ᠤᠪᠰᠤ ᠨᠠᠭᠤᠷ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠤᠪᠰᠤ ᠨᠠᠭᠤᠷ
ᠨᠠᠭᠤᠷ ᠤᠨ ᠡᠷᠭᠢ
ᠬᠢᠮᠡᠯ ᠳᠠᠭᠠᠭᠤᠯᠢ ᠠᠴᠠ ᠠᠪᠤᠭᠰᠠᠨ
ᠰᠣᠯᠪᠢᠴᠠᠯ 50°18′N 92°42′E / 表达式错误:未预料的<操作符 表达式错误:未预料的<操作符 / 表达式错误:未预料的<操作符; 表达式错误:未预料的<操作符ᠰᠣᠯᠪᠢᠴᠠᠯ: 50°18′N 92°42′E / 表达式错误:未预料的<操作符 表达式错误:未预料的<操作符 / 表达式错误:未预料的<操作符; 表达式错误:未预料的<操作符
ᠲᠥᠷᠥᠯ ᠡᠷᠦᠳᠡᠰᠦ ᠳᠦ
ᠨᠠᠭᠤᠷ ᠲᠤ ᠴᠢᠳᠭᠤᠬᠤ ᠲᠡᠰ ᠦᠨ ᠭᠣᠣᠯ (ᠨᠡᠶᠢᠲᠡ 39 ᠣᠷᠴᠢᠮ ᠭᠣᠣᠯ)
ᠨᠠᠭᠤᠷ ᠠᠴᠠ ᠭᠠᠷᠬᠤ ᠪᠠᠶᠢᠬᠤ ᠦᠭᠡᠢ
ᠠᠢ ᠰᠠᠪᠠ ᠳᠤ ᠪᠠᠭᠲᠠᠳᠠᠭ ᠣᠷᠣᠨ ᠮᠣᠩᠭᠣᠯ ᠮᠣᠩᠭᠣᠯ,
ᠣᠷᠣᠰ ᠣᠷᠣᠰ
ᠤᠷᠲᠤ 84 ᠺᠢᠯᠣᠮᠧᠲ᠋ᠷ
ᠥᠷᠭᠡᠨ 79 ᠺᠢᠯᠣᠮᠧᠲ᠋ᠷ
ᠲᠠᠯᠠᠪᠠᠢ 3350 ᠺᠦᠸᠠᠳ᠋ ᠺᠢᠯᠣᠮᠧᠲ᠋ᠷ
ᠳᠤᠮᠳᠠᠴᠢ ᠭᠦᠨ 6 ᠮ
ᠬᠥᠪᠡᠭᠡᠨ ᠦ ᠲᠦᠪᠰᠢᠨ 759 ᠮ
ᠬᠥᠯᠳᠡᠬᠦ ᠬᠤᠭᠤᠴᠠᠭ᠎ᠠ 10 ᠰᠠᠷ᠎ᠠ - 5 ᠰᠠᠷ᠎ᠠ
ᠡᠷᠭᠢ ᠶᠢᠨ ᠰᠠᠭᠤᠷᠢᠨ ᠤᠯᠠᠭᠠᠨᠠᠭᠠᠮ
ᠤᠪᠰᠤ ᠨᠠᠭᠤᠷ is located in ᠮᠣᠩᠭᠣᠯ
ᠤᠪᠰᠤ ᠨᠠᠭᠤᠷ

ᠤᠪᠰᠤ ᠨᠠᠭᠤᠷ (ᠲᠤᠸᠠ ᠪᠡᠷ ᠤᠰᠫᠠ-ᠬᠥᠯ/Uspa höl) ᠨᠢ ᠤᠪᠰᠤ ᠠᠶᠢᠮᠠᠭ ᠤᠨ ᠵᠡᠭᠦᠨ ᠬᠣᠶᠢᠳᠤ ᠬᠡᠰᠡᠭ ᠲᠦ ᠣᠷᠣᠰᠢᠳᠠᠭ᠂ ᠶᠡᠬᠡ ᠨᠠᠭᠤᠷ ᠤᠳ ᠤᠨ ᠬᠣᠲᠣᠭᠣᠷ ᠍ ᠤᠨ ᠬᠣᠶᠢᠳᠤ ᠵᠠᠬ᠎ᠠ ᠳᠤ ᠪᠠᠶᠢᠬᠤ ᠮᠣᠩᠭᠣᠯ ᠤᠯᠤᠰ ᠤᠨ ᠬᠠᠮᠤᠭ ᠤᠨ ᠲᠣᠮᠣ ᠨᠠᠭᠤᠷ ᠶᠤᠮ᠃ ᠨᠠᠭᠤᠷ ᠤᠨ ᠬᠣᠶᠢᠳᠤ ᠦᠵᠦᠭᠦᠷ ᠣᠷᠣᠰ ᠬᠣᠯᠪᠣᠭᠠᠨ ᠤ ᠤᠯᠤᠰ ᠤᠨ ᠪᠦᠭᠦᠳᠡ ᠨᠠᠶᠢᠷᠠᠮᠳᠠᠬᠤ ᠲᠤᠸᠠ ᠤᠯᠤᠰᠠᠳᠠ ᠪᠠᠶᠢᠷᠢᠯᠠᠳᠠᠭ᠃ ᠣᠯᠠᠨ ᠮᠢᠩᠭᠠᠨ ᠵᠢᠯ ᠦᠨ ᠡᠮᠦᠨ᠎ᠡ ᠣᠷᠣᠰᠢᠵᠤ ᠪᠠᠶᠢᠭᠰᠠᠨ ᠠᠰᠤᠷᠤ ᠲᠣᠮᠣ ᠳᠠᠪᠤᠰᠤᠲᠤ ᠲᠡᠩᠭᠢᠰ ᠦᠨ ᠦᠯᠡᠳᠡᠭᠳᠡᠯ ᠠᠵᠢ᠃

ᠤᠪᠰᠤ ᠨᠠᠭᠤᠷ ᠲᠤ ᠲᠡᠰᠨᠠᠷᠢᠨᠲᠦᠷᠭᠡᠨᠬᠠᠷᠬᠢᠷ᠎ᠠᠬᠥᠨᠳᠡᠯᠡᠨᠰᠠᠭᠢᠯᠪᠣᠷᠰᠢᠭ᠎ᠠᠬᠠᠨᠳᠠᠭᠠᠢ ᠳᠤᠲᠣᠷᠠᠬᠢᠯᠠᠭ ᠵᠡᠷᠭᠡ ᠶᠡᠬᠡ ᠪᠠᠭ᠎ᠠ 38 ᠭᠣᠣᠯ ᠴᠢᠳᠬᠤᠨ᠎ᠠ᠃

ᠡᠨᠡ ᠨᠠᠭᠤᠷ ᠤᠨ ᠬᠥᠪᠥᠭᠡ ᠶᠢ ᠲᠣᠭᠣᠷᠢᠨ ᠲᠡᠰᠵᠡᠭᠦᠨ ᠭᠣᠪᠢᠮᠠᠯᠴᠢᠨᠨᠠᠷᠠᠨᠪᠤᠯᠠᠭᠲᠠᠷᠢᠶᠠᠯᠠᠩᠤᠯᠠᠭᠠᠨᠠᠭᠠᠮᠲᠦᠷᠭᠡᠨᠰᠠᠭᠢᠯᠳᠠᠪᠤᠰᠤᠲᠤ ᠵᠡᠷᠭᠡ ᠰᠤᠮᠤ ᠶᠢᠨ ᠠᠷᠠᠳ ᠤᠳ ᠨᠡᠭᠦᠳᠡᠯᠯᠡᠨ ᠠᠮᠢᠳᠤᠷᠠᠨ᠎ᠠ᠃

ᠡᠺᠣᠯᠣᠭᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠤᠪᠰᠤ ᠨᠠᠭᠤᠷ ᠨᠢ ᠳᠠᠪᠤᠰᠤᠯᠢᠭ ᠶᠡᠬᠡ ᠲᠡᠢ (ᠳᠠᠯᠠᠢ ᠶᠢᠨ ᠤᠰᠤᠨ ᠤ ᠬᠢ ᠠᠴᠠ ᠬᠣᠶᠠᠷ ᠳ᠋ᠡᠬᠢ ᠪᠠᠭ᠎ᠠ᠂ 18.8 ppt) ᠪᠥᠭᠡᠳ ᠡᠨᠡ ᠨᠢ ᠰᠦᠯᠢᠹᠠᠲ᠂ ᠨᠠᠲᠷᠢ ᠶᠢᠨ ᠢᠣᠨ ᠨᠤᠭᠤᠳ ᠠᠴᠠ ᠡᠭᠦᠳᠦᠨ᠎ᠡ᠃ ᠲᠤᠰ ᠨᠠᠭᠤᠷ ᠨᠢ 10 ᠰᠠᠷ᠎ᠠ ᠠᠴᠠ 5 ᠰᠠᠷ᠎ᠠ ᠬᠦᠷᠲᠡᠯ᠎ᠡ ᠬᠥᠨᠳᠡᠬᠦ ᠪᠥᠭᠡᠳ ᠵᠤᠨ ᠤ ᠴᠠᠭ ᠲᠤ ᠭᠠᠳᠠᠷᠭᠤ ᠶᠢᠨ ᠲᠣᠯᠠᠭᠠᠨ ᠤ ᠬᠡᠮᠵᠢᠶ᠎ᠡ 25°C, ᠢᠷᠤᠭᠠᠷ ᠤᠨ ᠲᠣᠯᠠᠭᠠᠨ ᠤ ᠬᠡᠮᠵᠢᠶ᠎ᠡ 19°C ᠪᠠᠶᠢᠳᠠᠭ᠃[1]

ᠤᠪᠰᠤ ᠨᠠᠭᠤᠷ ᠲᠤ ᠨᠣᠭᠲᠣᠷᠣᠭᠠᠯᠠᠭᠤᠬᠣᠰᠢᠭᠤ ᠭᠠᠯᠠᠭᠤᠪᠣᠷᠣ ᠭᠠᠯᠠᠭᠤᠠᠩᠭᠢᠳᠤᠭᠰᠢᠷ᠎ᠠ ᠠᠯᠠᠭ ᠨᠤᠭᠤᠰᠤᠤᠯᠠᠭᠠᠨ ᠬᠥᠵᠦᠭᠦᠦ ᠳᠦ ᠪᠣᠯᠤᠨ ᠰᠢᠩᠬᠤᠨ ᠱᠤᠩᠪᠠᠭᠤᠷᠭᠡᠵᠢᠭᠡᠲᠦ ᠱᠤᠩᠪᠠᠭᠤᠷ᠂ 362 ᠲᠥᠷᠥᠯ ᠦᠨ ᠨᠡᠭᠦᠳᠡᠯ ᠦᠨ ᠰᠢᠪᠠᠭᠤᠳ ᠳᠤᠯᠠᠭᠠᠨ ᠤ ᠤᠯᠠᠷᠢᠯ ᠳᠤ ᠢᠷᠡᠨ᠎ᠡ᠃ ᠤᠪᠰᠤ ᠨᠠᠭᠤᠷ ᠤᠨ ᠰᠠᠪᠠ ᠭᠠᠵᠠᠷ ᠲᠤ 72 ᠲᠥᠷᠥᠯ ᠦᠨ ᠬᠥᠬᠥᠲᠡᠨ ᠠᠮᠢᠲᠠᠨ ᠪᠠᠶᠢᠭ᠎ᠠ ᠶᠢ ᠡᠷᠳᠡᠮᠲᠡᠳ ᠲᠣᠭᠲᠠᠭᠠᠴᠠᠢ᠃ 29 ᠲᠥᠷᠥᠯ ᠦᠨ ᠵᠢᠭᠠᠰᠤ ᠪᠠᠶᠢᠬᠤ ᠪᠥᠭᠡᠳ[2] ᠡᠭᠦᠨ ᠡᠴᠡ ᠠᠯᠲᠠᠢ ᠶᠢᠨ ᠰᠤᠭᠤᠰᠤ ᠶᠢ (Oreoleuciscus potanini)ᠣᠷᠤᠭᠤᠯᠵᠤ ᠬᠡᠷᠡᠭᠯᠡᠭᠰᠡᠨ ᠠᠯᠳᠠᠭ᠎ᠠ ᠄ 无效<ref>标签;name属性非法,可能是内容过长 ᠪᠠᠷᠢᠵᠤ ᠢᠳᠡᠬᠦ ᠪᠣᠯᠤᠮᠵᠢ ᠲᠠᠢ᠃

ᠤᠪᠰᠤ ᠨᠠᠭᠤᠷ ᠤᠨ ᠠᠢ ᠰᠠᠪᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠢ ᠰᠠᠪᠠ

ᠲᠥᠪ ᠠᠽᠢᠶ᠎ᠠ ᠶᠢᠨ ᠭᠠᠳᠠᠭᠰᠢ ᠤᠷᠤᠰᠬᠠᠯ ᠦᠭᠡᠢ ᠠᠢ ᠰᠠᠪᠠ ᠶᠢᠨ ᠪᠣᠰᠤᠭ᠎ᠠ ᠪᠦᠰᠡᠯᠡᠭᠦᠷ ᠦᠨ ᠪᠦᠬᠦᠢ ᠯᠠ ᠰᠢᠨᠵᠢ ᠶᠢ ᠲᠤᠰᠬᠠᠭᠰᠠᠨ ᠯᠠᠨᠳ᠋ᠱᠠᠹᠲ ᠤᠨ ᠰᠣᠩᠭᠣᠳᠠᠭ ᠵᠢᠱᠢᠶ᠎ᠡ ᠨᠢ ᠤᠪᠰᠤ ᠨᠠᠭᠤᠷ ᠤᠨ ᠠᠢ ᠰᠠᠪᠠ ᠶᠤᠮ᠃ ᠠᠢ ᠰᠠᠪᠠ ᠶᠢᠨ ᠬᠠᠮᠤᠭ ᠤᠨ ᠨᠠᠮ ᠴᠡᠭ ᠳᠠᠯᠠᠢ ᠶᠢᠨ ᠲᠥᠪᠰᠢᠨ ᠡᠴᠡ ᠳᠡᠭᠡᠭᠰᠢ 758.9 ᠮ᠂ ᠬᠠᠮᠤᠭ ᠤᠨ ᠥᠨᠳᠥᠷ ᠴᠡᠭ ᠳᠠᠯᠠᠢ ᠶᠢᠨ ᠲᠥᠪᠰᠢᠨ ᠡᠴᠡ ᠳᠡᠭᠡᠭᠰᠢ 4126 ᠮ ᠡᠷᠭᠦᠭᠳᠡᠭᠰᠡᠨ ᠬᠠᠷᠬᠢᠷ᠎ᠠ᠂ ᠲᠦᠷᠭᠡᠨ ᠦ ᠨᠣᠶᠠᠨ ᠣᠷᠭᠢᠯ ᠶᠤᠮ᠃

ᠤᠪᠰᠤ ᠨᠠᠭᠤᠷ ᠤᠨ ᠠᠢ ᠰᠠᠪᠠ ᠨᠢ ᠰᠢᠪᠢᠷᠢ᠂ ᠲᠥᠪ ᠠᠽᠢᠶ᠎ᠠ ᠶᠢᠨ ᠭᠠᠵᠠᠷ ᠵᠦᠢ ᠠᠭᠤᠷ ᠠᠮᠢᠰᠬᠤᠯ ᠤᠨ ᠵᠠᠭᠠᠭ ᠳᠡᠭᠡᠷ᠎ᠡ ᠪᠠᠶᠢᠷᠢᠯᠠᠳᠠᠭ ᠲᠤᠯᠠ ᠲᠣᠯᠠᠭᠠᠨ ᠤ ᠬᠡᠮᠵᠢᠶ᠎ᠡ ᠤᠨ ᠮᠠᠰᠢ ᠶᠡᠬᠡ ᠬᠡᠯᠪᠡᠯᠵᠡᠯᠲᠡᠢ: ᠡᠪᠦᠯ −58°C ᠬᠦᠷᠴᠦ ᠪᠠᠶᠢᠬᠤ ᠳᠤ ᠵᠤᠨ 47°C ᠪᠠᠶᠢᠬᠤ ᠵᠢᠱᠢᠶ᠎ᠡ ᠲᠡᠢ᠃

ᠤᠪᠰᠤ ᠠᠶᠢᠮᠠᠭ ᠤᠨ ᠨᠤᠲᠤᠭ ᠳᠡᠪᠢᠰᠬᠡᠷ ᠳ᠋ᠡᠬᠢ᠂ ᠪᠠᠶᠢᠭᠠᠯᠢ ᠶᠢᠨ ᠥᠪᠡᠷᠮᠢᠴᠡ ᠲᠣᠭᠲᠠᠴᠠ᠂ ᠦᠵᠡᠰᠬᠦᠯᠡᠩᠲᠦ ᠭᠠᠵᠠᠷ ᠨᠤᠲᠤᠭ ᠪᠣᠯᠬᠤ ᠲᠦᠷᠭᠡᠨ ᠦ ᠠᠭᠤᠯᠠ᠂ ᠴᠠᠭᠠᠨ ᠰᠢᠪᠠᠭᠤ ᠳᠤ᠂ ᠲᠣᠷᠠᠬᠢᠯᠠᠭ᠂ ᠲᠡᠰ ᠦᠨ ᠭᠣᠣᠯ ᠤᠨ ᠠᠳᠠᠭ᠂ ᠠᠯᠲᠠᠨ ᠡᠯᠡᠰᠦ ᠭᠡᠰᠡᠨ ᠡᠺᠣᠯᠣᠭ ᠤᠨ ᠣᠷᠴᠢᠨ ᠪᠠᠶᠢᠭᠠᠯᠢ ᠶᠢᠨ ᠴᠣᠭᠴᠠᠯᠠᠪᠤᠷᠢ ᠶᠢᠨ ᠬᠤᠪᠢ ᠳᠤ ᠢᠯᠭᠠᠭ᠎ᠠ ᠲᠠᠢ ᠪᠣᠯᠪᠠᠴᠤ ᠪᠡᠶ᠎ᠡ ᠪᠡᠶᠡᠨ ᠡᠴᠡ ᠪᠡᠨ ᠲᠡᠳᠦᠢ ᠯᠠ ᠠᠯᠤᠰᠯᠠᠭᠳᠠᠭ᠎ᠠ ᠦᠭᠡᠢ ᠭᠠᠵᠠᠷ ᠨᠤᠲᠤᠭ ᠢ ᠬᠡᠰᠡᠭᠴᠢᠯᠡᠨ ᠬᠠᠮᠤᠷᠤᠭᠰᠠᠨ 679,6 ᠮᠢᠩᠭᠠᠨ ᠭᠠ ᠭᠠᠵᠠᠷ ᠨᠤᠲᠤᠭ ᠢ ᠤᠯᠤᠰ ᠤᠨ ᠶᠡᠬᠡ ᠬᠤᠷᠠᠯ ᠤᠨ ᠰᠢᠢᠳᠪᠦᠷᠢ ᠶᠢ ᠦᠨᠳᠦᠰᠦᠯᠡᠨ ᠮᠣᠩᠭᠣᠯ ᠤᠯᠤᠰ ᠤᠨ ᠵᠠᠰᠠᠭ ᠤᠨ ᠭᠠᠵᠠᠷ ᠤᠨ 1994 ᠣᠨ ᠤ ᠶᠢᠰᠦᠳᠦᠭᠡᠷ ᠲᠣᠭᠲᠠᠭᠠᠯ ᠢᠶᠠᠷ ᠤᠪᠰᠤ ᠨᠠᠭᠤᠷ ᠤᠨ ᠠᠢ ᠰᠠᠪᠠ ᠶᠢᠨ ᠳᠠᠷᠬᠠᠨ ᠴᠠᠭᠠᠵᠠᠲᠤ ᠭᠠᠵᠠᠷ ᠪᠣᠯᠭᠠᠭᠰᠠᠨ᠃[3]

2003 ᠣᠨ ᠳᠤ ᠣᠷᠣᠰ ᠤᠨ ᠬᠣᠯᠪᠣᠭᠠᠨ ᠤ ᠤᠯᠤᠰᠲᠠᠢ ᠬᠠᠮᠲᠤᠷᠠᠨ᠂ ᠤᠪᠰᠤ ᠨᠠᠭᠤᠷ ᠤᠨ ᠰᠠᠪᠠ ᠭᠡᠳᠡᠭ ᠨᠡᠷ᠎ᠡ ᠪᠡᠷ 《…ᠲᠥᠪ ᠠᠽᠢᠶ᠎ᠠ ᠶᠢᠨ ᠬᠠᠮᠤᠭ ᠤᠨ ᠲᠣᠮᠣ ᠬᠥᠨᠳᠡᠭᠳᠡᠭᠡ ᠦᠭᠡᠢ ᠤᠰᠤᠨ ᠤ ᠬᠠᠭᠠᠯᠪᠤᠷᠢ᠂ ᠳᠡᠯᠡᠬᠡᠢ ᠶᠢᠨ ᠲᠡᠦᠬᠡᠨ ᠳᠦ ᠲᠣᠳᠣ ᠤᠯᠠ ᠮᠥᠷ ᠦᠯᠡᠳᠡᠭᠡᠭᠰᠡᠨ ᠨᠡᠭᠦᠳᠡᠯᠴᠢᠳ ᠾᠦᠩᠨᠦᠲᠦᠷᠦᠭᠰᠺᠢᠹᠡᠭᠦᠳᠡ ᠶᠢᠨ ᠠᠭᠤᠭᠤᠯ ᠨᠤᠲᠤᠭ ᠪᠣᠯᠬᠤ ᠤᠪᠰᠤ ᠨᠠᠭᠤᠷ ᠤᠨ ᠰᠠᠪᠠ ᠨᠢ ᠪᠠᠶᠢᠭᠠᠯᠢ ᠶᠢᠨ ᠦᠵᠡᠮᠵᠢ ᠲᠡᠭᠦᠰ ᠡᠴᠡ ᠭᠠᠳᠠᠨ᠎ᠠ 40000 ᠭᠠᠷᠤᠢ ᠠᠷᠬᠧᠣᠯᠣᠭᠢ ᠶᠢᠨ ᠳᠤᠷᠠᠰᠬᠠᠯ ᠤᠳ ᠢ ᠠᠭᠤᠯᠠᠳᠠᠭ ᠪᠢᠯᠡ…》 ᠬᠡᠮᠡᠨ United Nations Educational Scientific and Cultural Organization ᠍ ᠶᠢᠨ ᠳᠡᠯᠡᠬᠡᠢ ᠶᠢᠨ ᠥᠪᠡᠶᠢᠨ ᠵᠢᠭ᠌ᠰᠠᠭᠠᠯᠳᠠ ᠳᠤ ᠪᠦᠷᠢᠳᠬᠡᠭᠦᠯᠦᠭᠰᠡᠨ᠃[4]

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. Jon Davies. Mongolia. International Water Management Institute. 2008-02-10 ᠍ ᠳᠦ ᠬᠠᠨᠳᠤᠭᠰᠠᠨ᠃
  2. Erdene-Ochir Badarch. Uvs Nuur Basin; World Natural Heritage Site. United Nations Institute for Training and Research. the original on 2008-05-28 ᠍ ᠰ ᠠᠷᠬᠢᠸᠯᠠᠭᠳᠠᠭᠰᠠᠨ᠃ 2008-02-10 ᠍ ᠳᠦ ᠬᠠᠨᠳᠤᠭᠰᠠᠨ᠃
  3. ᠤᠪᠰᠤ ᠨᠠᠭᠤᠷ (2011-10-12). 2012-05-116 ᠍ ᠳᠦ ᠬᠠᠨᠳᠤᠭᠰᠠᠨ᠃
  4. Uvs Nuur Basin. whc.unesco.org. 2007-01-16 ᠍ ᠳᠦ ᠬᠠᠨᠳᠤᠭᠰᠠᠨ᠃

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠣᠫᠣᠭᠷᠠᠹᠢ ᠶᠢᠨ ᠵᠢᠷᠤᠭ ᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ