ᠣᠷᠬᠣᠨ ᠰᠤᠮᠤ (ᠰᠡᠯᠡᠩᠭᠡ)

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
«ᠣᠷᠬᠣᠨ» ᠦᠭᠡ ᠪᠡᠷ ᠡᠨᠳᠡ ᠬᠣᠯᠪᠣᠭᠳᠠᠯ᠎ᠠ᠃ ᠥᠭᠡᠷ᠎ᠡ ᠵᠦᠢᠯ ᠦᠨ ᠬᠠᠭᠤᠳᠠᠰᠤ ᠶᠢ «ᠣᠷᠬᠣᠨ (ᠰᠠᠯᠠᠭ᠎ᠠ ᠤᠳᠬ᠎ᠠ)» ᠍ ᠠᠴᠠ ᠣᠯᠵᠤ ᠪᠣᠯᠤᠨ᠎ᠠ᠃
Orkhon sum, Selenge province, Mongolia.JPG
ᠣᠷᠬᠣᠨ (ᠬᠤᠳᠤᠮ ᠮᠣᠩᠭᠣᠯ ᠢᠶᠠᠷ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
ᠣᠷᠬᠣᠨ) ᠨᠢ ᠰᠡᠯᠡᠩᠭᠡ ᠠᠶᠢᠮᠠᠭ ᠤᠨ ᠰᠤᠮᠤ ᠶᠤᠮ᠃

ᠰᠤᠮᠤ ᠶᠢᠨ ᠲᠥᠪ ᠨᠢ ᠤᠯᠠᠭᠠᠨᠪᠠᠭᠠᠲᠤᠷ ᠬᠣᠲᠠ ᠠᠴᠠ 270 ᠺᠢᠯᠣᠮᠧᠲ᠋ᠷ᠂ ᠳᠠᠷᠬᠠᠨ ᠬᠣᠲᠠ ᠠᠴᠠ 75 ᠺᠢᠯᠣᠮᠧᠲ᠋ᠷ᠂ ᠡᠷᠳᠡᠨᠢᠲᠦ ᠬᠣᠲᠠ ᠠᠴᠠ 110 ᠺᠢᠯᠣᠮᠧᠲ᠋ᠷ᠂ ᠰᠡᠯᠡᠩᠭᠡ ᠠᠶᠢᠮᠠᠭ ᠤᠨ ᠲᠥᠪ ᠡᠴᠡ 180 ᠺᠢᠯᠣᠮᠧᠲ᠋ᠷ ᠠᠯᠤᠰᠯᠠᠭᠳᠠᠭᠰᠠᠨ᠂ ᠳᠠᠷᠬᠠᠨ-ᠡᠷᠳᠡᠨᠢᠲᠦ ᠶᠢᠨ ᠲᠥᠪ ᠵᠠᠰᠠᠮᠠᠯ ᠵᠠᠮ ᠠᠴᠠ 4 ᠺᠢᠯᠣᠮᠧᠲ᠋ᠷ᠂ ᠤᠯᠠᠭᠠᠨᠪᠠᠭᠠᠲᠤᠷ-ᠳᠠᠷᠬᠠᠨ-ᠡᠷᠳᠡᠨᠢᠲᠦ ᠶᠢᠨ ᠲᠡᠮᠦᠷ ᠵᠠᠮ ᠤᠨ 42 ᠍ ᠍ ᠍ ᠳᠦᠭᠡᠷ ᠵᠥᠷᠢᠯᠭᠡ ᠡᠴᠡ 12 ᠺᠢᠯᠣᠮᠧᠲ᠋ᠷ ᠵᠠᠢ ᠳᠤ ᠪᠠᠶᠢᠷᠢᠯᠠᠨ᠎ᠠ᠃

ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠷᠬᠣᠨ ᠰᠤᠮᠤ ᠶᠢᠨ ᠣᠳᠣ ᠶᠢᠨ ᠪᠠᠶᠢᠭ᠎ᠠ ᠭᠠᠵᠠᠷ ᠨᠤᠲᠤᠭ ᠤᠨ ᠬᠢᠯᠢ ᠬᠢᠵᠠᠭᠠᠷ ᠨᠢ ᠠᠲᠠᠷ ᠤᠨ 2 ᠍ ᠍ ᠍ ᠳᠦᠭᠡᠷ ᠠᠶᠠᠨ ᠤ ᠬᠦᠷᠢᠶᠡᠨ ᠳᠦ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠍ ᠍ ᠤᠨ ᠰᠩ ᠦᠨ 1976 ᠣᠨ ᠤ 11 ᠍ ᠍ ᠍ ᠳᠦᠭᠡᠷ ᠰᠠᠷ᠎ᠠ ᠶᠢᠨ 19 ᠍ ᠍ ᠍ ᠤ ᠡᠳᠦᠷ ᠦᠨ 357 ᠍ ᠍ ᠍ ᠳᠦᠭᠡᠷ ᠲᠣᠭᠲᠠᠭᠠᠯ ᠢᠶᠠᠷ ᠨᠣᠮᠣᠭᠠᠨ ᠰᠤᠮᠤ САА ᠍ ᠍ ᠍ ᠢ ᠲᠤᠰ ᠰᠤᠮᠤ ᠠᠴᠠ ᠲᠤᠰᠠᠭᠠᠷᠯᠠᠭᠰᠠᠨ ᠢᠶᠠᠷ ᠪᠥᠷᠢᠯᠳᠦᠨ ᠲᠣᠭᠵᠢᠭᠡ᠃ ᠡᠨᠡ ᠲᠣᠭᠲᠠᠭᠠᠯ ᠳᠤ ᠳᠤᠷᠠᠳᠤᠭᠰᠠᠨ ᠣᠷᠬᠣᠨ ᠰᠤᠮᠤ ᠶᠢᠨ ᠬᠢᠯᠢ ᠶᠢᠨ ᠴᠧᠰᠧ ᠨᠢ ᠳᠡᠯᠡ ᠲᠣᠯᠣᠭᠠᠢ ᠶᠢᠨ ᠠᠴᠠ ᠳᠡᠷᠡᠰᠦ ᠳᠦ ᠪᠤᠯᠤᠨ ᠢ ᠳᠠᠭᠠᠷᠢᠭᠤᠯᠤᠨ ᠣᠪᠣᠭᠠᠲᠤ ᠠᠭᠤᠯᠠ᠂ ᠰᠡᠷᠲᠡᠩ ᠲᠣᠯᠣᠭᠠᠢ᠂ ᠬᠥᠲᠥᠯ ᠨᠠᠷᠠᠰᠤ ᠭᠡᠳᠡᠭ ᠭᠠᠵᠠᠷ ᠤᠳ ᠢᠶᠠᠷ ᠳᠠᠮᠵᠢᠨ ᠮᠠᠨᠢ ᠳᠤ ᠠᠭᠤᠯᠠ ᠶᠢ ᠬᠦᠷᠲᠡᠯ᠎ᠡ ᠰᠠᠶᠢᠬᠠᠨ ᠰᠤᠮᠤ ᠲᠠᠢ᠂ ᠮᠠᠨᠢ ᠳᠤ ᠤᠤᠯ ᠠᠴᠠ ᠤᠷᠤᠭᠰᠢ ᠴᠡᠴᠡ ᠪᠤᠩᠬᠤᠨ ᠤ ᠬᠥᠲᠥᠯᠦᠷ᠎ᠡ ᠳᠠᠮᠨᠠᠨ ᠮᠡᠷᠭᠡᠨ ᠰᠢᠪᠠᠭᠤᠲᠤ ᠶᠢᠨ ᠨᠢᠷᠤᠭᠤ ᠳᠠᠭᠠᠵᠤ ᠰᠢᠪᠠᠭᠤᠲᠤ ᠶᠢᠨ ᠳᠠᠪᠠᠭ᠎ᠠ᠂ ᠮᠠᠭᠤ ᠰᠠᠯᠬᠢᠲ ᠤᠨ ᠳᠠᠪᠠᠭ᠎ᠠ ᠳᠠᠮᠨᠠᠨ ᠰᠢᠷ᠎ᠠ ᠬᠥᠲᠥᠯ ᠬᠦᠷᠲᠡᠯ᠎ᠡ ᠲᠥᠪ ᠠᠶᠢᠮᠠᠭ ᠤᠨ ᠰᠦᠮᠪᠦᠷ ᠰᠤᠮᠤ ᠲᠠᠢ᠂ ᠰᠢᠷ᠎ᠠ ᠬᠥᠲᠥᠯ ᠡᠴᠡ ᠪᠦᠷᠭᠡᠲᠡᠢ ᠶᠢᠨ ᠨᠢᠷᠤᠭᠤ ᠳᠠᠭᠠᠵᠤ ᠳᠣᠯᠣᠭᠠᠨ ᠭᠡᠯᠦᠩ ᠠᠭᠤᠯᠠ ᠬᠦᠷᠲᠡᠯ᠎ᠡ ᠲᠥᠪ ᠠᠶᠢᠮᠠᠭ ᠤᠨ ᠵᠢᠷᠭᠠᠯᠠᠩᠲᠤ ᠰᠤᠮᠤ ᠲᠠᠢ᠂ ᠳᠣᠯᠣᠭᠠᠨ ᠭᠡᠯᠦᠩ ᠠᠭᠤᠯᠠᠨ ᠠᠴᠠ ᠤᠷᠭ᠎ᠠ ᠳᠤ ᠠᠭᠤᠯᠠ᠂ ᠥᠨᠳᠥᠷ ᠴᠠᠭᠠᠨ ᠠᠭᠤᠯᠠ ᠳᠠᠮᠵᠢᠨ ᠳᠠᠭᠤᠲᠤ ᠶᠢᠨ ᠭᠣᠵᠣᠭᠣᠷ ᠢᠶᠠᠷ ᠳᠠᠪᠠᠭᠤᠯᠤᠨ ᠨᠠᠷᠠᠰᠤ ᠳᠤ ᠲᠣᠯᠣᠭᠠᠢ᠂ ᠥᠭᠭᠢᠶᠡᠮᠦᠷ ᠤᠤᠯ ᠠᠴᠠ ᠣᠷᠬᠣᠨ ᠭᠣᠣᠯ ᠤᠷᠤᠭᠤᠳᠠᠨ ᠭᠦᠨᠵᠡ ᠶᠢᠨ ᠪᠤᠯᠤᠨ᠂ ᠭᠤᠷᠪᠠᠯᠠᠭᠰᠠᠨ ᠲᠣᠬᠣᠢ ᠬᠦᠷᠲᠡᠯ᠎ᠡ ᠪᠠᠷᠠᠭᠤᠨᠪᠦᠷᠡᠨ ᠰᠤᠮᠤᠲᠠᠢ᠂ ᠭᠤᠷᠪᠠᠯᠠᠭᠰᠠᠨ ᠲᠣᠬᠣᠢ ᠠᠴᠠ ᠠᠷᠤ ᠪᠤᠯᠤᠨ᠂ ᠪᠣᠷᠣᠭᠠᠴᠢ ᠶᠢᠨ ᠠᠮᠠ᠂ ᠴᠢᠯᠠᠭᠤᠲᠤ ᠶᠢᠨ ᠳᠣᠪᠣ᠂ ᠴᠠᠩ ᠳᠤ ᠲᠣᠯᠣᠭᠠᠢ᠂ ᠴᠠᠭᠠᠨ ᠡᠷᠭᠢ ᠵᠡᠷᠭᠡ ᠶᠢ ᠳᠠᠭᠠᠷᠢᠨ ᠣᠷᠬᠣᠨ ᠭᠣᠣᠯ ᠢᠶᠠᠷ ᠤᠷᠤᠭᠤᠳᠠᠨ ᠳᠡᠯ ᠲᠣᠯᠣᠭᠠᠢ ᠶᠢᠨ ᠠᠷᠤ ᠬᠣᠷᠮᠣᠢ ᠬᠦᠷᠲᠡᠯ᠎ᠡ ᠰᠠᠩ ᠳᠤ ᠰᠤᠮᠤ ᠲᠠᠢ ᠲᠤᠰ ᠲᠤᠰ ᠬᠢᠯᠢᠯᠡᠳᠡᠭ ᠪᠠᠶᠢᠨ᠎ᠠ᠃

ᠣᠷᠬᠣᠨ ᠰᠤᠮᠤ ᠨᠢ 130,600 ᠾᠧᠺᠲ᠋ᠠᠷ ᠲᠠᠯᠠᠪᠠᠢ ᠪᠦᠬᠦᠢ ᠭᠠᠵᠠᠷ ᠨᠤᠲᠤᠭ ᠲᠠᠢ ᠪᠥᠭᠡᠳ ᠡᠭᠦᠨ ᠦ 27,000 ᠭᠠ ᠲᠠᠯᠠᠪᠠᠢ ᠲᠠᠷᠢᠶᠠᠯᠠᠩ ᠤᠨ᠂ 14,800 ᠭᠠ ᠲᠠᠯᠠᠪᠠᠢ ᠬᠠᠳᠤᠯᠠᠩ ᠤᠨ᠂ 77,400 ᠭᠠ ᠲᠠᠯᠠᠪᠠᠢ ᠮᠠᠯ ᠤᠨ ᠪᠡᠯᠴᠢᠭᠡᠷ ᠦᠨ᠂ 3,300 ᠭᠠ ᠲᠠᠯᠠᠪᠠᠢ ᠣᠢ ᠮᠣᠳᠣ ᠪᠠᠶᠢᠨ᠎ᠠ᠃ ᠲᠤᠰ ᠰᠤᠮᠤ ᠨᠢ ᠳᠠᠯᠠᠢ ᠶᠢᠨ ᠲᠦᠪᠰᠢᠨ ᠡᠴᠡ ᠳᠡᠭᠡᠭᠰᠢ 750-800 ᠮᠧᠲ᠋ᠷ ᠥᠨᠳᠥᠷ ᠲᠦ ᠡᠷᠭᠦᠭᠳᠡᠭᠰᠡᠨ᠂ ᠲᠣᠯᠠᠭᠠᠨ ᠤ ᠬᠡᠮᠵᠢᠶ᠎ᠡ ᠤᠨ ᠲᠤᠶᠢᠯ ᠨᠢ ᠬᠠᠰᠤᠬᠤ 38 ᠬᠡᠮ ᠡᠴᠡ ᠨᠡᠮᠡᠬᠦ 38 ᠬᠡᠮ᠂ ᠣᠷᠬᠣᠨ᠂ ᠰᠢᠭᠢᠷ᠎ᠠ᠂ ᠬᠥᠨᠳᠡᠯᠡᠨ ᠪᠤᠯᠠᠭ᠂ ᠬᠠᠪᠴᠢᠯ ᠵᠡᠷᠭᠡ ᠭᠣᠣᠯ ᠭᠣᠷᠭᠢ ᠲᠠᠢ᠃

ᠣᠷᠬᠣᠨ ᠰᠤᠮᠤ ᠨᠢ ᠶᠡᠬᠡ᠂ ᠪᠠᠭ᠎ᠠ ᠪᠠᠶᠠᠷᠲᠤ᠂ ᠦᠨᠡᠭᠡ ᠳᠦ᠂ ᠭᠤᠷᠪᠠᠨ ᠰᠡᠷᠲᠡᠩ᠂ ᠨᠠᠷᠠᠲᠤ ᠬᠣᠩᠭᠣᠷ᠂ ᠴᠠᠬᠢᠭᠤᠷᠲᠤ᠂ ᠪᠠᠶᠤᠲᠠᠢ᠂ ᠮᠡᠷᠭᠡᠨ ᠰᠢᠪᠠᠭᠤ ᠳᠤ᠂ ᠶᠣᠯᠣ᠂ ᠠᠷᠤ ᠲᠠᠷᠪᠠᠭᠠᠲᠠᠢ᠂ ᠠᠷᠤ᠂ ᠥᠪᠥᠷ ᠪᠠᠶᠢᠴᠠ᠂ ᠪᠦᠷᠦᠭ ᠲᠡᠢ᠂ ᠤᠷᠭ᠎ᠠ ᠳᠤ᠂ ᠶᠡᠬᠡ᠂ ᠪᠠᠭ᠎ᠠ ᠠᠵᠢᠨ ᠳᠤ᠂ ᠬᠥᠬᠡ ᠨᠢᠳᠦᠨ᠂ ᠶᠡᠬᠡ᠂ ᠪᠠᠭ᠎ᠠ ᠥᠩᠭᠡᠲᠦ᠂ ᠭᠤᠯᠢᠷ ᠲᠤ ᠭᠣᠵᠣᠭᠣᠷ᠂ ᠲᠠᠶᠢᠵᠢ ᠶᠢᠨ ᠭᠣᠵᠣᠭᠣᠷ ᠵᠡᠷᠭᠡ ᠲᠣᠮᠣᠬᠠᠨ ᠠᠭᠤᠯᠠ ᠲᠣᠯᠣᠭᠠᠳ ᠲᠠᠢ᠃ ᠣᠢ ᠳᠤ ᠪᠠᠨ ᠬᠤᠰᠤᠬᠠᠷ᠎ᠠ ᠮᠣᠳᠣᠨᠠᠷᠠᠰᠤᠤᠯᠢᠶᠠᠰᠤᠮᠣᠨᠣᠰᠣᠵᠣᠳᠣᠭ᠎ᠠᠬᠠᠶᠢᠯᠠᠰᠤᠪᠤᠷᠭᠠᠰᠤ ᠵᠡᠷᠭᠡ ᠨᠠᠪᠴᠢᠲᠤ ᠪᠣᠯᠤᠨ ᠰᠢᠯᠮᠦᠦᠰᠦᠲᠦ ᠮᠣᠳᠣ᠂ ᠲᠡᠭᠦᠨᠴᠢᠯᠡᠨ ᠮᠣᠶᠢᠯᠦᠬᠡᠷ ᠦᠨ ᠨᠢᠳᠦᠤᠯᠠᠭᠠᠯᠠᠵᠠᠭᠠᠨ᠎ᠠ ᠵᠡᠷᠭᠡ ᠵᠢᠮᠢᠰ᠂ ᠭᠣᠭᠣᠳᠮᠠᠩᠭᠢᠷᠰᠣᠩᠭᠢᠨ᠎ᠠᠬᠠᠯᠢᠶᠠᠷᠬᠥᠮᠡᠯᠢᠰᠢᠬᠢᠷ ᠡᠪᠡᠰᠦᠪᠠᠮᠪᠠᠢᠠᠭᠢᠭᠠᠩᠭ᠎ᠠᠲᠠᠷᠪᠠᠭᠠᠨ ᠰᠢᠭᠢᠷ᠎ᠠ᠂ ᠬᠠᠷ᠎ᠠ ᠴᠠᠭᠠᠨ ᠮᠥᠭᠥ᠂ ᠠᠭᠤᠯᠠ ᠶᠢᠨ ᠪᠣᠯᠤᠨ ᠭᠣᠣᠯ ᠤᠨ ᠴᠠᠢ᠂ ᠬᠦᠨᠡᠰᠦᠨ ᠦ ᠪᠣᠯᠤᠨ ᠡᠮ ᠦᠨ ᠤᠷᠭᠤᠮᠠᠯ ᠢᠶᠠᠷ ᠨᠡᠩ ᠪᠠᠶᠠᠯᠢᠭ ᠨᠤᠲᠤᠭ ᠶᠤᠮ᠃ ᠪᠤᠭᠤᠭᠠᠬᠠᠢᠰᠣᠯᠣᠩᠭ᠎ᠠᠨᠣᠬᠠᠢ ᠵᠢᠭᠡᠬᠡᠰᠢᠯᠦᠭᠦᠰᠦᠮᠠᠨᠤᠤᠯᠦᠨᠡᠭᠡᠴᠢᠨᠣ᠎ᠠᠥᠮᠥᠬᠡᠢ ᠬᠦᠷᠡᠩᠳᠣᠷᠣᠭᠣᠴᠢᠨᠳᠠᠭ᠎ᠠᠲᠠᠤᠯᠠᠢ ᠵᠡᠷᠭᠡ ᠠᠨ ᠠᠮᠢᠲᠠᠳ᠂ ᠮᠥᠨ ᠬᠤᠷ᠎ᠠᠢᠲᠠᠭᠤᠬᠥᠬᠡᠭᠡᠥᠪᠥᠭᠡᠯᠵᠢᠤᠭᠤᠯᠢᠰᠢᠷ᠎ᠠ ᠰᠢᠪᠠᠭᠤᠪᠦᠷᠭᠦᠳᠲᠠᠰ ᠰᠢᠪᠠᠭᠤᠳ ᠠᠴᠠ ᠭᠠᠳᠠᠨ᠎ᠠ ᠲᠣᠭᠣᠳᠠᠭᠲᠣᠭᠣᠷᠤᠤᠠᠩᠭᠢᠷᠭᠠᠯᠠᠭᠤᠨᠤᠭᠤᠰᠤᠬᠤᠨ ᠵᠡᠷᠭᠡ ᠤᠰᠤᠨ ᠤ ᠪᠣᠯᠤᠨ ᠬᠡᠭᠡᠷ᠎ᠡ ᠲᠠᠯ᠎ᠠ ᠶᠢᠨ ᠰᠢᠪᠠᠭᠤ ᠵᠤᠨ ᠤ ᠤᠯᠠᠷᠢᠯ ᠳᠤ ᠢᠷᠡᠵᠦ ᠦᠷ᠎ᠡ ᠲᠥᠯᠥᠭᠡ ᠪᠣᠶᠢᠵᠢᠭᠤᠯᠳᠠᠭ ᠶᠤᠮ᠃ ᠣᠷᠬᠣᠨ ᠭᠣᠣᠯᠳ᠋ᠠ ᠲᠤᠯᠠᠬᠢᠯᠢᠮ᠎ᠡᠠᠯᠠᠭᠠᠨ᠎ᠠ᠂ ᠬᠠᠶᠢᠷᠰᠤ᠂ ᠴᠤᠷᠬᠠᠢ ᠵᠢᠭᠠᠰᠤ ᠡᠯᠪᠡᠭ ᠲᠡᠢ᠃

ᠲᠡᠦᠬᠡ ᠶᠢᠨ ᠳᠤᠷᠠᠰᠬᠠᠯᠲᠤ ᠭᠠᠵᠠᠷ ᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠤᠮᠤ ᠶᠢᠨ ᠲᠥᠪ ᠡᠴᠡ ᠪᠠᠷᠠᠭᠤᠨ ᠤᠷᠤᠭᠰᠢ 3 ᠺᠢᠯᠣᠮᠧᠲ᠋ᠷ ᠣᠷᠴᠢᠮ ᠳᠤ ᠭᠠᠤᠯᠢᠨ (ᠰᠣᠯᠣᠩᠭᠣᠰ) ᠤᠯᠤᠰ ᠤᠨ ᠦᠶ᠎ᠡ ᠶᠢᠨ ᠴᠠᠭᠠᠰᠤᠨ ᠤ ᠦᠢᠯᠡᠳᠪᠦᠷᠢ ᠶᠢᠨ ᠲᠤᠷ᠎ᠠ ᠦᠯᠡᠳᠡᠴᠡ᠂ ᠴᠠᠩ ᠳᠤ ᠲᠣᠯᠣᠭᠠᠢ ᠶᠢᠨ ᠪᠠᠷᠠᠭᠤᠨ ᠤᠷᠳᠤ ᠡᠪᠦᠷ ᠳ᠋ᠡᠬᠢ ᠴᠣᠬᠢᠶ᠎ᠠ ᠬᠠᠳᠠᠨ ᠳᠡᠭᠡᠷ᠎ᠡ ᠰᠡᠶᠢᠯᠦᠭᠰᠡᠨ 《ᠯᠶᠤᠶᠢᠪᠠᠨ ᠵᠢᠯᠪᠣ》 ᠪᠤᠷᠬᠠᠨ ᠤ ᠬᠥᠷᠥᠭ᠂ ᠨᠠᠷᠠᠲᠤ ᠠᠭᠤᠯᠠ ᠶᠢᠨ ᠠᠷᠤ ᠬᠥᠨᠳᠡᠢ ᠶᠢᠨ ᠰᠦᠭ ᠵᠢᠷᠤᠭ ᠪᠦᠬᠦᠢ ᠬᠥᠰᠢᠶ᠎ᠡ ᠴᠢᠯᠠᠭᠤ᠂ ᠪᠣᠷᠣᠭᠠᠴᠢ ᠶᠢᠨ ᠠᠮᠠᠨ ᠳᠤ ᠨᠢᠭᠡ ᠳᠣᠣᠷ᠎ᠠ ᠬᠠᠷ᠎ᠠ ᠮᠣᠳᠣ᠂ ᠨᠠᠷᠠᠰᠤ᠂ ᠬᠤᠰᠤ᠂ ᠬᠤᠰᠢ᠂ ᠭᠠᠴᠤᠤᠷ᠂ ᠤᠯᠢᠰ᠂ ᠪᠤᠷᠭᠠᠰᠤ᠂ ᠵᠣᠳᠣᠭ᠎ᠠ᠂ ᠮᠣᠨᠣᠰᠣ ᠵᠡᠷᠭᠡ ᠮᠣᠳᠣ ᠨᠢᠭᠡ ᠨᠢᠭᠡ ᠰᠢᠷᠬᠡᠭ ᠢᠶᠡᠷ ᠵᠡᠷᠭᠡᠴᠡᠨ ᠤᠷᠭᠤᠭᠰᠠᠨ ᠪᠠᠶᠢᠭᠠᠯᠢ ᠶᠢᠨ ᠥᠪᠡᠷᠮᠢᠴᠡ ᠰᠣᠨᠢᠨ ᠲᠣᠭᠲᠠᠴᠠ ᠨᠤᠭᠤᠳ᠂ ᠰᠣᠨᠢᠷᠬᠠᠯᠲᠠᠢ ᠳᠤᠷᠠᠰᠬᠠᠯᠲᠤ ᠭᠠᠵᠠᠷ ᠤᠳ ᠲᠠᠢ᠃

ᠡᠳ᠋ ᠍ ᠍ ᠍ ᠦᠨ ᠵᠠᠰᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠤᠲᠤᠭ ᠤᠨ ᠬᠥᠷᠥᠰᠥ ᠰᠢᠷᠣᠢ ᠡᠪᠡᠰᠦ ᠤᠷᠭᠤᠮᠠᠯ ᠨᠢ ᠭᠠᠵᠠᠷ ᠲᠠᠷᠢᠶᠠᠯᠠᠩ ᠮᠠᠯ ᠠᠵᠤ ᠠᠬᠤᠢ ᠡᠷᠬᠢᠯᠡᠬᠦ ᠳᠦ ᠲᠤᠩ ᠲᠠᠭᠠᠲᠠᠢ᠃ ᠮᠣᠩᠭᠣᠯ ᠤᠯᠤᠰ ᠤᠨ ᠥᠨᠴᠥᠭ ᠪᠤᠯᠤᠨ ᠪᠦᠷᠢ ᠡᠴᠡ ᠢᠷᠡᠵᠦ ᠰᠠᠭᠤᠷᠢᠭᠰᠠᠨ 2000 ᠭᠠᠷᠤᠨ ᠬᠦᠮᠦᠨ ᠠᠮᠠ ᠲᠠᠢ ᠲᠠᠪᠤᠨ ᠬᠣᠰᠢᠭᠤ ᠮᠠᠯ ᠠᠴᠠ ᠪᠦᠷᠢᠳᠦᠭᠰᠡᠨ 70 ᠭᠠᠷᠤᠢ ᠮᠢᠩᠭᠠᠨ ᠲᠣᠯᠣᠭᠠᠢ ᠮᠠᠯ ᠲᠠᠢ᠂ ᠵᠢᠯ ᠳᠤ ᠪᠡᠨ 5000-10000 ᠣᠷᠴᠢᠮ ᠭᠠ ᠲᠠᠯᠠᠪᠠᠢ ᠳᠤ ᠦᠷ᠎ᠡ ᠲᠠᠷᠢᠶ᠎ᠠ ᠪᠣᠯᠤᠨ ᠲᠥᠮᠥᠰᠥ ᠬᠦᠨᠡᠰᠦᠨ ᠦ ᠨᠣᠭᠣᠭ᠎ᠠ ᠲᠠᠷᠢᠶᠠᠯᠠᠵᠤ ᠪᠠᠶᠢᠨ᠎ᠠ᠃

ᠪᠢᠴᠢᠭᠡᠰᠦ