ᠤᠧᠷᠰᠢᠩ ᠢᠶᠧᠲ᠋ᠣᠷᠢᠺᠰ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠤᠧᠷᠰᠢᠩ ᠢᠶᠧᠲ᠋ᠣᠷᠢᠺᠰ ᠤᠨ ᠬᠥᠰᠢᠶ᠎ᠡ᠂ ᠹ᠃ᠪᠠᠷᠲᠯᠳ ᠤᠨ ᠵᠠᠭᠪᠤᠷ᠃

ᠸᠧᠷᠺᠢᠩ ᠢᠶᠧᠲ᠋ᠣᠷᠢᠺᠰ (ᠠᠩᠭᠯᠢ ᠪᠠᠷ Vercingetorix; ᠣᠷᠣᠰ ᠢᠶᠠᠷ ᠸᠧᠷᠼᠢᠩ ᠢᠶᠧᠲ᠋ᠣᠷᠢᠺᠰ) ᠨᠢ ᠭᠠᠯᠯᠡᠶᠢᠨ ᠬᠦᠴᠦᠷᠬᠡᠭ ᠣᠮᠤᠭ ᠠᠦ᠋ᠤᠧᠷᠨᠢᠭ ᠠᠴᠠ ᠭᠠᠷᠤᠯ ᠲᠠᠢ ᠬᠦᠮᠦᠨ ᠪᠥᠭᠡᠳ ᠭᠠᠯ ᠤᠳ ᠢ ᠤᠳᠤᠷᠢᠳᠤᠨ ᠷᠤᠮᠠᠨᠢᠶ ᠠ ᠡᠰᠡᠷᠡᠭ᠂ ᠠᠯᠳᠠᠷᠲᠤ ᠼᠧᠽᠠᠷ ᠤᠨ ᠡᠰᠡᠷᠬᠦ ᠲᠡᠮᠡᠴᠡᠵᠦ ᠪᠠᠶᠢᠭᠰᠠᠨ ᠢᠶᠠᠷ ᠢᠶᠠᠨ ᠠᠯᠳᠠᠷᠰᠢᠭᠰᠠᠨ ᠶᠤᠮ᠃ ᠭᠠᠯ ᠤᠳ ᠤᠨ ᠣᠯᠠᠨ ᠤᠳᠠᠭ᠎ᠠ ᠶᠢᠨ ᠪᠣᠰᠤᠯᠭ᠎ᠠ ᠶᠢ ᠲᠣᠯᠣᠭᠠᠶᠢᠯᠠᠨ ᠪᠠᠭᠠᠲᠤᠷᠯᠢᠭ ᠢᠶᠠᠷ ᠲᠡᠮᠡᠴᠡᠵᠦ ᠪᠠᠶᠢᠭᠰᠠᠨ ᠲᠠᠯ᠎ᠠ ᠪᠠᠷ ᠼᠧᠽᠠᠷ ᠤᠨ ᠲᠠᠶᠢᠯᠤᠨ ᠍ ᠳᠦ ᠲᠣᠳᠣᠷᠬᠠᠢ ᠦᠭᠦᠯᠡᠭᠰᠡᠨ ᠪᠠᠶᠢᠳᠠᠭ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠨ ᠤ ᠡᠷᠡᠨ ᠦ ᠡᠮᠦᠨ᠎ᠡ 58 ᠣᠨ ᠳᠤ ᠷᠤᠮᠠᠴᠤᠤ ᠳᠤ ᠭᠠᠯᠯᠢ ᠶᠢ (ᠥᠨᠥ ᠶᠢᠨ ᠹᠷᠠᠨᠼᠢ ᠍ ᠤᠨ ᠫᠷᠣᠸᠢᠨᠰ ᠮᠤᠵᠢ) ᠡᠵᠡᠯᠡᠨ ᠠᠪᠴᠤ᠂ ᠬᠡᠳᠦᠨ ᠵᠢᠯ ᠦᠨ ᠲᠤᠷᠰᠢ ᠵᠠᠬᠢᠷᠬᠤ ᠳᠤ ᠪᠠᠨ ᠭᠠᠯᠯᠢ ᠶᠢ ᠬᠤᠪᠢᠶᠠ᠂ ᠵᠠᠬᠢᠷ ᠵᠠᠷᠴᠢᠮ ᠤᠨ ᠳᠠᠭᠠᠤ ᠠᠭᠤᠭᠤᠯ ᠣᠪᠤᠭ ᠤᠨ ᠬᠢᠨ ᠢ ᠤᠳᠤᠷᠢᠳᠥᠵᠤ ᠪᠠᠶᠢᠪᠠ᠃ ᠮᠥᠨ ᠲᠡᠷᠡᠪᠡᠷ ᠭᠠᠯᠯᠢ ᠶᠢᠨ ᠢᠵᠠᠭᠤᠷᠲᠠᠨ ᠨᠤᠭᠤᠳ ᠢ ᠣᠨᠴᠠᠭᠠᠶᠢᠯᠠᠨ ᠬᠥᠬᠥᠦᠯᠡᠨ ᠳᠡᠮᠵᠢᠵᠦ᠂ ᠷᠤᠮᠠᠨᠢᠶ ᠠ ᠪᠠᠶᠠᠨ ᠲᠠᠩᠰᠤᠭ ᠪᠠᠶᠢᠳᠠᠯ ᠢᠶᠠᠷ ᠬᠠᠩᠭᠠᠵᠤ ᠪᠠᠶᠢᠭᠰᠠᠨ᠃ ᠭᠡᠪᠡᠴᠦ ᠮᠠᠨ ᠤ ᠡᠷᠡᠨ ᠦ ᠡᠮᠦᠨ᠎ᠡ 60 ᠣᠨ ᠳᠤ ᠤᠮᠠᠷᠠᠳᠤ ᠭᠠᠯᠯᠢ ᠶᠢᠨ ᠤᠳᠤᠷᠢᠳᠤᠭᠴᠢ ᠠᠨᠪᠢᠣᠷᠢᠺᠰ ᠪᠣᠰᠤᠯᠭ᠎ᠠ ᠭᠠᠷᠭᠠᠭᠰᠠᠨ ᠪᠠᠶᠢᠨ᠎ᠠ᠃ ᠤᠭ ᠪᠣᠰᠤᠯᠭ᠎ᠠ ᠶᠢ ᠤᠧᠷᠰᠢᠩ ᠢᠶᠧᠲ᠋ᠣᠷᠢᠺᠰ᠂ ᠡᠴᠢᠭᠡ ᠺᠧᠯᠲ᠋ᠢᠯᠯᠦ᠋ᠰ ᠦᠨ ᠬᠠᠮᠲᠤ ᠳᠡᠮᠵᠢᠨ ᠪᠦᠬᠦ ᠭᠠᠯᠯᠢ ᠶᠢ ᠨᠢᠭᠡᠳᠬᠡᠨ ᠷᠤᠮᠠᠨᠢᠶ ᠠ ᠡᠰᠡᠷᠬᠦ ᠲᠡᠮᠡᠴᠡᠯ ᠢ ᠡᠬᠢᠯᠡᠭᠦᠯᠦᠭᠰᠡᠨ ᠪᠠᠶᠢᠨ᠎ᠠ᠃ ᠮᠠᠨ ᠤ ᠡᠷᠡᠨ ᠦ ᠡᠮᠦᠨ᠎ᠡ 52 ᠣᠨ ᠭᠡᠬᠦ ᠳᠦ ᠪᠣᠰᠤᠯᠭ᠎ᠠ ᠶᠢᠨ ᠭᠣᠣᠯ ᠲᠣᠯᠣᠭᠠᠶᠢᠯᠠᠭᠴᠢ ᠪᠣᠯᠤᠭᠰᠠᠨ ᠤᠧᠷᠰᠢᠩ ᠢᠶᠧᠲ᠋ᠣᠷᠢᠺᠰ ᠭᠠᠯᠯᠢ ᠳᠤ ᠨᠡᠯᠢᠶᠡᠳ ᠬᠦᠴᠦᠷᠬᠡᠭᠵᠢᠭᠰᠡᠨ ᠪᠠᠶᠢᠨ᠎ᠠ᠃ ᠼᠧᠽᠠᠷᠢ ᠷᠤᠮᠠ ᠳᠤ ᠪᠣᠯᠵᠤ ᠪᠤᠢ ᠦᠢᠮᠡᠭᠡᠨ ᠰᠠᠮᠠᠭᠤᠨ ᠳᠤ ᠪᠠᠶᠢᠳᠠᠯ ᠳᠤ ᠥᠪᠡᠷ ᠦᠨ ᠠᠩᠬᠠᠷᠤᠯ ᠢᠶᠠᠨ ᠬᠠᠨᠳᠤᠭᠤᠯᠵᠤ ᠪᠠᠶᠢᠬᠤ ᠦᠶ᠎ᠡ ᠳᠦ ᠭᠠᠯᠯᠢ ᠳᠤ ᠷᠤᠮᠠᠨᠢᠶ ᠠ ᠨᠥᠯᠥᠭᠡ ᠪᠠᠷᠤᠭ ᠦᠭᠡᠢ ᠪᠣᠯᠤᠭᠰᠠᠨ ᠪᠠᠶᠢᠪᠠ᠃

ᠵᠠᠯᠠᠭᠤ ᠢᠵᠠᠭᠤᠷᠲᠠᠨ ᠤᠧᠷᠰᠢᠩ ᠢᠶᠧᠲ᠋ᠣᠷᠢᠺᠰ ᠢ ᠳᠠᠭᠠᠵᠤ ᠪᠣᠰᠤᠯᠭ᠎ᠠ ᠳᠤ ᠣᠷᠣᠯᠴᠠᠨ᠂ ᠼᠧᠽᠠᠷ ᠢ ᠡᠰᠡᠷᠭᠦᠴᠡᠬᠦ ᠨᠢ ᠲᠡᠭᠦᠨ ᠦ ᠠᠪᠠᠭ᠎ᠠ ᠠᠬ᠎ᠠ ᠲᠡᠷᠢᠭᠦᠲᠡᠢ ᠬᠣᠲᠠ ᠶᠢᠨ ᠢᠵᠠᠭᠤᠷᠲᠠᠨ ᠨᠤᠭᠤᠳ ᠤᠨ ᠬᠤᠪᠢ ᠳᠤ ᠬᠡᠲᠦᠷᠬᠡᠢ ᠡᠷᠦᠰᠳᠡᠯ ᠲᠡᠢ ᠠᠯᠬᠤᠮ ᠪᠠᠶᠢᠭᠰᠠᠨ ᠲᠤᠯᠠ ᠲᠡᠳᠡ ᠤᠧᠷᠰᠢᠩ ᠢᠶᠧᠲ᠋ᠣᠷᠢᠺᠰ ᠢ ᠳᠡᠮᠵᠢᠬᠦ ᠦᠭᠡᠢ ᠪᠠᠶᠢᠪᠠ᠃ ᠭᠡᠪᠡᠴᠦ ᠡᠨᠡ ᠨᠢ ᠰᠠᠭᠠᠳ ᠪᠣᠯᠤᠭᠰᠠᠨ ᠦᠭᠡᠢ ᠪᠡᠷ ᠪᠠᠷᠠᠬᠤ ᠦᠭᠡᠢ ᠭᠠᠯᠯᠢ ᠶᠢᠨ ᠶᠠᠳᠠᠭᠤᠰ ᠤᠨ ᠳᠡᠮᠵᠢᠯᠭᠡ ᠲᠡᠢ ᠪᠡᠷ ᠥᠪᠡᠷ ᠦᠨ ᠠᠷᠮᠢ ᠶᠢ ᠪᠠᠶᠢᠭᠤᠯᠤᠨ ᠠᠦ᠋ᠤᠧᠷᠨᠢ ᠶᠢ ᠡᠵᠡᠯᠡᠨ ᠬᠠᠭᠠᠨ ᠰᠢᠷᠡᠭᠡᠨ ᠳᠦ ᠰᠠᠭᠤᠴᠠᠢ᠃ ᠬᠠᠭᠠᠨ ᠪᠣᠯᠤᠮᠠᠭᠴᠠ ᠪᠠᠨ ᠪᠤᠰᠤᠳ ᠠᠭᠤᠭᠤᠯ ᠠᠶᠢᠮᠠᠭ ᠤᠳ ᠲᠠᠢ ᠬᠣᠯᠪᠣᠭ᠎ᠠ ᠲᠣᠭᠲᠠᠭᠠᠨ᠂ ᠨᠢᠭᠡᠳᠦᠭᠰᠡᠨ ᠬᠣᠯᠪᠣᠭᠠᠨ ᠤ ᠶᠡᠷᠦᠩᠬᠡᠢ ᠺᠣᠮᠮᠠᠨᠳᠠᠯᠠᠭᠴᠢ ᠪᠣᠯᠵᠤ᠂ ᠰᠠᠬᠢᠯᠭ᠎ᠠ ᠪᠠᠲᠤ ᠳᠢᠭ ᠵᠢᠷᠤᠮ ᠢ ᠴᠢᠩᠭᠠᠳᠬᠠᠵᠤ ᠡᠬᠢᠯᠡᠵᠡᠢ᠃ ᠪᠠᠶᠢᠭᠠᠯᠢ ᠳᠤ ᠨᠢᠭᠤᠭᠳᠠᠨ ᠬᠠᠮᠠᠭᠠᠯᠠᠳᠠᠭ ᠪᠠᠶᠢᠭᠰᠠᠨ ᠠᠷᠭ᠎ᠠ ᠬᠡᠯᠪᠡᠷᠢ ᠶᠢ ᠳᠡᠮᠵᠢᠳᠡᠭ ᠪᠠᠶᠢᠭᠰᠠᠨ ᠴᠤ ᠰᠢᠢᠳᠪᠦᠷᠢᠯᠡᠬᠦ ᠲᠤᠯᠤᠭᠠᠨ ᠢ ᠵᠣᠷᠢᠭᠲᠠᠢ ᠬᠢᠳᠡᠭ ᠪᠠᠶᠢᠭᠰᠠᠨ ᠪᠠ ᠷᠤᠮᠠᠨᠢᠶ ᠠ ᠯᠧᠭᠢᠨ ᠦᠳ ᠬᠣᠭᠣᠰᠣᠨ ᠬᠣᠲᠠ ᠰᠠᠭᠤᠷᠢᠨᠤᠭ ᠤᠳ ᠢ ᠰᠢᠲᠠᠭᠠᠬᠤ ᠠᠴᠠ ᠬᠡᠲᠦᠷᠡᠳᠡᠭ ᠦᠭᠡᠢ ᠪᠠᠶᠢᠪᠠ᠃ ᠤᠧᠷᠰᠢᠩ ᠢᠶᠧᠲ᠋ᠣᠷᠢᠺᠰ ᠼᠧᠽᠠᠷᠢ ᠪᠣᠯᠤᠨ ᠲᠡᠭᠦᠨ ᠦ ᠲᠤᠰᠯᠠᠬᠤ ᠲᠢᠲ᠋ᠦᠶᠢᠰ ᠯᠠᠪᠢᠶᠠᠨᠦᠰ ᠍ ᠤᠨ ᠤᠳᠤᠷᠢᠳᠤᠭᠰᠠᠨ ᠪᠠᠭ᠎ᠠ ᠬᠡᠮᠵᠢᠶᠡᠨ ᠦ ᠠᠷᠮᠢ ᠶᠢ ᠪᠤᠲᠠ ᠨᠢᠷᠭᠡᠭᠰᠡᠨ ᠢᠶᠡᠷ ᠠᠩᠬᠠᠨ ᠤ ᠢᠯᠠᠯᠲᠠ ᠪᠠᠨ ᠠᠪᠴᠠᠢ᠃

ᠤᠧᠷᠰᠢᠩ ᠢᠶᠧᠲ᠋ᠣᠷᠢᠺᠰ ᠤᠨ ᠬᠥᠷᠥᠭ ᠪᠦᠬᠦᠢ ᠡᠷᠲᠡᠨ ᠦ ᠵᠣᠭᠣᠰ

ᠭᠡᠪᠡᠴᠦ ᠷᠣᠮᠣᠴᠤᠳ ᠭᠠᠯ ᠤᠳ ᠤᠨ ᠨᠡᠶᠢᠰᠯᠡᠯ ᠠᠪᠤᠷᠢᠺᠦ᠋ᠮ ᠬᠣᠲᠠ ᠶᠢ ᠡᠵᠡᠯᠡᠨ ᠠᠪᠴᠤ᠂ 120000 ᠣᠷᠣᠰᠢᠨ ᠰᠠᠭᠤᠭᠴᠢ ᠶᠢ ᠨᠢ ᠵᠠᠯᠬᠠᠭᠠᠨ ᠴᠡᠭᠡᠷᠯᠡᠭᠦᠯᠬᠦ ᠠᠷᠭ᠎ᠠ ᠬᠡᠮᠵᠢᠶᠡᠨ ᠦ ᠬᠦᠷᠢᠶᠡᠨ ᠳᠦ ᠶᠡᠭᠦᠳᠬᠡᠭᠰᠡᠨ ᠪᠠᠶᠢᠨ᠎ᠠ᠃ ᠳᠠᠷᠤᠭ᠎ᠠ ᠶᠢᠨ ᠲᠤᠯᠤᠭᠠᠨ ᠨᠢ ᠭᠷᠧᠭᠣᠪᠢᠭᠠᠳ ᠪᠣᠯᠵᠤ᠂ ᠮᠠᠰᠢ ᠰᠢᠷᠦᠭᠦᠨ ᠲᠤᠯᠤᠭᠠᠨ ᠤ ᠳᠦᠩ ᠳᠦ ᠤᠧᠷᠰᠢᠩ ᠢᠶᠧᠲ᠋ᠣᠷᠢᠺᠰ ᠢᠯᠠᠯᠲᠠ ᠪᠠᠶᠢᠭᠤᠯᠤᠭᠰᠠᠨ ᠪᠠᠶᠢᠨ᠎ᠠ᠃ ᠢᠯᠠᠯᠲᠠ ᠪᠠᠶᠢᠭᠤᠯᠤᠭᠰᠠᠨ ᠬᠡᠳᠦᠢ ᠴᠤ ᠭᠠᠯ ᠤᠳ ᠮᠠᠰᠢ ᠣᠯᠠᠨ ᠲᠣᠭᠠᠨ ᠤ ᠢᠵᠠᠭᠤᠷᠲᠠᠨ᠂ ᠴᠡᠷᠢᠭ ᠦᠳ ᠢᠶᠡᠨ ᠲᠤᠯᠤᠭᠠᠨ ᠤ ᠲᠠᠯᠠᠪᠤᠷ ᠲᠤ ᠡᠭᠦᠷᠢᠳᠡ ᠣᠷᠬᠢᠭᠰᠠᠨ ᠭᠡᠳᠡᠭ᠃ ᠡᠨᠡ ᠲᠤᠯᠤᠭᠠᠨ ᠤ ᠳᠠᠷᠠᠭ᠎ᠠ ᠶᠡᠬᠡᠬᠡᠨ ᠬᠣᠬᠢᠷᠠᠭᠰᠠᠨ ᠤᠧᠷᠰᠢᠩ ᠢᠶᠧᠲ᠋ᠣᠷᠢᠺᠰ ᠠᠯᠧᠰᠢᠶᠠ ᠷᠤ ᠤᠬᠤᠷᠢᠵᠤ ᠪᠡᠬᠢᠯᠡᠯᠲᠡ ᠪᠠᠶᠢᠭᠤᠯᠤᠭᠰᠠᠨ ᠪᠠᠶᠢᠨ᠎ᠠ᠃

ᠼᠧᠽᠠᠷᠢ ᠭᠠᠯ ᠤᠳ ᠠᠴᠠ ᠴᠥᠭᠡᠨ ᠲᠣᠭ᠎ᠠ ᠲᠠᠢ ᠴᠤ ᠬᠦᠴᠦᠷᠬᠡᠭ ᠵᠡᠪᠰᠡᠭᠯᠡᠯ ᠪᠦᠬᠦᠢ᠂ ᠵᠣᠬᠢᠶᠠᠨ ᠪᠠᠶᠢᠭᠤᠯᠤᠯᠲᠠ ᠰᠠᠶᠢᠲᠠᠢ ᠠᠷᠠᠮ ᠲᠠᠢ ᠪᠠᠨ ᠠᠯᠧᠰᠢᠭ ᠪᠥᠰᠡᠯᠡᠨ ᠠᠪᠴᠠᠢ᠃ ᠭᠠᠯ ᠤᠳ ᠪᠠᠷᠤᠭ ᠬᠣᠶᠠᠷ ᠳᠠᠬᠢᠨ ᠶᠡᠬᠡ ᠴᠡᠷᠢᠭ ᠲᠡᠢ ᠪᠠᠶᠢᠭᠰᠠᠨ ᠲᠤᠯᠠ ᠼᠧᠽᠠᠷᠢ ᠨᠡᠮᠡᠯᠲᠡ ᠬᠦᠴᠦ ᠢᠷᠡᠬᠦ ᠶᠢ ᠬᠦᠯᠢᠶᠡᠨ ᠬᠣᠲᠠ ᠶᠢᠨ ᠭᠠᠳᠠᠨ᠎ᠠ ᠬᠤᠸᠠᠷᠠᠩᠨᠠᠭᠰᠠᠨ ᠪᠠᠶᠢᠨ᠎ᠠ᠃ ᠷᠣᠮᠣᠴᠤᠳ ᠤᠨ ᠲᠤᠰᠠᠯᠠᠬᠤ ᠬᠦᠴᠦ ᠢᠷᠡᠭᠰᠡᠨ ᠢᠶᠡᠷ ᠲᠡᠳᠡ ᠦᠯᠡᠮᠵᠢ ᠬᠦᠴᠦᠲᠡᠢ ᠪᠣᠯᠤᠭᠰᠠᠨ ᠲᠤᠯᠠ ᠤᠧᠷᠰᠢᠩ ᠢᠶᠧᠲ᠋ᠣᠷᠢᠺᠰ ᠪᠦᠰᠡᠯᠡᠯᠲᠡ ᠶᠢ ᠳᠣᠲᠣᠷ᠎ᠠ ᠠᠴᠠ ᠨᠢ ᠰᠡᠲᠡ ᠴᠣᠬᠢᠨ ᠭᠠᠷᠬᠤ ᠲᠥᠯᠥᠪᠯᠡᠭᠡ ᠪᠣᠯᠪᠠᠰᠤᠷᠠᠭᠤᠯᠤᠭᠰᠠᠨ ᠪᠠᠶᠢᠨ᠎ᠠ᠃ ᠲᠤᠯᠤᠭᠠᠨ ᠮᠠᠰᠢ ᠰᠢᠷᠦᠭᠦᠨ ᠪᠣᠯᠵᠤ᠂ ᠼᠧᠽᠠᠷ ᠤᠨ ᠲᠡᠮᠳᠡᠭᠯᠡᠭᠰᠡᠨ ᠢᠶᠡᠷ ᠰᠡᠭᠦᠯ ᠦᠨ ᠯᠧᠭᠢᠶᠠᠨ ᠢᠶᠠᠨ ᠲᠤᠯᠤᠭᠠᠨ ᠳᠤ ᠣᠷᠣᠭᠤᠯᠵᠤ ᠪᠠᠶᠢᠵᠤ ᠢᠯᠠᠯᠲᠠ ᠶᠢ ᠷᠣᠮᠣᠴᠤᠳ ᠠᠪᠴᠠᠢ᠃ ᠡᠨᠡᠬᠦ ᠲᠤᠯᠤᠭᠠᠨ ᠤ ᠦᠷ᠎ᠡ ᠳ᠋ᠦᠩ ᠨᠢ ᠭᠠᠯᠯ ᠳᠤ ᠷᠤᠮᠠᠨᠢᠶ ᠠ ᠨᠣᠶᠠᠷᠬᠠᠯ ᠢ ᠠᠪᠴᠢᠷᠠᠭᠰᠠᠨ ᠰᠢᠢᠳᠪᠦᠷᠢᠯᠡᠬᠦ ᠨᠥᠯᠥᠭᠡ ᠦᠵᠡᠭᠦᠯᠵᠡᠢ᠃

ᠤᠧᠷᠰᠢᠩ ᠢᠶᠧᠲ᠋ᠣᠷᠢᠺᠰ ᠤᠨ ᠳᠣᠮᠣᠭᠲᠤ ᠲᠡᠮᠳᠡᠭᠯᠡᠭᠰᠡᠨ ᠢᠶᠡᠷ ᠲᠡᠷᠡ ᠪᠡᠷ ᠲᠤᠯᠤᠭᠠᠨ ᠤ ᠳᠠᠷᠠᠭ᠎ᠠ ᠮᠠᠰᠢ ᠰᠦᠷ ᠵᠢᠪᠬᠤᠯᠠᠩᠲᠠᠢ ᠪᠠᠷ ᠪᠠᠭᠤᠵᠤ ᠥᠭᠭᠦᠭᠰᠡᠨ ᠪᠠᠶᠢᠨ᠎ᠠ᠃ ᠠᠯᠧᠰᠢᠭ᠎ᠠ ᠶᠢᠨ ᠲᠤᠯᠤᠯᠳᠤᠭᠠᠨ ᠳᠤ ᠢᠯᠠᠭᠳᠠᠭᠰᠠᠨ ᠤ ᠳᠠᠷᠠᠭ᠎ᠠ ᠥᠪᠡᠷ ᠦᠨ ᠮᠣᠷᠢᠲᠠᠢ ᠶᠢ ᠪᠠᠨ ᠭᠠᠷᠤᠨ ᠼᠧᠽᠠᠷ ᠤᠨ ᠯᠠᠭᠧᠷ ᠢ ᠲᠣᠭᠣᠷᠢᠨ ᠥᠪᠡᠷ ᠦᠨ ᠬᠤᠶᠠᠭ᠂ ᠳᠤᠭᠤᠯᠠᠭ᠎ᠠ ᠪᠠᠨ ᠲᠠᠶᠢᠯᠤᠨ᠂ ᠼᠧᠽᠠᠷ ᠤᠨ ᠬᠥᠯ ᠳᠦ ᠰᠡᠯᠡᠮ᠎ᠡ ᠪᠡᠨ ᠰᠢᠳᠡᠨ ᠲᠡᠭᠦᠨ ᠦ ᠡᠮᠦᠨ᠎ᠡ ᠶᠡᠬᠡᠮᠰᠦᠭ ᠢᠶᠡᠷ ᠡᠪᠦᠳᠦᠭ ᠰᠥᠭᠳᠡᠵᠡᠢ᠃ ᠲᠡᠭᠦᠨ ᠢ ᠮᠠᠨ ᠤ ᠡᠷᠡᠨ ᠦ ᠡᠮᠦᠨ᠎ᠡ 46 ᠣᠨ ᠳᠤ ᠼᠧᠽᠠᠷᠢ ᠢᠯᠠᠯᠲᠠ ᠶᠢᠨ ᠪᠠᠶᠠᠷ ᠳᠡᠭᠡᠷ᠎ᠡ ᠣᠯᠣᠩ ᠳᠤ ᠬᠠᠷᠠᠭᠤᠯᠲᠠᠯ᠎ᠠ 5 ᠵᠢᠯ ᠬᠣᠷᠢᠵᠠᠢ᠃ ᠲᠡᠭᠦᠨ ᠢ ᠢᠯᠠᠯᠲᠠ ᠶᠢᠨ ᠪᠠᠶᠠᠷ ᠤᠨ ᠳᠠᠷᠠᠭ᠎ᠠ ᠡᠷᠲᠡᠨ ᠦ ᠤᠯᠠᠮᠵᠢᠯᠠᠯ ᠶᠣᠰᠣᠭᠠᠷ ᠱᠣᠷᠣᠩ ᠳᠤᠨᠢ ᠪᠣᠭᠣᠮᠢᠯᠠᠨ ᠬᠣᠷᠢᠶᠠᠭᠰᠠᠨ ᠭᠡᠵᠦ ᠦᠵᠡᠳᠡᠭ᠃

ᠲᠡᠭᠦᠨ ᠦ ᠨᠡᠷ᠎ᠡ ᠶᠢᠨ ᠲᠤᠬᠠᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠤᠧᠷᠰᠢᠩ ᠢᠶᠧᠲ᠋ᠣᠷᠢᠺᠰ ᠭᠡᠳᠡᠭ ᠨᠢ ᠨᠡᠷ᠎ᠡ ᠨᠢ ᠭᠠᠯᠯ ᠬᠡᠯᠡᠨ ᠢᠶᠡᠨ ᠲᠩᠷᠢᠯᠢᠭ ᠠᠤᠭ᠎ᠠ ᠳᠠᠶᠢᠴᠢᠨ ᠬᠠᠭᠠᠨ ᠭᠡᠰᠡᠨ ᠰᠠᠨᠠᠭ᠎ᠠ ᠶᠢ ᠠᠭᠤᠯᠠᠳᠠᠭ ᠭᠡᠵᠦ ᠥᠨᠥ ᠶᠢᠨ ᠰᠤᠳᠤᠯᠤᠭᠠᠴᠢᠳ ᠦᠵᠡᠭᠰᠡᠨ ᠪᠠᠶᠢᠳᠠᠭ᠃

ᠬᠥᠰᠢᠶ᠎ᠡ ᠳᠤᠷᠠᠰᠬᠠᠯ ᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠯᠧᠽᠢᠶ᠎ᠠ ᠳᠠᠬᠢ ᠤᠧᠷᠰᠢᠩ ᠢᠶᠧᠲ᠋ᠣᠷᠢᠺᠰ ᠤᠨ ᠳᠤᠷᠠᠰᠬᠠᠯ ᠤᠨ ᠬᠥᠰᠢᠶ᠎ᠡ

1865 ᠣᠨ ᠳᠤ ᠹᠷᠠᠨᠼᠢ ᠶᠢᠨ ᠨᠠᠫᠣᠯᠶᠣᠨ III ᠬᠠᠭᠠᠨ ᠤᠧᠷᠰᠢᠩ ᠢᠶᠧᠲ᠋ᠣᠷᠢᠺᠰᠲ ᠵᠣᠷᠢᠭᠤᠯᠤᠨ᠂ ᠤᠷᠠᠨ ᠪᠠᠷᠢᠮᠠᠯᠴᠢ᠎ᠠ᠃ᠮᠢᠯᠯᠧᠲ ᠤᠨ ᠵᠠᠭᠪᠤᠷ ᠢᠶᠠᠷ ᠠᠯᠧᠰᠢᠭ᠎ᠠ ᠶᠢᠨ ᠲᠤᠯᠤᠭᠠᠨ ᠪᠣᠯᠤᠭᠰᠠᠨ ᠲᠣᠯᠣᠭᠠᠳ ᠤᠨ ᠨᠢᠭᠡᠨ ᠳᠡᠭᠡᠷ᠎ᠡ 7 ᠮᠧᠲ᠋ᠷ ᠥᠨᠳᠥᠷ ᠬᠥᠰᠢᠶ᠎ᠡ ᠪᠣᠰᠬᠠᠭᠤᠯᠤᠭᠰᠠᠨ ᠪᠠᠶᠢᠨ᠎ᠠ᠃ ᠤᠭ ᠬᠥᠰᠢᠭᠡᠨ ᠦ ᠰᠠᠭᠤᠷᠢᠨ ᠳᠤ ᠬᠥᠰᠢᠶ᠎ᠡ ᠶᠢ ᠪᠠᠷᠢᠬᠤ ᠳᠤ ᠣᠷᠣᠯᠴᠠᠭᠰᠠᠨ ᠠᠯᠳᠠᠷᠲᠤ ᠠᠷᠬᠢᠲ᠋ᠧᠺᠲ᠋ᠣᠷᠴᠢ ᠸᠢᠣᠯᠧᠲ ᠯᠧ ᠳᠶᠢᠺ 4 ᠮᠥᠷᠲᠦ ᠰᠡᠶᠢᠯᠦᠨ ᠦᠯᠡᠳᠡᠭᠡᠵᠢ ᠪᠡᠨ᠃

« La Gaule unie
Formant une seule nation
Animée d'un même esprit,
Peut défier l'Univers. »

ᠤᠳᠬᠠᠴᠢᠯᠠᠪᠠᠯ:

« ᠨᠢᠭᠡᠳᠦᠭᠰᠡᠨ ᠭᠠᠯᠯ
ᠨᠢᠭᠡᠨ ᠦᠨᠳᠦᠰᠦᠲᠡᠨ ᠪᠣᠯᠤᠨ
ᠨᠢᠭᠡᠨ ᠰᠡᠳᠬᠢᠯ ᠢᠶᠡᠷ ᠬᠥᠳᠡᠯᠪᠡᠰᠦ
ᠪᠦᠬᠦ ᠳᠡᠯᠡᠬᠡᠢ ᠶᠢ ᠰᠥᠷᠦᠵᠦ ᠴᠢᠳᠠᠨ᠎ᠠ »

ᠡᠨᠡ ᠬᠥᠰᠢᠭᠡᠨ ᠡᠴᠡ ᠭᠠᠳᠠᠨ᠎ᠠ ᠪᠠᠷᠲᠯᠳ ᠤᠨ ᠪᠦᠲᠦᠭᠡᠭᠰᠡᠨ ᠭᠠᠶᠢᠬᠠᠯᠲᠠᠢ ᠬᠥᠰᠢᠭᠡᠨ ᠳᠦ ᠤᠭ ᠳᠥᠷᠪᠡᠨ ᠮᠥᠷᠲᠦ ᠪᠠᠶᠢᠳᠠᠭ ᠪᠢᠯᠡ᠃

ᠹᠷᠠᠨᠼᠢ ᠳᠤ ᠠᠷᠠᠳ ᠲᠦᠮᠡᠨ ᠦ ᠳᠤᠮᠳᠠ ᠸᠧᠷcᠢᠩ ᠢᠶᠧᠲ᠋ᠣᠷᠢᠺᠰ ᠨᠢ ᠮᠠᠰᠢ ᠠᠯᠳᠠᠷᠲᠠᠢ ᠪᠥᠭᠡᠳ ᠠᠷᠠᠳ ᠲᠦᠮᠡᠨ ᠦ ᠵᠢᠩᠬᠢᠨᠢ ᠪᠠᠭᠠᠲᠤᠷ ᠭᠡᠵᠦ ᠦᠵᠡᠳᠡᠭ ᠪᠢᠯᠡ᠃

ᠸᠧᠷcᠢᠩ ᠢᠶᠧᠲ᠋ᠣᠷᠢᠺᠰ ᠤᠷᠠᠯᠢᠭ ᠰᠤᠶᠤᠯ ᠳᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠤᠧᠷᠰᠢᠩ ᠢᠶᠧᠲ᠋ᠣᠷᠢᠺᠰ ᠼᠧᠽᠠᠷᠢ ᠳᠤ ᠪᠠᠭᠤᠵᠤ ᠥᠭᠴᠦ ᠪᠤᠢ ᠨᠢ᠃ 1883 ᠣᠨ ᠤ ᠵᠢᠷᠤᠭ᠃
  • ᠤᠧᠷᠰᠢᠩ ᠢᠶᠧᠲ᠋ᠣᠷᠢᠺᠰ ᠠᠰᠲ᠋ᠧᠷᠢᠺᠰᠡᠶᠢᠨ ᠴᠤᠪᠤᠷᠠᠯ ᠺᠣᠮᠢᠺᠰ ᠍ ᠤᠨ ᠨᠢᠭᠡ ᠪᠣᠯᠬᠤ "ᠠᠰᠲ᠋ᠧᠷᠢᠺᠰ ᠪᠠ ᠤᠳᠤᠷᠢᠳᠤᠭᠴᠢ ᠶᠢᠨ ᠪᠠᠮᠪᠠᠢ", "ᠭᠠᠯᠯ ᠠᠰᠲ᠋ᠧᠷᠢᠺᠰ" ᠴᠤᠪᠤᠷᠠᠯ ᠳᠤ ᠨᠢ ᠭᠠᠷᠳᠠᠭ ᠪᠠᠶᠢᠨ᠎ᠠ᠃
  • 2001 ᠣᠨ ᠳᠤ ᠵᠠᠺ ᠳᠣᠷᠣᠹᠮᠠᠨ ᠤ ᠨᠠᠶᠢᠷᠠᠭᠤᠯᠵᠤ᠂ ᠺᠷᠢᠰᠲ᠋ᠣᠹᠧᠷ ᠯᠠᠮᠠᠪᠧᠷᠲ ᠤᠨ ᠭᠣᠣᠯ ᠳᠦᠷᠢ ᠳᠦ ᠨᠢ ᠲᠣᠭᠯᠠᠭᠰᠠᠨ "ᠤᠧᠷᠰᠢᠩ ᠢᠶᠧᠲ᠋ᠣᠷᠢᠺᠰ: ᠭᠠᠯᠯᠢ ᠶᠢᠨ ᠬᠠᠭᠠᠨ ᠤ ᠳᠣᠮᠣᠭ" ᠬᠡᠮᠡᠬᠦ ᠺᠢᠨᠣ᠋ ᠹᠷᠠᠨᠼᠢᠠᠳᠠ ᠬᠢᠭᠳᠡᠭᠰᠡᠨ ᠪᠥᠭᠡᠳ ᠠᠩᠭᠯᠢ ᠬᠡᠯᠡ ᠷᠦᠦ ᠬᠥᠷᠪᠡᠭᠦᠯᠡᠭᠳᠡᠨ ᠠᠮᠧᠷᠢᠺᠠ ᠶᠢᠨ ᠨᠢᠭᠡᠳᠦᠭᠰᠡᠨ ᠤᠯᠤᠰᠧᠦ᠋ᠷᠣᠫᠠᠣᠳᠣ ᠮᠠᠰᠢ ᠠᠮᠵᠢᠯᠲᠠ ᠲᠠᠢ ᠵᠠᠷᠤᠭᠳᠠᠵᠤ ᠪᠠᠶᠢᠴᠠᠢ᠃ ᠲᠡᠷᠡ ᠲᠤᠰᠤᠮ ᠢᠶᠠᠨ ᠧᠦᠢᠷᠣᠫᠠᠳ ᠮᠠᠰᠢ ᠣᠯᠠᠨ ᠬᠤᠪᠢ ᠵᠠᠷᠤᠭᠳᠠᠭᠰᠠᠨ ᠭᠡᠳᠡᠭ᠃
  • ᠤᠧᠷᠰᠢᠩ ᠢᠶᠧᠲ᠋ᠣᠷᠢᠺᠰ ᠤᠨ ᠲᠠᠯ᠎ᠠ ᠪᠠᠷ 2002 ᠣᠨ ᠳᠤ ᠬᠢᠭᠳᠡᠭᠰᠡᠨ ᠲᠷᠢᠨᠢᠲ᠋ᠷᠣᠲ᠋ᠣᠯᠣᠭᠠᠯ ᠲᠧᠯᠧᠸᠢᠰ ᠦᠨ ᠶᠦᠯᠢ ᠼᠧᠽᠠᠷᠢ ᠴᠤᠪᠤᠷᠠᠯ ᠺᠢᠨᠣᠨ ᠳᠤ ᠭᠠᠷᠳᠠᠭ ᠪᠠᠶᠢᠨ᠎ᠠ᠃
  • ᠤᠧᠷᠰᠢᠩ ᠢᠶᠧᠲ᠋ᠣᠷᠢᠺᠰ ᠤᠨ ᠼᠧᠽᠠᠷ ᠤᠨ ᠡᠰᠡᠷᠬᠦ ᠬᠢᠭᠰᠡᠨ ᠠᠯᠳᠠᠷᠲᠤ ᠠᠶᠠᠨ ᠤ ᠬᠢ ᠨᠢ ᠲᠠᠯ᠎ᠠ ᠪᠠᠷ 1992 ᠣᠨ ᠳᠤ ᠵᠣᠬᠢᠶᠠᠯᠴᠢ ᠮᠣᠷᠭᠠᠨ ᠯᠢᠤᠧᠯᠢᠨ "ᠳᠠᠷᠤᠶᠢᠳ ᠤᠳ" ᠬᠡᠮᠡᠬᠦ ᠢᠷᠠᠭᠤ ᠨᠠᠶᠢᠷᠠᠭ ᠪᠢᠴᠢᠭᠰᠡᠨ ᠪᠠᠶᠢᠳᠠᠭ ᠠᠵᠢ᠃
  • 2005 ᠣᠨ ᠳᠤ ᠲᠧᠯᠧᠸᠢᠰ ᠦᠨ ᠭᠢᠭᠠᠩᠲᠤ ᠨᠤᠭᠤᠳ ᠪᠣᠯᠬᠤ HBO/BBC ᠰᠤᠪᠠᠭ ᠤᠳ ᠤᠨ ᠬᠠᠮᠲᠤᠷᠠᠭᠰᠠᠨ ᠷᠤᠮᠠ ᠬᠡᠮᠡᠬᠦ ᠴᠤᠪᠤᠷᠠᠯ ᠺᠢᠨᠣ᠋ ᠪᠦᠲᠦᠭᠡᠭᠳᠡᠭᠰᠡᠨ ᠪᠥᠭᠡᠳ ᠤᠭ ᠴᠤᠪᠤᠷᠠᠯ ᠳᠤ "ᠪᠦᠬᠦ ᠭᠠᠯ ᠤᠳ ᠤᠨ ᠬᠠᠭᠠᠨ" ᠍ ᠤ ᠳᠦᠷᠢ ᠪᠡᠷ ᠤᠧᠷᠰᠢᠩ ᠢᠶᠧᠲ᠋ᠣᠷᠢᠺᠰ ᠢ ᠢᠯᠡᠷᠬᠡᠶᠢᠯᠡᠭᠰᠡᠨ ᠪᠠᠶᠢᠳᠠᠭ᠃ ᠲᠡᠭᠦᠨ ᠦ ᠳᠦᠷᠢ ᠳᠦ ᠵᠢᠣᠸᠠᠨᠢ ᠺᠠᠯᠴᠢ ᠪᠠᠨᠨᠣ ᠲᠣᠭᠯᠠᠭᠰᠠᠨ ᠪᠠᠶᠢᠨ᠎ᠠ᠃
  • ᠤᠧᠷᠰᠢᠩ ᠢᠶᠧᠲ᠋ᠣᠷᠢᠺᠰ Praetorians ᠪᠣᠯᠤᠨ Age Of Empires ᠺᠣᠮᠫᠢᠶᠦ᠋ᠲ᠋ᠧᠷ ᠦᠨ ᠲᠣᠭᠯᠠᠭᠠᠮ ᠳᠤ ᠭᠠᠷᠳᠠᠭ᠃
  • Anachronism ᠲᠣᠭᠯᠠᠭᠠᠮ ᠳᠤ ᠹᠷᠠᠨᠼᠢ ᠶᠢᠨ ᠳᠠᠶᠢᠴᠢᠨ ᠢᠶᠠᠷ ᠤᠧᠷᠰᠢᠩ ᠢᠶᠧᠲ᠋ᠣᠷᠢᠺᠰ ᠢ ᠬᠠᠷᠠᠭᠤᠯᠳᠠᠭ ᠪᠠᠶᠢᠨ᠎ᠠ᠃

ᠯᠠᠪᠠᠯᠠᠬᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠩᠬᠠᠳᠠᠭᠴᠢ ᠡᠬᠡ ᠰᠤᠷᠪᠤᠯᠵᠢ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠣᠶᠠᠳᠠᠭᠴᠢ ᠡᠬᠡ ᠰᠤᠷᠪᠤᠯᠵᠢ[ᠵᠠᠰᠠᠪᠤᠷᠢᠯᠠᠬᠤ | ᠺᠣᠳ᠋ ᠢᠶᠠᠷ ᠵᠠᠰᠠᠬᠣ]

  • Yonge, Charlotte M. (1864), "The Chief of the Arverni", in Charlotte M. Yonge, A Book of Golden Deeds, London: Blackie & Son, Ltd., n.d.
  • Popular comic strip by Goscinny & Uderzo's Asterix the Gaul.

ᠭᠠᠳᠠᠭᠠᠳᠤ ᠬᠣᠯᠪᠣᠭᠠᠰᠤ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

Commons
Викимедиа дуу дүрсний сан: ᠤᠧᠷᠰᠢᠩ ᠢᠶᠧᠲ᠋ᠣᠷᠢᠺᠰ

ᠪᠢᠴᠢᠭᠡᠰᠦ