ᠤᠪᠰᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
"ᠤᠪᠰᠤ" ᠨᠢ ᠡᠨᠡ ᠬᠠᠭᠤᠳᠠᠰᠤᠨ ᠳᠤ ᠰᠢᠭᠤᠳ ᠬᠣᠯᠪᠣᠭᠳᠠᠵᠠᠢ᠃ ᠥᠭᠡᠷ᠎ᠡ ᠤᠳᠬ᠎ᠠ ᠶᠢ ᠦᠵᠡᠬᠦ ᠶᠢ ᠬᠦᠰᠡᠪᠡᠯ᠂ ᠤᠪᠰᠤ (ᠰᠠᠯᠠᠭ᠎ᠠ ᠤᠳᠬ᠎ᠠ) ᠍ ᠢ ᠦᠵᠡᠨ᠎ᠡ ᠦᠦ᠃
ᠤᠪᠰᠤ ᠠᠶᠢᠮᠠᠭ
ᠹᠠᠢᠢᠯ:ᠤᠸᠠ ᠮᠪ᠃png
ᠠᠶᠢᠮᠠᠭ
ᠬᠢᠷᠭᠠᠰ ᠨᠠᠭᠤᠷ ᠍ ᠤᠨ ᠡᠷᠭᠢ

ᠰᠦᠯᠳᠡ ᠲᠤᠭ

ᠰᠦᠯᠳᠡ ᠲᠡᠮᠳᠡᠭ
ᠮᠣᠩᠭᠣᠯ ᠣᠷᠣᠨ ᠳᠠᠬᠢ ᠤᠪᠰᠤ ᠠᠶᠢᠮᠠᠭ
ᠤᠯᠤᠰ ᠣᠷᠣᠨ Flag of Mongolia.svg ᠮᠣᠩᠭᠣᠯ
ᠠᠶᠢᠮᠠᠭ ᠤᠪᠰᠤ
ᠰᠤᠮᠤ (19) ᠨᠡᠷ᠎ᠡ ᠪᠦᠬᠦᠢ 19 ᠰᠤᠮᠤ
ᠭᠠᠵᠠᠷ ᠨᠤᠲᠤᠭ 69,585.39 ᠺᠦᠸᠠᠳ᠋ ᠺᠢᠯᠣᠮᠧᠲ᠋ᠷ
ᠬᠦᠮᠦᠨ ᠠᠮᠠ (ᠲᠣᠭᠠᠯᠠᠯ) 2010 ᠣᠨ ᠳᠤ 73,328 ᠬᠦᠮᠦᠨ [1]
- ᠮᠣᠩᠭᠣᠯ ᠤᠯᠤᠰ ᠶᠢᠨ ᠢᠷᠭᠡᠨ 73,296 ᠬᠦᠮᠦᠨ (100.0%) [2]
ᠬᠦᠮᠦᠨ ᠠᠮᠠ (ᠲᠣᠭᠠᠴᠠ᠃) 2012 ᠣᠨ ᠳᠤ 74,026 ᠬᠦᠮᠦᠨ [3]
ᠨᠢᠭᠲᠠᠴᠠ ᠰᠡᠶᠢᠷᠡᠭ 2011 ᠣᠨ ᠳᠤ 1.06 ᠬᠦᠮᠦᠨ/км²
ᠠᠷᠠᠳ ᠲᠦᠮᠡᠨ ᠦᠨᠳᠦᠰᠦᠨ ᠳᠦ ᠪᠡᠨ ᠮᠣᠩᠭᠣᠯ᠂ ᠲᠡᠷᠡ ᠳᠤᠮᠳᠠ ᠪᠠᠨ
ᠣᠶᠢᠷᠠᠳ᠂ ᠪᠦᠷᠢᠳᠬᠡᠯ ᠲᠣᠭᠠᠴᠠᠭ᠎ᠠ ᠪᠠᠷ
40% - ᠳᠥᠷᠪᠡ ᠳᠦ᠂ 30% - ᠪᠠᠶᠠᠳ
ᠨᠤᠲᠤᠭ ᠤᠨ ᠣᠯᠠᠨ ᠤᠪᠰᠤ ᠤᠨ ᠬᠢᠨ
1925-1931 ᠣᠨ ᠪᠠᠶᠠᠨᠴᠢᠨᠳᠠᠮᠠᠨᠢ ᠤᠤᠯ ᠤᠨ
ᠠᠶᠢᠮᠠᠭ ᠲᠤ ᠪᠠᠭᠳᠠᠵᠣ ᠪᠠᠶᠢᠪᠠ
1931 ᠣᠨ ᠳᠥᠷᠪᠡᠳ ᠠᠶᠢᠮᠠᠭ ᠡᠭᠦᠰᠦᠭᠰᠡᠨ
1933 ᠣᠨ ᠤᠪᠰᠤ ᠠᠶᠢᠮᠠᠭ ᠪᠣᠯᠤᠭᠰᠠᠨ
ᠵᠠᠰᠠᠭ ᠳᠠᠷᠤᠭ᠎ᠠ ᠳᠠᠰᠢ ᠶᠢᠨ ᠴᠡᠨᠳᠠᠰᠦ᠋ᠷᠦᠩ (ᠠᠷᠠᠳᠴᠢᠯᠠᠭᠰᠠᠨ ᠨᠠᠮ)
ᠴᠠᠭ ᠤᠨ ᠪᠥᠰᠡ ᠬᠣᠪᠳᠣ ᠶᠢᠨ ᠴᠠᠭ (ГЦ+7)
ᠤᠲᠠᠰᠤᠨ ᠳ᠋ᠣᠭᠠᠷ +976 145
ᠰᠢᠤᠳᠠᠨ ᠳᠤᠭᠠᠷ 85000
ᠮᠠᠰᠢᠨ ᠤ ᠳ᠋ᠣᠭᠠᠷ ᠤᠪᠰᠤ
ᠴᠠᠬᠢᠮ ᠭᠠᠵᠠᠷ uvs.mn (ᠮᠣᠩᠭᠣᠯ ᠢᠶᠠᠷ)

ᠤᠪᠰᠤ (ᠬᠤᠳᠤᠮᠮᠣᠩᠭᠣᠯ ᠢᠶᠠᠷ ᠤᠪᠰᠤ ubsu) ᠨᠢ ᠮᠣᠩᠭᠣᠯ ᠤᠯᠤᠰ ᠤᠨ ᠠᠶᠢᠮᠠᠭ ᠶᠤᠮ᠃ 1931 ᠣᠨ ᠳᠤ ᠪᠠᠶᠢᠭᠤᠯᠤᠭᠳᠠᠭᠰᠠᠨ᠃ 69585 ᠺᠦᠸᠠᠳ᠋ ᠺᠢᠯᠣᠮᠧᠲ᠋ᠷ ᠨᠤᠲᠤᠭ ᠲᠠᠢ᠃

ᠤᠪᠰᠤ ᠠᠶᠢᠮᠠᠭ ᠨᠢ ᠴᠢᠴᠠᠷᠭᠠᠨ᠎ᠠᠠᠷᠠᠭ᠎ᠠ ᠳᠡᠯᠡᠬᠡᠢ ᠳᠤ ᠠᠯᠳᠠᠷᠲᠠᠢ᠃ ᠲᠤᠰ ᠠᠶᠢᠮᠠᠭ ᠨᠢ ᠣᠯᠠᠨ ᠶᠠᠰᠤᠲᠠᠨ ᠤ ᠥᠯᠥᠭᠡᠢ ᠨᠤᠲᠤᠭ ᠶᠤᠮ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

1686 ᠣᠨ ᠳᠤ ᠣᠶᠢᠷᠠᠳ ᠮᠣᠩᠭᠣᠯ ᠤᠨ ᠶᠡᠬᠡ ᠬᠠᠭᠠᠨ ᠭᠠᠯᠳᠠᠨ ᠪᠣᠱᠤᠭᠳᠤ ᠬᠠᠷᠬᠢᠷ᠎ᠠ ᠭᠣᠣᠯᠣ ᠠᠴᠠ ᠰᠤᠪᠠᠭ ᠲᠠᠲᠠᠭᠤᠯᠵᠤ᠂ ᠤᠪᠰᠤ ᠨᠠᠭᠤᠷ ᠤᠨ ᠬᠣᠲᠣᠭᠣᠷ ᠭᠤᠷᠪᠠᠨ ᠲᠡᠭᠡᠯᠢ᠂ ᠠᠷᠰᠠᠢ᠂ ᠮᠢᠩᠭᠠᠨ ᠪᠡᠯ᠂ ᠬᠠᠷ᠎ᠠ ᠲᠣᠯᠣᠭᠠᠢ᠂ ᠪᠣᠷᠣ ᠦᠵᠦᠭᠦᠷ ᠵᠡᠷᠭᠡ ᠭᠠᠵᠠᠷ ᠤᠳ ᠲᠤ ᠲᠠᠷᠢᠶ᠎ᠠ ᠲᠠᠷᠢᠶᠠᠯᠠᠵᠤ ᠡᠬᠢᠯᠡᠭᠰᠡᠨ ᠨᠢ ᠰᠠᠭᠤᠷᠢᠨ ᠠᠮᠢᠳᠤᠷᠠᠯ ᠤᠨ ᠦᠨᠳᠦᠰᠦ ᠲᠠᠯᠪᠢᠭᠳᠠᠵᠤ ᠤᠯᠠᠮ ᠢᠶᠠᠷ ᠤᠯᠠᠭᠠᠨᠠᠭᠠᠮ ᠰᠤᠮᠤ (ᠬᠣᠲᠠ ᠶᠢᠨ) ᠠᠩᠬᠠᠨ ᠤ ᠰᠢᠪ ᠲᠠᠯᠪᠢᠭᠳᠠᠭᠰᠠᠨ ᠭᠡᠵᠦ ᠦᠵᠡᠳᠡᠭ᠃

ᠡᠶᠢᠨᠬᠦᠦ ᠭᠠᠵᠠᠷ ᠲᠠᠷᠢᠶᠠᠯᠠᠩ ᠤᠨ ᠰᠠᠭᠤᠷᠢᠨ (Yᠦᠨ᠎ᠡ ᠶᠢ ᠭᠡᠷᠡᠴᠢᠯᠡᠬᠦ ᠤᠯᠠ ᠦᠨᠳᠦᠰᠦ ᠨᠢ ᠠᠷᠰᠠᠶᠢᠨ ᠰᠠᠭᠤᠷᠢᠨ ᠪᠠᠶᠢᠵᠤ ᠪᠣᠯᠬᠤ ᠶᠠᠭᠤᠮ᠎ᠠ) ᠨᠢ ᠤᠪᠰᠤ ᠠᠶᠢᠮᠠᠭ ᠲᠤ ᠠᠩᠬ᠎ᠠ ᠲᠠᠯᠪᠢᠭᠳᠠᠵᠠᠢ᠃

1871 ᠣᠨ ᠳᠤ ᠴᠢᠨᠳᠠᠮᠠᠨᠢ ᠤᠤᠯ ᠤᠨ ᠣᠷᠴᠢᠮ ᠳᠤ ᠳᠡᠴᠢᠨᠷᠠᠪᠵᠢᠶᠠᠯᠠᠨ ᠬᠥᠨᠳᠡᠢᠨ ᠠᠩᠬᠠᠨ ᠤ ᠳ᠋ᠠᠴᠠᠩ ᠪᠣᠯᠬᠤ ᠯᠡᠦᠵᠢᠨ ᠳ᠋ᠠᠴᠠᠩ ᠪᠠᠶᠢᠭᠤᠯᠤᠭᠳᠠᠭᠰᠠᠨ ᠨᠢ ᠤᠯᠠᠭᠠᠨᠠᠭᠠᠮ᠎ᠠ ᠶᠢᠨ ᠬᠦᠷᠢᠶᠡᠨ ᠦ ᠠᠩᠬᠠᠨ ᠤ ᠰᠠᠭᠤᠷᠢ ᠪᠣᠯᠤᠭᠰᠠᠨ ᠪᠠᠶᠢᠨ᠎ᠠ᠃

ᠯᠡᠦᠵᠢᠨ ᠳ᠋ᠠᠴᠠᠩ ᠤᠨ ᠳᠡᠷᠭᠡᠳᠡ ᠴᠣᠭᠴᠢᠨ ᠳᠤᠭᠤᠨ᠎ᠠ᠂ ᠣᠯᠠᠨ ᠰᠦᠮ᠎ᠡ ᠪᠠᠷᠢᠭᠳᠠᠵᠤ᠂ ᠯᠠᠮᠠ ᠬᠤᠸᠠᠷᠠᠭ ᠤᠳ ᠣᠯᠠᠨ ᠢᠶᠠᠷ ᠱᠠᠪᠢᠯᠠᠨ ᠰᠠᠭᠤᠭᠰᠠᠨ ᠢᠶᠠᠷ ᠪᠠᠶᠠᠨᠴᠢᠨᠳᠠᠮᠠᠨᠢ ᠠᠭᠤᠯᠠ ᠍ ᠤᠨ ᠬᠣᠰᠢᠭᠤ ᠪᠠᠶᠢᠭᠤᠯᠤᠭᠳᠠᠵᠤ᠂ ᠬᠣᠰᠢᠭᠤᠨ ᠤ ᠲᠠᠮᠠᠭ᠎ᠠ ᠶᠢᠨ ᠭᠠᠵᠠᠷ ᠲᠥᠪᠯᠡᠷᠡᠭᠰᠡᠨ ᠢᠶᠡᠷ ᠤᠯᠠᠭᠠᠨᠠᠭᠠᠮ᠎ᠠ ᠶᠢᠨ ᠬᠦᠷᠢᠶ᠎ᠡ ᠨᠡᠷᠡᠲᠡᠢ ᠪᠣᠯᠤᠭᠰᠠᠨ ᠪᠠᠶᠢᠨ᠎ᠠ᠃ ᠤᠯᠠᠭᠠᠨᠠᠭᠠᠮ᠎ᠠ ᠶᠢᠨ ᠬᠦᠷᠢᠶ᠎ᠡ ᠨᠢ ᠰᠦᠰᠦᠭᠲᠡᠨ ᠣᠯᠠᠨ ᠤ ᠳᠤᠮᠳᠠ ᠶᠡᠬᠡᠬᠡᠨ ᠨᠥᠯᠥᠭᠡ ᠲᠡᠢ ᠪᠣᠯᠵᠤ 1915 ᠣᠨ ᠤ ᠦᠶ᠎ᠡ ᠳᠦ 1500 ᠭᠠᠷᠤᠢ ᠯᠠᠮᠠ ᠬᠤᠸᠠᠷᠠᠭ ᠲᠠᠢ ᠪᠣᠯᠵᠤ᠂ ᠳᠥᠷᠪᠡᠳᠡᠶᠢᠨ ᠵᠣᠷᠢᠭᠲᠤ ᠳᠠᠯᠠᠢ ᠬᠠᠭᠠᠨ ᠤ ᠥᠷᠭᠥᠭᠡ ᠪᠠᠶᠢᠷᠢᠯᠠᠵᠤ ᠪᠠᠶᠢᠭᠰᠠᠨ ᠵᠡᠷᠭᠡ ᠨᠢ ᠬᠣᠰᠢᠭᠤᠨ ᠤ ᠱᠠᠰᠢᠨ᠂ ᠤᠯᠤᠰ ᠲᠥᠷᠥ᠂ ᠵᠠᠰᠠᠭ ᠵᠠᠬᠢᠷᠭᠠᠨ ᠤ ᠲᠥᠪ ᠪᠣᠯᠵᠤ ᠥᠷᠭᠡᠵᠢᠬᠦ ᠳᠦ ᠨᠥᠯᠦᠭᠡᠯᠡᠭᠰᠡᠨ ᠪᠠᠶᠢᠨ᠎ᠠ᠃ 1931 ᠣᠨ ᠤ 2 ᠰᠠᠷ᠎ᠠ ᠳᠤ ᠤᠯᠤᠰ ᠤᠨ ᠪᠠᠭ᠎ᠠ ᠬᠤᠷᠠᠯ ᠤᠨ ᠲᠡᠷᠢᠭᠦᠯᠡᠭᠴᠢᠳ ᠦᠨ ᠲᠣᠭᠲᠠᠭᠠᠯ ᠢᠶᠠᠷ ᠵᠠᠰᠠᠭ ᠵᠠᠬᠢᠷᠭᠠᠨ ᠤ ᠬᠤᠪᠢᠶᠠᠷᠢ ᠶᠢ ᠰᠢᠨᠡᠴᠢᠯᠡᠨ ᠴᠢᠨᠳᠠᠮᠠᠨᠢ ᠤᠤᠯ ᠤᠨ ᠠᠶᠢᠮᠠᠭ ᠢ ᠤᠪᠰ᠂ ᠬᠣᠪᠳᠣ ᠬᠣᠶᠠᠷ ᠠᠶᠢᠮᠠᠭ ᠪᠣᠯᠭᠠᠭᠰᠠᠨ ᠢᠶᠠᠷ ᠤᠯᠠᠭᠠᠨᠠᠭᠠᠮ ᠨᠢ ᠤᠪᠰᠤ ᠠᠶᠢᠮᠠᠭ ᠤᠨ ᠤᠯᠤᠰ ᠲᠥᠷᠥ᠂ ᠡᠳ᠋ ᠍ ᠦᠨ ᠵᠠᠰᠠᠭ᠂ ᠰᠤᠶᠤᠯ ᠪᠣᠯᠪᠠᠰᠤᠷᠠᠯ ᠤᠨ ᠲᠥᠪ ᠪᠣᠯᠤᠨ ᠥᠷᠭᠡᠵᠢᠨ ᠬᠥᠭᠵᠢᠬᠦ ᠡᠬᠢᠯᠡᠯ᠎ᠡ ᠲᠠᠯᠪᠢᠭᠰᠠᠨ ᠶᠤᠮ᠃

ᠴᠢᠨᠳᠠᠮᠠᠨᠢ ᠤᠤᠯ ᠤᠨ ᠠᠶᠢᠮᠠᠭ ᠤᠨ ᠠᠩᠬᠠᠳᠤᠭᠠᠷ ᠶᠡᠬᠡ ᠬᠤᠷᠠᠯ ᠤᠨ 1925 ᠣᠨ ᠤ 11 ᠰᠠᠷ᠎ᠠ ᠶᠢᠨ 21 ᠍ ᠦ ᠡᠳᠦᠷ ᠦᠨ 4 ᠍ ᠳᠦᠭᠡᠷ ᠲᠣᠭᠲᠠᠭᠠᠯ ᠳᠤ:

"ᠠᠶᠢᠮᠠᠭ ᠤᠨ ᠡᠷᠬᠡ ᠪᠠᠷᠢᠬᠤ ᠭᠠᠵᠠᠷ ᠠᠶᠢᠮᠠᠭ ᠤᠨ ᠵᠠᠬᠢᠷᠭᠠᠭ᠎ᠠ ᠶᠢ ᠰᠣᠩᠭᠣᠨ ᠪᠠᠶᠢᠭᠤᠯᠵᠤ᠂ ᠳᠥᠷᠪᠡᠳ ᠦᠨ ᠠᠶᠢᠮᠠᠭ ᠤᠨ ᠬᠠᠭᠤᠴᠢᠨ ᠨᠡᠷ᠎ᠡ ᠪᠣᠯᠬᠤ "ᠳᠥᠷᠪᠡᠳ ᠳᠠᠯᠠᠢ ᠬᠠᠨ ᠠᠶᠢᠮᠠᠭ" ᠨᠡᠷ᠎ᠡ ᠶᠢ ᠬᠠᠯᠠᠵᠤ᠂ ᠴᠢᠨᠳᠠᠮᠠᠨᠢ ᠤᠤᠯ ᠤᠨ ᠠᠶᠢᠮᠠᠭ ᠬᠡᠮᠡᠨ ᠨᠡᠷᠡᠯᠡᠵᠦ᠂ ᠲᠥᠪ ᠢ ᠤᠯᠠᠭᠠᠨᠠᠭᠠᠮ᠎ᠠ ᠳᠤ ᠰᠠᠭᠤᠷᠢᠰᠢᠭᠤᠯᠬᠤ ᠪᠠᠷ ᠲᠣᠭᠲᠠᠵᠠᠢ᠃ ᠴᠢᠨᠳᠠᠮᠠᠨᠢ ᠤᠤᠯ ᠤᠨ ᠠᠶᠢᠮᠠᠭ ᠨᠢ 8 ᠬᠣᠰᠢᠭᠤ᠂ 41 ᠰᠤᠮᠤ᠂ 115 ᠪᠠᠭ᠂ 660 ᠠᠷᠪᠠᠨ ᠢᠶᠠᠷ ᠪᠦᠷᠢᠳᠦᠯ ᠪᠣᠯᠤᠨ ᠪᠠᠶᠢᠭᠤᠯᠤᠭᠳᠠᠭᠰᠠᠨ ᠪᠣᠯᠠᠢ"

ᠭᠡᠵᠡᠢ᠃ ᠡᠨᠡᠬᠦ 41 ᠰᠤᠮᠤ ᠶᠢᠨ 13 ᠨᠢ ᠣᠳᠣ ᠶᠢᠨ ᠬᠣᠪᠳᠣ ᠠᠶᠢᠮᠠᠭ ᠤᠨ᠂ ᠪᠤᠰᠤᠳ 28 ᠨᠢ ᠤᠪᠰᠤ ᠠᠶᠢᠮᠠᠭ ᠤᠨ ᠰᠤᠮᠤ ᠳᠤ ᠪᠠᠶᠢᠴᠠᠢ᠃

1931 ᠣᠨ ᠳᠤ ᠴᠢᠨᠳᠠᠮᠠᠨᠢ ᠤᠤᠯ ᠤᠨ ᠠᠶᠢᠮᠠᠭ ᠢ 2 ᠠᠶᠢᠮᠠᠭ ᠪᠣᠯᠭᠠᠬᠤ ᠳᠤ ᠤᠪᠰᠤ ᠠᠶᠢᠮᠠᠭ 16 ᠰᠤᠮᠤ᠂ 150 ᠪᠠᠭ᠂ 9133 ᠡᠷᠦᠬᠡ᠂ 43188 ᠬᠦᠮᠦᠨ ᠠᠮᠠ ᠲᠠᠢ ᠪᠠᠶᠢᠴᠠᠢ᠃ 1933 ᠣᠨ ᠳᠤ ᠤᠪᠰᠤ ᠠᠶᠢᠮᠠᠭ ᠤᠨ ᠵᠢᠯ ᠦᠨ ᠲᠥᠰᠥᠪ 140.0 ᠮᠢᠩᠭ᠎ᠠ ᠲᠥᠭᠥᠷᠢᠭ ᠪᠠᠶᠢᠭᠰᠠᠨ ᠪᠣᠯ 1961 ᠣᠨ ᠳᠤ 6,6 ᠰᠠᠶ᠎ᠠ ᠲᠥᠭᠥᠷᠢᠭ᠂ 1981 ᠣᠨ ᠳᠤ 33,7 ᠰᠠᠶ᠎ᠠ᠂ 1990 ᠣᠨ ᠳᠤ 78,4 ᠰᠠᠶ᠎ᠠ ᠲᠥᠭᠥᠷᠢᠭ ᠪᠣᠯᠵᠤ ᠥᠰᠴᠠᠢ᠃ ᠤᠪᠰᠤ ᠠᠶᠢᠮᠠᠭ ᠤᠨ ᠲᠥᠪ ᠨᠢ ᠤᠯᠠᠭᠠᠨᠠᠭᠠᠮ ᠰᠤᠮᠤ ᠶᠤᠮ᠃

1957 ᠣᠨ ᠳᠤ ᠪᠠᠷᠢᠯᠭ᠎ᠠ ᠶᠢᠨ 3 ᠍ ᠳᠦᠭᠡᠷ ᠠᠩᠭᠢ ᠶᠢ ᠲᠤᠰ ᠰᠤᠮᠤᠨ ᠳᠤ ᠪᠠᠶᠢᠭᠤᠯᠤᠭᠰᠠᠨ ᠢᠶᠠᠷ ᠣᠷᠴᠢᠨ ᠦᠶ᠎ᠡ ᠶᠢᠨ ᠬᠢᠴᠡ ᠵᠠᠭᠪᠤᠷ ᠪᠦᠬᠦᠢ ᠣᠯᠠᠨ ᠰᠠᠶᠢᠬᠠᠨ ᠪᠠᠷᠢᠯᠭ᠎ᠠ ᠪᠠᠶᠢᠭᠤᠯᠤᠮᠵᠢ ᠪᠠᠷᠢᠭᠳᠠᠨ ᠤᠯᠠᠭᠠᠨᠠᠭᠠᠮ ᠰᠤᠮᠤ ᠬᠣᠲᠠᠰᠢᠬᠤ ᠲᠥᠯᠥᠪ ᠢᠶᠡᠨ ᠣᠯᠤᠭᠰᠠᠨ ᠶᠤᠮ᠃ 1942 ᠣᠨ ᠳᠤ ᠢᠳᠡᠰᠢ ᠲᠡᠵᠢᠭᠡᠯ ᠦᠨ ᠬᠦᠨᠡᠰᠦᠨ ᠦ ᠺᠣᠮᠪᠢᠨᠠᠲ᠂ 1959 ᠣᠨ ᠳᠤ ᠭᠤᠯᠢᠷ ᠤᠨ ᠦᠢᠯᠡᠳᠪᠦᠷᠢ ᠠᠰᠢᠭᠯᠠᠯᠲᠠᠨ ᠳᠤ ᠣᠷᠣᠭᠰᠠᠨ ᠢᠶᠠᠷ ᠤᠯᠠᠭᠠᠨᠠᠭᠠᠮ ᠲᠡᠳᠦᠢ ᠦᠭᠡᠢ ᠤᠪᠰᠤ ᠠᠶᠢᠮᠠᠭ ᠤᠨ ᠬᠦᠨᠡᠰᠦᠨ ᠦ ᠬᠠᠩᠭᠠᠮᠵᠢ ᠡᠷᠡᠰ ᠰᠠᠶᠢᠵᠢᠷᠠᠭᠰᠠᠨ ᠶᠤᠮ᠃ 1959 ᠣᠨ ᠳᠤ ᠤᠯᠠᠭᠠᠨᠠᠭᠠᠮ ᠰᠤᠮᠤ ᠠᠴᠠ ᠤᠯᠠᠭᠠᠨᠠᠭᠠᠮ ᠬᠣᠲᠠ ᠶᠢ ᠲᠤᠰᠠᠭᠠᠷᠯᠠᠨ ᠣᠷᠣᠨ ᠰᠠᠭᠤᠴᠠ ᠭᠤᠳᠤᠮᠵᠢᠨ ᠤ 4 ᠍ ᠳᠦᠭᠡᠷ ᠬᠣᠷᠢᠶ᠎ᠠ᠂ ᠬᠣᠲᠠ ᠶᠢᠨ ᠠᠷᠠᠳ ᠤᠨ ᠳ᠋ᠧᠫᠦᠶᠢᠲ᠋ᠠᠲ ᠤᠳ ᠤᠨ ᠬᠤᠷᠠᠯ ᠤᠨ ᠭᠦᠢᠴᠡᠳᠭᠡᠬᠦ ᠵᠠᠬᠢᠷᠭ᠎ᠠ ᠪᠠᠶᠢᠭᠤᠯᠤᠭᠳᠠᠭᠰᠠᠨ ᠨᠢ ᠬᠣᠲᠠ ᠶᠢ ᠲᠥᠯᠥᠪᠯᠡᠭᠡ ᠲᠡᠢ ᠬᠥᠭᠵᠢᠭᠦᠯᠬᠦ ᠥᠷᠭᠡᠨ ᠪᠣᠯᠤᠯᠴᠠᠭ᠎ᠠ ᠶᠢ ᠨᠡᠭᠡᠭᠡᠵᠦ ᠥᠭᠭᠦᠭᠰᠡᠨ ᠶᠤᠮ᠃ ᠤᠯᠠᠭᠠᠨᠠᠭᠠᠮ ᠰᠤᠮᠤᠨ ᠳᠤ ᠣᠳᠣ ᠤᠪᠰᠤ ᠠᠶᠢᠮᠠᠭ ᠤᠨ ᠨᠡᠶᠢᠲᠡ ᠬᠦᠮᠦᠨ ᠠᠮᠠ ᠶᠢᠨ 30 ᠰᠢᠬᠠᠮ ᠬᠤᠪᠢ ᠪᠤᠶᠤ 27.0 ᠮᠢᠩᠭ᠎ᠠ ᠭᠠᠷᠤᠢ ᠬᠦᠮᠦᠨ ᠣᠷᠣᠰᠢᠨ ᠠᠮᠢᠳᠤᠷᠠᠵᠤ ᠪᠠᠶᠢᠨ᠎ᠠ᠃ ᠣᠳᠣ ᠤᠯᠠᠭᠠᠨᠠᠭᠠᠮ ᠰᠤᠮᠤ ᠨᠢ ᠵᠠᠰᠠᠭ ᠵᠠᠬᠢᠷᠭᠠᠨ ᠤ ᠬᠤᠪᠢ ᠳᠤ ᠶᠢᠰᠦᠨ ᠪᠠᠭ ᠲᠠᠢ ᠪᠥᠭᠡᠳ ᠳᠣᠯᠣᠭᠠᠨ ᠪᠠᠭ ᠨᠢ ᠤᠯᠠᠭᠠᠨᠠᠭᠠᠮ ᠬᠣᠲᠠᠳ᠂ ᠬᠣᠶᠠᠷ ᠪᠠᠭ ᠨᠢ ᠬᠥᠳᠡᠭᠡ ᠠᠵᠤ ᠠᠬᠤᠢᠮᠠᠯ ᠠᠵᠤ ᠠᠬᠤᠢ ᠡᠷᠬᠢᠯᠡᠵᠦ ᠪᠠᠶᠢᠨ᠎ᠠ᠃

ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠤᠪᠰᠤ ᠠᠶᠢᠮᠠᠭ ᠨᠢ ᠮᠣᠩᠭᠣᠯ ᠤᠨ ᠪᠠᠷᠠᠭᠤᠨ ᠬᠡᠰᠡᠭ ᠲᠦ ᠬᠠᠨᠬᠥᠶᠢᠬᠡᠢᠬᠠᠷᠬᠢᠷᠠᠭ᠎ᠠᠲᠦᠷᠭᠡᠨ ᠦ ᠥᠨᠳᠥᠷ ᠠᠤᠯᠠᠯᠠᠰᠤᠪᠰᠤ ᠨᠠᠭᠤᠷ ᠍ ᠤᠨ ᠬᠣᠲᠣᠭᠣᠷ ᠤᠨ ᠭᠣᠪᠢ ᠨᠤᠲᠤᠭ ᠢ ᠡᠵᠡᠯᠡᠨ ᠣᠷᠣᠰᠢᠨ᠎ᠠ᠃ ᠬᠠᠮᠤᠭ ᠤᠨ ᠥᠨᠳᠥᠷ ᠠᠭᠤᠯᠠ ᠨᠢ 4116 ᠮ ᠥᠨᠳᠥᠷ ᠬᠠᠷᠬᠢᠷ᠎ᠠ ᠠᠭᠤᠯᠠ ᠶᠤᠮ᠃ ᠬᠠᠷᠬᠢᠷ᠎ᠠ ᠲᠦᠷᠭᠡᠨ ᠦ ᠠᠤᠯᠠᠯᠠᠰ ᠨᠢ ᠵᠠᠯᠠᠭᠤ ᠠᠲᠤᠷᠢᠶᠠᠲᠤ ᠠᠭᠤᠯᠠ ᠪᠥᠭᠡᠳ ᠬᠢᠷᠭᠠᠰ᠂ ᠤᠪᠰᠤ ᠨᠠᠭᠤᠷ ᠤᠨ ᠬᠣᠲᠣᠭᠣᠷ ᠢᠶᠠᠷ ᠰᠢᠨ᠎ᠡ ᠲᠥᠷᠥᠮᠡᠯ ᠦᠨ ᠡᠷᠡᠨ ᠦ ᠬᠤᠷᠠᠳᠠᠰᠤ ᠲᠠᠷᠬᠠᠵᠠᠢ᠃ ᠴᠢᠯᠠᠭᠤᠨ ᠨᠡᠭᠦᠷᠡᠰᠦ (ᠨᠡᠭᠦᠷᠡᠰᠦᠲᠦ ᠬᠣᠲᠣᠭᠣᠷ᠂ ᠬᠠᠷ᠎ᠠ ᠲᠠᠷᠪᠠᠭᠠᠲᠠᠢ) ᠪᠤᠢ ᠪᠥᠭᠡᠳ ᠪᠠᠷᠢᠯᠭ᠎ᠠ ᠶᠢᠨ ᠮᠠᠲ᠋ᠧᠷᠢᠶᠠᠯ ᠤᠨ ᠪᠠᠶᠠᠯᠢᠭ ᠲᠠᠢ ᠮᠥᠨ ᠵᠠᠮᠴᠤ ᠳᠠᠪᠤᠰᠤᠨ ᠤ ᠠᠰᠤᠷᠤ ᠶᠡᠬᠡ ᠨᠥᠭᠡᠴᠡ ᠲᠡᠢ ᠰᠢᠳᠦᠨ ᠠᠭᠤᠯᠠ ᠡᠨᠳᠡ ᠪᠤᠢ᠃

ᠤᠪᠰᠤ ᠠᠶᠢᠮᠠᠭ ᠤᠨ ᠨᠤᠲᠤᠭ ᠢᠶᠠᠷ ᠲᠡᠰᠨᠠᠷᠢᠨᠵᠠᠪᠬᠠᠨᠬᠣᠪᠳᠣ ᠵᠡᠷᠭᠡ ᠲᠣᠮᠣ ᠭᠣᠣᠯ ᠤᠳ ᠤᠷᠤᠰᠬᠤ ᠪᠥᠭᠡᠳ ᠤᠪᠰᠤᠬᠢᠷᠭᠠᠰᠡᠭᠦᠷᠭᠡᠠᠴᠢᠲᠤ ᠭᠡᠬᠦᠴᠢᠯᠡᠨ ᠲᠣᠮᠣ ᠨᠠᠭᠤᠷ ᠤᠳ ᠣᠷᠣᠰᠢᠨ᠎ᠠ᠃ ᠬᠠᠷᠲᠡᠷᠮᠡᠰᠡ ᠶᠢᠨᠬᠠᠪᠴᠢᠯ ᠪᠣᠭᠣᠮ᠎ᠠ ᠶᠢᠨᠪᠤᠷᠭᠠᠰᠤᠲᠠᠢ ᠶᠢᠨ ᠵᠡᠷᠭᠡ ᠷᠠᠰᠢᠶᠠᠨ ᠤᠰᠤ ᠪᠤᠢ᠃ ᠠᠶᠢᠮᠠᠭ ᠤᠨ ᠨᠤᠲᠤᠭ ᠤᠨ ᠶᠡᠬᠡᠩᠬᠢ ᠬᠡᠰᠡᠭ ᠲᠦ ᠬᠡᠭᠡᠷ᠎ᠡ ᠶᠢᠨ ᠴᠠᠶᠢᠪᠤᠷ ᠬᠦᠷᠡᠩ ᠬᠥᠷᠥᠰᠥ᠂ ᠠᠭᠤᠯᠠᠷᠬᠠᠭ ᠨᠤᠲᠤᠭ ᠢᠶᠠᠷ ᠤᠤᠯ ᠤᠨ ᠨᠤᠭᠤ ᠶᠢᠨ ᠲᠠᠯᠢᠢᠨ ᠪᠠ ᠬᠠᠷ᠎ᠠ ᠰᠢᠷᠤᠶᠢᠨ ᠬᠥᠷᠥᠰᠥᠲᠡᠢ᠂ ᠨᠠᠭᠤᠷ ᠤᠨ ᠬᠡᠰᠡᠭ ᠢᠶᠡᠷ ᠬᠥᠨᠳᠡᠢ ᠭᠠᠵᠠᠷ ᠢᠶᠠᠷ ᠨᠠᠮᠤᠭᠠᠷᠬᠠᠭ ᠡᠯᠡᠰᠦᠷᠬᠡᠭ ᠬᠥᠷᠥᠰᠥᠲᠡᠢ᠂ ᠠᠭᠤᠯᠠᠷᠬᠠᠭ ᠨᠤᠲᠤᠭ ᠢᠶᠠᠷ ᠢᠶᠠᠨ ᠣᠢ ᠬᠥᠪᠴᠢ᠂ ᠲᠠᠭ ᠤᠨ ᠤᠷᠭᠤᠮᠠᠯ ᠲᠠᠢ᠂ ᠨᠠᠭᠤᠷ ᠤᠳ ᠤᠨ ᠬᠣᠲᠣᠭᠣᠷ ᠢᠶᠠᠷ ᠭᠣᠪᠢ ᠶᠢᠨ ᠤᠷᠭᠤᠮᠠᠯ ᠤᠷᠭᠤᠨ᠎ᠠ᠃ ᠮᠥᠨ ᠣᠢ ᠬᠥᠪᠴᠢ ᠶᠢᠨ ᠪᠤᠭᠤ ᠵᠡᠷᠭᠡ ᠠᠮᠢᠲᠠᠨ ᠠᠴᠠ ᠡᠬᠢᠯᠡᠭᠡᠳ ᠭᠣᠪᠢ ᠶᠢᠨ ᠬᠠᠷ᠎ᠠ ᠰᠡᠭᠦᠯᠲᠦ ᠭᠡᠬᠦᠴᠢᠯᠡᠨ ᠠᠨ ᠠᠮᠢᠲᠠᠨ ᠡᠯᠪᠡᠭ ᠲᠡᠢ᠃ ᠤᠪᠰᠤ ᠠᠶᠢᠮᠠᠭ ᠤᠨ 7 ᠰᠤᠮᠤ ᠣᠷᠣᠰ ᠬᠣᠯᠪᠣᠭᠠᠨ ᠤ ᠤᠯᠤᠰ ᠲᠠᠢ ᠬᠢᠯᠢᠯᠡᠳᠡᠭ᠃

ᠲᠡᠦᠬᠡ ᠰᠤᠶᠤᠯ ᠤᠨ ᠳᠤᠷᠠᠰᠬᠠᠯᠲᠤ ᠭᠠᠵᠠᠷ ᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

-ᠡᠮᠦᠨᠡᠭᠣᠪᠢ ᠰᠤᠮᠤ ᠶᠢᠨ ᠮᠤᠩᠵᠢᠪ ᠤᠨ ᠳᠠᠮᠪᠢᠵᠠᠢ ᠶᠢᠨ ᠲᠤᠷ᠎ᠠ᠂ -ᠡᠮᠦᠨᠡᠭᠣᠪᠢ ᠰᠤᠮᠤ ᠶᠢᠨ ᠠᠷᠠᠯ ᠤᠨ ᠬᠣᠣ ᠶᠢᠨ ᠡᠷᠲᠡᠨ ᠦ ᠲᠤᠷ᠎ᠠ -ᠡᠮᠦᠨᠡᠭᠣᠪᠢ ᠰᠤᠮᠤ ᠶᠢᠨ ᠬᠦᠷᠡᠩ ᠦᠵᠦᠭᠦᠷ ᠦᠨ ᠬᠠᠳᠠᠨ ᠤ ᠵᠢᠷᠤᠭ -ᠡᠮᠦᠨᠡᠭᠣᠪᠢ ᠰᠤᠮᠤ ᠶᠢᠨ ᠬᠥᠬᠡ ᠣᠷᠣᠢ ᠶᠢᠨ ᠬᠠᠳᠠᠨ ᠤ ᠵᠢᠷᠤᠭ -ᠡᠮᠦᠨᠡᠭᠣᠪᠢ ᠰᠤᠮᠤ ᠶᠢᠨ ᠮᠤᠩᠵᠢᠪ ᠤᠨ ᠬᠠᠳᠠᠨ ᠤ ᠵᠢᠷᠤᠭ -ᠡᠮᠦᠨᠡᠭᠣᠪᠢ ᠰᠤᠮᠤ ᠶᠢᠨ ᠪᠣᠷᠣ ᠬᠠᠭ ᠤᠨ ᠬᠣᠣᠰ ᠬᠢᠷᠭᠢᠰᠬᠡᠭᠦᠷ -ᠡᠮᠦᠨᠡᠭᠣᠪᠢ ᠰᠤᠮᠤ ᠶᠢᠨ ᠠᠴᠠᠭᠠᠨ ᠪᠡᠯ ᠦᠨ ᠬᠠᠳᠠᠨ ᠤ ᠵᠢᠷᠤᠭ᠂ ᠬᠦᠮᠦᠨ ᠴᠢᠯᠠᠭᠤ -ᠡᠮᠦᠨᠡᠭᠣᠪᠢ ᠰᠤᠮᠤ ᠶᠢᠨ ᠰᠢᠷ᠎ᠠ ᠪᠤᠯᠠᠭ ᠤᠨ ᠬᠠᠳᠠᠨ ᠤ ᠵᠢᠷᠤᠭ᠂ ᠬᠥᠰᠢᠶ᠎ᠡ ᠴᠢᠯᠠᠭᠤ ᠨᠤᠭᠤᠳ -ᠡᠮᠦᠨᠡᠭᠣᠪᠢ ᠰᠤᠮᠤ ᠶᠢᠨ ᠬᠣᠪᠳᠣ ᠭᠣᠣᠯ ᠤᠨ ᠬᠠᠪᠴᠢᠯ ᠤᠨ ᠬᠠᠳᠠᠨ ᠤ ᠵᠢᠷᠤᠭ᠂ ᠬᠥᠰᠢᠶ᠎ᠡ ᠴᠢᠯᠠᠭᠤ ᠨᠤᠭᠤᠳ

  1. ᠰᠠᠭᠢᠯ ᠰᠤᠮᠤ᠂ ᠭᠠᠭᠴᠠ ᠬᠠᠷᠭᠠᠶᠢᠲᠤ ᠶᠢᠨ ᠪᠢᠴᠢᠭᠲᠦ ᠬᠠᠳᠠᠨ ᠤ ᠵᠢᠷᠤᠭ
  2. ᠵᠡᠭᠦᠨ ᠬᠠᠩᠭ᠋ᠠᠢ ᠰᠤᠮᠤ᠂ ᠵᠤᠷᠠᠭ᠎ᠠ ᠶᠢᠨ ᠤᠯᠠᠭᠠᠨ ᠬᠠᠳᠠᠨ ᠤ ᠵᠢᠷᠤᠭ
  3. ᠰᠠᠭᠢᠯ ᠰᠤᠮᠤ᠂ ᠵᠡᠭᠦᠨ ᠲᠤᠷᠤᠭ ᠤᠨ ᠲᠡᠷᠮ᠎ᠡ ᠬᠠᠳᠠᠨ ᠤ ᠵᠢᠷᠤᠭ
  4. ᠰᠠᠭᠢᠯ ᠰᠤᠮᠤ᠂ ᠶᠡᠬᠡ ᠰᠠᠷ᠎ᠠ ᠶᠢᠨ ᠬᠠᠳᠠᠨ ᠤ ᠵᠢᠷᠤᠭ
  5. ᠰᠠᠭᠢᠯ ᠰᠤᠮᠤ᠂ ᠮᠣᠵᠢᠶ᠎ᠠ ᠶᠢᠨ ᠬᠠᠳᠠᠨ ᠤ ᠵᠢᠷᠤᠭ
  6. ᠳᠠᠪᠤᠰᠤᠲᠤ ᠰᠤᠮᠤ᠂ ᠮᠥᠩᠭᠥ ᠳᠦ ᠴᠠᠬᠢᠷ ᠤᠨ ᠬᠠᠳᠠᠨ ᠤ ᠵᠢᠷᠤᠭ
  7. ᠨᠠᠷᠠᠨᠪᠤᠯᠠᠭ ᠰᠤᠮᠤ᠂ ᠨᠠᠷᠠᠨᠪᠤᠯᠠᠭ ᠤᠨ ᠬᠠᠳᠠᠨ ᠤ ᠵᠢᠷᠤᠭ
  8. ᠰᠠᠭᠢᠯ ᠰᠤᠮᠤ᠂ ᠦᠩᠬᠦᠯᠴᠡᠭ ᠦᠨ ᠬᠠᠳᠠᠨ ᠤ ᠵᠢᠷᠤᠭ
  9. ᠳᠠᠪᠤᠰᠤᠲᠤ ᠰᠤᠮᠤ᠂ ᠲᠡᠬᠡᠲᠦ ᠶᠢᠨ ᠳᠠᠪᠠᠭᠠᠨ ᠤ ᠬᠠᠳᠠᠨ ᠤ ᠵᠢᠷᠤᠭ
  10. ᠰᠠᠭᠢᠯ ᠰᠤᠮᠤ᠂ ᠬᠠᠳᠠ ᠦᠵᠦᠭᠦᠷ ᠦᠨ ᠬᠠᠳᠠᠨ ᠤ ᠵᠢᠷᠤᠭ
  11. ᠪᠠᠷᠤ ᠳᠤᠷᠤᠨ ᠰᠤᠮᠤ᠂ ᠬᠠᠷ᠎ᠠ ᠴᠠᠭᠠᠨ ᠤᠰᠤᠨ ᠤ ᠬᠠᠳᠠᠨ ᠤ ᠵᠢᠷᠤᠭ
  12. ᠰᠠᠭᠢᠯ ᠰᠤᠮᠤ᠂ ᠴᠠᠭᠠᠨ ᠥᠲᠡᠭᠡ ᠶᠢᠨ ᠬᠠᠳᠠᠨ ᠤ ᠵᠢᠷᠤᠭ
  13. ᠥᠯᠥᠭᠡᠢ ᠰᠤᠮᠤ᠂ ᠰᠢᠷ᠎ᠠ ᠪᠤᠯᠠᠭ ᠤᠨ ᠣᠨᠴᠠ ᠶᠢᠨ ᠬᠠᠳᠠᠨ ᠤ ᠵᠢᠷᠤᠭ
  14. ᠰᠠᠭᠢᠯ ᠰᠤᠮᠤ᠂ ᠱᠣᠪᠣᠭᠣᠷ ᠬᠠᠳᠠᠨ ᠤ ᠵᠢᠷᠤᠭ
  15. ᠳᠠᠪᠤᠰᠤᠲᠤ ᠰᠤᠮᠤ᠂ ᠪᠣᠷᠣ ᠨᠤᠷᠭᠠᠨ ᠤ/ᠬᠡᠦᠬᠡᠳ ᠦᠨ ᠣᠪᠣᠭᠠᠨ ᠤ/ ᠬᠦᠮᠦᠨ ᠴᠢᠯᠠᠭᠤ
  16. ᠨᠠᠷᠠᠨᠪᠤᠯᠠᠭ ᠰᠤᠮᠤ᠂ ᠵᠠᠵᠠᠢ ᠶᠢᠨ ᠬᠥᠲᠥᠯ ᠦᠨ ᠬᠦᠮᠦᠨ ᠴᠢᠯᠠᠭᠤ
  17. ᠬᠢᠷᠭᠠᠰ ᠰᠤᠮᠤ᠂ ᠨᠡᠶᠢᠴᠢ ᠶᠢᠨ ᠠᠮᠠᠨ ᠤ ᠬᠦᠮᠦᠨ ᠴᠢᠯᠠᠭᠤ
  18. ᠬᠢᠷᠭᠠᠰ ᠰᠤᠮᠤ᠂ ᠣᠪᠣᠭᠣᠷ ᠬᠢᠷᠭᠠᠰᠤ ᠶᠢᠨ ᠬᠦᠮᠦᠨ ᠴᠢᠯᠠᠭᠤ
  19. ᠲᠠᠷᠢᠶᠠᠯᠠᠩ ᠰᠤᠮᠤ᠂ ᠬᠠᠯᠬᠠᠶᠢᠲᠤ ᠶᠢᠨ ᠳᠡᠨᠵᠢ ᠶᠢᠨ ᠬᠦᠮᠦᠨ ᠴᠢᠯᠠᠭᠤ
  20. ᠮᠠᠯᠴᠢᠨ ᠰᠤᠮᠤ᠂ ᠬᠥᠲᠥᠯ ᠨᠠᠭᠤᠷ ᠤᠨ ᠤᠯᠠᠭᠠᠨ ᠲᠣᠯᠣᠭᠠᠢ ᠶᠢᠨ ᠬᠦᠮᠦᠨ ᠴᠢᠯᠠᠭᠤ
  21. ᠮᠠᠯᠴᠢᠨ ᠰᠤᠮᠤ᠂ ᠪᠠᠶᠠᠩᠮᠠᠨᠳᠠᠯ ᠤᠤᠯ ᠤᠨ ᠬᠦᠮᠦᠨ ᠴᠢᠯᠠᠭᠤ
  22. ᠤᠯᠠᠭᠠᠨᠠᠭᠠᠮ ᠬᠣᠲᠠ᠂ ᠴᠢᠨᠳᠠᠮᠠᠨᠢ ᠠᠭᠤᠯᠠ ᠶᠢᠨ ᠪᠤᠯᠠᠰᠢ
  23. ᠪᠥᠬᠡᠮᠥᠶᠢᠷᠡᠨ ᠰᠤᠮᠤ᠂ ᠠᠴᠢᠲᠤ ᠨᠠᠭᠤᠷ ᠤᠨ ᠲᠦᠷᠦᠭ ᠪᠢᠴᠢᠭᠡᠰᠦ
  24. ᠬᠢᠷᠭᠠᠰ ᠰᠤᠮᠤ᠂ ᠳᠠ ᠯᠠᠮᠠ ᠰᠡᠷᠡᠩᠴᠢᠮᠡᠳ ᠦᠨ ᠭᠡᠷᠡᠯᠲᠦ ᠬᠥᠰᠢᠶ᠎ᠡ
  25. ᠠᠶᠢᠮᠠᠭ ᠤᠨ ᠮᠦᠽᠧᠢ᠂ ᠳᠣᠯᠣᠭᠠᠳᠠᠢ ᠶᠢᠨ ᠲᠦᠷᠦᠭ ᠪᠢᠴᠢᠭᠡᠰᠦ
  26. ᠠᠶᠢᠮᠠᠭ ᠤᠨ ᠮᠦᠽᠧᠢ᠂ ᠳᠣᠯᠣᠭᠠᠳᠠᠢ ᠶᠢᠨ ᠬᠥᠰᠢᠭᠡᠨ ᠦ ᠤᠶᠢᠭᠤᠷ ᠪᠢᠴᠢᠭᠡᠰᠦ
  27. ᠰᠠᠭᠢᠯ ᠰᠤᠮᠤ᠂ ᠲᠡᠮᠦᠷ ᠴᠣᠷᠭᠣ ᠶᠢᠨ ᠲᠦᠷᠦᠭ ᠪᠢᠴᠢᠭᠡᠰᠦ
  28. ᠤᠯᠠᠭᠠᠨᠠᠭᠠᠮ ᠰᠤᠮᠤ᠂ ᠬᠠᠷᠠᠯᠠᠭ ᠪᠡᠶᠢᠰᠡ ᠶᠢᠨ ᠰᠦᠮ᠎ᠡ
  29. ᠲᠦᠷᠭᠡᠨ ᠰᠤᠮᠤ ᠳᠡᠯᠭᠡᠷ ᠮᠥᠷᠡᠨ ᠦ ᠳᠡᠨᠵᠢ ᠶᠢᠨ ᠬᠦᠮᠦᠨ ᠴᠢᠯᠠᠭᠤ ᠨᠤᠭᠤᠳ

ᠰᠤᠮᠤ ᠳᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠤᠪᠰᠤ ᠤᠨ ᠰᠤᠮᠤ ᠳᠤ
  1. ᠪᠠᠷᠠᠭᠤᠨᠲᠤᠷᠤᠨ ᠰᠤᠮᠤ
  2. ᠪᠥᠬᠡᠮᠥᠶᠢᠷᠡᠨ ᠰᠤᠮᠤ
  3. ᠳᠠᠪᠤᠰᠤᠲᠤ ᠰᠤᠮᠤ
  4. ᠵᠠᠪᠬᠠᠨ ᠰᠤᠮᠤ
  5. ᠵᠡᠭᠦᠨ ᠭᠣᠪᠢ ᠰᠤᠮᠤ
  6. ᠵᠡᠭᠦᠨ ᠬᠠᠩᠭ᠋ᠠᠢ ᠰᠤᠮᠤ
  7. ᠮᠠᠯᠴᠢᠨ ᠰᠤᠮᠤ
  8. ᠨᠠᠷᠠᠨᠪᠤᠯᠠᠭ ᠰᠤᠮᠤ
  9. ᠥᠯᠥᠭᠡᠢ ᠰᠤᠮᠤ
  10. ᠡᠮᠦᠨᠡᠭᠣᠪᠢ ᠰᠤᠮᠤ
  11. ᠥᠨᠳᠦᠷᠬᠠᠩᠭᠠᠢ ᠰᠤᠮᠤ
  12. ᠰᠠᠭᠢᠯ ᠰᠤᠮᠤ
  13. ᠲᠠᠷᠢᠶᠠᠯᠠᠩ ᠰᠤᠮᠤ
  14. ᠲᠡᠰ ᠰᠤᠮᠤ
  15. ᠲᠦᠷᠭᠡᠨ ᠰᠤᠮᠤ
  16. ᠤᠯᠠᠭᠠᠨᠠᠭᠠᠮ ᠰᠤᠮᠤ
  17. ᠬᠣᠪᠳᠣ ᠰᠤᠮᠤ
  18. ᠬᠢᠷᠭᠠᠰ ᠰᠤᠮᠤ
  19. ᠴᠠᠭᠠᠨᠬᠠᠶᠢᠷᠬᠠᠨ ᠰᠤᠮᠤ

ᠠᠵᠤ ᠦᠢᠯᠡᠳᠪᠦᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠤᠪᠰᠤ ᠠᠶᠢᠮᠠᠭ ᠨᠤᠲᠤᠭ ᠤᠨ ᠵᠡᠭᠦᠨ ᠬᠡᠰᠡᠭ ᠲᠦ ᠭᠠᠵᠠᠷ ᠲᠠᠷᠢᠶᠠᠯᠠᠩ ᠬᠥᠭᠵᠢᠭᠦᠯᠦᠭᠰᠡᠨ᠂ ᠠᠶᠢᠮᠠᠭ ᠤᠨ ᠲᠥᠪ ᠤᠯᠠᠭᠠᠨᠠᠭᠠᠮ᠎ᠠ ᠳᠤ ᠪᠠᠷᠢᠯᠭ᠎ᠠ ᠶᠢᠨ᠂ ᠬᠦᠨᠡᠰᠦᠨ ᠦ ᠦᠢᠯᠡᠳᠪᠦᠷᠢ ᠨᠦᠭᠦᠳ ᠲᠡᠢ᠃ ᠤᠪᠰᠤ ᠠᠶᠢᠮᠠᠭ ᠲᠤ ᠣᠷᠣᠰ ᠬᠣᠯᠪᠣᠭᠠᠨ ᠤ ᠤᠯᠤᠰ ᠷᠤ ᠭᠠᠷᠬᠤ ᠬᠢᠯᠢ ᠶᠢᠨ ᠪᠣᠭᠣᠮᠲᠠ ᠳᠠᠪᠤᠰᠤᠲᠤ ᠰᠤᠮᠤ ᠶᠢᠨ ᠨᠤᠲᠤᠭ ᠲᠤ ᠪᠣᠷᠰᠢᠭ᠎ᠠ᠂ ᠲᠡᠰ ᠰᠤᠮᠤ ᠶᠢᠨ ᠨᠤᠲᠤᠭ ᠲᠤ ᠲᠡᠰ ᠪᠣᠭᠣᠮᠲᠠ ᠪᠤᠢ᠃

ᠡᠬᠡ ᠰᠤᠷᠪᠤᠯᠵᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠢᠭᠮᠧᠳᠢᠶᠠ ᠵᠢᠷᠤᠭ ᠤᠨ ᠰᠠᠩ:
«ᠤᠪᠰᠤ ᠠᠶᠢᠮᠠᠭ ᠤᠨ ᠵᠢᠷᠤᠭ»
http://wiki.uhaan.com/index.php?title=ᠤᠪᠰᠤ&oldid=465965》 ᠍  ᠡᠴᠡ ᠠᠪᠤᠭᠰᠠᠨ

ᠪᠢᠴᠢᠭᠡᠰᠦ