ᠤᠪᠰᠤ ᠨᠠᠭᠤᠷ ᠤᠨ ᠠᠢ ᠰᠠᠪᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠤᠪᠰᠤ ᠨᠠᠭᠤᠷ ᠤᠨ ᠰᠠᠪᠠ*
United Nations Educational Scientific and Cultural Organization ᠍ ᠶᠢᠨ ᠳᠡᠯᠡᠬᠡᠢ ᠶᠢᠨ ᠥᠪ

Uvs-Nuur Hollow, Mongolia, Russia, Landsat-7 CROP.jpg
ᠤᠪᠰᠤ ᠨᠠᠭᠤᠷ ᠤᠨ ᠰᠠᠪᠠ ᠭᠠᠵᠠᠷ᠃ ᠬᠢᠮᠡᠯ ᠳᠠᠭᠠᠭᠤᠯᠢ ᠠᠴᠠ ᠠᠪᠤᠭᠰᠠᠨ ᠵᠢᠷᠤᠭ
ᠲᠥᠷᠥᠯ ᠪᠠᠶᠢᠭᠠᠯᠢ ᠶᠢᠨ
ᠰᠢᠯᠭᠠᠭᠤᠷ ix, x
ᠳ᠋ᠤᠭᠠᠷ 769
ᠪᠥᠰᠡ** ᠠᠽᠢᠶ᠎ᠠ᠂ ᠠᠦᠢᠰᠲ᠋ᠷᠯᠢᠶ᠎ᠠ ᠪᠠ ᠳᠠᠯᠠᠢ ᠶᠢᠨ ᠣᠷᠣᠨ ᠨᠤᠭᠤᠳ ᠳᠠᠬᠢ ᠳᠡᠯᠡᠬᠡᠢ ᠶᠢᠨ ᠥᠪ ᠦᠳ
ᠪᠦᠷᠢᠳᠬᠡᠭᠰᠡᠨ ᠲᠡᠦᠬᠡ
ᠪᠦᠷᠢᠳᠬᠡᠭᠰᠡᠨ 2003  (27 ᠍ ᠳᠦᠭᠡᠷ ᠴᠢᠭᠤᠯᠭᠠᠨ)
* ᠨᠡᠷ᠎ᠡ ᠨᠢ ᠳᠡᠯᠡᠬᠡᠢ ᠶᠢᠨ ᠥᠪ ᠦᠨ ᠵᠢᠭ᠌ᠰᠠᠭᠠᠯᠳᠠ ᠳᠤ ᠪᠦᠷᠢᠳᠬᠡᠭᠳᠡᠭᠰᠡᠨ ᠦ ᠳᠠᠭᠠᠤ᠃
** ᠪᠥᠰᠡ ᠨᠢ United Nations Educational Scientific and Cultural Organization ᠍ ᠦᠨ ᠲᠣᠭᠲᠠᠭᠠᠭᠰᠠᠨ ᠤ ᠳᠠᠭᠠᠤ᠃


ᠤᠪᠰᠤ ᠨᠠᠭᠤᠷ (ᠲᠤᠸᠠ ᠬᠡᠯᠡ: ᠤᠰᠫᠠ-ᠬᠣᠯᠢ, ᠠᠩᠭᠯᠢ ᠬᠡᠯᠡ: Lake Uvs) ᠨᠢ ᠳᠠᠯᠠᠢ ᠶᠢᠨ ᠲᠦᠪᠰᠢᠨ ᠡᠴᠡ ᠳᠡᠭᠡᠭᠰᠢ 753 ᠮᠧᠲ᠋ᠷ ᠥᠨᠳᠥᠷ ᠤᠷᠤᠰᠢᠬᠤ᠂ 3350 ᠠᠮᠠ ᠳᠥᠷᠪᠡᠯᠵᠢᠨ ᠺᠢᠯᠣᠮᠧᠲ᠋ᠷ ᠨᠤᠲᠤᠭ ᠳᠡᠪᠢᠰᠬᠡᠷ ᠪᠦᠬᠦᠢ ᠮᠣᠩᠭᠣᠯ ᠤᠯᠤᠰ ᠍ ᠤᠨ ᠬᠠᠮᠤᠭ ᠤᠨ ᠲᠣᠮᠣ ᠨᠠᠭᠤᠷ ᠶᠤᠮ᠃ ᠨᠠᠭᠤᠷ ᠤᠨ ᠵᠡᠭᠦᠨ ᠬᠣᠶᠢᠳᠤ ᠬᠡᠰᠡᠭ ᠨᠢ ᠣᠷᠣᠰ ᠬᠣᠯᠪᠣᠭᠠᠨ ᠤ ᠤᠯᠤᠰ ᠍ ᠤᠨ ᠪᠦᠭᠦᠳᠡ ᠨᠠᠶᠢᠷᠠᠮᠳᠠᠬᠤ ᠲᠤᠸᠠ ᠤᠯᠤᠰᠠᠳᠠ ᠬᠠᠮᠢᠶᠠᠷᠤᠭᠳᠠᠳᠠᠭ᠃ ᠲᠤᠰ ᠰᠠᠪᠠ ᠭᠠᠵᠠᠷ ᠤᠨ ᠬᠠᠮᠤᠭ ᠤᠨ ᠲᠣᠮᠣ ᠬᠣᠲᠠ ᠨᠢ ᠤᠯᠠᠭᠠᠨᠠᠭᠠᠮ ᠶᠤᠮ᠃ ᠤᠪᠰᠤ ᠨᠠᠭᠤᠷ ᠨᠢ ᠣᠯᠠᠨ ᠰᠠᠶ᠎ᠠ ᠵᠢᠯ ᠦᠨ ᠡᠮᠦᠨᠡᠬᠢ ᠠᠪᠤᠷᠭᠤ ᠲᠣᠮᠣ ᠲᠡᠩᠭᠢᠰ ᠦᠨ ᠦᠯᠡᠳᠡᠭᠳᠡᠯ ᠪᠥᠭᠡᠳ ᠶᠡᠬᠡᠬᠡᠨ ᠳᠠᠪᠤᠰᠤᠷᠬᠠᠭ᠂ ᠭᠦᠶᠦᠬᠡᠨ ᠤᠰᠤ ᠲᠠᠢ ᠪᠠᠶᠢᠳᠠᠭ᠃


ᠳᠡᠯᠡᠬᠡᠢ ᠶᠢᠨ ᠥᠪ ᠦᠨ IX, X ᠰᠢᠯᠭᠠᠭᠤᠷ ᠦᠳ ᠢ ᠬᠠᠩᠭᠠᠭᠰᠠᠨ ᠲᠤᠯᠠ 27 ᠍ ᠳᠦᠭᠡᠷ ᠴᠢᠭᠤᠯᠭᠠᠨ ᠢᠶᠠᠷ 769 ᠳ᠋ᠡᠬᠢ ᠪᠠᠶᠢᠷᠢᠰᠢᠯ ᠢᠶᠠᠷ ᠪᠦᠷᠢᠳᠬᠡᠨ᠂ ᠧᠦ᠋ᠷᠣᠫᠠ᠂ ᠤᠮᠠᠷᠠᠳᠤ ᠠᠮᠧᠷᠢᠺᠠ ᠶᠢᠨ ᠪᠥᠰᠡ ᠨᠤᠲᠤᠭ ᠤᠨ ᠪᠠᠶᠢᠭᠠᠯᠢ ᠶᠢᠨ ᠴᠣᠭᠴᠠᠯᠠᠪᠤᠷᠢ ᠥᠪ ᠲᠦ ᠣᠷᠣᠭᠤᠯᠤᠭᠰᠠᠨ ᠪᠠᠶᠢᠨ᠎ᠠ᠃

ᠤᠪᠰᠤ ᠨᠠᠭᠤᠷ ᠨᠢ ᠧᠦ᠋ᠷᠣᠠᠽᠢ ᠍ ᠶᠢᠨ ᠲᠠᠯ᠎ᠠ ᠨᠤᠲᠤᠭ ᠤᠨ ᠪᠠᠶᠢᠭᠠᠯᠢ ᠶᠢᠨ ᠤᠨᠠᠭᠠᠨ ᠲᠥᠷᠬᠥ ᠶᠢ ᠬᠠᠮᠤᠭ ᠤᠨ ᠰᠠᠶᠢᠨ ᠬᠠᠳᠠᠭᠠᠯᠠᠨ ᠦᠯᠡᠳᠡᠭᠡᠭᠰᠡᠨ 700'000 ᠬᠠᠪᠲᠠᠭᠠᠢ ᠳᠥᠷᠪᠡᠯᠵᠢᠨ ᠺᠢᠯᠣᠮᠧᠲ᠋ᠷ ᠨᠤᠲᠤᠭ ᠢ ᠬᠠᠮᠤᠷᠬᠤ ᠤᠪᠰᠤ ᠨᠠᠭᠤᠷ ᠤᠨ ᠰᠠᠪᠠ ᠭᠠᠵᠠᠷ ᠤᠨ ᠲᠥᠪ ᠨᠢ ᠪᠢᠯᠡ᠃ ᠡᠨᠳᠡ ᠳᠡᠯᠡᠬᠡᠢ ᠶᠢᠨ ᠬᠠᠮᠤᠭ ᠤᠨ ᠬᠣᠶᠢᠳᠤ ᠵᠠᠬ᠎ᠠ ᠶᠢᠨ ᠴᠥᠯ᠂ ᠬᠠᠮᠤᠭ ᠤᠨ ᠡᠮᠦᠨᠡᠲᠦ ᠵᠠᠬ᠎ᠠ ᠶᠢᠨ ᠲᠦᠨᠳ᠋ᠷ ᠣᠷᠣᠰᠢᠳᠠᠭ᠃ ᠤᠪᠰᠤ ᠨᠠᠭᠤᠷ ᠤᠨ ᠰᠠᠪᠠ ᠳᠤ ᠣᠯᠠᠨ ᠵᠢᠵᠢᠭ ᠨᠠᠭᠤᠷ ᠤᠳ ᠪᠠᠭᠲᠠᠳᠠᠭ ᠪᠠ ᠲᠡᠳᠡᠭᠡᠷ ᠦᠨ ᠨᠢᠭᠡ ᠪᠣᠯᠬᠤ ᠡᠭᠦᠷᠭᠡ ᠨᠠᠭᠤᠷ ᠨᠢ ᠳᠠᠯᠠᠢ ᠶᠢᠨ ᠲᠦᠪᠰᠢᠨ ᠡᠴᠡ ᠳᠡᠭᠡᠭᠰᠢ 1450 ᠮᠧᠲ᠋ᠷ ᠥᠨᠳᠥᠷ ᠲᠦ ᠣᠷᠣᠰᠢᠳᠠᠭ᠃ ᠡᠨᠡ ᠨᠠᠭᠤᠷ ᠤᠳ ᠨᠢ ᠲᠥᠪ ᠠᠽᠢᠶ᠎ᠠ ᠶᠢᠨ ᠭᠠᠳᠠᠭᠰᠢ ᠪᠠᠨ ᠤᠷᠤᠰᠬᠠᠯ ᠦᠭᠡᠢ ᠨᠠᠭᠤᠷ ᠤᠳ ᠪᠥᠭᠡᠳ ᠤᠰᠤᠨ ᠤ ᠰᠢᠪᠠᠭᠤ ᠳᠤ ᠤᠨ ᠨᠡᠭᠦᠳᠡᠯ ᠦᠨ ᠮᠠᠰᠢ ᠴᠢᠬᠤᠯᠠ ᠨᠤᠲᠤᠭ ᠪᠣᠯᠳᠠᠭ ᠪᠠᠶᠢᠨ᠎ᠠ᠃


ᠤᠪᠰᠤ ᠨᠠᠭᠤᠷ ᠨᠢ ᠶᠡᠬᠡ ᠨᠠᠭᠤᠷ ᠤᠳ ᠤᠨ ᠬᠣᠶᠢᠳᠤ ᠬᠠᠭᠠᠰ ᠲᠤ᠂ ᠤᠪᠰᠤ ᠠᠶᠢᠮᠠᠭ ᠤᠨ ᠵᠡᠭᠦᠨ ᠬᠣᠶᠢᠳᠤ ᠬᠡᠰᠡᠭ ᠲᠦ ᠤᠷᠤᠰᠢᠬᠤ ᠪᠥᠭᠡᠳ ᠲᠠᠯᠠᠪᠠᠢ ᠶᠢᠨ ᠬᠡᠮᠵᠢᠶ᠎ᠡ ᠪᠡᠷ ᠢᠶᠡᠨ ᠮᠣᠩᠭᠣᠯ ᠳᠤ ᠬᠠᠮᠤᠭ ᠤᠨ ᠲᠣᠮᠣ ᠨᠢ ᠪᠤᠶᠤ 84 ᠺᠢᠯᠣᠮᠧᠲ᠋ᠷ ᠤᠷᠲᠤ᠂ 79 ᠺᠢᠯᠣᠮᠧᠲ᠋ᠷ ᠥᠷᠭᠡᠨ᠂ 3350 ᠠᠮᠠ᠃ᠳᠥᠷᠥ᠃km ᠬᠡᠮᠵᠢᠶ᠎ᠡ ᠲᠡᠢ᠃ ᠤᠪᠰᠤ ᠨᠠᠭᠤᠷ ᠨᠢ ᠭᠠᠳᠠᠭᠰᠢ ᠤᠷᠤᠰᠬᠠᠯ ᠦᠭᠡᠢ ᠲᠣᠭᠲᠠᠮᠠᠯ᠂ ᠳᠠᠯᠠᠢ ᠶᠢᠨ ᠳᠠᠪᠠᠭᠰᠠᠨ ᠠᠴᠠ ᠳᠠᠷᠤᠢ 5 ᠳᠠᠬᠢᠨ ᠶᠡᠬᠡ ᠳᠠᠪᠤᠰᠤ ᠲᠠᠢ ᠨᠠᠭᠤᠷ ᠶᠤᠮ᠃ ᠤᠪᠰᠤ ᠨᠠᠭᠤᠷᠠᠨ ᠳᠤ ᠲᠡᠰᠨᠠᠷᠢᠨᠬᠠᠷᠬᠢᠷᠠᠭ᠎ᠠᠲᠦᠷᠭᠡᠨᠰᠠᠭᠢᠯᠪᠣᠷᠰᠢᠭ᠎ᠠᠬᠥᠨᠳᠡᠯᠡᠨᠲᠣᠷᠠᠬᠢᠯᠠᠭ ᠵᠡᠷᠭᠡ ᠲᠣᠮᠣ ᠵᠢᠵᠢᠭ 38 ᠭᠣᠣᠯ ᠭᠣᠷᠭᠢ ᠴᠢᠳᠬᠤᠳᠠᠭ᠃ ᠨᠠᠭᠤᠷ ᠤᠨ ᠬᠥᠪᠡᠭᠡᠨ ᠳᠤ ᠬᠤᠵᠢᠷᠳᠠᠪᠤᠰᠤ ᠡᠯᠪᠡᠭ ᠲᠡᠢ᠂ ᠵᠡᠭᠡᠰᠦᠳᠡᠷᠡᠰᠦ᠂ ᠪᠤᠲᠠ᠂ ᠰᠥᠭᠡᠭ᠂ ᠥᠯᠥᠨ᠂ ᠱᠠᠭᠱᠤᠤᠷᠭ᠎ᠠ᠂ ᠪᠤᠷᠭᠠᠰᠤᠤᠯᠢᠶᠠᠰᠤ ᠵᠡᠷᠭᠡ ᠤᠷᠭᠤᠮᠠᠯ ᠲᠠᠢ᠃ ᠤᠪᠰᠤ ᠨᠠᠭᠤᠷᠠᠨ ᠳᠤ ᠬᠤᠨᠴᠠᠰᠤᠲᠤ ᠳᠡᠭᠡᠯᠡᠢᠬᠠᠯᠪᠠᠭᠠᠨ ᠬᠣᠰᠢᠭᠤᠲᠤᠨᠣᠭᠲᠣᠷᠣᠭᠠᠯᠠᠭᠤᠰᠢᠷ᠎ᠠ ᠠᠯᠠᠭ ᠨᠤᠭᠤᠰᠤ ᠵᠡᠷᠭᠡ 362 ᠲᠥᠷᠥᠯ ᠦᠨ ᠨᠡᠭᠦᠳᠡᠯ ᠦᠨ ᠰᠢᠪᠠᠭᠤ᠂ 72 ᠲᠥᠷᠥᠯ ᠦᠨ ᠬᠥᠬᠥᠲᠡᠨ ᠠᠮᠢᠲᠠᠨ ᠠᠮᠢᠳᠤᠷᠠᠳᠠᠭ᠃ ᠬᠠᠨ ᠬᠥᠬᠥ ᠶᠢᠨ ᠨᠢᠷᠤᠭᠤ ᠨᠢ ᠶᠡᠬᠡ ᠨᠠᠭᠤᠷ ᠤᠳ ᠤᠨ ᠬᠣᠲᠣᠭᠣᠷ ᠤᠷᠤᠭᠤ ᠲᠦᠷᠢᠨ ᠣᠷᠣᠵᠤ᠂ ᠤᠪᠰᠤ ᠪᠣᠯᠤᠨ ᠬᠢᠷᠭᠠᠰ ᠨᠠᠭᠤᠷ ᠦᠳ ᠤᠨ ᠬᠣᠲᠣᠭᠣᠷ ᠢ ᠵᠠᠭᠠᠭᠯᠠᠨ᠎ᠠ᠃ ᠬᠢᠷᠭᠠᠰ ᠨᠠᠭᠤᠷ ᠨᠢ ᠬᠣᠶᠢᠳᠤ ᠬᠡᠰᠡᠭ ᠲᠦ ᠪᠡᠨ ᠵᠥᠭᠡᠯᠡᠨ ᠡᠯᠡᠰᠦᠷᠬᠡᠭ᠂ ᠡᠮᠦᠨ᠎ᠡ ᠬᠡᠰᠡᠭ ᠲᠦ ᠪᠡᠨ ᠴᠢᠯᠠᠭᠤᠷᠬᠠᠭ᠂ ᠴᠢᠯᠠᠭᠤᠨ ᠠᠷᠠᠯ ᠲᠠᠢ᠃ ᠨᠠᠭᠤᠷᠠᠨ ᠳᠤ ᠠᠯᠲᠠᠢ ᠶᠢᠨ ᠵᠢᠭᠠᠰᠤᠮᠣᠩᠭᠣᠯ ᠬᠠᠳᠤᠷᠤᠨᠣᠰᠤᠮᠠᠨᠨᠣᠬᠠᠢ ᠰᠤᠭᠤᠰᠤᠳᠠᠪᠵᠠ ᠰᠤᠭᠤᠰᠤᠰᠢᠷ᠎ᠠ ᠵᠢᠭᠠᠰᠤ ᠵᠡᠷᠭᠡ ᠣᠯᠠᠨ ᠲᠥᠷᠥᠯ ᠦᠨ ᠵᠢᠭᠠᠰᠤ᠂ ᠵᠢᠷᠠᠭᠠᠬᠠᠢ ᠠᠮᠢᠳᠤᠷᠠᠳᠠᠭ᠃


ᠲᠤᠰ ᠰᠠᠪᠠ ᠭᠠᠵᠠᠷ ᠨᠢ ᠰᠢᠪᠸᠷᠢᠶ ᠠ ᠪᠣᠯᠤᠨ ᠲᠥᠪ ᠠᠽᠢᠶ᠎ᠠ ᠍ ᠶᠢᠨ ᠭᠧᠣ ᠠᠭᠤᠷ ᠠᠮᠢᠰᠬᠤᠯ ᠢ ᠬᠣᠭᠣᠷᠣᠨᠳᠣ ᠨᠢ ᠵᠠᠭᠠᠭᠯᠠᠬᠤ ᠬᠢᠯᠢ ᠬᠢᠵᠠᠭᠠᠷ ᠪᠣᠯᠳᠠᠭ ᠪᠥᠭᠡᠳ ᠵᠤᠨ ᠳᠤ ᠪᠠᠨ ᠠᠭᠠᠷ ᠤᠨ ᠲᠣᠯᠠᠭᠠᠨ ᠤ ᠬᠡᠮᠵᠢᠶ᠎ᠡ 47 ᠬᠡᠮ ᠬᠦᠷᠡᠳᠡᠭ ᠪᠣᠯ ᠡᠪᠦᠯ ᠳᠦ ᠪᠡᠨ -58 ᠬᠡᠮ ᠬᠦᠷᠡᠳᠡᠭ ᠪᠠᠶᠢᠨ᠎ᠠ᠃ ᠡᠶᠢᠮᠦ ᠬᠠᠲᠠᠭᠤ ᠰᠢᠷᠦᠭᠦᠨ ᠠᠭᠤᠷ ᠠᠮᠢᠰᠬᠤᠯ ᠲᠠᠢ ᠴᠤ 400 ᠣᠷᠴᠢᠮ ᠵᠦᠢᠯ ᠰᠢᠪᠠᠭᠤ᠂ ᠳᠡᠯᠡᠬᠡᠢ ᠳᠠᠬᠢᠨ ᠢᠶᠠᠨ ᠮᠠᠰᠢ ᠬᠣᠪᠣᠷᠳᠠᠭᠰᠠᠨ ᠴᠠᠰᠤᠨ ᠤ ᠢᠷᠪᠢᠰᠠᠷᠭᠠᠯᠢᠶᠠᠩᠭᠢᠷ ᠲᠡᠷᠢᠭᠦᠲᠡᠢ 100 ᠣᠷᠴᠢᠮ ᠵᠦᠢᠯ ᠬᠥᠬᠥᠲᠡᠨ ᠠᠮᠢᠲᠠᠨ ᠤ ᠠᠮᠢᠳᠤᠷᠠᠬᠤ ᠣᠷᠴᠢᠨ ᠪᠣᠯᠳᠠᠭ᠃


ᠤᠪᠰᠤ ᠨᠠᠭᠤᠷ ᠤᠨ ᠰᠠᠪᠠ ᠳᠤ ᠬᠦᠮᠦᠨ ᠠᠮᠠ ᠶᠢᠨ ᠨᠢᠭᠲᠠᠰᠢᠯ ᠪᠠᠭ᠎ᠠ᠂ ᠠᠵᠤ ᠦᠢᠯᠡᠳᠪᠦᠷᠢ ᠶᠢᠨ ᠰᠠᠯᠪᠤᠷᠢ ᠬᠥᠭᠵᠢᠭᠡ ᠦᠭᠡᠢ᠂ ᠣᠷᠣᠰᠢᠨ ᠰᠠᠭᠤᠭᠴᠢᠳ ᠨᠢ ᠡᠷᠲᠡᠨ ᠦ ᠤᠯᠠᠮᠵᠢᠯᠠᠯᠲᠤ ᠨᠡᠭᠦᠳᠡᠯ ᠦᠨ ᠠᠬᠤᠢ ᠶᠢ ᠪᠠᠨ ᠥᠨᠥ ᠶᠢ ᠬᠦᠷᠲᠡᠯ᠎ᠡ ᠣᠷᠬᠢᠭ᠎ᠠ ᠦᠭᠡᠢ ᠪᠠᠶᠢᠭ᠎ᠠ ᠨᠢ ᠲᠤᠰ ᠪᠥᠰᠡ ᠶᠢᠨ ᠡᠺᠣᠰᠢᠰᠲ᠋ᠧᠮ ᠣᠩᠭᠣᠨ ᠲᠥᠷᠬᠥ ᠪᠡᠨ ᠬᠠᠳᠠᠭᠠᠯᠠᠨ ᠦᠯᠡᠳᠡᠬᠦ ᠳᠦ ᠴᠢᠬᠤᠯᠠ ᠨᠥᠯᠥᠭᠡ ᠦᠵᠡᠭᠦᠯᠦᠭᠰᠡᠨ ᠪᠠᠶᠢᠨ᠎ᠠ᠃ 2003 ᠣᠨ ᠳᠤ United Nations Educational Scientific and Cultural Organization ᠍ ᠠᠴᠠ ᠤᠪᠰᠤ ᠨᠠᠭᠤᠷ ᠤᠨ ᠰᠠᠪᠠ ᠭᠠᠵᠠᠷ ᠤᠨ ᠳᠡᠯᠡᠬᠡᠢ ᠶᠢᠨ ᠥᠪ ᠳᠤ ᠪᠦᠷᠢᠳᠬᠡᠨ ᠠᠪᠤᠭᠰᠠᠨ ᠪᠠᠶᠢᠨ᠎ᠠ᠃ ᠡᠨᠡ ᠰᠠᠪᠠ ᠭᠠᠵᠠᠷ ᠤᠨ ᠲᠠᠯ᠎ᠠ ᠪᠠᠷ ᠴᠣᠬᠣᠨ ᠲᠡᠮᠳᠡᠭᠯᠡᠬᠦ ᠳᠦ ᠪᠡᠨ 《…ᠲᠥᠪ ᠠᠽᠢᠶ᠎ᠠ ᠶᠢᠨ ᠬᠠᠮᠤᠭ ᠤᠨ ᠲᠣᠮᠣ ᠬᠥᠨᠳᠡᠭᠳᠡᠭᠡ ᠦᠭᠡᠢ ᠤᠰᠤᠨ ᠤ ᠬᠠᠭᠠᠯᠪᠤᠷᠢ᠂ ᠳᠡᠯᠡᠬᠡᠢ ᠶᠢᠨ ᠲᠡᠦᠬᠡᠨ ᠳᠦ ᠲᠣᠳᠣ ᠤᠯᠠ ᠮᠥᠷ ᠦᠯᠡᠳᠡᠭᠡᠭᠰᠡᠨ ᠨᠡᠭᠦᠳᠡᠯᠴᠢᠳ ᠾᠦᠩᠨᠦᠲᠦᠷᠦᠭᠰᠺᠢᠹᠡᠭᠦᠳᠡ ᠶᠢᠨ ᠠᠭᠤᠭᠤᠯ ᠨᠤᠲᠤᠭ ᠪᠣᠯᠬᠤ ᠤᠪᠰᠤ ᠨᠠᠭᠤᠷ ᠤᠨ ᠰᠠᠪᠠ ᠨᠢ ᠪᠠᠶᠢᠭᠠᠯᠢ ᠶᠢᠨ ᠦᠵᠡᠮᠵᠢ ᠲᠡᠭᠦᠰ ᠡᠴᠡ ᠭᠠᠳᠠᠨ᠎ᠠ 40000 ᠭᠠᠷᠤᠢ ᠠᠷᠬᠧᠣᠯᠣᠭᠢ ᠶᠢᠨ ᠳᠤᠷᠠᠰᠬᠠᠯ ᠤᠳ ᠢ ᠠᠭᠤᠯᠠᠳᠠᠭ ᠪᠢᠯᠡ…》 ᠭᠡᠰᠡᠨ ᠪᠠᠶᠢᠨ᠎ᠠ᠃


ᠯᠠᠪᠠᠯᠠᠬᠤ[ᠵᠠᠰᠠᠪᠤᠷᠢᠯᠠᠬᠤ | ᠺᠣᠳ᠋ ᠢᠶᠠᠷ ᠵᠠᠰᠠᠬᠣ]


ᠭᠠᠳᠠᠭᠠᠳᠤ ᠬᠣᠯᠪᠣᠭᠠᠰᠤ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ