ᠤᠯᠠᠭᠠᠨ ᠪᠤᠭᠤᠳᠠᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠤᠯᠠᠭᠠᠨ ᠪᠤᠭᠤᠳᠠᠢ
Triticum monococcum
Triticum monococcum
ᠪᠢᠣᠯᠣᠭᠢ ᠶᠢᠨ ᠠᠩᠭᠢᠯᠠᠯ
ᠠᠶᠢᠮᠠᠭ: ᠤᠷᠭᠤᠮᠠᠯ
Division: ᠴᠡᠴᠡᠭᠲᠦ ᠤᠷᠭᠤᠮᠠᠯ
ᠠᠩᠭᠢ: Liliopsida
ᠪᠠᠭ: Poales
ᠣᠪᠤᠭ: Poaceae
ᠲᠥᠷᠥᠯ: Triticum
Wheatareal.PNG


ᠤᠯᠠᠭᠠᠨ ᠪᠤᠭᠤᠳᠠᠢ (ᠯᠠᠲ᠋ᠢᠨ ᠶᠢᠡᠷ Triticum SPP) ᠨᠢ ᠠᠩᠬ᠎ᠠ ᠣᠶᠢᠷᠠᠬᠢ ᠳᠣᠷᠣᠨᠠᠲᠤ ᠍ ᠤᠨ ᠯᠸᠪᠠᠨᠤᠨᠢ ᠪᠥᠰᠡ ᠨᠤᠲᠤᠭ ᠡᠴᠡ ᠡᠬᠢᠯᠡᠯ ᠲᠡᠢ ᠪᠥᠭᠡᠳ ᠬᠠᠷᠢᠨ ᠣᠳᠣ ᠳᠡᠯᠡᠬᠡᠢ ᠳᠠᠶᠠᠭᠠᠷ ᠲᠠᠷᠢᠶᠠᠯᠠᠳᠠᠭ ᠦᠷ᠎ᠡ ᠲᠠᠷᠢᠶ᠎ᠠ ᠶᠤᠮ᠃ 2010 ᠣᠨ ᠳᠤ ᠳᠡᠯᠡᠬᠡᠢ ᠶᠢᠨ ᠤᠯᠠᠭᠠᠨ ᠪᠤᠭᠤᠳᠠᠢ ᠶᠢᠨ ᠦᠢᠯᠡᠳᠪᠦᠷᠢᠯᠡᠯ 651 ᠰᠠᠶ᠎ᠠ ᠲᠣᠨ ᠪᠠᠶᠢᠭᠰᠠᠨ ᠪᠥᠭᠡᠳ ᠦᠢᠯᠡᠳᠪᠦᠷᠢᠯᠡᠯ ᠢᠶᠡᠷ ᠢᠶᠡᠨ ᠡᠷᠳᠡᠨᠢ ᠰᠢᠰᠢ (844 ᠰᠠᠶ᠎ᠠ ᠲᠣᠨ) ᠪᠠ ᠴᠠᠭᠠᠨ ᠪᠤᠳᠠᠭ᠎ᠠ ᠶᠢᠨ (672 ᠰᠠᠶ᠎ᠠ ᠲᠣᠨ) ᠳᠠᠷᠠᠭ᠎ᠠ ᠭᠤᠷᠪᠠ ᠳᠤ ᠣᠷᠣᠭᠰᠠᠨ ᠪᠠᠶᠢᠨ᠎ᠠ᠃

ᠤᠯᠠᠭᠠᠨ ᠪᠤᠭᠤᠳᠠᠢ ᠨᠢ ᠲᠠᠷᠢᠶᠠᠯᠠᠬᠤ ᠲᠠᠯᠠᠪᠠᠢ ᠶᠢᠨ ᠬᠡᠮᠵᠢᠶᠡᠨ ᠥᠰᠦᠯᠲᠡ ᠨᠢ ᠠᠯᠢ ᠴᠤ ᠲᠥᠷᠥᠯ ᠦᠨ ᠲᠠᠷᠢᠮᠠᠯ ᠤᠷᠭᠤᠮᠠᠯ ᠠᠴᠠ ᠬᠠᠪᠢ ᠦᠭᠡᠢ ᠢᠯᠡᠭᠦᠦ ᠪᠠᠶᠢᠭ᠎ᠠ᠃ ᠳᠡᠯᠡᠬᠡᠢ ᠳᠦ ᠬᠤᠳᠠᠯᠳᠤᠭᠠᠯᠠᠭᠳᠠᠭ ᠬᠡᠮᠵᠢᠶ᠎ᠡ ᠪᠡᠷ ᠢᠶᠡᠨ ᠪᠤᠰᠤᠳ ᠪᠦᠬᠦ ᠲᠥᠷᠥᠯ ᠦᠨ ᠦᠷ᠎ᠡ ᠶᠢ ᠨᠡᠶᠢᠯᠡᠭᠦᠯᠦᠭᠰᠡᠨ ᠡᠴᠡ ᠴᠤ ᠶᠡᠬᠡ ᠪᠠᠶᠢᠳᠠᠭ᠃ ᠶᠡᠷᠦ ᠨᠢ ᠤᠯᠠᠭᠠᠨ ᠪᠤᠭᠤᠳᠠᠢ ᠨᠢ ᠬᠦᠨᠡᠰᠦᠨ ᠦ ᠤᠷᠭᠤᠮᠠᠯ ᠤᠨ ᠭᠠᠷᠤᠯᠲᠠᠢ ᠤᠷᠭ᠎ᠠ ᠶᠢᠨ ᠲᠡᠷᠢᠭᠦᠯᠡᠭᠴᠢ ᠡᠬᠢ ᠡᠭᠦᠰᠪᠦᠷᠢ᠃ ᠪᠤᠰᠤᠳ ᠭᠣᠣᠯᠯᠠᠬᠤ ᠲᠠᠷᠢᠮᠠᠯ ᠤᠷᠭᠤᠮᠠᠯ ᠪᠣᠯᠬᠤ ᠡᠷᠳᠡᠨᠢ ᠰᠢᠰᠢ ᠪᠣᠯᠤᠨ ᠴᠠᠭᠠᠨ ᠪᠤᠳᠠᠭᠠᠨ ᠠᠴᠠ ᠤᠭᠤᠷᠠᠭ ᠤᠨ ᠠᠭᠤᠯᠤᠮᠵᠢ ᠥᠨᠳᠥᠷ ᠲᠡᠢ᠃ ᠤᠯᠠᠭᠠᠨ ᠪᠤᠭᠤᠳᠠᠢ ᠶᠢᠨ ᠬᠦᠨᠡᠰᠦᠨ ᠦ ᠬᠡᠷᠡᠭᠯᠡᠭᠡ ᠴᠠᠭᠠᠨ ᠪᠤᠳᠠᠭᠠᠨ ᠤ ᠳᠠᠷᠠᠭ᠎ᠠ ᠬᠣᠶᠠᠷ ᠲᠤ ᠣᠷᠣᠵᠤ ᠪᠠᠶᠢᠨ᠎ᠠ᠃ ᠡᠭᠦᠨ ᠡᠴᠡ ᠭᠠᠳᠠᠨ᠎ᠠ ᠤᠯᠠᠭᠠᠨ ᠪᠤᠭᠤᠳᠠᠢ ᠨᠢ ᠼᠧᠮᠧᠨᠲ ᠶᠢᠨ ᠦᠢᠯᠡᠳᠪᠦᠷᠢᠯᠡᠯ ᠳᠦ ᠠᠰᠢᠭᠯᠠᠭᠳᠠᠨ᠎ᠠ᠃

ᠤᠯᠠᠭᠠᠨ ᠪᠤᠭᠤᠳᠠᠢ ᠨᠢ ᠲᠥᠪᠯᠡᠷᠡᠭᠰᠡᠨ ᠠᠮᠢᠳᠤᠷᠠᠯ ᠤᠨ ᠬᠥᠭᠵᠢᠯ ᠦᠨ ᠴᠢᠬᠤᠯᠠ ᠬᠦᠴᠦᠨ ᠵᠦᠢᠯ ᠪᠣᠯᠵᠤ ᠥᠭᠭᠦᠭᠰᠡᠨ᠃ ᠤᠴᠢᠷ ᠨᠢ ᠤᠯᠠᠭᠠᠨ ᠪᠤᠭᠤᠳᠠᠢ ᠶᠢ ᠶᠡᠬᠡ ᠬᠡᠮᠵᠢᠶ᠎ᠡ ᠪᠡᠷ ᠲᠠᠷᠢᠶᠠᠯᠠᠵᠤ᠂ ᠠᠷᠪᠢᠨ ᠤᠷᠭᠤᠴᠠ ᠬᠤᠷᠢᠶᠠᠨ ᠠᠪᠬᠤ᠂ ᠤᠳᠠᠭᠠᠨ ᠬᠤᠭᠤᠴᠠᠭᠠᠨ ᠳᠤ ᠬᠠᠳᠠᠭᠠᠯᠠᠬᠤ ᠳᠤ ᠬᠢᠯᠪᠠᠷ ᠬᠠᠮᠤᠭ ᠤᠨ ᠠᠩᠬᠠᠨ ᠤ ᠦᠷ᠎ᠡ ᠪᠠᠶᠢᠭᠰᠠᠨ᠃ ᠤᠯᠠᠭᠠᠨ ᠪᠤᠭᠤᠳᠠᠢ ᠨᠢ ᠦᠷᠡᠵᠢᠯ ᠰᠢᠮᠡᠲᠡᠢ ᠬᠠᠪᠢᠷᠭᠠᠨ ᠰᠠᠷᠠ ᠨᠤᠲᠤᠭ ᠲᠤ ᠸᠠᠸᠢᠯᠤᠨ ᠤ ᠪᠣᠯᠤᠨ ᠠᠰᠰᠢᠷ ᠦᠨ ᠬᠠᠨᠲᠠ ᠤᠯᠤᠰ ᠬᠡᠬᠦ ᠮᠡᠳᠦ ᠬᠣᠲᠠ ᠤᠯᠤᠰ ᠤᠳ ᠢ ᠡᠭᠦᠰᠬᠦ ᠳᠦ ᠴᠢᠬᠤᠯᠠ ᠡᠭᠦᠷ ᠢ ᠭᠦᠢᠴᠡᠳᠭᠡᠭᠰᠡᠨ᠃ ᠤᠯᠠᠭᠠᠨ ᠪᠤᠭᠤᠳᠠᠢ ᠶᠢ ᠪᠣᠯᠪᠠᠰᠤᠷᠠᠭᠤᠯᠤᠨ ᠭᠤᠯᠢᠷ ᠭᠠᠷᠭᠠᠵᠤ ᠠᠪᠬᠤ ᠪᠠ ᠡᠨᠡ ᠨᠢ ᠲᠠᠯᠬ᠎ᠠᠭᠤᠸᠠᠮᠢᠶᠠᠨᠵᠢᠩᠨᠡᠮᠡᠭᠪᠢᠯᠠᠭᠤ᠂ ᠲᠥᠷᠥᠯ ᠪᠦᠷᠢ ᠶᠢᠨ ᠨᠠᠷᠢᠨ ᠪᠣᠣᠪᠣ᠂ ᠪᠣᠭᠣᠷᠰᠣᠭ ᠭᠡᠬᠦ ᠮᠡᠲᠦ ᠶᠢᠨ ᠭᠣᠣᠯ ᠲᠦᠭᠦᠬᠡᠢ ᠡᠳ᠋ ᠪᠣᠯᠳᠠᠭ᠃ ᠮᠥᠨ ᠤᠯᠠᠭᠠᠨ ᠪᠤᠭᠤᠳᠠᠢ ᠶᠢ ᠰᠢᠷ᠎ᠠ ᠠᠶᠢᠷᠠᠭ ᠢᠰᠬᠡᠬᠦ ᠪᠣᠯᠤᠨ ᠠᠷᠢᠬᠢᠸᠢᠰᠺᠢᠰᠫᠢᠷᠲᠪᠢᠣᠲ᠋ᠥᠯᠡᠰᠢ ᠵᠡᠷᠭᠡ ᠶᠢ ᠦᠢᠯᠡᠳᠪᠦᠷᠢᠯᠡᠬᠦ ᠳᠦ ᠠᠰᠢᠭᠯᠠᠨ᠎ᠠ᠃

ᠤᠯᠠᠭᠠᠨ ᠪᠤᠭᠤᠳᠠᠢ ᠶᠢ ᠮᠠᠯ ᠤᠨ ᠲᠡᠵᠢᠭᠡᠯ ᠦᠨ ᠵᠣᠷᠢᠯᠭ᠎ᠠ ᠪᠠᠷ ᠬᠢᠵᠠᠭᠠᠷᠯᠠᠭᠳᠠᠮᠠᠯ ᠬᠡᠮᠵᠢᠶ᠎ᠡ ᠪᠡᠷ ᠲᠠᠷᠢᠶᠠᠯᠠᠬᠤ ᠪᠠ ᠡᠰᠢ᠂ ᠳᠡᠷᠡᠰᠦ ᠶᠢ ᠨᠢ ᠪᠠᠷᠢᠯᠭ᠎ᠠ ᠶᠢᠨ ᠮᠠᠲ᠋ᠧᠷᠢᠶᠠᠯ ᠪᠣᠯᠭᠠᠨ ᠳᠡᠭᠡᠪᠦᠷ ᠬᠢᠬᠦ ᠵᠡᠷᠭᠡ ᠪᠡᠷ ᠬᠡᠷᠡᠭᠯᠡᠳᠡᠭ᠃ ᠤᠯᠠᠭᠠᠨ ᠪᠤᠭᠤᠳᠠᠢ ᠶᠢᠨ ᠦᠷ᠎ᠡ ᠶᠢ ᠬᠠᠯᠢᠰᠤᠯᠠᠨ ᠴᠠᠭᠠᠨ ᠭᠤᠯᠢᠷ ᠭᠠᠷᠭᠠᠨ ᠠᠪᠬᠤ ᠪᠠᠷ ᠡᠩᠳᠣᠰᠫᠧᠷᠮ  ᠢ ᠢᠯᠭᠠᠳᠠᠭ᠃ ᠦᠯᠡᠳᠡᠭᠳᠡᠯ ᠨᠢ ᠬᠡᠪᠡᠭ ᠪᠠ ᠦᠷ᠎ᠡ ᠬᠥᠪᠦᠷᠡᠯ ᠪᠠᠶᠢᠳᠠᠭ᠃ ᠦᠷ᠎ᠡ ᠪᠦᠲᠦᠨ ᠢᠶᠡᠷ ᠢᠶᠡᠨ ᠸᠢᠲ᠋ᠠᠮᠢᠨᠮᠢᠨᠧᠷᠠᠯᠤᠷᠭ᠎ᠠ ᠶᠢᠨ ᠥᠨᠳᠥᠷ ᠠᠭᠤᠯᠤᠮᠵᠢ ᠲᠠᠢ ᠡᠬᠢ ᠡᠭᠦᠰᠪᠦᠷᠢ ᠪᠣᠯ᠂ ᠬᠠᠯᠢᠰᠤᠯᠠᠭᠰᠠᠨ ᠲᠣᠬᠢᠶᠠᠯᠳᠤᠯ ᠳᠤ ᠳᠡᠶᠢᠯᠦᠩᠬᠢ ᠨᠢ ᠴᠠᠷᠳᠠᠭᠤᠯ ᠪᠣᠯᠳᠠᠭ᠃

ᠮᠠᠨ ᠤ ᠣᠷᠣᠨ ᠳᠤ ᠲᠠᠷᠢᠶᠠᠯᠠᠳᠠᠭ ᠰᠣᠷᠲ ᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠨ ᠤ ᠣᠷᠣᠨ ᠤ ᠴᠠᠭ ᠠᠭᠠᠷ ᠤᠨ ᠪᠣᠯᠤᠨ ᠬᠥᠷᠦᠰᠦᠨ ᠦ ᠨᠥᠬᠥᠴᠡᠯ ᠳᠦ ᠲᠣᠬᠢᠷᠠᠭᠰᠠᠨ ᠬᠡᠳᠦ ᠬᠡᠳᠦᠨ ᠲᠥᠷᠥᠯ ᠦᠨ ᠰᠣᠷᠲ ᠤᠳ ᠢ ᠲᠠᠷᠢᠶᠠᠯᠠᠵᠤ ᠪᠠᠶᠢᠨ᠎ᠠ᠃ ᠡᠭᠦᠨ ᠳᠦ: ᠳᠠᠷᠬᠠᠨ-165, ᠪᠤᠷᠢᠶᠠᠲ᠋ᠰᠺᠠᠶ᠎ᠠ-34, ᠳᠠᠷᠬᠠᠨ-74, ᠳᠠᠷᠬᠠᠨ-131, ᠳᠠᠷᠬᠠᠨ-173, ᠬᠠᠯᠬᠠᠭᠠᠯ-1, ᠣᠷᠬᠣᠨᠳᠠᠷᠬᠠᠨ-106, ᠠᠯ ᠲᠠᠢ=ᠰᠺᠠᠶ᠎ᠠ-50, ᠰᠡᠯᠡᠩᠭᠡᠳᠠᠷᠬᠠᠨ-47, ᠳᠠᠷᠬᠠᠨ-34, ᠳᠠᠷᠬᠠᠨ-166, ᠳᠠᠷᠬᠠᠨ-144 ᠵᠡᠷᠭᠡ ᠰᠣᠷᠲ ᠤᠳ ᠪᠠᠭᠲᠠᠭᠠᠨ᠎ᠠ᠃ ᠰᠧᠯᠧᠺᠼ ᠦᠨ ᠦᠵᠡᠭᠦᠯᠬᠦ ᠪᠣᠯᠤᠨ ᠦᠨᠳᠦᠰᠦᠨ ᠰᠣᠷᠢᠯᠲᠠᠨ ᠳᠤ ᠣᠷᠣᠵᠤ ᠪᠠᠶᠢᠭ᠎ᠠ ᠰᠣᠷᠲ ᠤᠳ ᠠᠴᠠ ᠪᠤᠭᠤᠳᠠᠢ ᠶᠢᠨ ᠡᠰᠢᠨ ᠦ ᠵᠡᠪ ᠡᠪᠡᠳᠴᠢᠨ ᠲᠡᠰᠪᠦᠷᠢ ᠶᠢᠨ ᠲᠠᠯᠠᠪᠠᠢ ᠶᠢᠨ ᠦᠨᠡᠯᠡᠭᠡ ᠪᠡᠷ ᠳᠠᠷᠬᠠᠨ-72 ᠰᠣᠷ ᠲᠤ ᠭᠣᠶᠢᠳᠠ ᠲᠡᠰᠪᠦᠷᠢᠲᠡᠢ᠂ ᠳᠠᠷᠬᠠᠨ-165, ᠪᠤᠷᠢᠶᠠᠲ᠋ᠰᠺᠠᠶ᠎ᠠ-34 ᠰᠣᠷᠲ ᠤᠳ ᠲᠡᠰᠪᠦᠷᠢᠲᠡᠢ᠂ ᠠᠯᠲ᠋ᠧᠷᠨᠠᠷᠶᠣᠽ ᠡᠪᠡᠳᠴᠢᠨ ᠲᠡᠰᠪᠦᠷᠢᠯᠡᠯᠲᠡ ᠪᠡᠷ ᠳᠠᠷᠬᠠᠨ-74, ᠳᠠᠷᠬᠠᠨ-131, ᠳᠠᠷᠬᠠᠨ-173, ᠬᠠᠯᠬᠠᠭᠠᠯ-1, ᠣᠷᠬᠣᠨ᠂ ᠪᠤᠷᠢᠶᠠᠲ᠋ᠰᠺᠠᠶ᠎ᠠ-34 ᠰᠣᠷᠲ ᠤᠳ᠂ ᠰᠧᠫᠲ᠋ᠣᠷᠢᠣᠽ ᠡᠪᠡᠳᠴᠢᠨ ᠲᠡᠰᠪᠦᠷᠢᠯᠡᠯᠲᠡ ᠪᠡᠷ ᠳᠠᠷᠬᠠᠨ-106, ᠳᠠᠷᠬᠠᠨ-74, ᠣᠷᠬᠣᠨ᠂ ᠬᠠᠯᠬᠠᠭᠠᠯ-1 ᠰᠣᠷᠲ ᠤᠳ ᠲᠡᠰᠪᠦᠷᠢᠲᠡᠢ ᠰᠣᠷᠲ ᠢᠶᠠᠷ ᠰᠢᠯᠭᠠᠷᠠᠭᠰᠠᠨ ᠪᠠᠶᠢᠨ᠎ᠠ᠃ ᠮᠠᠷᠺᠧᠷ ᠭᠧᠨ ᠪᠦᠬᠦᠢ ᠳ᠋ᠣᠨᠤᠷ ᠰᠣᠷᠲ ᠤᠳ ᠠᠴᠠ Kern Lr47 Yecora Rojo Yr36/Gpc-B1 ᠰᠣᠷ ᠲᠤ ᠮᠠᠨ ᠤ ᠣᠷᠣᠨ ᠳᠤ ᠲᠣᠬᠢᠶᠠᠯᠳᠣᠬᠤ ᠵᠡᠪ ᠡᠪᠡᠳᠴᠢᠨ ᠦ ᠷᠠᠰᠰ ᠲᠤ ᠭᠣᠶᠢᠳᠠ ᠲᠡᠰᠪᠦᠷᠢᠲᠡᠢ᠂ Anza Lr 37, Yr 17, Sr 38 ᠲᠡᠰᠪᠦᠷᠢᠲᠡᠢ ᠰᠣᠷ ᠲᠤ ᠪᠠᠶᠢᠨ᠎ᠠ᠃ Anza Lr 37, Yr 17, Sr 38 ᠰᠣᠷ ᠲᠤ ᠤᠷᠭᠤᠴᠠ ᠪᠣᠯᠤᠨ ᠤᠷᠭᠤᠴᠠ ᠶᠢᠨ ᠪᠦᠲᠦᠴᠡ ᠶᠢᠨ ᠦᠵᠡᠭᠦᠯᠦᠯᠲᠡ ᠪᠠᠭ᠎ᠠ ᠲᠠᠢ᠂ Yecoro Rojo Yr36/Gpc-B1 ᠰᠣᠷ ᠲᠤ ᠤᠷᠭᠤᠴᠠ ᠪᠣᠯᠤᠨ ᠪᠦᠲᠦᠭᠡᠭᠳᠡᠬᠦᠨ ᠳᠦ ᠴᠢᠨᠠᠷ ᠥᠨᠳᠥᠷ ᠲᠡᠢ ᠪᠠᠶᠢᠨ᠎ᠠ᠃ ᠳ᠋ᠣᠨᠤᠷ ᠰᠣᠷᠲ ᠤᠨ ᠦᠷ᠎ᠡ ᠶᠢ ᠦᠷᠡᠵᠢᠭᠦᠯᠵᠦ 11146 ᠦᠷ᠎ᠡ ᠲᠡᠢ ᠪᠣᠯᠤᠭᠰᠠᠨ ᠨᠢ ᠴᠢᠨᠠᠭᠰᠢᠳᠠ ᠰᠧᠯᠧᠺᠼ ᠦᠨ ᠠᠵᠢᠯ ᠳᠤ ᠥᠷᠭᠡᠨ ᠠᠰᠢᠭᠯᠠᠬᠤ ᠪᠣᠯᠤᠮᠵᠢ ᠲᠠᠢ ᠶᠤᠮ᠃

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

Commons
Викимедиа дуу дүрсний сан: ᠤᠯᠠᠭᠠᠨ ᠪᠤᠭᠤᠳᠠᠢ

ᠪᠢᠴᠢᠭᠡᠰᠦ