ᠤᠬᠤ᠎ᠠ ᠶᠢᠨᠦ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠤᠬᠤ ᠠ́ᠨᠢ (ᠤᠯᠠᠮᠵᠢᠯᠠᠯᠲᠤ ᠬᠢᠲᠠᠳ ᠬᠡᠯᠡ ᠳᠡᠭᠡᠷ᠎ᠡ᠃ 烏桓, ᠬᠢᠯᠪᠠᠷᠰᠢᠭᠤᠯᠤᠭᠰᠠᠨ ᠬᠢᠲᠠᠳ ᠬᠡᠯᠡ ᠳᠡᠭᠡᠷ᠎ᠡ᠃ 乌桓, ᠬᠢᠲᠠᠳ ᠬᠡᠯᠡ ᠳᠡᠭᠡᠷᠡᠬᠢ ᠶᠢ ᠯᠠᠲ᠋ᠢᠨ ᠦᠰᠦᠭ ᠷᠦᠦ ᠪᠠᠭᠤᠯᠭᠠᠭᠰᠠᠨ ᠨᠢ: Wū huán, ᠠᠩᠭᠯᠢ ᠪᠠᠷ Wuhuan, ᠣᠷᠣᠰ ᠢᠶᠠᠷ ᠤᠬᠤ ᠠ́ᠨᠢ)

Map of Wuhuan

ᠮᠣᠩᠭᠣᠯ ᠤᠨ ᠨᠡᠭᠦᠳᠡᠯᠴᠢᠨ ᠣᠪᠤᠭ ᠠᠶᠢᠮᠠᠭ ᠤᠳ ᠨᠢ 850000 ᠵᠢᠯ ᠦᠨ ᠡᠮᠦᠨ᠎ᠡ ᠡᠴᠡ ᠪᠤᠶᠤ ᠴᠢᠯᠠᠭᠤᠨ ᠵᠡᠪᠰᠡᠭ ᠦᠨ ᠦᠶᠡᠰ ᠡᠬᠢᠯᠡᠨ ᠰᠠᠭᠤᠷᠢᠰᠢᠨ ᠲᠠᠷᠬᠠᠭᠰᠠᠨ ᠪᠠᠶᠢᠳᠠᠭ ᠪᠠ ᠲᠡᠳᠡᠭᠡᠷ ᠣᠪᠤᠭ ᠠᠶᠢᠮᠠᠭ ᠤᠳ ᠬᠦᠷᠡᠯ ᠵᠡᠪᠰᠡᠭ ᠦᠨ ᠦᠶ᠎ᠡ ᠪᠣᠯᠤᠨ ᠲᠡᠮᠦᠷ ᠵᠡᠪᠰᠡᠭ ᠦᠨ ᠦᠶ᠎ᠡ ᠳᠦ ᠣᠪᠤᠭ ᠠᠶᠢᠮᠠᠭ ᠢᠶᠠᠷ ᠢᠶᠠᠨ ᠨᠢᠭᠡᠳᠦᠨ ᠥᠪᠡᠷᠰᠡᠳ ᠦᠨ ᠤᠷᠳᠤ ᠵᠦᠭ ᠲᠤ ᠪᠠᠶᠢᠬᠤ ᠡᠷᠲᠡᠨ ᠦ ᠬᠢᠲᠠᠳ ᠤᠨ ᠣᠪᠤᠭ ᠠᠶᠢᠮᠠᠭ ᠤᠳ ᠲᠠᠢ ᠲᠤᠯᠤᠯᠳᠤᠵᠤ ᠡᠬᠢᠯᠡᠭᠰᠡᠨ ᠢᠶᠡᠷ ᠲᠡᠳᠡᠨ ᠢ ᠰᠤᠳᠤᠯᠤᠨ ᠰᠤᠳᠤᠷ ᠪᠢᠴᠢᠭᠢᠨ ᠳᠦ ᠪᠡᠨ ᠳᠤᠷᠠᠳᠤᠨ ᠦᠭᠦᠯᠡᠵᠦ ᠡᠬᠢᠯᠡᠵᠡᠢ᠃ ᠡᠳᠡᠭᠡᠷ ᠨᠡᠭᠦᠳᠡᠯᠴᠢᠨ ᠣᠪᠤᠭ ᠠᠶᠢᠮᠠᠭ ᠤᠳ ᠤᠨ ᠨᠢᠭᠡ ᠨᠢ ᠤᠬᠤ᠎ᠠ ᠶᠢᠨᠦ ᠬᠦᠮᠦᠰ ᠶᠤᠮ᠃


ᠡᠭᠦᠰᠦᠯ[ᠵᠠᠰᠠᠪᠤᠷᠢᠯᠠᠬᠤ | ᠺᠣᠳ᠋ ᠢᠶᠠᠷ ᠵᠠᠰᠠᠬᠣ]


ᠤᠬᠤ᠎ᠠ ᠶᠢᠨᠢᠴᠤᠳ ᠨᠢ ᠬᠢᠲᠠᠳ ᠤᠨ ᠬᠣᠶᠢᠳᠤ ᠬᠡᠰᠡᠭ ᠢᠶᠡᠷ ᠪᠤᠶᠤ ᠣᠳᠣ ᠶᠢᠨ ᠪᠡᠭᠡᠵᠢᠩ ᠬᠣᠲᠠ ᠶᠢᠨ ᠵᠠᠬᠢᠷᠭᠠᠨ ᠳᠤ ᠪᠠᠶᠢᠳᠠᠭ ᠬᠡᠪᠡᠢ᠂ ᠯᠢᠶᠣᠣᠨᠢᠨ᠂ᠱᠠᠨᠢᠰᠢ ᠪᠣᠯᠤᠨ ᠣᠳᠣ ᠶᠢᠨ ᠥᠪᠦᠷ ᠮᠣᠩᠭᠣᠯ ᠤᠨ ᠨᠤᠲᠤᠭ ᠤᠳ ᠢᠶᠠᠷ ᠨᠤᠲᠤᠭᠯᠠᠳᠠᠭ ᠪᠠᠶᠢᠭᠰᠠᠨ ᠮᠣᠩᠭᠣᠯᠴᠤᠳ ᠤᠨ ᠡᠷᠲᠡᠨ ᠦ ᠣᠪᠣᠭ ᠠᠶᠢᠮᠠᠭ ᠤᠨ ᠨᠢᠭᠡ ᠬᠡᠰᠡᠭ ᠪᠣᠯᠬᠤ ᠨᠡᠭᠦᠳᠡᠯᠴᠢᠨ ᠬᠦᠮᠦᠰ ᠶᠤᠮ᠃ ᠲᠡᠳᠡ ᠳᠤᠩᠬᠤ (ᠬᠣᠶᠢᠳᠤ ᠵᠦᠭ ᠦᠨ ᠵᠡᠷᠯᠢᠭ ᠦᠳ ᠭᠡᠰᠡᠨ ᠤᠳᠬ᠎ᠠ ᠲᠠᠢ)ᠨᠠᠷ ᠠᠴᠠ ᠰᠠᠯᠠᠩ ᠭᠠᠷᠤᠭᠰᠠᠨ ᠣᠪᠣᠭ ᠠᠶᠢᠮᠠᠭ ᠪᠠᠶᠢᠭᠰᠠᠨ ᠪᠠ ᠲᠡᠳᠡᠨ ᠳᠦ ᠳᠡᠶᠢᠯᠳᠡᠨ ᠢᠯᠠᠭᠳᠠᠵᠤ ᠪᠠᠶᠢᠭᠰᠠᠨ ᠤᠳᠠᠭ᠎ᠠ ᠲᠠᠢ᠃ ᠳᠤᠩᠬᠤᠴᠤᠳ ᠢ ᠮᠠᠨ ᠤ ᠡᠷᠡᠨ ᠦ ᠡᠮᠦᠨ᠎ᠡ 209 ᠣᠨ ᠳᠤ ᠮᠣᠳᠣᠨ ᠱᠠᠨ ᠲᠤ ᠢᠯᠠᠭᠳᠠᠭᠰᠠᠨ ᠤ ᠳᠠᠷᠠᠭ᠎ᠠ ᠪᠠᠷ ᠰᠢᠶᠠᠨᠪᠢ ᠪᠣᠯᠤᠨ ᠤᠬᠤ᠎ᠠ ᠶᠢᠨᠦ ᠨᠠᠷᠠ ᠨᠢ ᠦᠯᠡᠳᠡᠵᠦ ᠴᠢᠳᠠᠭᠰᠠᠨ ᠪᠠᠶᠢᠳᠠᠭ᠃ ᠬᠣᠵᠢᠭᠤ ᠦᠶ᠎ᠡ ᠶᠢᠨ ᠬᠠᠨ ᠣᠯᠣᠰ ᠤᠨ ᠲᠡᠦᠬᠡ ᠨᠣᠮᠣᠨ ᠳᠡᠭᠡᠷ᠎ᠡ 《ᠰᠢᠨᠪᠢᠴᠢ ᠨᠦᠭᠦᠳ ᠦᠨ ᠬᠡᠯᠡ ᠪᠢᠴᠢᠭ ᠪᠣᠯᠤᠨ ᠵᠠᠩ ᠵᠠᠩᠰᠢᠯ ᠨᠢ ᠤᠬᠤ᠎ᠠ ᠶᠢᠨᠢᠴᠤᠳ ᠲᠠᠢ ᠠᠳᠠᠯᠢ ᠪᠠᠶᠢᠭᠰᠠᠨ》 ᠬᠡᠮᠡᠨ ᠲᠡᠮᠳᠡᠭᠯᠡᠭᠳᠡᠨ ᠦᠯᠡᠳᠡᠭᠰᠡᠨ ᠪᠠᠶᠢᠨ᠎ᠠ᠃ ᠤᠬᠤ᠎ᠠ ᠶᠢᠨᠦ ᠣᠪᠣᠭ ᠠᠶᠢᠮᠠᠭ ᠤᠨ ᠤᠳᠤᠷᠢᠳᠤᠭᠴᠢ ᠪᠠᠶᠢᠭᠰᠠᠨ ᠲᠠᠳᠤᠨ ᠨᠢ (ᠮᠠᠨ ᠤ ᠡᠷᠡᠨ ᠦ 207 ᠣᠨ ᠳᠤ ᠨᠠᠰᠤ ᠪᠠᠷᠠᠭᠰᠠᠨ) ᠮᠣᠩᠭᠣᠯ ᠤᠨ ᠡᠷᠲᠡᠨ ᠦ ᠣᠪᠣᠭ ᠠᠶᠢᠮᠠᠭ ᠤᠨ ᠨᠢᠭᠡ ᠪᠣᠯᠬᠤ ᠺᠦ᠋ᠮᠣ ᠰᠢ ᠪᠤᠶᠤ ᠲᠠᠲᠠᠪᠢ ᠣᠪᠣᠭ ᠠᠶᠢᠮᠠᠭ ᠤᠨ ᠡᠪᠦᠭᠡ ᠳᠡᠭᠡᠳᠦᠰ ᠨᠢ ᠶᠤᠮ᠃ᠸᠡᠢ ᠤᠯᠤᠰ ᠤᠨ ᠲᠡᠦᠬᠡ ᠶᠢᠨ ᠨᠣᠮᠣᠨ ᠳᠤ (ᠬᠢᠳᠠᠨ ᠭᠦᠷᠦᠨ ᠦ ᠲᠡᠮᠳᠡᠭᠯᠡᠯ ᠬᠡᠰᠡᠭ ᠲᠦ) ᠺᠦ᠋ᠮᠣ ᠰᠢ ᠪᠣᠯᠤᠨ ᠬᠢᠳᠠᠨ (ᠮᠣᠩᠭᠣᠯ ᠤᠨ ᠡᠷᠲᠡᠨ ᠦ ᠣᠪᠤᠭ ᠠᠶᠢᠮᠠᠭ ᠪᠣᠯᠬᠤ ᠰᠢᠨᠪᠢᠭ ᠡᠴᠡ ᠭᠠᠷᠤᠯ ᠲᠠᠢ) ᠨᠠᠷᠠ ᠨᠢ ᠠᠳᠠᠯᠢ ᠪᠤᠶᠤ ᠨᠢᠭᠡ ᠬᠡᠯᠡ ᠪᠢᠴᠢᠭ ᠲᠡᠢ ᠪᠠᠶᠢᠭᠰᠠᠨ ᠬᠡᠮᠡᠨ ᠲᠡᠮᠳᠡᠭᠯᠡᠭᠳᠡᠵᠡᠢ᠃

ᠠᠬᠤᠢ ᠠᠮᠢᠳᠤᠷᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]


ᠬᠣᠵᠢᠭᠤ ᠦᠶ᠎ᠡ ᠶᠢᠨ ᠬᠠᠨ ᠣᠯᠣᠰ ᠤᠨ ᠨᠣᠮ ᠤᠨ 120 ᠍ ᠳᠦᠭᠡᠷ ᠪᠦᠯᠦᠭ ᠲᠦ: ᠤᠬᠤ᠎ᠠ ᠶᠢᠨᠢᠴᠤᠳ ᠨᠢ ᠮᠣᠷᠢᠨ ᠰᠤᠷ ᠬᠠᠷᠪᠤᠭᠠᠨ ᠳᠤ ᠰᠠᠶᠢᠲᠤᠷ ᠪᠡᠯᠡᠳᠬᠡᠭᠳᠡᠭᠰᠡᠨ᠂ ᠲᠡᠭᠦᠨ ᠳᠦ ᠪᠡᠨ ᠴᠤ ᠴᠢᠳᠠᠪᠤᠷᠢᠯᠢᠭ ᠪᠠᠶᠢᠭᠰᠠᠨ᠃ ᠲᠡᠳᠡ ᠠᠮᠢᠲᠠᠳ ᠪᠣᠯᠤᠨ ᠰᠢᠪᠠᠭᠤᠳ ᠢ ᠮᠣᠷᠢᠨ ᠳᠡᠭᠡᠷ᠎ᠡ ᠡᠴᠡ ᠪᠡᠨ ᠨᠤᠮᠤ ᠰᠤᠮᠤ ᠪᠠᠷ ᠬᠠᠷᠪᠤᠨ ᠠᠩᠨᠠᠵᠤ ᠪᠡᠯᠡᠳᠬᠡᠯ ᠬᠢᠳᠡᠭ ᠮᠥᠨ ᠨᠢᠭᠡ ᠭᠠᠵᠠᠷ ᠠᠴᠠ ᠨᠥᠭᠥᠭᠡ ᠭᠠᠵᠠᠷ ᠯᠤᠤ ᠡᠪᠡᠰᠦ ᠪᠣᠯᠤᠨ ᠤᠰᠤ ᠬᠠᠶᠢᠨ ᠨᠡᠭᠦᠳᠡᠯᠯᠡᠨ ᠶᠠᠪᠤᠳᠠᠭ᠃ ᠢᠩᠭᠢᠵᠦ ᠨᠡᠭᠦᠳᠡᠯᠯᠡᠨ ᠶᠠᠪᠤᠬᠤ ᠳᠤ ᠪᠠᠨ ᠳᠤᠭᠤᠢ ᠭᠡᠷ ᠲᠦ ᠠᠮᠢᠳᠤᠷᠠᠳᠠᠭ ᠪᠠ ᠲᠡᠷᠡ ᠭᠡᠷ ᠦᠨ ᠬᠢ ᠨᠢ ᠡᠭᠦᠳᠡ ᠨᠠᠷᠠ ᠯᠤᠤ ᠬᠠᠷᠠᠨ ᠪᠠᠶᠢᠷᠢᠯᠠᠳᠠᠭ᠃ ᠤᠬᠤ᠎ᠠ ᠶᠢᠨᠢᠴᠤᠳ ᠮᠢᠬ᠎ᠠ ᠢᠳᠡᠵᠦ ᠭᠡᠭᠦᠦᠨ ᠦ ᠪᠡᠨ ᠰᠦ᠋ ᠍ ᠶᠢ ᠢᠰᠬᠡᠨ ᠤᠤᠭᠤᠵᠤ᠂ ᠨᠣᠣᠰᠣ ᠪᠠᠷ ᠬᠤᠪᠴᠠᠰᠤ ᠪᠠᠨ ᠬᠡᠢ ᠶᠢᠨ ᠡᠮᠦᠰᠳᠡᠭ᠃ ᠵᠠᠷᠢᠮ ᠳᠤ ᠪᠠᠨ ᠲᠡᠳᠡ ᠰᠢᠷ᠎ᠠ ᠪᠤᠳᠠᠭ᠎ᠠ ᠲᠠᠷᠢᠳᠠᠭ ᠪᠠᠶᠢᠭᠰᠠᠨ᠃ ᠡᠷᠡᠴᠦᠳ ᠨᠢ ᠨᠤᠮᠤ ᠰᠤᠮᠤ᠂ ᠡᠮᠡᠭᠡᠯ ᠬᠠᠵᠠᠭᠠᠷ ᠤᠷᠠᠯᠠᠳᠠᠭ ᠪᠠᠶᠢᠭᠰᠠᠨ ᠪᠣᠯ ᠡᠮᠡᠭᠲᠡᠶᠢᠴᠦᠳ ᠨᠢ ᠠᠷᠠᠰᠤᠨ ᠳᠡᠭᠡᠷ᠎ᠡ ᠬᠡ ᠤᠭᠠᠯᠵᠠ ᠬᠠᠳᠬᠤᠳᠠᠭ᠃

ᠵᠠᠩ ᠲᠥᠷᠬᠥ᠂ ᠶᠣᠰᠣ ᠵᠠᠩᠰᠢᠯ[ᠵᠠᠰᠠᠪᠤᠷᠢᠯᠠᠬᠤ | ᠺᠣᠳ᠋ ᠢᠶᠠᠷ ᠵᠠᠰᠠᠬᠣ]


ᠵᠠᠯᠠᠭᠤ ᠪᠣᠯᠤᠨ ᠬᠦᠴᠦᠷᠬᠡᠭ ᠦᠳ ᠨᠢ ᠬᠥᠭᠰᠢᠨ ᠨᠠᠰᠤᠲᠠᠢ ᠪᠣᠯᠤᠨ ᠰᠤᠯᠠ ᠳᠣᠷᠣᠢ ᠨᠢᠭᠡᠨ ᠢ ᠪᠡᠨ ᠦᠯᠦ ᠬᠦᠨᠳᠦᠯᠡᠳᠡᠭ ᠪᠠᠶᠢᠭᠰᠠᠨ ᠲᠡᠳᠡ ᠲᠥᠷᠥᠯᠬᠢ ᠶᠢᠨ ᠡᠷᠡᠯᠬᠡᠭ᠂ ᠪᠠᠭᠠᠲᠤᠷᠯᠢᠭ ᠬᠦᠮᠦᠰ ᠶᠤᠮ᠃ ᠲᠡᠳᠡ ᠵᠣᠷᠢᠭᠲᠠᠢ ᠬᠡᠳᠦᠢ ᠴᠤ ᠲᠡᠰᠪᠦᠷᠢ ᠦᠭᠡᠢ ᠨᠢᠭᠡᠨ ᠪᠠᠶᠢᠭᠰᠠᠨ ᠪᠠ ᠪᠠᠶᠢᠩᠭᠤ ᠯᠠ ᠴᠢᠰᠤᠨ ᠬᠡᠷᠡᠭᠦᠯ ᠳᠡᠭᠳᠡᠭᠡᠳᠡᠭ ᠪᠠᠶᠢᠭᠰᠠᠨ᠃ ᠬᠡᠲᠦ ᠶᠡᠬᠡ ᠠᠭᠤᠷᠯᠠᠭᠰᠠᠨ ᠦᠶᠡᠳᠡᠭᠡ ᠥᠪᠡᠷ ᠬᠣᠭᠣᠷᠣᠨᠳᠣ ᠪᠠᠨ ᠲᠡᠮᠡᠴᠡᠯᠳᠦᠨ ᠨᠢᠭᠡ ᠨᠢᠭᠡᠨ ᠢ ᠪᠡᠨ ᠠᠯᠠᠨ ᠬᠢᠳᠤᠬᠤ ᠨᠢ ᠡᠯᠪᠡᠭ ᠲᠣᠬᠢᠶᠠᠯᠳᠤᠳᠠᠭ ᠴᠤ ᠭᠡᠰᠡᠨ ᠲᠡᠳᠡ ᠡᠬᠡᠴᠦᠳ ᠢ ᠪᠡᠨ ᠠᠶᠤᠯ ᠲᠠᠢ ᠪᠠᠶᠢᠳᠠᠯ ᠳᠤ ᠣᠷᠣᠭᠤᠯᠳᠠᠭ ᠦᠭᠡᠢ᠃ ᠤᠴᠢᠷ ᠨᠢ ᠲᠡᠳᠡᠨ ᠦ ᠦᠷ᠎ᠡ ᠤᠳᠤᠮ ᠨᠢ ᠡᠬᠡᠴᠦᠳ ᠡᠴᠡ ᠬᠠᠮᠢᠶᠠᠷᠤᠯ ᠲᠠᠢ ᠪᠠᠶᠢᠳᠠᠭ ᠪᠠᠶᠢᠭᠰᠠᠨ ᠪᠠᠶᠢᠨ᠎ᠠ᠃ ᠡᠷ᠎ᠡ ᠵᠣᠷᠢᠭᠲᠠᠢ᠂ ᠡᠷᠴᠢ ᠬᠦᠴᠦᠲᠡᠢ᠂ ᠰᠡᠴᠡᠨ ᠮᠡᠷᠭᠡᠨ ᠬᠦᠩ ᠢᠶᠡᠷ ᠠᠬᠠᠯᠠᠭᠴᠢ ᠪᠠᠨ ᠪᠣᠯᠭᠠᠳᠠᠭ ᠪᠠᠶᠢᠭᠰᠠᠨ ᠴᠤ ᠡᠨᠡ ᠠᠬᠠᠯᠠᠭᠴᠢ ᠶᠢᠨ ᠪᠠᠶᠢᠷᠢ ᠶᠢ ᠤᠳᠤᠮ ᠳᠠᠮᠵᠢᠭᠤᠯᠠᠨ ᠤᠯᠠᠮᠵᠢᠯᠠᠳᠠᠭ ᠦᠭᠡᠢ ᠪᠠᠶᠢᠪᠠ᠃ ᠨᠥᠭᠦᠭᠡᠲᠡᠶᠢᠭᠦᠷ ᠠᠬᠠᠮᠠᠳ ᠡᠷᠡᠭᠲᠡᠶᠢᠴᠦᠳ ᠪᠣᠯᠤᠨ ᠡᠴᠢᠭᠡ ᠨᠦᠭᠦᠳ ᠥᠪᠡᠷ ᠥᠪᠡᠷᠰᠡᠳ ᠦᠨ ᠣᠪᠤᠭ ᠢ ᠡᠭᠦᠰᠬᠡᠵᠦ ᠴᠢᠳᠠᠳᠠᠭ ᠪᠠᠶᠢᠭᠰᠠᠨ ᠪᠠ ᠲᠠᠰᠤᠷᠴᠢ ᠭᠠᠷᠤᠭᠰᠠᠨ ᠣᠪᠤᠭ ᠠᠶᠢᠮᠠᠭ ᠨᠢ ᠲᠡᠳᠡᠨ ᠦ ᠡᠮᠦᠨ᠎ᠡ ᠡᠴᠡ ᠬᠠᠷᠢᠭᠤᠴᠠᠯᠭ᠎ᠠ ᠬᠦᠯᠢᠶᠡᠳᠡᠭ ᠦᠭᠡᠢ᠃ ᠨᠡᠭᠦᠳᠡᠯᠴᠢᠨ ᠬᠡᠰᠡᠭ ᠪᠦᠯᠦᠭ ᠬᠦᠮᠦᠰ ᠪᠦᠷ ᠥᠪᠡᠷ ᠥᠪᠡᠷᠰᠡᠳ ᠦᠨ ᠤᠳᠤᠷᠢᠳᠤᠭᠴᠢ᠂ ᠲᠣᠯᠣᠭᠠᠶᠢᠯᠠᠭᠴᠢ ᠲᠠᠢ ᠪᠠᠶᠢᠭᠰᠠᠨ ᠪᠠ ᠡᠨᠡᠬᠦ ᠬᠡᠰᠡᠭ ᠪᠦᠯᠦᠭ ᠬᠦᠮᠦᠰ ᠨᠢ 100-1000 ᠭᠡᠷ ᠪᠤᠶᠤ ᠡᠷᠦᠬᠡ ᠲᠡᠢ ᠪᠠᠶᠢᠴᠠᠢ᠃ ᠡᠨᠡ ᠬᠡᠰᠡᠭ ᠪᠦᠯᠦᠭ ᠬᠦᠮᠦᠰ ᠢ ᠲᠤᠬᠠᠢ ᠶᠢᠨ ᠬᠡᠰᠡᠭ ᠢ ᠠᠬᠠᠯᠠᠵᠤ ᠪᠠᠶᠢᠭ᠎ᠠ ᠠᠬᠠᠯᠠᠭᠴᠢ ᠶᠢᠨ ᠨᠡᠷ᠎ᠡ ᠪᠡᠷ ᠬᠣᠴᠢᠯᠠᠨ ᠳᠠᠭᠤᠳᠠᠳᠠᠭ ᠪᠠᠶᠢᠭᠰᠠᠨ ᠪᠠᠶᠢᠨ᠎ᠠ᠃ ᠲᠤᠬᠠᠢ ᠶᠢᠨ ᠬᠡᠰᠡᠭ ᠪᠦᠯᠦᠭ ᠬᠦᠮᠦᠰ ᠪᠢᠴᠢᠭ ᠦᠰᠦᠭ ᠦᠭᠡᠢ ᠪᠠᠶᠢᠭᠰᠠᠨ ᠴᠤ ᠥᠪᠡᠷ ᠥᠪᠡᠷᠰᠡᠳ ᠦᠨ ᠤᠷᠢᠶ᠎ᠠ᠂ ᠲᠤᠩᠬᠠᠭᠯᠠᠯᠲᠠᠢ ᠪᠠᠶᠢᠵᠤ ᠲᠡᠭᠦᠨ ᠦ ᠪᠡᠨ ᠮᠣᠳᠣᠨ ᠳᠡᠭᠡᠷ᠎ᠡ ᠰᠡᠶᠢᠯᠦᠨ ᠦᠢᠯᠡᠳᠳᠡᠭ ᠪᠠᠶᠢᠭᠰᠠᠨ ᠢ ᠥᠭᠡᠷ᠎ᠡ ᠪᠤᠰᠤᠳ ᠪᠦᠯᠦᠭ ᠬᠦᠮᠦᠰ᠂ ᠣᠪᠤᠭ ᠠᠶᠢᠮᠠᠭ ᠤᠳ ᠮᠥᠨ ᠲᠤᠬᠠᠢ ᠶᠢᠨ ᠣᠪᠤᠭ ᠠᠶᠢᠮᠠᠭ ᠤᠨ ᠬᠢᠨ ᠲᠡᠭᠦᠨ ᠢ ᠵᠥᠷᠢᠴᠡᠵᠦ ᠵᠢᠷᠦᠬᠡᠯᠡᠳᠡᠭ ᠦᠭᠡᠢ ᠪᠠᠶᠢᠭᠰᠠᠨ ᠪᠠᠶᠢᠨ᠎ᠠ᠃ ᠮᠥᠨ ᠠᠬᠠᠯᠠᠭᠴᠢ ᠳᠤ ᠵᠠᠬᠢᠷᠤᠭᠳᠠᠭ᠎ᠠ ᠦᠭᠡᠢ ᠬᠦᠮᠦᠨ ᠢ ᠵᠠᠯᠬᠠᠭᠠᠨ ᠴᠡᠭᠡᠷᠯᠡᠭᠦᠯᠳᠡᠭ ᠪᠠᠶᠢᠪᠠ᠃ ᠲᠡᠳᠡ ᠪᠡᠶ᠎ᠡ ᠪᠡᠶᠡᠩ ᠡᠴᠡ ᠪᠡᠨ ᠮᠠᠯ ᠬᠤᠯᠠᠭᠠᠶᠢᠯᠠᠳᠠᠭ ᠪᠠᠶᠢᠭᠰᠠᠨ ᠪᠥᠭᠡᠳ ᠡᠭᠦᠨ ᠢ ᠪᠡᠨ ᠭᠡᠮᠲᠦ ᠬᠡᠷᠡᠭ ᠲᠦ ᠲᠣᠭᠠᠴᠠᠳᠠᠭ ᠦᠭᠡᠢ ᠪᠠᠶᠢᠨ᠎ᠠ᠃ ᠬᠡᠷᠪᠡ ᠬᠦᠮᠦᠨ ᠦ ᠠᠮᠠ ᠶᠢ ᠪᠤᠰᠠᠨᠢᠭᠤᠯᠪᠠᠯ ᠮᠣᠷᠢ᠂ ᠬᠣᠨᠢ ᠵᠡᠷᠭᠡ ᠵᠦᠢᠯ ᠦᠳ ᠢᠶᠡᠷ ᠬᠠᠬᠤᠤᠯᠢ ᠥᠭᠭᠦᠨ ᠭᠠᠷᠳᠠᠭ ᠪᠠᠶᠢᠴᠠᠢ᠃ ᠲᠤᠬᠠᠢ ᠶᠢᠨ ᠬᠡᠰᠡᠭ ᠪᠦᠯᠦᠭ ᠬᠦᠮᠦᠰ ᠪᠤᠶᠤ ᠠᠶᠢᠮᠠᠭ ᠤᠨ ᠠᠬᠠᠯᠠᠭᠴᠢ ᠶᠢᠨ ᠰᠢᠢᠳᠪᠦᠷᠢ ᠪᠡᠷ ᠬᠡᠨ ᠨᠢᠭᠡᠨ ᠢ ᠠᠶᠢᠮᠠᠭ ᠠᠴᠠ ᠪᠠᠨ ᠬᠥᠳᠡᠭ ᠪᠠᠶᠢᠭᠰᠠᠨ ᠪᠠ ᠲᠡᠳᠡᠨ ᠢ ᠭᠣᠪᠢ ᠷᠤ ᠶᠠᠪᠤᠭᠤᠯᠳᠠᠭ ᠪᠠᠶᠢᠴᠠᠢ᠃ ᠬᠡᠷᠪᠡ ᠤᠬᠤ᠎ᠠ ᠶᠢᠨᠦ ᠬᠦᠮᠦᠰ ᠭᠡᠷᠯᠡᠬᠦ ᠶᠢ ᠬᠦᠰᠡᠪᠡᠯ ᠰᠦᠢᠲᠦ ᠵᠠᠯᠠᠭᠤ ᠰᠦᠢᠲᠦ ᠪᠦᠰᠡᠭᠦᠢ ᠪᠡᠨ ᠥᠪᠡᠷ ᠦᠨ ᠭᠡᠷ ᠲᠦ 3-6 ᠰᠠᠷ᠎ᠠ ᠬᠠᠮᠲᠤ ᠠᠮᠢᠳᠤᠷᠠᠬᠤ ᠶᠢ ᠬᠡᠯᠡᠨ ᠤᠷᠢᠳᠠᠭ ᠪᠠᠶᠢᠴᠠᠢ᠃ ᠢᠩᠭᠢᠭᠡᠳ ᠲᠡᠳᠡ ᠪᠡᠶ᠎ᠡ ᠪᠡᠶᠡᠩ ᠳᠦ ᠪᠡᠨ ᠲᠠᠭᠠᠯᠠᠭᠳᠠᠪᠠᠯ ᠰᠦᠢᠲᠦ ᠵᠠᠯᠠᠭᠤ ᠰᠦᠢᠲᠦ ᠪᠦᠰᠡᠭᠦᠢ ᠶᠢᠨ ᠡᠴᠢᠭᠡ ᠡᠬᠡ ᠶᠢᠨ ᠭᠡᠷ ᠲᠦ ᠠᠮᠢᠳᠤᠷᠠᠬᠤ ᠪᠠᠷ ᠢᠷᠡᠵᠦ ᠬᠤᠷᠢᠮ ᠤᠨ ᠪᠡᠯᠡᠭ ᠢᠶᠡᠨ ᠥᠭᠳᠡᠭ ᠪᠠᠶᠢᠪᠠ᠃ ᠰᠦᠢ ᠳᠦ ᠵᠠᠯᠠᠭᠤ ᠥᠪᠡᠷ ᠦᠨ ᠭᠡᠷᠯᠡᠬᠦ ᠪᠦᠰᠡᠭᠦᠢ ᠶᠢᠨ ᠭᠡᠷ ᠪᠦᠯᠢ ᠳᠦ 1 ᠡᠰᠡᠪᠡᠯ 2 ᠵᠢᠯ ᠠᠮᠢᠳᠤᠷᠠᠰᠤᠨ ᠤ ᠳᠠᠷᠠᠭ᠎ᠠ ᠪᠠᠷ ᠪᠦᠰᠡᠭᠦᠢ ᠶᠢᠨ ᠡᠴᠢᠭᠡ ᠡᠬᠡ ᠡᠴᠡ ᠢᠨᠵᠢ ᠪᠣᠯᠤᠨ ᠥᠪᠡᠷ ᠦᠨ ᠰᠦᠢᠲᠦ ᠪᠦᠰᠡᠭᠦᠢ ᠪᠡᠨ ᠡᠬᠡᠨᠡᠷ ᠢᠶᠡᠨ ᠪᠣᠯᠭᠠᠨ ᠠᠪᠳᠠᠭ ᠪᠠᠶᠢᠴᠠᠢ᠃ ᠤᠬᠤ᠎ᠠ ᠶᠢᠨᠢᠴᠤᠳ ᠥᠪᠡᠷ ᠦᠨ ᠡᠴᠢᠭᠡ ᠪᠡᠨ ᠨᠠᠰᠤ ᠪᠠᠷᠰᠤᠨ ᠤ ᠳᠠᠷᠠᠭ᠎ᠠ ᠪᠠᠷ ᠥᠪᠡᠷ ᠦᠨ ᠲᠦᠷᠦᠭᠰᠡᠨ ᠡᠬᠡ ᠡᠴᠡ ᠪᠤᠰᠤᠳ ᠡᠴᠢᠭᠡ ᠶᠢᠨ ᠢᠶᠡᠨ ᠡᠬᠡᠨᠡᠷ ᠦᠳ ᠢ ᠥᠪᠡᠷ ᠦᠨ ᠡᠬᠡᠨᠡᠷ ᠪᠣᠯᠭᠠᠨ ᠠᠪᠬᠤ ᠶᠣᠰᠣᠲᠠᠢ ᠪᠠ ᠡᠮᠡᠭᠲᠡᠶᠢᠴᠦᠳ ᠠᠷᠤ ᠭᠡᠷ ᠦᠨ ᠠᠵᠤ ᠠᠬᠤᠢ ᠶᠢ ᠪᠦᠷᠢᠨ ᠡᠷᠬᠢᠯᠡᠳᠡᠭ᠃ ᠬᠡᠷᠡᠭ ᠪᠦᠷᠢ ᠳᠦ ᠪᠡᠨ ᠡᠮᠡᠭᠲᠡᠶᠢᠴᠦᠳ ᠦᠨ ᠰᠠᠨᠠᠯ ᠢ ᠰᠣᠨᠣᠰᠳᠠᠭ ᠴᠤ ᠵᠥᠪᠬᠡᠨ ᠴᠡᠷᠢᠭ ᠦᠨ ᠬᠡᠷᠡᠭ ᠢ ᠥᠪᠡᠷᠰᠡᠳ ᠢᠶᠡᠨ ᠰᠢᠢᠳᠳᠡᠭ᠃ ᠡᠷᠡᠴᠦᠳ ᠨᠢ ᠲᠣᠯᠣᠭᠠᠢ ᠶᠢᠨ ᠤ ᠪᠠᠨ ᠦᠰᠦ ᠶᠢ ᠬᠤᠰᠤᠬᠤ ᠶᠢ ᠬᠥᠩᠭᠡᠷ ᠪᠣᠯᠤᠯ᠎ᠠ ᠬᠡᠮᠡᠨ ᠦᠵᠡᠳᠡᠭ ᠪᠠᠶᠢᠭᠰᠠᠨ ᠪᠣᠯ ᠡᠮᠡᠭᠲᠡᠶᠢᠴᠦᠳ ᠨᠢ ᠨᠥᠬᠥᠷ ᠲᠦ ᠭᠠᠷᠬᠤ ᠠᠴᠠ ᠡᠮᠦᠨ᠎ᠡ ᠦᠰᠦ ᠪᠡᠨ ᠤᠷᠭᠤᠭᠤᠯᠵᠤ 2 ᠰᠠᠯᠠᠭ᠎ᠠ ᠪᠣᠯᠭᠠᠨ ᠰᠦᠯᠵᠢᠵᠦ᠂ ᠲᠣᠯᠣᠭᠠᠢ ᠳᠤ ᠪᠠᠨ ᠠᠯᠲᠠ᠂ ᠬᠠᠰ ᠴᠢᠯᠠᠭᠤᠨ᠂ ᠮᠠᠷᠠᠭᠡᠳ ᠴᠢᠯᠠᠭᠤ ᠪᠠᠷ ᠭᠣᠶᠣᠯ ᠬᠡᠢ ᠶᠢᠨ ᠵᠡᠭᠦᠳᠡᠭ᠃ ᠨᠠᠰᠤ ᠪᠠᠷᠠᠭᠰᠠᠨ ᠨᠢᠭᠡᠨ ᠦ ᠪᠡᠨ ᠱᠠᠷᠢᠯ ᠢ ᠲᠡᠳᠡ ᠭᠠᠰᠢᠭᠤᠳᠠᠨ ᠤᠬᠢᠯᠠᠵᠤ᠂ ᠳᠠᠭᠤᠤ ᠳᠠᠭᠤᠯᠠᠵᠤ ᠪᠦᠵᠢᠭᠯᠡᠨ ᠠᠪᠴᠤ ᠶᠠᠪᠤᠬᠤ ᠠᠴᠠ ᠭᠠᠳᠠᠨ᠎ᠠ ᠲᠤᠬᠠᠢ ᠶᠢᠨ ᠬᠦᠮᠦᠨ ᠦ ᠡᠳ᠋ᠯᠡᠵᠦ ᠬᠡᠷᠡᠭᠯᠡᠵᠦ ᠪᠠᠶᠢᠭᠰᠠᠨ ᠬᠤᠪᠴᠠᠰᠤ ᠬᠤᠨᠠᠷ᠂ ᠲᠡᠭᠦᠨ ᠦ ᠨᠣᠬᠠᠢ᠂ ᠮᠣᠷᠢ ᠶᠢ ᠴᠤᠭ ᠲᠤ ᠨᠢ ᠰᠢᠲᠠᠭᠠᠳᠠᠭ ᠪᠠᠶᠢᠴᠠᠢ᠃ ᠴᠢᠱᠠᠨᠢ ᠠᠭᠤᠯᠠ ᠶᠢ (ᠪᠠᠶᠢᠷᠢᠯᠠᠯ ᠨᠢ ᠲᠣᠳᠣᠷᠬᠠᠢ ᠪᠤᠰᠤ᠂ ᠯᠢᠶᠣᠣ ᠶᠢᠳᠤᠩ ᠠᠴᠠ ᠪᠠᠷᠠᠭᠤᠨ ᠬᠣᠶᠢᠨ᠎ᠠ ᠪᠠᠶᠢᠷᠢᠯᠠᠳᠠᠭ ᠪᠠᠶᠢᠭᠰᠠᠨ ᠭᠡᠵᠦ ᠦᠵᠡᠳᠡᠭ) ᠦᠬᠦᠯ ᠦᠨ ᠶᠢᠷᠲᠢᠨᠴᠦ ᠶᠢᠨ ᠬᠠᠭᠠᠯᠭ᠎ᠠ ᠬᠡᠮᠡᠨ ᠦᠵᠡᠳᠡᠭ ᠪᠠᠶᠢᠭᠰᠠᠨ᠃ ᠲᠡᠳᠡ ᠲᠩᠷᠢ᠂ ᠭᠠᠵᠠᠷ᠂ ᠨᠠᠷᠠ᠂ ᠰᠠᠷᠠ᠂ ᠰᠦᠨᠡᠰᠦ᠂ ᠨᠠᠰᠤ ᠪᠠᠷᠠᠭᠰᠠᠨ ᠪᠠᠭᠠᠲᠤᠷ ᠨᠢᠭᠡᠨ ᠢ ᠪᠡᠨ ᠲᠠᠬᠢᠨ ᠰᠢᠲᠦᠵᠦ ᠬᠣᠨᠢ ᠪᠠᠷ ᠡᠷᠭᠦᠯ ᠢ ᠡᠷᠭᠦᠳᠡᠭ ᠪᠠᠶᠢᠪᠠ᠃ ᠮᠡᠨᠳᠦᠯᠡᠬᠦ ᠳᠦ ᠪᠡᠨ ᠨᠢᠭᠡ ᠬᠥᠯ ᠢᠶᠡᠨ ᠨᠤᠭᠤᠯᠤᠨ ᠰᠠᠭᠤᠳᠠᠭ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]


ᠮᠠᠨ ᠤ ᠡᠷᠡᠨ ᠦ ᠡᠮᠦᠨ᠎ᠡ 209 ᠣᠨ ᠳᠤ ᠾᠦᠩᠨᠦ ᠶᠢᠨ ᠡᠵᠡᠨᠲᠦ ᠭᠦᠷᠦᠨ ᠢ ᠡᠭᠦᠰᠬᠡᠨ ᠪᠠᠶᠢᠭᠤᠯᠤᠭᠴᠢ ᠮᠣᠳᠣᠨ ᠱᠠᠩᠡᠶᠤ ᠳᠤᠩᠬᠤ ᠣᠪᠤᠭ ᠠᠶᠢᠮᠠᠭ ᠢ ᠪᠤᠲᠠ ᠴᠣᠬᠢᠵᠤ ᠡᠨᠡ ᠦᠶ᠎ᠡ ᠳᠦ ᠳᠤᠩᠬᠤ ᠠᠶᠢᠮᠠᠭ ᠤᠨ ᠦᠯᠡᠳᠡᠭᠰᠡᠨ ᠬᠦᠮᠦᠰ ᠤᠬᠤ᠎ᠠ ᠶᠢᠨᠦ ᠪᠣᠯᠤᠨ ᠰᠢᠶᠠᠨᠪᠢ ᠨᠠᠷ ᠲᠠᠢ ᠨᠢᠭᠡᠳᠦᠨ ᠵᠡᠭᠦᠨ ᠵᠦᠭ ᠲᠤ ᠪᠡᠨ ᠳᠦᠷᠪᠡᠨ ᠣᠳᠴᠠᠢ᠃ ᠰᠢᠶᠠᠨᠪᠢ ᠣᠪᠤᠭ ᠠᠶᠢᠮᠠᠭ ᠡᠨᠡ ᠦᠶ᠎ᠡ ᠳᠦ ᠳᠤᠩᠬᠤ ᠠᠶᠢᠮᠠᠭ ᠲᠠᠢ ᠵᠡᠷᠭᠡᠴᠡᠨ᠂ ᠤᠬᠤ᠎ᠠ ᠶᠢᠨᠦ ᠠᠶᠢᠮᠠᠭ ᠤᠨ ᠬᠣᠶᠢᠳᠤ ᠬᠡᠰᠡᠭ ᠢᠶᠡᠷ ᠣᠷᠣᠰᠢᠳᠠᠭ ᠪᠠᠶᠢᠭᠰᠠᠨ᠃ ᠤᠬᠤ᠎ᠠ ᠶᠢᠨᠦ ᠠᠶᠢᠮᠠᠭ ᠳᠤᠩᠬᠤ ᠠᠶᠢᠮᠠᠭ ᠲᠠᠢ ᠵᠡᠷᠭᠡᠴᠡᠨ ᠣᠷᠣᠰᠢᠳᠠᠭ ᠪᠠᠶᠢᠭᠰᠠᠨ ᠬᠡᠳᠦᠢ ᠴᠤ ᠬᠢᠲᠠᠳ ᠤᠳ ᠲᠠᠢ ᠠᠷᠠᠢ ᠢᠯᠡᠭᠦᠦ ᠬᠣᠯᠪᠣᠭ᠎ᠠ ᠲᠠᠢ ᠪᠠᠶᠢᠭᠰᠠᠨ ᠪᠠ ᠤᠴᠢᠷ ᠨᠢ ᠲᠡᠳᠡ ᠤᠷᠳᠤ ᠬᠡᠰᠡᠭ ᠢᠶᠡᠷ ᠢᠶᠡᠨ ᠳᠤᠮᠳᠠᠳᠤ ᠤᠯᠤᠰ ᠲᠠᠢ ᠬᠢᠯᠢᠯᠡᠳᠡᠭ ᠪᠠᠶᠢᠭᠰᠠᠨ ᠪᠠᠶᠢᠨ᠎ᠠ᠃ (ᠡᠨᠡ ᠨᠢ ᠣᠳᠣ ᠶᠢᠨ ᠯᠢᠶᠣᠣ ᠭᠣᠣᠯ ᠤᠨ ᠵᠡᠭᠦᠨ ᠬᠡᠰᠡᠭ ᠬᠠᠪᠢᠶᠠᠷᠠ). ᠮᠠᠨ ᠤ ᠡᠷᠡᠨ ᠦ ᠡᠮᠦᠨ᠎ᠡ 121 ᠣᠨ ᠬᠦᠷᠲᠡᠯ᠎ᠡ ᠤᠬᠤ᠎ᠠ ᠶᠢᠨᠦ ᠠᠶᠢᠮᠠᠭ ᠨᠢ ᠾᠦᠩᠨᠦ ᠶᠢᠨ ᠡᠵᠡᠨᠲᠦ ᠭᠦᠷᠦᠨ ᠳᠦ ᠠᠯᠪᠠ ᠭᠤᠪᠴᠢᠭᠤᠷ ᠲᠥᠯᠦᠳᠡᠭ ᠪᠠᠶᠢᠪᠠ᠃ ᠬᠣᠵᠢᠭᠤ ᠦᠶ᠎ᠡ ᠶᠢᠨ ᠬᠠᠨ ᠣᠯᠣᠰ ᠤᠨ ᠨᠣᠮ ᠤᠨ 120 ᠍ ᠳᠦᠭᠡᠷ ᠪᠦᠯᠦᠭ ᠲᠦ: 《ᠮᠣᠳᠣᠨ ᠱᠠᠩᠡᠶᠤ ᠤᠬᠤ᠎ᠠ ᠶᠢᠨᠦ ᠠᠶᠢᠮᠠᠭ ᠢ ᠪᠤᠲᠠ ᠴᠣᠬᠢᠭᠰᠠᠨ ᠤ ᠳᠠᠷᠠᠭ᠎ᠠ ᠪᠠᠷ ᠲᠡᠳᠡ ᠳᠣᠷᠣᠶᠢᠳᠠᠵᠤ ᠡᠬᠢᠯᠡᠭᠰᠡᠨ ᠪᠠ ᠾᠬᠦᠩᠨᠦᠴᠦᠳ ᠲᠡᠳᠡᠨ ᠢ ᠡᠷᠬᠡᠰᠢᠶᠡᠯ ᠳᠦ ᠪᠡᠨ ᠪᠠᠶᠢᠯᠭᠠᠨ ᠬᠦᠴᠦ ᠪᠡᠷ ᠵᠢᠯ ᠪᠦᠷᠢ ᠦᠬᠡᠷ᠂ ᠮᠣᠷᠢ᠂ ᠬᠣᠨᠢ᠂ ᠬᠣᠨᠢᠨ ᠤ ᠠᠷᠠᠰᠤ ᠵᠡᠷᠭᠡ ᠪᠡᠷ ᠲᠠᠲᠠᠪᠤᠷᠢ ᠲᠠᠲᠠᠭᠠᠰᠤ ᠠᠪᠴᠤ ᠪᠠᠶᠢᠪᠠ᠃ ᠬᠡᠷᠪᠡ ᠲᠡᠳᠡ ᠲᠠᠲᠠᠪᠤᠷᠢ ᠪᠠᠨ ᠲᠥᠯᠥᠬᠦ ᠦᠭᠡᠢ ᠪᠣᠯ ᠲᠡᠳᠡᠨ ᠦ ᠡᠬᠡᠨᠡᠷ᠂ ᠬᠡᠦᠬᠡᠳ ᠦᠳ ᠢ ᠠᠪᠴᠤ ᠶᠠᠪᠤᠳᠠᠭ ᠪᠠᠶᠢᠯ᠎ᠠ᠃》 ᠭᠡᠵᠦ ᠦᠭᠦᠯᠡᠭᠰᠡᠨ ᠪᠠᠶᠢᠳᠠᠭ᠃ ᠮᠠᠨ ᠤ ᠡᠷᠡᠨ ᠦ ᠡᠮᠦᠨ᠎ᠡ 121 ᠣᠨ ᠳᠤ ᠬᠠᠨᠢ ᠭᠦᠷᠦᠨ ᠦ ᠵᠠᠩᠵᠤᠨ ᠬᠤᠣ ᠴᠤᠪᠢᠨ ᠾᠦᠩᠨᠦ ᠶᠢᠨ ᠵᠡᠭᠦᠨ ᠵᠢᠭᠦᠷ ᠢ ᠪᠤᠲᠠ ᠴᠣᠬᠢᠭᠰᠠᠨ ᠪᠠ ᠤᠬᠤ᠎ᠠ ᠶᠢᠨᠦ ᠠᠶᠢᠮᠠᠭ ᠢ 5 ᠬᠡᠰᠡᠭ ᠪᠣᠯᠭᠠᠨ (ᠱᠠᠩᠭᠦ᠂ ᠶᠢᠶᠠᠨ᠂ ᠶᠡᠪᠡᠶᠢᠫᠠᠨ᠂ ᠯᠢᠶᠣᠣᠰᠢ᠂ ᠯᠢᠶᠣᠣᠳᠣᠨ) ᠬᠤᠪᠢᠶᠠᠵᠤ ᠬᠢᠲᠠᠳ ᠤᠨ ᠬᠣᠶᠢᠳᠤ ᠬᠢᠯᠢ ᠭᠠᠵᠠᠷ ᠪᠣᠯᠭᠠᠨ ᠾᠬᠦᠩᠨᠦᠴᠦᠳ ᠦᠨ ᠳᠠᠭᠠᠷᠢᠯᠲᠠ ᠠᠴᠠ ᠬᠠᠮᠠᠭᠠᠯᠠᠬᠤ ᠬᠡᠰᠡᠭ ᠪᠣᠯᠭᠠᠵᠠᠢ᠃ ᠡᠨᠡ ᠨᠢ ᠤᠬᠤ᠎ᠠ ᠶᠢᠨᠦ ᠠᠶᠢᠮᠠᠭ ᠬᠠᠨ ᠭᠦᠷᠦᠨ ᠲᠡᠢ (ᠮᠠᠨ ᠤ ᠡᠷᠡᠨ ᠦ ᠡᠮᠦᠨ᠎ᠡ 206-ᠮᠠᠨ ᠤ ᠡᠷᠡᠨ ᠦ 220 ᠣᠨ) ᠣᠶᠢᠷ᠎ᠠ ᠬᠠᠷᠢᠯᠴᠠᠭ᠎ᠠ ᠬᠣᠯᠪᠣᠭ᠎ᠠ ᠲᠠᠢ ᠪᠣᠯᠬᠤ ᠡᠬᠢᠯᠡᠯ ᠪᠣᠯᠵᠤ ᠥᠭᠴᠡᠢ᠃ ᠤᠬᠤ᠎ᠠ ᠶᠢᠨᠦ ᠠᠶᠢᠮᠠᠭ ᠤᠨ ᠠᠬᠠᠯᠠᠭᠴᠢ ᠵᠢᠯ ᠪᠦᠷᠢ ᠬᠠᠨ ᠭᠦᠷᠦᠨ ᠦ ᠨᠡᠶᠢᠰᠯᠡᠯ ᠪᠣᠯᠬᠤ ᠴᠢᠨ ᠠᠨᠢ ᠬᠣᠳᠠ ᠳᠤ ᠵᠣᠴᠢᠯᠠᠨ ᠮᠠᠰᠢ ᠥᠨᠳᠥᠷ ᠱᠠᠩ ᠬᠠᠷᠠᠮᠵᠢ ᠶᠢ ᠲᠥᠯᠦᠳᠡᠭ ᠪᠠᠶᠢᠪᠠ᠃ ᠬᠠᠨᠢ ᠭᠦᠷᠦᠨ ᠦ ᠴᠵᠢᠣ ᠬᠠᠭᠠᠨ ᠤ ᠨᠣᠶᠠᠷᠬᠠᠯ ᠤᠨ ᠦᠶ᠎ᠡ ᠳᠦ ᠤᠬᠤ᠎ᠠ ᠶᠢᠨᠢᠴᠤᠳ ᠬᠦᠴᠦᠷᠬᠡᠭᠴᠢᠨ ᠾᠦᠩᠨᠦ ᠶᠢᠨ ᠡᠵᠡᠨ ᠳᠦ ᠭᠦᠷᠦᠨ ᠦ ᠬᠠᠭᠠᠳ ᠤᠨ ᠪᠤᠩᠬᠤᠨ ᠨᠤᠭᠤᠳ ᠤᠨ ᠳᠡᠭᠡᠷᠡᠮᠳᠡᠨ ᠲᠣᠨᠣᠳᠠᠭ ᠪᠠᠶᠢᠴᠠᠢ᠃ ᠵᠡᠷᠯᠢᠭ ᠳᠣᠭᠰᠢᠨ ᠾᠬᠦᠩᠨᠦᠴᠦᠳ ᠡᠭᠦᠨ ᠳᠦ ᠨᠢ ᠶᠡᠬᠡᠳᠡ ᠳᠤᠷᠭᠤᠶᠢᠴᠡᠨ ᠤᠬᠤ᠎ᠠ ᠶᠢᠨᠦ ᠠᠶᠢᠮᠠᠭ ᠤᠨ ᠵᠡᠭᠦᠨ ᠬᠡᠰᠡᠭ ᠢᠶᠡᠷ ᠳᠣᠪᠲᠣᠯᠵᠤ ᠲᠡᠳᠡᠨ ᠢ ᠪᠠᠭᠤᠯᠭᠠᠵᠤ ᠠᠪᠤᠭᠰᠠᠨ ᠪᠠᠶᠢᠳᠠᠭ᠃ ᠡᠨᠡ ᠦᠶ᠎ᠡ ᠳᠦ ᠹᠠᠨ ᠮᠢᠨᠢᠶᠦ ᠤᠬᠤ᠎ᠠ ᠶᠢᠨᠢᠴᠤᠳ ᠲᠤ ᠳᠡᠮᠵᠢᠯᠭᠡ ᠦᠵᠡᠭᠦᠯᠦᠨ ᠾᠬᠦᠩᠨᠦᠴᠦᠳ ᠦᠨ ᠡᠰᠡᠷᠬᠦ ᠲᠤᠯᠤᠯᠳᠤᠨ ᠲᠡᠳᠡᠨ ᠢ ᠪᠤᠴᠠᠭᠠᠭᠰᠠᠨ ᠬᠡᠳᠦᠢ ᠴᠤ ᠲᠡᠳᠡᠨ ᠷᠦᠦ ᠭᠡᠨᠡᠳᠲᠡ ᠳᠣᠪᠲᠣᠯᠤᠨ ᠳᠠᠭᠠᠷᠢᠵᠤ 6000 ᠭᠠᠷᠤᠨ ᠤᠬᠤ᠎ᠠ ᠶᠢᠨᠢᠴᠤᠳ ᠢ ᠤᠷᠪᠠᠭᠰᠠᠨ ᠬᠡᠮᠡᠨ ᠲᠣᠯᠣᠭᠠᠢ ᠶᠢ ᠠᠪᠰᠠᠨ ᠤ ᠳᠣᠲᠣᠷ ᠲᠡᠳᠡᠨ ᠦ 3 ᠤᠳᠤᠷᠢᠳᠤᠭᠴᠢ ᠶᠢ ᠴᠠᠭᠠᠵᠠᠯᠠᠨ ᠬᠣᠷᠢᠶᠠᠴᠠᠢ᠃ ᠬᠠᠨᠢ ᠭᠦᠷᠦᠨ ᠦ ᠰᠤᠨ (ᠮᠠᠨ ᠤ ᠡᠷᠡᠨ ᠦ ᠡᠮᠦᠨ᠎ᠡ 74-49 ᠣᠨ) ᠬᠠᠭᠠᠨ ᠤ ᠨᠣᠶᠠᠷᠬᠠᠯ ᠤᠨ ᠦᠶ᠎ᠡ ᠳᠦ ᠤᠬᠤ᠎ᠠ ᠶᠢᠨᠢᠴᠤᠳ ᠬᠢᠲᠠᠳ ᠤᠨ ᠬᠣᠶᠢᠳᠤ ᠬᠡᠰᠡᠭ ᠲᠦ ᠨᠡᠭᠦᠨ ᠣᠴᠢᠵᠤ ᠬᠠᠨᠢ ᠭᠦᠷᠦᠨ ᠳᠦ ᠵᠠᠬᠢᠷᠤᠭᠳᠠᠬᠤ ᠪᠣᠯᠵᠠᠢ᠃ ᠮᠠᠨ ᠤ ᠡᠷᠡᠨ ᠦ 49 ᠣᠨ ᠳᠤ ᠯᠢᠶᠣᠣᠰᠢ ᠬᠡᠰᠡᠭ ᠦᠨ ᠤᠬᠤ᠎ᠠ ᠶᠢᠨᠦ ᠠᠶᠢᠮᠠᠭ ᠤᠨ ᠤᠳᠤᠷᠢᠳᠤᠭᠴᠢ ᠬᠧᠳᠠᠨ ᠬᠠᠨᠢ ᠭᠦᠷᠦᠨ ᠦ ᠵᠠᠬᠢᠷᠭᠠᠨ ᠳᠤ 922 ᠠᠬᠠᠯᠠᠭᠴᠢ ᠨᠠᠷ ᠤᠨ ᠬᠠᠮᠲᠤ ᠣᠴᠢᠨ ᠬᠠᠨᠢ ᠭᠦᠷᠦᠨ ᠦ ᠬᠠᠭᠠᠨ ᠭᠤᠸᠠᠩᠸᠳ ᠵᠠᠷᠤᠴᠠ᠂ ᠪᠣᠳᠠ ᠮᠠᠯ᠂ ᠮᠣᠷᠢᠳ᠂ ᠨᠤᠮᠤ ᠰᠤᠮᠤ᠂ ᠪᠠᠷᠰ᠂ ᠢᠷᠪᠢᠰ ᠪᠣᠯᠤᠨ ᠪᠤᠯᠠᠭᠠᠨ ᠤ ᠠᠷᠠᠰᠤ ᠶᠢ ᠠᠯᠪᠠ ᠭᠤᠪᠴᠢᠭᠤᠷ ᠪᠣᠯᠭᠠᠨ ᠲᠥᠯᠦᠵᠢᠭᠡ᠃ ᠬᠣᠵᠢᠭᠤ ᠦᠶ᠎ᠡ ᠶᠢᠨ ᠬᠠᠨᠢ ᠭᠦᠷᠦᠨ ᠦ ᠦᠶ᠎ᠡ ᠳᠦ ᠤᠬᠤ᠎ᠠ ᠶᠢᠨᠢᠴᠤᠳ ᠨᠥᠯᠥᠭᠡ ᠪᠦᠬᠦᠢ ᠪᠠᠶᠢᠭᠰᠠᠨ ᠪᠠ ᠢᠯᠠᠩᠭᠤᠶ᠎ᠠ ᠴᠡᠷᠢᠭ ᠦᠨ ᠬᠦᠴᠦ ᠪᠡᠷ ᠬᠠᠨᠢ ᠭᠦᠷᠦᠨ ᠦ ᠴᠡᠷᠢᠭ ᠦᠨ ᠬᠦᠴᠦᠩᠳᠡ ᠬᠠᠮᠲᠤᠷᠠᠳᠠᠭ ᠪᠠᠶᠢᠪᠠ᠃ ᠸᠠᠩ ᠮᠠᠨ ᠾᠬᠦᠩᠨᠦᠴᠦᠳ ᠲᠡᠢ ᠳᠠᠶᠢᠲᠤᠬᠤ ᠶᠢᠨ ᠲᠤᠯᠠᠳᠠ ᠤᠬᠤ᠎ᠠ ᠶᠢᠨᠦ ᠪᠣᠯᠤᠨ ᠳ᠋ᠢᠩᠯᠢᠩ ᠨᠠᠷ ᠠᠴᠠ ᠪᠦᠷᠢᠳᠦᠭᠰᠡᠨ ᠴᠡᠷᠢᠭ ᠦᠨ ᠬᠡᠰᠡᠭ ᠢ ᠪᠦᠷᠢᠳᠦᠭᠦᠯᠦᠭᠰᠡᠨ ᠪᠠ ᠢᠩᠭᠦᠬᠦ ᠳᠦ ᠪᠡᠨ ᠲᠡᠳᠡ ᠲᠡᠳᠡᠨ ᠦ ᠭᠡᠷ ᠪᠦᠯᠢ ᠶᠢ ᠪᠠᠷᠢᠴᠠᠭᠠᠯᠠᠨ ᠠᠪᠴᠤ ᠲᠤᠯᠤᠭᠠᠨ ᠠᠮᠵᠢᠯᠲᠠ ᠦᠭᠡᠢ ᠪᠣᠯᠤᠭᠰᠠᠨ ᠦᠶ᠎ᠡ ᠳᠦ ᠭᠡᠷ ᠪᠦᠯᠢ ᠶᠢᠨ ᠬᠢᠨ ᠨᠢ ᠬᠦᠮᠦᠰ ᠢ ᠴᠠᠭᠠᠵᠠ ᠪᠠᠷ ᠠᠪᠳᠠᠭ ᠪᠠᠶᠢᠨ᠎ᠠ᠃ ᠬᠢᠲᠠᠳ ᠭᠦᠷᠦᠨ ᠲᠡᠢ ᠬᠢᠯᠢᠯᠡᠳᠡᠭ ᠪᠠᠶᠢᠭᠰᠠᠨ ᠣᠪᠣᠭ ᠠᠶᠢᠮᠠᠭ ᠤᠳ ᠤᠨ ᠶᠡᠬᠡᠩᠬᠢ ᠨᠢ ᠬᠢᠲᠠᠳ ᠪᠢᠰᠢ ᠬᠦᠮᠦᠰ ᠪᠤᠶᠤ ᠤᠬᠤ᠎ᠠ ᠶᠢᠨᠢᠴᠤᠳ ᠪᠠᠶᠢᠭᠰᠠᠨ ᠪᠠ ᠲᠡᠳᠡ ᠭᠦᠷᠦᠨ ᠦ ᠬᠠᠤᠯᠢ ᠳᠦᠷᠮᠡᠨ ᠳᠦ ᠵᠠᠬᠢᠷᠤᠭᠳᠠᠳᠠᠭ ᠪᠠᠶᠢᠴᠠᠢ᠃ ᠬᠠᠨᠢ ᠭᠦᠷᠦᠨ ᠦ ᠤᠨᠠᠯᠲᠠ ᠶᠢᠨ ᠦᠶ᠎ᠡ ᠪᠡᠷ ᠴᠤ ᠤᠬᠤ᠎ᠠ ᠶᠢᠨᠢᠴᠤᠳ ᠨᠡᠯᠢᠶᠡᠳ ᠬᠡᠳᠦᠨ ᠦᠢᠮᠡᠭᠡᠨ ᠪᠣᠰᠤᠯᠭ᠎ᠠ᠂ ᠬᠢᠲᠠᠳ ᠤᠨ ᠳᠣᠲᠣᠭᠠᠳᠤ ᠶᠢᠨ ᠳᠠᠶᠢᠨ ᠲᠤᠯᠤᠭᠠᠨ ᠳᠤ ᠣᠷᠣᠯᠴᠠᠭᠰᠠᠨ ᠪᠠᠷᠢᠮᠲᠠ ᠨᠤᠭᠤᠳ ᠪᠠᠶᠢᠳᠠᠭ᠃ 200 ᠍ ᠊ᠭᠠᠳ ᠣᠨ ᠤ ᠦᠶ᠎ᠡ ᠳᠦ᠂ "3 ᠤᠳᠤᠷᠢᠳᠤᠭᠴᠢ ᠶᠢᠨ ᠤᠬᠤ᠎ᠠ ᠶᠢᠨᠦ" ᠬᠡᠮᠡᠬᠦ ᠣᠪᠣᠭ ᠠᠶᠢᠮᠠᠭ ᠬᠢᠲᠠᠳ ᠤᠳ ᠲᠠᠢ ᠬᠠᠮᠤᠭ ᠤᠨ ᠣᠶᠢᠷ᠎ᠠ ᠪᠠᠶᠢᠭᠰᠠᠨ ᠪᠠ ᠰᠢᠷ᠎ᠠ ᠮᠥᠷᠡᠨ ᠦ ᠬᠣᠶᠢᠳᠤ ᠬᠡᠰᠡᠭ ᠲᠦ ᠪᠠᠶᠢᠷᠢᠯᠠᠬᠤ ᠶᠤᠸᠠᠨ ᠱᠠᠣ (ᠵᠡᠭᠦᠨ ᠬᠠᠨᠢ ᠭᠦᠷᠦᠨ ᠦ ᠴᠡᠷᠢᠭ ᠦᠨ ᠵᠠᠩᠵᠤᠨ ᠪᠠᠶᠢᠭᠰᠠᠨ᠂ ᠮᠠᠨ ᠤ ᠡᠷᠡᠨ ᠦ 202 ᠣᠨ ᠤ 6 ᠰᠠᠷ᠎ᠠ ᠶᠢᠨ 28 ᠍ ᠳᠤ ᠨᠠᠰᠤ ᠪᠠᠷᠠᠭᠰᠠᠨ) ᠍ ᠲᠤ ᠴᠡᠷᠢᠭ ᠦᠨ ᠬᠦᠴᠦ ᠪᠡᠷ ᠳᠡᠮᠵᠢᠯᠭᠡ ᠦᠵᠡᠭᠦᠯᠳᠡᠭ ᠪᠠᠶᠢᠴᠠᠢ᠃ ᠮᠠᠨ ᠤ ᠡᠷᠡᠨ ᠦ 207 ᠣᠨ ᠳᠤ᠂ ᠴᠠᠣ ᠴᠠᠣ (ᠵᠡᠭᠦᠨ ᠬᠠᠨᠢ ᠭᠦᠷᠦᠨ ᠦ ᠴᠡᠷᠢᠭ ᠦᠨ ᠶᠡᠬᠡ ᠵᠠᠩᠵᠤᠨ ᠪᠠᠶᠢᠭᠰᠠᠨ᠂ ᠬᠠᠨᠢ ᠭᠦᠷᠦᠨ ᠮᠥᠬᠥᠬᠦ ᠡᠴᠡ ᠡᠮᠦᠨᠡᠬᠢ ᠵᠢᠯ ᠤᠨᠳ ᠲᠤ ᠬᠦᠴᠦᠷᠬᠡᠭ ᠵᠠᠩᠵᠤᠨ ᠭᠡᠳᠡᠭ ᠢᠶᠡᠨ ᠬᠠᠷᠠᠭᠤᠯᠵᠤ ᠴᠢᠳᠠᠭᠰᠠᠨ) ᠵᠠᠩᠵᠤᠨ ᠢᠶᠠᠷ ᠤᠳᠤᠷᠢᠳᠤᠭᠤᠯᠤᠭᠰᠠᠨ ᠴᠡᠷᠢᠭ ᠦᠨ ᠶᠡᠬᠡ ᠬᠦᠴᠦ ᠤᠬᠤ᠎ᠠ ᠶᠢᠨᠢᠴᠤᠳ ᠤᠨ ᠭᠠᠵᠠᠷ ᠨᠤᠲᠤᠭ ᠷᠤ ᠬᠠᠯᠠᠳᠠᠨ ᠳᠠᠭᠠᠷᠢᠵᠤ ᠲᠡᠳᠡᠨ ᠢ "ᠴᠠᠭᠠᠨ ᠴᠢᠨᠣ᠎ᠠ" ᠠᠭᠤᠯᠠᠨ ᠳᠤ ᠪᠣᠯᠤᠭᠰᠠᠨ ᠲᠤᠯᠤᠯᠳᠤᠭᠠᠨ ᠤ ᠦᠶ᠎ᠡ ᠪᠡᠷ ᠪᠠᠭᠤᠯᠭᠠᠨ ᠠᠪᠴᠤ ᠳᠠᠷᠤᠭᠰᠠᠨ ᠪᠠ ᠣᠯᠠᠨ ᠮᠣᠷᠢᠲᠠᠨ ᠪᠠᠭᠠᠲᠤᠷ ᠤᠳ ᠲᠡᠭᠦᠨ ᠲᠡᠢ ᠨᠢᠭᠡᠳᠴᠦ "ᠲᠩᠷᠢ ᠶᠢᠨ ᠳᠣᠣᠷᠠᠬᠢ ᠠᠭᠤᠤ ᠮᠣᠷᠢᠲᠠᠨ ᠪᠠᠭᠠᠲᠤᠷ ᠤᠳ" ᠬᠡᠮᠡᠨ ᠠᠯᠳᠠᠷᠰᠢᠵᠠᠢ᠃ ᠮᠥᠨ ᠲᠡᠭᠦᠨᠴᠢᠯᠡᠨ IIIᠵᠠᠭᠤᠨ ᠤ ᠦᠶ᠎ᠡ ᠳᠦ ᠤᠬᠤ᠎ᠠ ᠶᠢᠨᠢᠴᠤᠳ ᠤᠨ ᠬᠡᠳᠦ ᠬᠡᠳᠦᠨ ᠤᠳᠤᠷᠢᠳᠤᠭᠴᠢ ᠨᠠᠷ ᠬᠢᠲᠠᠳ ᠲᠤ ᠡᠭᠦᠰᠦᠭᠰᠡᠨ ᠵᠠᠷᠢᠮ ᠨᠢᠭᠡ ᠪᠣᠰᠤᠯᠭ᠎ᠠ ᠦᠢᠮᠡᠭᠡᠨ ᠢ ᠤᠳᠤᠷᠢᠳᠤᠨ ᠲᠣᠯᠣᠭᠠᠶᠢᠯᠠᠨ ᠶᠠᠪᠤᠭᠤᠯᠤᠭᠰᠠᠨ ᠭᠡᠵᠦ ᠲᠡᠮᠳᠡᠭᠯᠡᠭᠳᠡᠭᠰᠡᠨ ᠪᠠᠶᠢᠳᠠᠭ ᠪᠠ IVᠵᠠᠭᠤᠨ ᠤ ᠦᠶ᠎ᠡ ᠳᠦ ᠲᠡᠳᠡ ᠰᠢᠶᠠᠨᠪᠢ ᠣᠪᠣᠭ ᠠᠶᠢᠮᠠᠭ ᠲᠠᠢ ᠨᠢᠭᠡᠳᠦᠨ ᠠᠭᠤᠰᠴᠠᠢ᠃ Xᠵᠠᠭᠤᠨ ᠳᠤ ᠺᠦ᠋ᠮᠣ ᠰᠢᠭ ᠤᠨ ᠦᠯᠡᠳᠡᠵᠦ ᠬᠣᠴᠣᠷᠤᠭᠰᠠᠨ ᠬᠦᠮᠦᠰ ᠬᠢᠳᠠᠨ ᠣᠪᠣᠭ ᠠᠶᠢᠮᠠᠭ ᠲᠤ ᠠᠭᠤᠰᠤᠭᠰᠠᠨ ᠪᠠᠶᠢᠨ᠎ᠠ᠃

ᠴᠠᠭᠠᠰᠢ ᠤᠩᠰᠢᠬᠤ[ᠵᠠᠰᠠᠪᠤᠷᠢᠯᠠᠬᠤ | ᠺᠣᠳ᠋ ᠢᠶᠠᠷ ᠵᠠᠰᠠᠬᠣ]



  • "ᠴᠠᠭᠠᠨ ᠴᠢᠨᠣ᠎ᠠ" ᠬᠡᠮᠡᠬᠦ ᠠᠭᠤᠯᠠᠨ ᠳᠤ ᠪᠣᠯᠤᠭᠰᠠᠨ ᠲᠤᠯᠤᠯᠳᠤᠭᠠᠨ

ᠪᠢᠴᠢᠭᠡᠰᠦ