ᠤᠯᠠᠨ ᠤᠯᠤᠰ ᠤᠨ ᠬᠤᠯᠪᠤᠭ᠎ ᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠤᠯᠠᠨ ᠤᠯᠤᠰ ᠤᠨ ᠬᠤᠯᠪᠤᠭ᠎ ᠠ (ᠠᠩᠭᠯ᠃:League of Nations) ᠨᠢ ᠳᠡᠯᠡᠬᠡᠢ ᠶᠢᠨ 1 ᠍ ᠳᠦᠭᠡᠷ ᠳᠠᠶᠢᠨᠢ ᠰᠤᠷᠭᠠᠮᠵᠢ ᠳᠤ ᠦᠨᠳᠦᠰᠦᠯᠡᠨ 1920 ᠣᠨ ᠳᠤ ᠪᠠᠶᠢᠭᠤᠯᠤᠭᠳᠠᠭᠰᠠᠨ᠂ ᠳᠡᠯᠡᠬᠡᠢ ᠶᠢᠨ ᠠᠩᠬᠠᠨ ᠤ ᠣᠯᠠᠨ ᠤᠯᠤᠰ ᠤᠨ ᠡᠩᠬᠡᠲᠠᠶᠢᠪᠤᠩ ᠤᠨ ᠪᠠᠶᠢᠭᠤᠯᠤᠯᠭ᠎ᠠ᠃ ᠲᠥᠪ ᠨᠢ ᠰᠸᠢᠰ ᠍ ᠶᠢᠨ ᠵᠧᠨᠧᠸ ᠬᠣᠲᠣᠩ ᠢᠶᠠᠨ ᠪᠠᠶᠢᠷᠢᠯᠠᠵᠤ ᠪᠠᠶᠢᠭᠰᠠᠨ᠃

ᠤᠯᠠᠨ ᠤᠯᠤᠰ ᠤᠨ ᠬᠤᠯᠪᠤᠭ᠎ ᠠ ᠦᠨ ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠮᠧᠷᠢᠺᠠ ᠶᠢᠨ ᠨᠢᠭᠡᠳᠦᠭᠰᠡᠨ ᠤᠯᠤᠰ ᠤᠨ ᠶᠡᠷᠦᠩᠬᠡᠶᠢᠯᠡᠭᠴᠢ ᠸᠢᠳᠤᠷᠢᠤ ᠤᠯᠠᠭᠰᠠᠨ14 ᠨᠥᠬᠥᠴᠡᠯ ᠳᠦ ᠡᠩᠬᠡᠲᠠᠶᠢᠪᠤᠩ ᠤᠨ ᠵᠠᠷᠴᠢᠮ ᠳᠤ ᠠᠩᠬᠠᠯᠠᠨ ᠳᠤᠷᠢᠳᠠᠭᠳᠠᠵᠤ᠂ ᠸᠧᠷᠰᠠᠯ ᠤᠨ ᠭᠡᠷ ᠢᠶᠡᠨᠨᠢᠭᠢ 1 ᠍ ᠳᠦᠭᠡᠷ ᠵᠢᠭᠠᠯᠲᠠ ᠳᠤ ᠦᠨᠳᠦᠰᠦᠯᠡᠨ ᠤᠯᠠᠨ ᠤᠯᠤᠰ ᠤᠨ ᠬᠤᠯᠪᠤᠭ᠎ ᠠ ᠦᠨ ᠳᠦᠷᠢᠮ ᠢ ᠪᠠᠲᠤᠯᠠᠭᠰᠠᠨ ᠢᠶᠠᠷ ᠤᠭ ᠪᠠᠶᠢᠭᠤᠯᠤᠯᠭ᠎ᠠ ᠪᠠᠶᠢᠭᠤᠯᠤᠭᠳᠠᠵᠠᠢ᠃ ᠠᠩᠬ᠎ᠠ 42 ᠭᠡᠰᠢᠭᠦᠨ ᠤᠯᠤᠰ ᠲᠠᠢ ᠪᠠᠷ ᠪᠠᠶᠢᠭᠤᠯᠤᠭᠳᠠᠵᠤ ᠪᠠᠶᠢᠭᠰᠠᠨ ᠪᠥᠭᠡᠳ ᠨᠡᠶᠢᠲᠡ ᠳᠦ ᠪᠡᠨ 60 ᠭᠠᠷᠤᠢ ᠭᠡᠰᠢᠭᠦᠨ ᠤᠯᠤᠰ ᠲᠠᠢ ᠪᠣᠯᠵᠤ ᠪᠠᠶᠢᠭᠰᠠᠨ᠃

ᠰᠠᠨᠠᠭᠠᠴᠢᠯᠠᠭᠴᠢ ᠨᠢ ᠶᠡᠷᠦᠩᠬᠡᠶᠢᠯᠡᠭᠴᠢ ᠪᠡᠷ ᠠᠵᠢᠯᠯᠠᠵᠤ ᠪᠠᠶᠢᠭᠰᠠᠨ ᠠᠮᠧᠷᠢᠺᠠ ᠶᠢᠨ ᠨᠢᠭᠡᠳᠦᠭᠰᠡᠨ ᠤᠯᠤᠰ ᠨᠢ ᠮᠣᠩᠷᠣ ᠶᠢᠨ ᠨᠣᠮᠯᠠᠯ ᠍ ᠢ ᠳᠠᠭᠠᠭᠴᠢ ᠰᠧᠨᠠᠲ ᠍ ᠤᠨ ᠡᠰᠡᠷᠭᠦᠴᠡᠯ ᠡᠴᠡ ᠪᠣᠯᠵᠤ (ᠶᠡᠷᠦᠩᠬᠡᠶᠢᠯᠡᠭᠴᠢ ᠤᠯᠠᠭᠰᠠᠨ ᠠᠷᠠᠳᠴᠢᠯᠠᠭᠰᠠᠨ ᠨᠠᠮ ᠠᠴᠠ ᠨᠡᠷ᠎ᠡ ᠳᠡᠪᠰᠢᠵᠦ ᠰᠣᠩᠭᠣᠭᠳᠠᠭᠰᠠᠨ ᠪᠣᠯ ᠰᠧᠨᠠᠲ ᠲᠤ ᠪᠦᠭᠦᠳᠡ ᠨᠠᠶᠢᠷᠠᠮᠳᠠᠬᠤ ᠨᠠᠮ ᠣᠯᠠᠩᠬᠢ ᠪᠠᠶᠢᠵᠠᠢ) ᠦᠨᠳᠦᠰᠦᠲᠡᠨ ᠨᠦᠭᠦᠳ ᠦᠨ ᠯᠢᠭᠢ ᠳᠦ ᠡᠯᠰᠡᠭᠡ ᠦᠭᠡᠢ᠃ ᠮᠥᠨ ᠣᠺᠲ᠋ᠢᠶᠠᠪᠧᠷ ᠤᠨ ᠬᠤᠪᠢᠰᠬᠠᠯ ᠍ ᠤᠨ ᠦᠷ᠎ᠡ ᠳ᠋ᠦᠩ ᠳᠦ ᠪᠠᠶᠢᠭᠤᠯᠤᠭᠳᠠᠭᠰᠠᠨ ᠵᠥᠪᠯᠡᠯᠲᠦ ᠬᠣᠯᠪᠣᠭᠠᠲᠤ ᠤᠯᠤᠰ (1934 ᠣᠨ ᠳᠤ ᠭᠡᠰᠢᠭᠦᠨ ᠢᠶᠡᠷ ᠡᠯᠰᠡᠭᠰᠡᠨ) ᠪᠣᠯᠤᠨ ᠳᠠᠶᠢᠨ ᠳᠤ ᠢᠯᠠᠭᠳᠠᠭᠰᠠᠨ ᠭᠧᠷᠮᠠᠨ (1926 ᠣᠨ ᠳᠤ ᠡᠯᠰᠡᠭᠰᠡᠨ) ᠨᠢ ᠠᠩᠬᠠᠨ ᠳᠤ ᠪᠠᠨ ᠡᠯᠰᠡᠬᠦ ᠠᠰᠠᠭᠤᠳᠠᠯ ᠨᠢ ᠵᠥᠪᠰᠢᠶᠡᠷᠡᠭᠳᠡᠭᠡ ᠦᠭᠡᠢ ᠪᠠᠶᠢᠨ᠎ᠠ᠃ ᠡᠶᠢᠨᠬᠦᠦ ᠲᠣᠮᠣᠬᠠᠨ ᠭᠦᠷᠦᠨ ᠨᠦᠭᠦᠳ ᠣᠷᠣᠯᠴᠠᠭ᠎ᠠ ᠦᠭᠡᠢ ᠡᠴᠡ ᠪᠣᠯᠵᠤ ᠤᠭ ᠪᠠᠶᠢᠭᠤᠯᠤᠯᠭ᠎ᠠ ᠶᠢᠨ ᠦᠨᠳᠦᠰᠦ ᠰᠠᠭᠤᠷᠢ ᠨᠢ ᠪᠠᠲᠤ ᠪᠡᠬᠢ ᠪᠢᠰᠢ ᠪᠣᠯᠵᠠᠢ᠃

1920 ᠍ ᠢᠤᠳ᠋ ᠣᠨ ᠳᠤ ᠪᠠᠭ᠎ᠠ ᠵᠡᠷᠭᠡ ᠶᠢᠨ ᠬᠢᠮᠤᠷᠠᠯ ᠢ ᠠᠮᠵᠢᠯᠲᠠ ᠲᠠᠢ ᠵᠣᠬᠢᠴᠠᠭᠤᠯᠵᠤ ᠢᠷᠡᠭᠰᠡᠨ ᠵᠢᠱᠢᠶ᠎ᠡ ᠪᠠᠶᠢᠳᠠᠭ ᠴᠤ ᠳᠡᠯᠡᠬᠡᠢ ᠶᠢᠨ ᠬᠣᠶᠠᠳᠤᠭᠠᠷ ᠳᠠᠶᠢᠨ ᠤ ᠡᠮᠦᠨᠡᠬᠢ ᠵᠢᠯ ᠤᠨᠳ ᠲᠤ 1933 ᠣᠨ ᠳᠤ ᠶᠠᠫᠣᠨ ᠪᠣᠯᠤᠨ ᠨᠠᠼᠢᠰᠲ ᠭᠧᠷᠮᠠᠨ1937 ᠣᠨ ᠳᠤ ᠢᠲ᠋ᠠᠯᠢ ᠤᠯᠤᠰ ᠤᠳ ᠯᠢᠭ ᠡᠴᠡ ᠭᠠᠷᠴᠤ᠂ ᠲᠡᠩᠬᠡᠯᠢᠭ ᠦᠨ ᠲᠠᠯ᠎ᠠ ᠶᠢᠨ ᠵᠢᠵᠢᠭ ᠤᠯᠤᠰ ᠤᠳ ᠴᠤ ᠳᠠᠭᠠᠯᠳᠤᠨ ᠭᠠᠷᠤᠭᠰᠠᠨ ᠢᠶᠠᠷ ᠲᠣᠮᠣᠬᠠᠨ ᠬᠢᠮᠤᠷᠠᠯ ᠢ ᠵᠣᠬᠢᠴᠠᠭᠤᠯᠬᠤ ᠴᠢᠳᠠᠪᠤᠷᠢ ᠦᠭᠡᠢ ᠪᠠᠶᠢᠭᠤᠯᠤᠯᠭ᠎ᠠ ᠪᠣᠯᠤᠨ ᠬᠤᠪᠢᠷᠠᠭᠰᠠᠨ᠃ ᠮᠥᠨ 1925 ᠣᠨ ᠳᠤ ᠺᠣᠰᠲ᠋ᠠᠷᠢᠺᠠ ᠤᠯᠤᠰ ᠪᠥᠰᠡ ᠨᠤᠲᠤᠭ ᠤᠨ ᠬᠢᠮᠤᠷᠠᠯ ᠢ ᠵᠣᠬᠢᠴᠠᠭᠤᠯᠵᠤ ᠴᠢᠳᠠᠬᠤ ᠦᠭᠡᠢ ᠪᠠᠶᠢᠨ᠎ᠠ ᠭᠡᠰᠡᠨ ᠰᠢᠯᠲᠠᠭᠠᠨ ᠢᠶᠠᠷ᠂ 1926 ᠣᠨ ᠳᠤ ᠪᠷᠠᠽᠢᠯ ᠤᠯᠤᠰ ᠪᠠᠶᠢᠩᠭᠤ ᠶᠢᠨ ᠵᠥᠪᠯᠡᠯᠳᠦ ᠣᠷᠣᠭᠤᠯᠤᠭ᠎ᠠ ᠦᠭᠡᠢ ᠡᠴᠡ ᠤᠭ ᠪᠠᠶᠢᠭᠤᠯᠤᠯᠭ᠎ᠠ ᠶᠢᠨ ᠣᠷᠬᠢᠨ ᠣᠳᠴᠠᠢ᠃1939 ᠣᠨᠢ 12 ᠍ ᠳᠦᠭᠡᠷ ᠰᠠᠷ᠎ᠠ ᠳᠤ ᠬᠤᠷᠠᠯᠳᠤᠭᠰᠠᠨ ᠪᠠᠶᠢᠩᠭᠤ ᠶᠢᠨ ᠵᠥᠪᠯᠡᠯ ᠦᠨ ᠬᠤᠷᠠᠯ ᠠᠴᠠ ᠹᠢᠨᠯᠠᠨᠲᠠᠳᠠ ᠬᠠᠯᠠᠳᠠᠨ ᠳᠣᠪᠲᠣᠯᠤᠭᠰᠠᠨ ᠤᠴᠢᠷ ᠠᠴᠠ ᠵᠥᠪᠯᠡᠯᠲᠦ ᠬᠣᠯᠪᠣᠭᠠᠲᠤ ᠤᠯᠤᠰ ᠢ ᠯᠢᠭ ᠡᠴᠡ ᠬᠥᠭᠡᠭᠡᠭᠰᠡᠨ ᠰᠢᠢᠳᠪᠦᠷᠢ ᠭᠠᠷᠭᠠᠭᠰᠠᠨ ᠪᠥᠭᠡᠳ ᠤᠭ ᠬᠤᠷᠠᠯ᠂ ᠤᠭ ᠰᠢᠢᠳᠪᠦᠷᠢ ᠨᠢ ᠤᠯᠠᠨ ᠤᠯᠤᠰ ᠤᠨ ᠬᠤᠯᠪᠤᠭ᠎ ᠠ ᠦᠨ ᠬᠤᠪᠢ ᠳᠤ ᠡᠴᠦᠰ ᠦᠨ ᠬᠢ ᠪᠠᠶᠢᠯ᠎ᠠ᠃ ᠳᠡᠯᠡᠬᠡᠢ ᠶᠢᠨ 2 ᠍ ᠳᠦᠭᠡᠷ ᠳᠠᠶᠢᠨ ᠡᠬᠢᠯᠡᠮᠡᠭᠴᠡ ᠦᠨᠳᠦᠰᠦᠨ ᠳᠦ ᠪᠡᠨ ᠤᠭ ᠪᠠᠶᠢᠭᠤᠯᠤᠯᠭ᠎ᠠ ᠣᠷᠣᠰᠢᠨ ᠲᠣᠭᠲᠠᠨᠢᠬᠤ ᠪᠠᠨ ᠪᠣᠯᠢᠭᠰᠠᠨ ᠪᠢᠯᠡ᠃

ᠨᠢᠭᠡᠳᠦᠭᠰᠡᠨ ᠦᠨᠳᠦᠰᠦᠲᠡᠨ ᠦ ᠪᠠᠶᠢᠭᠤᠯᠤᠯᠭ᠎ᠠ ᠪᠠᠶᠢᠭᠤᠯᠤᠭᠳᠠᠰᠤᠨ ᠤ ᠳᠠᠷᠠᠭ᠎ᠠ 1946 ᠣᠨᠢ 4 ᠍ ᠳᠦᠭᠡᠷ ᠰᠠᠷ᠎ᠠ ᠳᠤ 21 ᠳ᠋ᠡᠬᠢ ᠤᠳᠠᠭ᠎ᠠ ᠶᠢᠨ ᠠᠰᠰᠧᠮᠪᠯᠧᠢ ᠪᠣᠯᠵᠤ᠂ ᠰᠠᠨᠠᠯ ᠬᠤᠷᠢᠶᠠᠯᠲᠠ ᠶᠢᠨ ᠦᠨᠳᠦᠰᠦᠨ ᠳᠡᠭᠡᠷ᠎ᠡ ᠤᠯᠠᠨ ᠤᠯᠤᠰ ᠤᠨ ᠬᠤᠯᠪᠤᠭ᠎ ᠠ ᠢ ᠲᠠᠷᠠᠭᠠᠵᠤ᠂ ᠬᠥᠷᠥᠩᠭᠡ ᠶᠢ ᠨᠢ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠳᠦ ᠰᠢᠯᠵᠢᠭᠦᠯᠦᠭᠰᠡᠨ ᠪᠠᠶᠢᠨ᠎ᠠ᠃ ᠣᠯᠠᠨ ᠤᠯᠤᠰ ᠤᠨ ᠰᠢᠭᠦᠬᠦᠣᠯᠠᠨ ᠤᠯᠤᠰ ᠤᠨ ᠠᠵᠢᠯᠴᠢᠨ ᠤ ᠪᠠᠶᠢᠭᠤᠯᠤᠯᠭ᠎ᠠ ᠵᠡᠷᠭᠡ ᠬᠠᠷᠢᠶ᠎ᠠ ᠪᠠᠶᠢᠭᠤᠯᠤᠯᠭ᠎ᠠ ᠨᠤᠭᠤᠳ ᠨᠢ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠤᠨ ᠬᠠᠷᠢᠶᠠᠨ ᠳᠤ ᠣᠴᠢᠭᠰᠠᠨ ᠶᠤᠮ᠃

ᠪᠦᠲᠦᠴᠡ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠠᠰᠰᠧᠮᠪᠯᠧᠢ (Assembly)
  • ᠪᠠᠶᠢᠩᠭᠤ ᠶᠢᠨ ᠵᠥᠪᠯᠡᠯ (Council)
  • ᠨᠠᠷᠢᠨ ᠪᠢᠴᠢᠭ ᠦᠨ ᠳᠠᠷᠤᠭ᠎ᠠ ᠨᠠᠷ ᠤᠨ ᠭᠠᠵᠠᠷ (Secretariat)
  • ᠣᠯᠠᠨ ᠤᠯᠤᠰ ᠤᠨ ᠶᠣᠰᠣ ᠵᠦᠢ ᠶᠢᠨ ᠪᠠᠶᠢᠩᠭᠤ ᠶᠢᠨ ᠰᠢᠭᠦᠬᠦ (Permanent Court of International Justice)
  • ᠣᠯᠠᠨ ᠤᠯᠤᠰ ᠤᠨ ᠠᠵᠢᠯᠴᠢᠨ ᠤ ᠪᠠᠶᠢᠭᠤᠯᠤᠯᠭ᠎ᠠ (International Labour Organisation)

ᠮᠥᠨ ᠮᠠᠨᠳᠠᠲ ᠤᠨ ᠪᠠᠶᠢᠩᠭᠤ ᠶᠢᠨ ᠵᠥᠪᠯᠡᠯ᠂ ᠴᠡᠷᠢᠭ ᠦᠨ ᠠᠰᠠᠭᠤᠳᠠᠯ ᠡᠷᠬᠢᠯᠡᠭᠰᠡᠨ ᠪᠠᠶᠢᠩᠭᠤ ᠶᠢᠨ ᠵᠥᠪᠯᠡᠯ᠂ ᠵᠡᠪᠰᠡᠭᠯᠡᠯ ᠢ ᠬᠣᠷᠣᠭᠳᠠᠭᠤᠯᠬᠤ ᠵᠥᠪᠯᠡᠯ᠂ ᠬᠠᠤᠯᠢᠴᠢ ᠮᠡᠷᠭᠡᠵᠢᠯᠲᠡᠨ ᠨᠦᠭᠦᠳ ᠦᠨ ᠵᠥᠪᠯᠡᠯ ᠵᠡᠷᠭᠡ ᠡᠴᠡ ᠪᠥᠷᠢᠳᠴᠦ ᠪᠠᠶᠢᠪᠠ᠃

ᠪᠠᠶᠢᠭᠤᠯᠤᠭᠳᠠᠬᠤ ᠦᠶᠡᠳᠡᠭᠡ ᠪᠠᠶᠢᠩᠭᠤ ᠶᠢᠨ ᠵᠥᠪᠯᠡᠯ ᠨᠢ ᠶᠠᠫᠣᠨᠹᠷᠠᠨᠼᠢᠶᠡᠬᠡ ᠪᠷᠢᠲ᠋ᠠᠨ(ᠠᠩᠭᠯᠢ)ᠢᠲ᠋ᠠᠯᠢ ᠭᠡᠰᠡᠨ ᠪᠦᠷᠢᠯᠳᠦᠬᠦᠨ ᠲᠡᠢ ᠪᠠᠶᠢᠴᠠᠢ᠃

ᠰᠢᠢᠳᠪᠦᠷᠢ ᠭᠠᠷᠭᠠᠬᠤ ᠳᠡᠭᠡᠳᠦ ᠡᠷᠬᠡ ᠮᠡᠳᠡᠯ ᠨᠢ ᠪᠠᠶᠢᠩᠭᠤ ᠶᠢᠨ ᠵᠥᠪᠯᠡᠯ ᠪᠤᠰᠤ᠂ ᠺᠣᠩᠷᠧᠰ ᠲᠤ ᠬᠠᠮᠢᠶᠠᠷᠤᠭᠳᠠᠬᠤ ᠪᠥᠭᠡᠳ᠂ ᠰᠢᠢᠳᠪᠦᠷᠢ ᠬᠦᠴᠦᠨᠲᠡᠢ ᠪᠣᠯᠬᠤ ᠶᠢᠨ ᠲᠤᠯᠠᠳᠠ ᠣᠯᠠᠩᠬᠢ ᠶᠢᠨ ᠰᠠᠨᠠᠯ ᠪᠢᠰᠢ᠂ ᠪᠦᠬᠦ ᠭᠡᠰᠢᠭᠦᠳ ᠦᠨ ᠵᠥᠪᠰᠢᠶᠡᠷᠡᠯ ᠢ ᠠᠪᠬᠤ ᠶᠣᠰᠣᠲᠠᠢ ᠪᠠᠶᠢᠭᠰᠠᠨ ᠢᠶᠠᠷ ᠢᠶᠠᠨ ᠥᠨᠥ ᠶᠢᠨ ᠨᠢᠭᠡᠳᠦᠭᠰᠡᠨ ᠦᠨᠳᠦᠰᠦᠲᠡᠨ ᠦ ᠪᠠᠶᠢᠭᠤᠯᠤᠯᠭ᠎ᠠᠠᠰ ᠢᠯᠭᠠᠭ᠎ᠠ ᠲᠠᠢ ᠪᠠᠶᠢᠯ᠎ᠠ᠃ ᠲᠡᠭᠦᠨᠴᠢᠯᠡᠨ ᠡᠩᠬᠡ ᠶᠢ ᠰᠠᠬᠢᠭᠤᠯᠤᠭᠴᠢ ᠠᠷᠮᠢ ᠭᠦᠢ ᠪᠠᠶᠢᠭᠰᠠᠨ ᠲᠤᠯᠠ ᠠᠪᠬᠤ ᠠᠷᠭ᠎ᠠ ᠬᠡᠮᠵᠢᠶ᠎ᠡ ᠨᠢ ᠡᠳ᠋ ᠍ ᠦᠨ ᠵᠠᠰᠠᠭ ᠤᠨ ᠬᠣᠷᠢᠭ ᠠᠷᠭ᠎ᠠ ᠬᠡᠮᠵᠢᠶᠡᠨ ᠡᠴᠡ ᠦᠯᠦ ᠬᠡᠲᠦᠷᠡᠵᠦ᠂ ᠡᠨᠡ ᠨᠢ ᠬᠢᠮᠤᠷᠠᠯ ᠢ ᠵᠣᠬᠢᠴᠠᠭᠤᠯᠬᠤ ᠬᠠᠩᠭᠠᠯᠲᠠ ᠲᠠᠢ ᠠᠷᠭ᠎ᠠ ᠪᠣᠯᠵᠤ ᠴᠢᠳᠠᠬᠤ ᠦᠭᠡᠢ ᠪᠠᠶᠢᠭᠰᠠᠨ ᠶᠤᠮ᠃ ᠭᠡᠪᠡᠴᠦ ᠳᠡᠯᠡᠬᠡᠢ ᠶᠢᠨ ᠤᠯᠤᠰ ᠣᠷᠣᠨ ᠨᠤᠭᠤᠳ ᠬᠠᠮᠲᠤᠷᠠᠵᠤ ᠰᠢᠢᠳᠪᠦᠷᠢ ᠭᠠᠷᠭᠠᠨ᠎ᠠ ᠭᠡᠰᠡᠨ ᠵᠠᠷᠴᠢᠮ ᠨᠢ ᠥᠨᠳᠥᠷ ᠢᠶᠡᠷ ᠦᠨᠡᠯᠡᠭᠳᠡᠬᠦ ᠶᠣᠰᠣᠲᠠᠢ ᠪᠢᠯᠡ᠃

ᠮᠠᠨᠵᠤᠤᠷ ᠤᠨ ᠬᠡᠷᠡᠭᠲᠡᠢ ᠬᠣᠯᠪᠣᠭᠠᠲᠠᠢ ᠪᠠᠷ ᠶᠠᠫᠣᠨ ᠳᠤ ᠰᠠᠨᠠᠭᠤᠯᠭ᠎ᠠ ᠥᠭᠬᠦ᠂ ᠡᠲ᠋ᠢᠣᠫ ᠲᠤ ᠬᠠᠯᠠᠳᠠᠨ ᠳᠣᠪᠲᠣᠯᠤᠭᠰᠠᠨ ᠤᠴᠢᠷ ᠠᠴᠠ ᠢᠲ᠋ᠠᠯᠢ ᠍ ᠶᠢᠨ ᠡᠰᠡᠷᠬᠦ ᠡᠳ᠋ ᠍ ᠦᠨ ᠵᠠᠰᠠᠭ ᠤᠨ ᠬᠣᠷᠢᠭ ᠠᠷᠭ᠎ᠠ ᠬᠡᠮᠵᠢᠶ᠎ᠡ ᠠᠪᠬᠤ ᠵᠡᠷᠭᠡ ᠪᠡᠷ ᠥᠨᠥ ᠶᠢᠨ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠨᠢ ᠠᠶᠤᠯ ᠦᠭᠡᠢ ᠪᠠᠶᠢᠳᠠᠯ ᠤᠨ ᠪᠠᠶᠢᠩᠭᠤ ᠶᠢᠨ ᠵᠥᠪᠯᠡᠯ ᠦᠨ ᠭᠡᠰᠢᠭᠦᠨ ᠣᠷᠣᠨ ᠨᠤᠭᠤᠳ ᠤᠨ ᠣᠷᠣᠯᠴᠠᠭᠰᠠᠨ ᠬᠢᠮᠤᠷᠠᠯ ᠳᠤ ᠪᠠᠶᠢᠳᠠᠯ ᠤᠨ ᠡᠰᠡᠷᠬᠦ ᠶᠠᠭᠤ ᠴᠤ ᠬᠢᠵᠦ ᠴᠢᠳᠠᠳᠠᠭ ᠦᠭᠡᠢ ᠪᠠᠶᠢᠳᠠᠯ ᠲᠠᠢ ᠬᠠᠷᠢᠴᠠᠭᠤᠯᠬᠤ ᠳᠤ ᠲᠤᠩ ᠳᠡᠪᠰᠢᠯᠲᠡ ᠲᠡᠢ ᠲᠠᠯ᠎ᠠ ᠨᠤᠭᠤᠳ ᠠᠵᠢᠭᠡᠯᠡᠭᠳᠠᠵᠤ ᠪᠠᠶᠢᠯ᠎ᠠ᠃

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ