6) 1. ᠵᠢᠩᠰᠡ ᠳᠦ
2. ᠵᠢᠷᠭᠠᠯᠠᠩᠲᠤ
3. ᠴᠢᠭᠢᠰ ᠲᠡᠢ
4. ᠪᠣᠭᠳᠠ ᠶᠢᠨᠭᠣᠯ
5. ᠲᠣᠪᠴᠠᠭ
6. ᠥᠯᠵᠡᠶᠢᠲᠦ
ᠭᠠᠵᠠᠷ ᠨᠤᠲᠤᠭ 32.04 ᠺᠦᠸᠠᠳ᠋ ᠺᠢᠯᠣᠮᠧᠲ᠋ᠷ
ᠭᠠᠵᠠᠷ ᠤᠨ ᠪᠠᠶᠢᠴᠠ ᠳᠠᠯᠠᠢ ᠶᠢᠨ ᠲᠦᠪᠰᠢᠨ ᠡᠴᠡ 1753 ᠮ
ᠬᠦᠮᠦᠨ ᠠᠮᠠ (2012) 15,460 ᠬᠦᠮᠦᠨ[1]
ᠬᠦᠮᠦᠨ ᠠᠮᠠ (ᠲᠣᠭᠠᠯᠠᠯ) 17,468 ᠬᠦᠮᠦᠨ (2010) [2]
ᠠᠷᠠᠳ ᠲᠦᠮᠡᠨ ᠦᠨᠳᠦᠰᠦᠨ ᠳᠦ ᠪᠡᠨ ᠮᠣᠩᠭᠣᠯ ᠦᠨᠳᠦᠰᠦᠲᠡᠨ
ᠨᠤᠲᠤᠭ ᠤᠨ ᠣᠯᠠᠨ ᠤᠯᠢᠶᠠᠰᠤᠲᠠᠢ ᠬᠣᠲᠠ ᠶᠢᠨ ᠬᠢᠨ (ᠰᠤᠮᠤ ᠶᠢᠨ ᠬᠢᠨ)
[ᠵᠠᠪᠬᠠᠨ ᠤ] ᠤᠯᠢᠶᠠᠰᠤᠲᠠᠢ ᠶᠢᠨ ᠬᠢᠨ
1733 ᠣᠨ ᠰᠠᠭᠤᠷᠢᠨ ᠡᠭᠦᠰᠴᠢ᠂ ᠬᠡᠷᠡᠮ ᠪᠠᠷᠢᠭᠳᠡᠭᠰᠡᠨ
ᠴᠠᠭ ᠤᠨ ᠪᠥᠰᠡ ᠤᠯᠠᠭᠠᠨᠪᠠᠭᠠᠲᠤᠷ ᠤᠨ ᠴᠠᠭ (ГЦ+8)
ᠤᠲᠠᠰᠤᠨ ᠳ᠋ᠣᠭᠠᠷ +976 (0)146
ᠵᠥᠪᠬᠡᠨ ᠮᠣᠩᠭᠣᠯ ᠤᠯᠤᠰ ᠶᠢᠨ ᠰᠠᠭᠤᠷᠢᠨ ᠢᠷᠭᠡᠨ ᠦ ᠲᠣᠭ᠎ᠠ᠃ ᠭᠠᠳᠠᠭᠠᠳᠤ ᠶᠢᠨ ᠬᠠᠷᠢᠶᠠᠲᠤ ᠢᠷᠭᠡᠨ᠂ ᠭᠠᠳᠠᠭᠠᠳᠤ ᠳᠤ ᠣᠷᠣᠰᠢᠨ ᠰᠠᠭᠤᠭ᠎ᠠ ᠮᠣᠩᠭᠣᠯ ᠤᠯᠤᠰ ᠶᠢᠨ ᠢᠷᠭᠡᠨ ᠪᠠᠭᠠᠳᠤᠭ᠎ᠠ ᠦᠭᠡᠢ᠃

ᠤᠯᠢᠶᠠᠰᠤᠲᠠᠢ ᠨᠢ ᠵᠠᠪᠬᠠᠨ ᠠᠶᠢᠮᠠᠭ ᠤᠨ ᠲᠥᠪ ᠶᠤᠮ᠃ ᠮᠣᠩᠭᠣᠯ ᠤᠯᠤᠰ ᠍ ᠤᠨ ᠨᠡᠶᠢᠰᠯᠡᠯ ᠤᠯᠠᠭᠠᠨᠪᠠᠭᠠᠲᠤᠷ ᠬᠣᠲᠠ ᠠᠴᠠ 1,115 ᠺᠢᠯᠣᠮᠧᠲ᠋ᠷ ᠵᠠᠢ ᠳᠤ ᠣᠷᠣᠰᠢᠨ᠎ᠠ᠃ ᠮᠣᠩᠭᠣᠯ ᠤᠯᠤᠰ ᠤᠨ 2000 ᠣᠨ ᠤ ᠬᠦᠮᠦᠨ ᠠᠮᠠ ᠶᠢᠨ ᠲᠣᠭᠠᠯᠠᠯᠭ᠎ᠠ ᠪᠠᠷ ᠨᠡᠶᠢᠲᠡ ᠣᠷᠣᠰᠢᠨ ᠰᠠᠭᠤᠭᠴᠢ ᠨᠢ 24,276 ᠪᠠᠶᠢᠭᠰᠠᠨ ᠪᠠ ᠤᠯᠤᠰ ᠲᠤ ᠪᠠᠨ ᠬᠦᠮᠦᠨ ᠠᠮᠠ ᠪᠠᠷ 10 ᠍ ᠳᠦ ᠪᠢᠴᠢᠭᠳᠡᠵᠦ ᠪᠠᠶᠢᠪᠠ᠃ 2006 ᠣᠨ ᠤ ᠲᠣᠭᠠᠴᠠᠭ᠎ᠠ ᠪᠠᠷ 16,300 ᠪᠣᠯᠤᠭᠰᠠᠨ [3] ᠪᠠ ᠡᠨᠡ ᠨᠢ 17 ᠍ ᠳᠦᠭᠡᠷ ᠪᠠᠶᠢᠷᠢ ᠳᠤ ᠣᠷᠣᠨ᠎ᠠ᠃ ᠵᠠᠪᠬᠠᠨ ᠠᠶᠢᠮᠠᠭ ᠤᠨ ᠤᠯᠢᠶᠠᠰᠤᠲᠠᠢ ᠰᠤᠮᠤ ᠨᠢ ᠵᠠᠰᠠᠭ ᠵᠠᠬᠢᠷᠭᠠᠨ ᠤ ᠬᠤᠪᠢ ᠳᠤ ᠥᠯᠵᠡᠶᠢᠲᠦ᠂ ᠳᠣᠪᠣᠴᠠᠭ᠂ ᠵᠢᠩᠰᠡ ᠳᠦ᠂ ᠴᠢᠭᠢᠰ ᠲᠡᠢ ᠪᠠᠭ ᠤᠳ ᠲᠤ ᠬᠤᠪᠢᠶᠠᠭᠳᠠᠳᠠᠭ᠃

ᠲᠡᠭᠡᠭᠡᠪᠦᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠣᠲᠠ ᠳᠤ ᠪᠠᠨ ᠣᠶᠢᠷ᠎ᠠ ᠤᠷᠤᠰᠢᠬᠤ ᠬᠠᠭᠤᠴᠢᠨ ᠤᠯᠢᠶᠠᠰᠤᠲᠠᠢ ᠨᠢᠰᠬᠦ ᠪᠠᠭᠤᠳᠠᠯ ᠨᠢ 2 ᠰᠢᠷᠤᠶᠢᠨ ᠵᠤᠷᠪᠤᠰ ᠲᠠᠢ᠃ 2002 ᠣᠨ ᠠᠴᠠ 1 ᠰᠢᠷᠤᠶᠢᠨ ᠵᠤᠷᠪᠤᠰ ᠲᠠᠢ ᠳᠣᠨᠣᠢ ᠨᠢᠰᠬᠦ ᠪᠠᠭᠤᠳᠠᠯ (《ᠰᠢᠨ᠎ᠡ ᠤᠯᠢᠶᠠᠰᠤᠲᠠᠢ ᠨᠢᠰᠬᠦ ᠪᠠᠭᠤᠳᠠᠯ》 ᠴᠤ ᠭᠡᠳᠡᠭ) ᠨᠢ ᠤᠯᠢᠶᠠᠰᠤᠲᠠᠢ ᠬᠣᠲᠠ ᠠᠴᠠ ᠪᠠᠷᠠᠭᠤᠨ ᠵᠦᠭ ᠲᠤ 25 ᠺᠢᠯᠣᠮᠧᠲ᠋ᠷ ᠵᠠᠢ ᠳᠤ ᠤᠷᠤᠰᠢᠬᠤ ᠪᠥᠭᠡᠳ ᠤᠯᠠᠭᠠᠨᠪᠠᠭᠠᠲᠤᠷ ᠲᠠᠢ ᠪᠠᠶᠢᠩᠭᠤ ᠶᠢᠨ ᠨᠢᠰᠦᠯᠭᠡ ᠶᠠᠪᠤᠭᠤᠯᠳᠠᠭ᠃

ᠳᠤᠷᠠᠰᠬᠠᠯᠲᠤ ᠭᠠᠵᠠᠷ ᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠤᠯᠢᠶᠠᠰᠤᠲᠠᠢ ᠬᠣᠳᠠ ᠳᠤ ᠡᠷᠲᠡᠨ ᠦ ᠤᠯᠢᠶᠠᠰᠤᠲᠠᠢ ᠶᠢᠨ ᠬᠡᠷᠡᠮ ᠦᠨ ᠲᠤᠭᠤᠷᠢ ᠪᠠᠶᠢᠳᠠᠭ ᠪᠥᠭᠡᠳ ᠶᠡᠷᠦ ᠳᠡᠭᠡᠨ 5 ᠍ ᠬᠠᠨ ᠮᠧᠲ᠋ᠷ ᠦᠯᠡᠳᠡᠭᠰᠡᠨ ᠪᠠᠶᠢᠳᠠᠭ᠃ ᠮᠥᠨ ᠲᠤᠰ ᠠᠶᠢᠮᠠᠭ ᠲᠤ ᠳᠠᠶᠢᠨ ᠬᠠᠶᠢᠷᠬᠠᠨ ᠬᠡᠮᠡᠬᠦ ᠬᠠᠳᠠ ᠪᠠᠶᠢᠳᠠᠭ

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. ᠵᠠᠪᠬᠠᠨ ᠠᠶᠢᠮᠠᠭ ᠤᠨ ᠰᠲ᠋ᠠᠲ᠋ᠢᠰᠲ᠋ᠢᠭ ᠤᠨ ᠬᠡᠯᠲᠡᠰ᠃ ᠵᠠᠪᠬᠠᠨ ᠠᠶᠢᠮᠠᠭ ᠤᠨ ᠡᠳ᠋ ᠍ ᠦᠨ ᠵᠠᠰᠠᠭ᠂ ᠨᠡᠶᠢᠭᠡᠮ ᠤᠨ ᠪᠠᠶᠢᠳᠠᠯ ᠤᠨ ᠲᠠᠨᠢᠯᠴᠠᠭᠤᠯᠭ᠎ᠠ᠃ 2012 ᠣᠨ᠃
  2. ᠮᠣᠩᠭᠣᠯ ᠤᠯᠤᠰ ᠤᠨ 2010 ᠣᠨ ᠤ ᠬᠦᠮᠦᠨ ᠠᠮᠠ ᠶᠢᠨ ᠲᠣᠭᠠᠯᠠᠯᠭ᠎ᠠ ᠶᠢᠨ ᠳᠦᠩ (ᠰᠤᠮᠤ᠂ ᠳᠡᠭᠦᠷᠭᠡ ᠪᠡᠷ)
  3. Ministry of Health of Mongolia. National Center for Health Development. Health Indicators 2006[1]

ᠪᠢᠴᠢᠭᠡᠰᠦ