ᠤᠮᠠᠷᠠᠳᠤ ᠲᠤᠶᠢᠯ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠤᠮᠠᠷᠠᠳᠤ ᠲᠤᠶᠢᠯ ᠪᠠ ᠤᠮᠠᠷᠠᠳᠤ ᠮᠥᠰᠦᠨ ᠳᠠᠯᠠᠢ ᠶᠢ ᠬᠠᠷᠠᠭᠤᠯᠤᠭᠰᠠᠨ ᠳᠡᠯᠭᠡᠮᠡᠯ ᠵᠢᠷᠤᠭ

ᠤᠮᠠᠷᠠᠳᠤ ᠲᠤᠶᠢᠯ (ᠭᠠᠵᠠᠷ ᠵᠦᠢ ᠶᠢᠨ ᠤᠮᠠᠷᠠᠳᠤ ᠲᠤᠶᠢᠯ) ᠭᠡᠵᠦ ᠳᠡᠯᠡᠬᠡᠢ ᠶᠢᠨ ᠡᠷᠭᠢᠯᠲᠡ ᠶᠢᠨ ᠲᠡᠩᠬᠡᠯᠢᠭ᠂ ᠪᠥᠮᠪᠥᠷᠴᠡᠭ ᠦᠨ ᠬᠣᠶᠢᠳᠤ ᠬᠠᠭᠠᠰ ᠲᠤ᠂ ᠳᠡᠯᠡᠬᠡᠢ ᠶᠢᠨ ᠭᠠᠳᠠᠷᠭᠤ ᠲᠠᠢ ᠣᠭᠲᠣᠯᠤᠯᠴᠠᠬᠤ ᠴᠡᠭ ᠢ ᠬᠡᠯᠡᠨ᠎ᠡ᠃

ᠤᠮᠠᠷᠠᠳᠤ ᠲᠤᠶᠢᠯ ᠨᠢ ᠳᠡᠯᠡᠬᠡᠢᠵᠢᠨ ᠬᠠᠮᠤᠭ ᠤᠨ ᠬᠣᠶᠢᠳᠤ ᠴᠡᠭ (ᠬᠣᠶᠢᠳᠤ ᠥᠷᠭᠡᠷᠢᠭ ᠦᠨ 90°) ᠪᠥᠭᠡᠳ ᠡᠮᠦᠨᠡᠲᠦ ᠲᠤᠶᠢᠯ ᠍ ᠤᠨ ᠶᠠᠭ ᠡᠰᠡᠷᠬᠦ ᠲᠠᠯ᠎ᠠ ᠳᠤ ᠪᠠᠶᠢᠷᠢᠯᠠᠨ᠎ᠠ᠃ ᠤᠮᠠᠷᠠᠳᠤ ᠲᠤᠶᠢᠯ ᠳᠡᠭᠡᠷ᠎ᠡ ᠪᠦᠬᠦ ᠴᠢᠭᠯᠡᠯ ᠡᠮᠦᠨ᠎ᠡ ᠵᠦᠭ ᠢ ᠵᠢᠭᠠᠨ᠎ᠠ᠃

ᠡᠮᠦᠨᠡᠲᠦ ᠲᠤᠶᠢᠯ ᠨᠢ ᠡᠬᠡ ᠭᠠᠵᠠᠷ (ᠠᠨᠲ᠋ᠠᠷᠺᠲ᠋ᠢᠳ᠋ ᠳᠡᠭᠡᠷ᠎ᠡ) ᠳᠡᠭᠡᠷ᠎ᠡ ᠪᠠᠶᠢᠳᠠᠭ ᠪᠣᠯ ᠬᠣᠶᠢᠳᠤ ᠲᠤᠶᠢᠯ ᠨᠢ ᠤᠮᠠᠷᠠᠳᠤ ᠮᠥᠰᠦᠨ ᠳᠠᠯᠠᠢ ᠳᠤ ᠪᠠᠶᠢᠷᠢᠯᠠᠨ᠎ᠠ᠃ ᠤᠮᠠᠷᠠᠳᠤ ᠲᠤᠶᠢᠯ ᠣᠷᠴᠢᠮ ᠤᠨ ᠤᠰᠤᠨ ᠤ ᠭᠦᠨ 4087 ᠮᠧᠲ᠋ᠷ [1]᠃ ᠬᠠᠮᠤᠭ ᠤᠨ ᠣᠶᠢᠷ᠎ᠠ ᠪᠠᠶᠢᠷᠢᠯᠠᠬᠤ ᠬᠠᠭᠤᠷᠠᠢ ᠭᠠᠵᠠᠷ ᠨᠢ ᠺᠠᠹᠹᠧᠺᠯᠠᠪ ᠠᠷᠠᠯ ᠪᠥᠭᠡᠳ ᠭᠷᠧᠨᠯᠠᠨ᠋ᠳ᠋ ᠍ ᠤᠨ ᠬᠣᠶᠢᠳᠤ ᠡᠷᠭᠢ ᠬᠦᠷᠲᠡᠯ᠎ᠡ ᠣᠶᠢᠷᠠᠯᠴᠠᠭ᠎ᠠ ᠪᠠᠷ 700 km.

ᠨᠡᠷ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠬᠡᠯᠡᠡᠨᠳᠡ ᠬᠣᠶᠢᠳᠤ᠂ ᠤᠷᠳᠤ ᠵᠦᠭ ᠲᠤ ᠤᠷᠤᠰᠢᠬᠤ ᠭᠠᠵᠠᠷ ᠣᠷᠣᠨ ᠤ ᠨᠡᠷ᠎ᠡ ᠶᠢ ᠬᠣᠶᠢᠳᠤ᠂ ᠤᠷᠳᠤ ᠬᠡᠮᠡᠨ ᠨᠡᠷᠡᠯᠡᠳᠡᠭ ᠬᠡᠳᠦᠢ ᠴᠤ ᠲᠤᠶᠢᠯ ᠤᠨ ᠬᠣᠶᠢᠳᠤ᠂ ᠤᠷᠳᠤ ᠵᠦᠭ ᠲᠤ ᠪᠠᠶᠢᠭ᠎ᠠ ᠶᠢ ᠤᠮᠠᠷᠠᠳᠤ᠂ ᠡᠮᠦᠨᠡᠲᠦ ᠬᠡᠮᠡᠨ ᠨᠡᠷᠡᠯᠡᠳᠡᠭ᠃ ᠲᠡᠶᠢᠮᠦ ᠡᠴᠡ ᠵᠠᠷᠢᠮ ᠲᠣᠬᠢᠶᠠᠯᠳᠤᠯ ᠳᠤ ᠭᠠᠳᠠᠭᠠᠳᠤ ᠬᠡᠯᠡᠨ ᠡᠴᠡ ᠣᠷᠴᠢᠭᠤᠯᠬᠤ ᠳᠤ ᠪᠠᠨ ᠬᠣᠶᠢᠳᠤ ᠲᠤᠶᠢᠯ ᠬᠡᠮᠡᠨ ᠣᠷᠴᠢᠭᠤᠯᠳᠠᠭ ᠪᠣᠯᠪᠠᠴᠤ᠂ ᠤᠭ ᠶᠣᠰᠣᠭᠠᠷ ᠪᠣᠯ ᠤᠮᠠᠷᠠᠳᠤ ᠲᠤᠶᠢᠯ ᠭᠡᠬᠦ ᠨᠢ ᠵᠥᠪ ᠶᠤᠮ᠃


ᠨᠡᠮᠡᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. 《A Voyage of Importance》, Time, Aug. 18, 1958

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ