ᠤᠯᠠᠭᠠᠨ ᠯᠣᠣᠯᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠤᠯᠠᠭᠠᠨ ᠯᠣᠣᠯᠢ
Bright red tomato and cross section02.jpg
ᠪᠢᠣᠯᠣᠭᠢ ᠶᠢᠨ ᠠᠩᠭᠢᠯᠠᠯ
ᠠᠶᠢᠮᠠᠭ: ᠤᠷᠭᠤᠮᠠᠯ
(ᠵᠡᠷᠭᠡᠯᠡᠯ ᠢ) Eudicots
ᠪᠠᠭ: Solanales
ᠣᠪᠤᠭ: Solanaceae
ᠲᠥᠷᠥᠯ: Solanum
ᠵᠦᠢᠯ: S. lycopersicum
ᠯᠠᠲ᠋ᠢᠨ ᠨᠡᠷ᠎ᠡ
Solanum lycopersicum
ᠺᠠᠷᠯ ᠯᠢᠨᠡᠨᠢ
ᠢᠵᠢᠯ ᠤᠳᠬ᠎ᠠ ᠲᠠᠢ ᠨᠡᠷᠡᠰᠢᠯ

Lycopersicon lycopersicum
Lycopersicon esculentum

ᠤᠯᠠᠭᠠᠨ ᠯᠣᠣᠯᠢ (Solanum lycopersicum, syn. Lycopersicon lycopersicum & Lycopersicon esculentum) ᠨᠢ Solanaceae ᠣᠪᠤᠭ ᠤᠨ ᠤᠷᠭᠤᠮᠠᠯ ᠪᠠ ᠵᠢᠮᠢᠰ ᠢ ᠨᠢ ᠬᠣᠭᠣᠯᠠ ᠬᠦᠨᠡᠰᠦᠨ ᠳᠦ ᠬᠡᠷᠡᠭᠯᠡᠬᠦ ᠪᠡᠷ ᠥᠷᠭᠡᠨ ᠢᠶᠡᠷ ᠲᠠᠷᠢᠶᠠᠯᠠᠳᠠᠭ᠃ ᠤᠯᠠᠭᠠᠨ ᠯᠣᠣᠯᠢ ᠨᠢ ᠵᠢᠮᠢᠰ᠂ ᠡᠰᠡᠪᠡᠯ ᠬᠦᠨᠡᠰᠦᠨ ᠦ ᠨᠣᠭᠣᠭ᠎ᠠ ᠤ ᠠᠯᠢᠨ ᠳᠤ ᠬᠠᠮᠤᠷᠤᠭᠳᠠᠬᠤ ᠨᠢ ᠮᠠᠷᠭᠤᠭᠠᠨ ᠲᠠᠢ ᠶᠠᠭᠤᠮ᠎ᠠ᠃ ᠡᠨᠡᠬᠦ ᠤᠷᠭᠤᠮᠠᠯ ᠨᠢ 1-3 ᠮᠧᠲᠷ ᠥᠨᠳᠥᠷ᠂ ᠮᠣᠳᠣᠯᠢᠭ ᠮᠥᠴᠢᠷ ᠭᠣᠣᠯ ᠲᠠᠢ ᠪᠠᠶᠢᠬᠤ ᠪᠠ ᠨᠠᠪᠴᠢ ᠨᠢ 10-25 ᠰᠠᠨᠲ᠋ᠢᠮᠧᠲ᠋ᠷ ᠤᠷᠲᠤ᠂ ᠰᠢᠷ᠎ᠠ ᠥᠩᠭᠡ ᠶᠢᠨ ᠴᠡᠴᠡᠭ ᠴᠡᠴᠡᠭᠯᠡᠳᠡᠭ᠃ ᠴᠡᠴᠡᠭ ᠤᠨᠠᠭᠰᠠᠨ ᠤ ᠳᠠᠷᠠᠭ᠎ᠠ ᠪᠢᠳᠡᠨ ᠦ ᠬᠦᠨᠡᠰᠦᠨ ᠳᠦ ᠬᠡᠷᠡᠭᠯᠡᠳᠡᠭ ᠯᠣᠣᠯᠢ ᠭᠠᠷᠴᠤ ᠤᠷᠭᠤᠳᠠᠭ᠃ ᠣᠯᠠᠨ ᠨᠠᠰᠤᠲᠤ ᠤᠷᠭᠤᠮᠠᠯ ᠪᠣᠯᠪᠠᠴᠤ ᠰᠡᠷᠢᠭᠦᠨ ᠪᠥᠰᠡ ᠶᠢᠨ ᠬᠢ ᠨᠢ ᠨᠢᠭᠡ ᠨᠠᠰᠤᠲᠤ ᠪᠠᠶᠢᠨ᠎ᠠ᠃

ᠡᠮᠦᠨᠡᠲᠦ ᠠᠮᠧᠷᠢᠺᠠ ᠢᠨ ᠫᠧᠷᠤ ᠤᠯᠤᠰ ᠲᠤ ᠣᠳᠣ ᠠᠴᠠ 400 ᠭᠠᠷᠤᠢ ᠵᠢᠯ ᠦᠨ ᠲᠡᠷᠲᠡᠭᠡ ᠠᠩᠬ᠎ᠠ ᠤᠯᠠᠭᠠᠨ ᠯᠣᠣᠯᠢ ᠶᠢ ᠨᠡᠭᠡᠭᠡᠵᠦ᠂ ᠬᠣᠭᠣᠯᠠ ᠬᠦᠨᠡᠰᠦᠨ ᠳᠦ ᠬᠡᠷᠡᠭᠯᠡᠬᠦ ᠪᠣᠯᠤᠭᠰᠠᠨ ᠭᠡᠳᠡᠭ᠃ ᠬᠠᠷᠢᠨ ᠢᠰᠫᠠᠨᠢᠴᠤᠳ ᠠᠮᠧᠷᠢᠺᠠ ᠲᠢᠪ ᠢ ᠨᠡᠭᠡᠭᠡᠭᠰᠡᠨ ᠢᠶᠡᠷ ᠤᠯᠠᠭᠠᠨ ᠯᠣᠣᠯᠢ ᠶᠢ ᠳᠠᠯᠠᠢ ᠪᠠᠷ ᠲᠡᠭᠡᠭᠡᠪᠦᠷᠢᠯᠡᠨ ᠧᠦ᠋ᠷᠣᠫᠠ ᠲᠢᠪ ᠲᠦ ᠠᠪᠴᠢᠷᠠᠵᠤ ᠲᠠᠷᠢᠮᠠᠯᠵᠢᠭᠤᠯᠤᠭᠰᠠᠨ ᠲᠡᠦᠬᠡ ᠲᠡᠢ ᠶᠤᠮ᠃

ᠤᠯᠠᠭᠠᠨ ᠯᠣᠣᠯᠢ ᠨᠢ ᠬᠦᠨᠡᠰᠦᠨ ᠦ ᠨᠣᠭᠣᠭᠠᠨ ᠤ ᠲᠥᠷᠥᠯ ᠳᠦ ᠪᠠᠭᠲᠠᠳᠠᠭ ᠪᠥᠭᠡᠳ ᠺᠠᠯᠢᠺᠠᠯᠼᠢᠮᠠᠭᠨᠢᠹᠣᠰᠹᠣᠷᠲᠡᠮᠦᠷᠬᠦᠬᠢᠷᠢᠤᠳ᠋ ᠵᠡᠷᠭᠡ ᠪᠢᠴᠢᠯ ᠡᠯᠧᠮᠧᠨᠲ ᠢᠶᠡᠷ ᠪᠠᠶᠠᠯᠢᠭ ᠪᠠᠶᠢᠳᠠᠭ᠃ ᠭᠦᠢᠴᠡᠳ ᠪᠣᠯᠪᠠᠰᠤᠷᠠᠭᠰᠠᠨ ᠤᠯᠠᠭᠠᠨ ᠯᠣᠣᠯᠢ ᠶᠢ ᠬᠦᠨᠡᠰᠦᠨ ᠳᠦ ᠰᠢᠭᠤᠳ ᠬᠡᠷᠡᠭᠯᠡᠨ᠎ᠡ᠃

ᠲᠠᠷᠢᠶᠠᠯᠠᠯᠲᠤ[ᠵᠠᠰᠠᠪᠤᠷᠢᠯᠠᠬᠤ | ᠺᠣᠳ᠋ ᠢᠶᠠᠷ ᠵᠠᠰᠠᠬᠣ]

2008 ᠣᠨ ᠤ ᠪᠠᠶᠢᠳᠠᠯ ᠢᠶᠠᠷ ᠳᠡᠯᠡᠬᠡᠢ ᠶᠢᠨ ᠬᠡᠮᠵᠢᠶᠡᠨ ᠳᠦ 125 ᠰᠠᠶ᠎ᠠ ᠲᠣᠨ ᠤᠯᠠᠭᠠᠨ ᠯᠣᠣᠯᠢ ᠲᠠᠷᠢᠵᠤ ᠤᠷᠭᠤᠭᠤᠯᠵᠠᠢ᠃ ᠡᠭᠦᠨ ᠡᠴᠡ ᠬᠢᠲᠠᠳ ᠤᠯᠤᠰ ᠬᠠᠮᠤᠭ ᠤᠨ ᠡᠬᠢᠨ ᠦ ᠪᠠᠶᠢᠷᠢᠨ ᠳᠤ ᠪᠠᠶᠢᠨ᠎ᠠ᠃

ᠲᠠᠷᠢᠶᠠᠯᠠᠯᠲᠠ ᠪᠠᠷ ᠲᠡᠷᠢᠭᠦᠯᠡᠬᠦ ᠣᠷᠣᠨ ᠨᠤᠭᠤᠳ — 2007
(ᠲᠣᠨ)
ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠳᠤᠮᠳᠠᠳᠤ ᠤᠯᠤᠰ 33 645 000
ᠠᠮᠧᠷᠢᠺᠠ ᠠᠮᠧᠷᠢᠺᠠ 11 500 000
Flag of Turkey.svg ᠲᠦᠷᠺ 9 919 673
Flag of India.svg ᠡᠨᠡᠳᠬᠡᠭ 8 585 800
Flag of Egypt.svg ᠶᠸᠵᠠᠫᠲ 7 550 000
ᠳᠡᠯᠡᠬᠡᠢ ᠶᠢᠨ ᠨᠡᠶᠢᠲᠡ 126 246 708

ᠲᠠᠷᠢᠵᠤ ᠤᠷᠭᠤᠭᠤᠯᠬᠤ ᠲᠠᠯ᠎ᠠ ᠪᠠᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠤᠯᠠᠭᠠᠨ ᠯᠣᠣᠯᠢ ᠶᠢ ᠤᠷᠭᠤᠭᠤᠯᠬᠤ ᠶᠠᠪᠤᠴᠠ ᠳᠤ ᠬᠠᠮᠤᠭ ᠤᠨ ᠭᠣᠣᠯ ᠠᠷᠠᠴᠢᠯᠠᠭ᠎ᠠ ᠨᠢ ᠣᠯᠠᠨ ᠰᠠᠯᠠᠭᠠᠯᠠᠭᠰᠠᠨ ᠰᠤᠭᠤᠨ ᠤ ᠨᠠᠪᠴᠢ ᠶᠢ ᠲᠡᠭᠦᠬᠦ᠂ ᠮᠥᠨ ᠣᠷᠣᠢ ᠶᠢᠨ ᠨᠠᠬᠢᠶ᠎ᠠ ᠶᠢ ᠬᠣᠶᠠᠷ ᠮᠧᠲ᠋ᠷ᠂ ᠡᠰᠢᠨ ᠦ ᠲᠣᠭ᠎ᠠ ᠶᠢ 18 – 20 ᠪᠣᠯᠬᠤ ᠳᠤ ᠲᠠᠰᠤᠳᠠᠵᠤ ᠠᠪᠴᠤ ᠪᠠᠶᠢᠬᠤ ᠶᠠᠪᠤᠳᠠᠯ᠃ ᠰᠤᠭᠤᠨ ᠤ ᠨᠠᠪᠴᠢ ᠶᠢ ᠦᠷᠡᠰᠯᠡᠭ ᠰᠠᠭᠤᠯᠭᠠᠭᠰᠠᠨ ᠠᠴᠠ ᠬᠣᠶᠢᠰᠢ ᠠᠷᠪᠠ ᠬᠣᠨᠣᠭ ᠤᠨ ᠳᠠᠷᠠᠭ᠎ᠠ ᠠᠴᠠ ᠠᠪᠴᠤ ᠡᠬᠢᠯᠡᠨ᠎ᠡ᠃ ᠬᠠᠷᠢᠨ ᠰᠠᠯᠠᠭ᠎ᠠ ᠡᠰᠢᠨ ᠨᠦᠭᠦᠳ ᠡᠴᠡ ᠤᠷᠭᠤᠭᠰᠠᠨ ᠰᠤᠭᠤᠨ ᠤ ᠨᠠᠪᠴᠢ ᠶᠢ ᠵᠢᠮᠢᠰ ᠥᠭᠴᠦ ᠡᠬᠢᠯᠡᠭᠰᠡᠨ ᠡᠴᠡ ᠬᠣᠶᠢᠰᠢ ᠠᠪᠬᠤ ᠬᠡᠷᠡᠭᠲᠡᠢ᠃ 15 ᠬᠣᠨᠣᠭ ᠬᠦᠷᠲᠡᠯ᠎ᠡ ᠢᠳᠡᠪᠬᠢ ᠲᠡᠢ ᠤᠷᠭᠤᠳᠠᠭ ᠨᠠᠪᠴᠢ ᠶᠢ ᠠᠪᠬᠤ ᠳᠤ ᠪᠠᠨ ᠪᠠᠭᠠᠵᠢ ᠪᠠᠷ ᠪᠤᠰᠤ ᠵᠥᠪᠬᠡᠨ ᠭᠠᠷ ᠢᠶᠠᠷ ᠲᠠᠰᠤᠳᠠᠵᠤ ᠠᠪᠬᠤ ᠨᠢ ᠰᠠᠶᠢᠨ᠃

ᠤᠯᠠᠭᠠᠨ ᠯᠣᠣᠯᠢ ᠨᠢ ᠠᠮᠠᠷᠬᠠᠨ ᠬᠣᠷᠣᠬᠠᠶᠢᠲᠤᠳᠠᠭ᠃ ᠡᠶᠢᠮᠦ ᠳᠦ ᠬᠣᠣᠷᠲᠠᠨ ᠰᠢᠪᠠᠵᠢ ᠡᠴᠡ ᠬᠠᠮᠠᠭᠠᠯᠠᠬᠤ ᠶᠢᠨ ᠲᠤᠯᠠᠳᠠ ᠰᠢᠪᠠᠵᠢ ᠶᠢ ᠤᠰᠠᠳᠬᠠᠬᠤ ᠦᠢᠯᠡᠴᠢᠯᠡᠯ ᠲᠡᠢ ᠠᠭᠤᠰᠤᠮᠠᠯ ᠪᠡᠯᠡᠳᠬᠡᠬᠦ ᠬᠡᠷᠡᠭᠲᠡᠢ᠃ ᠡᠭᠦᠨ ᠳᠦ: 200 ᠭᠷᠠᠮ ᠰᠠᠷᠮᠢᠰ ᠤ ᠬᠢᠮᠤᠰᠤ ᠶᠢ ᠵᠢᠵᠢᠭᠯᠡᠨ ᠬᠡᠷᠴᠢᠭᠡᠳ ᠠᠷᠪᠠᠨ ᠯᠢᠲ᠋ᠷ ᠤᠰᠤᠨ ᠳᠤ ᠬᠢᠵᠦ 5 – 6 ᠮᠢᠨᠦ᠋ᠲ ᠬᠢᠷᠢ ᠲᠡᠢ ᠪᠠᠶᠢᠯᠭᠠᠭᠰᠠᠨ ᠤ ᠳᠠᠷᠠᠭ᠎ᠠ ᠲᠡᠷᠡ ᠳᠠᠷᠤᠢ ᠳᠤ ᠪᠠᠨ ᠱᠦᠷᠴᠢᠵᠦ ᠬᠡᠷᠡᠭᠯᠡᠨ᠎ᠡ᠃ ᠡᠭᠦᠨ ᠢ ᠬᠣᠶᠠᠷ ᠳᠣᠯᠣᠭ᠎ᠠ ᠬᠣᠨᠣᠭ ᠲᠤ ᠬᠣᠶᠠᠷ ᠤᠳᠠᠭ᠎ᠠ᠂ ᠨᠡᠶᠢᠲᠡ ᠳᠦ ᠪᠡᠨ ᠳᠥᠷᠪᠡᠨ ᠤᠳᠠᠭ᠎ᠠ ᠳᠠᠪᠲᠠᠨ ᠬᠢᠨ᠎ᠡ᠃

ᠮᠥᠨ ᠤᠯᠠᠭᠠᠨ ᠯᠣᠣᠯᠢᠢᠨ ᠨᠠᠪᠴᠢᠨ ᠤ ᠰᠢᠷᠣᠢ ᠶᠢ ᠴᠡᠪᠡᠷᠯᠡᠭᠡᠳ ᠵᠢᠵᠢᠭᠯᠡᠵᠦ ᠬᠡᠷᠴᠢᠨ 40 – 50 ᠭᠷᠠᠮ ᠢ ᠠᠷᠪᠠᠨ ᠯᠢᠲ᠋ᠷ ᠤᠰᠤᠨ ᠳᠤ ᠬᠢᠵᠦ 30 – 40 ᠮᠢᠨᠦ᠋ᠲ ᠬᠡᠷ ᠲᠡᠢ ᠵᠥᠭᠡᠯᠡᠨ ᠭᠠᠯ ᠳᠡᠭᠡᠷ᠎ᠡ ᠲᠠᠯᠪᠢᠵᠤ ᠢᠳᠡᠭᠡᠰᠢᠭᠦᠯᠦᠨ᠎ᠡ᠃ ᠡᠶᠢᠮᠦ ᠠᠷᠭ᠎ᠠ ᠪᠠᠷ ᠪᠡᠯᠡᠳᠬᠡᠭᠰᠡᠨ ᠤᠯᠠᠭᠠᠨ ᠯᠣᠣᠯᠢᠢᠨ ᠠᠭᠤᠰᠤᠮᠠᠯ᠂ ᠲᠠᠮᠠᠬᠢᠨ ᠤ ᠠᠭᠤᠰᠤᠮᠠᠯ ᠢᠶᠠᠷ ᠴᠠᠭᠠᠨ ᠡᠷᠪᠡᠬᠡᠢᠪᠦᠬᠦᠭ᠂ ᠬᠡᠪᠢᠵᠦ ᠰᠢᠯᠦᠰᠦᠲᠦ᠂ ᠬᠠᠴᠢᠭ ᠵᠡᠷᠭᠡ ᠰᠢᠪᠠᠵᠢ ᠶᠢ ᠤᠰᠠᠳᠬᠠᠵᠤ ᠪᠣᠯᠤᠨ᠎ᠠ᠃


ᠵᠢᠷᠤᠭ ᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠢᠭᠵᠦᠢᠯ ᠳᠦ Solanum lycopersicum ᠍ ᠲᠠᠢ ᠬᠣᠯᠪᠣᠭᠠᠲᠠᠢ ᠮᠡᠳᠡᠭᠡᠯᠡᠯ ᠪᠠᠶᠢᠨ᠎ᠠ᠃
Commons
Викимедиа дуу дүрсний сан: Solanum lycopersicum

ᠪᠢᠴᠢᠭᠡᠰᠦ