ᠣᠷᠬᠣᠨ ᠭᠣᠣᠯ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
«ᠣᠷᠬᠣᠨ» ᠦᠭᠡ ᠪᠡᠷ ᠡᠨᠳᠡ ᠬᠣᠯᠪᠣᠭᠳᠠᠯ᠎ᠠ᠃ ᠥᠭᠡᠷ᠎ᠡ ᠵᠦᠢᠯ ᠦᠨ ᠬᠠᠭᠤᠳᠠᠰᠤ ᠶᠢ «ᠣᠷᠬᠣᠨ (ᠰᠠᠯᠠᠭ᠎ᠠ ᠤᠳᠬ᠎ᠠ)» ᠍ ᠠᠴᠠ ᠣᠯᠵᠤ ᠪᠣᠯᠤᠨ᠎ᠠ᠃
ᠣᠷᠬᠣᠨ ᠭᠣᠣᠯ

ᠣᠷᠬᠣᠨ ᠭᠣᠣᠯ ᠤᠨ ᠬᠥᠨᠳᠡᠢ
ᠡᠬᠡ ᠰᠤᠪᠤᠷᠭ᠎ᠠ ᠬᠠᠶᠢᠷᠬᠠᠨ ᠠᠭᠤᠯᠠᠬᠠᠩᠭᠠᠢ ᠶᠢᠨ ᠨᠢᠷᠤᠭᠤ
ᠠᠳᠠᠭ ᠰᠡᠯᠡᠩᠭᠡ ᠮᠥᠷᠡᠨ
ᠤᠰᠤ ᠪᠠᠨ ᠴᠤᠭᠯᠠᠭᠤᠯᠳᠠᠭ ᠣᠷᠣᠨ ᠨᠤᠭᠤᠳ ᠮᠣᠩᠭᠣᠯ ᠮᠣᠩᠭᠣᠯ
ᠪᠠᠶᠢᠷᠢᠰᠢᠯ ᠠᠷᠤᠬᠠᠩᠭᠠᠢᠪᠤᠯᠠᠭᠠᠨᠰᠡᠯᠡᠩᠭᠡ
ᠤᠷᠲᠤ 1124 ᠺᠢᠯᠣᠮᠧᠲ᠋ᠷ
ᠤᠷᠤᠰᠠᠴᠠ ᠍ ᠳᠤᠮᠳᠠᠵᠢ 66 ᠺᠦᠪ ᠮᠧᠲ᠋ᠷ/ᠰᠸᠺᠦ᠋ᠨᠲ
᠍ ᠬᠠᠮᠤᠭ ᠤᠨ ᠶᠡᠬᠡ 190.2 ᠺᠦᠪ ᠮᠧᠲ᠋ᠷ/ᠰᠸᠺᠦ᠋ᠨᠲ᠂ 7 ᠰᠠᠷ᠎ᠠ
᠍ ᠬᠠᠮᠤᠭ ᠤᠨ ᠪᠠᠭ᠎ᠠ 0.5 ᠺᠦᠪ ᠮᠧᠲ᠋ᠷ/ᠰᠸᠺᠦ᠋ᠨᠲ᠂ 2 ᠰᠠᠷ᠎ᠠ
ᠤᠰᠤ ᠴᠤᠭᠯᠠᠭᠤᠯᠬᠤ ᠲᠠᠯᠠᠪᠠᠢ 132835 ᠺᠦᠸᠠᠳ᠋ ᠺᠢᠯᠣᠮᠧᠲ᠋ᠷ
ᠵᠡᠭᠦᠨ ᠴᠢᠳᠬᠤᠯ ᠤᠳ ᠲᠠᠮᠢᠷ ᠤᠨ ᠭᠣᠣᠯ
ᠪᠠᠷᠠᠭᠤᠨ ᠴᠢᠳᠬᠤᠯ ᠤᠳ ᠲᠤᠤᠯᠠ ᠭᠣᠣᠯᠬᠠᠷᠠᠭ᠎ᠠ ᠭᠣᠣᠯ

ᠣᠷᠬᠣᠨ ᠭᠣᠣᠯ ᠨᠢ ᠮᠣᠩᠭᠣᠯ ᠤᠯᠤᠰ ᠤᠨ ᠬᠠᠮᠤᠭ ᠤᠨ ᠤᠷᠲᠤ ᠭᠣᠣᠯ ᠪᠤᠯᠬᠤ ᠶᠤᠮ᠃

ᠬᠠᠩᠭᠠᠢ ᠶᠢᠨ ᠨᠢᠷᠤᠭᠤᠨ ᠤ ᠰᠤᠪᠤᠷᠭ᠎ᠠ ᠬᠠᠶᠢᠷᠬᠠᠨ ᠠᠭᠤᠯᠠ ᠠᠴᠠ ᠡᠬᠢ ᠠᠪᠴᠤ᠂ 1124 ᠺᠢᠯᠣᠮᠧᠲ᠋ᠷ ᠤᠷᠤᠰᠤᠭᠠᠳ᠂ ᠰᠦᠬᠡᠪᠠᠭᠠᠲᠤᠷ ᠬᠣᠲᠠ ᠶᠢᠨ ᠳᠡᠷᠭᠡᠳᠡ ᠰᠡᠯᠡᠩᠭᠡ ᠮᠥᠷᠡᠨ ᠦ ᠪᠠᠷᠠᠭᠤᠨ ᠲᠠᠯ᠎ᠠ ᠪᠡᠷ ᠨᠢ ᠨᠡᠶᠢᠯᠡᠳᠡᠭ ᠬᠠᠮᠤᠭ ᠤᠨ ᠲᠣᠮᠣ ᠴᠢᠳᠬᠤᠯᠠᠩ ᠨᠢ ᠶᠤᠮ᠃ ᠤᠰᠤ ᠪᠠᠨ ᠴᠤᠭᠯᠠᠭᠤᠯᠬᠤ ᠲᠠᠯᠠᠪᠠᠢ ᠨᠢ 132835 ᠺᠦᠸᠠᠳ᠋ ᠺᠢᠯᠣᠮᠧᠲ᠋ᠷ ᠪᠥᠭᠡᠳ ᠡᠨᠡ ᠨᠢ ᠰᠡᠯᠡᠩᠭᠡ ᠮᠦᠷᠡᠨ ᠤ ᠤᠰᠤ ᠪᠠᠨ ᠴᠤᠭᠯᠠᠭᠤᠯᠬᠤ ᠲᠠᠯᠠᠪᠠᠢ ᠶᠢᠨ 47% ᠪᠣᠯᠤᠨ᠎ᠠ᠃ ᠣᠷᠬᠣᠨ ᠭᠣᠣᠯ ᠤᠨ ᠡᠬᠢᠨ ᠦ ᠬᠡᠰᠡᠭ ᠢ ᠬᠠᠩᠭᠠᠢ ᠶᠢᠨ ᠨᠢᠷᠤᠭᠤᠨ ᠤ ᠪᠠᠶᠢᠭᠠᠯᠢ ᠶᠢᠨ ᠴᠣᠭᠴᠠᠯᠠᠪᠤᠷᠢᠳᠤ ᠭᠠᠵᠠᠷ ᠲᠤ ᠪᠠᠭᠲᠠᠭᠠᠭᠰᠠᠨ ᠶᠤᠮ᠃

ᠣᠷᠬᠣᠨ ᠭᠤᠤᠯ ᠨᠢ ᠡᠬᠢᠨ ᠦ ᠬᠡᠰᠡᠭ ᠲᠦ ᠪᠡᠨ ᠤᠯᠢᠶᠠᠰᠤᠲᠠᠢ ᠭᠣᠣᠯᠴᠠᠭᠠᠨ ᠭᠡᠭᠦᠦᠳᠦ ᠭᠣᠣᠯᠲᠣᠩᠭᠣᠷᠠᠭ ᠭᠣᠣᠯᠴᠠᠭᠠᠨ ᠭᠣᠣᠯᠤᠯᠠᠭᠠᠨ ᠭᠣᠣᠯ ᠵᠡᠷᠭᠡ ᠣᠯᠠᠨ ᠭᠣᠣᠯ ᠤᠳ ᠢ ᠨᠡᠶᠢᠯᠡᠭᠦᠯᠵᠦ ᠠᠪᠳᠠᠭ᠃ ᠮᠥᠨ ᠵᠢᠭᠠᠬᠠᠨ ᠳᠣᠭᠣᠭᠰᠢᠯᠠᠭᠠᠳ ᠵᠡᠭᠦᠨ ᠲᠠᠯ᠎ᠠ ᠠᠴᠠ ᠪᠠᠨ ᠲᠠᠮᠢᠷ ᠭᠣᠣᠯᠬᠠᠪᠴᠢᠭᠤ ᠭᠣᠣᠯ᠂ ᠪᠠᠷᠠᠭᠤᠨ ᠭᠠᠷ ᠠᠴᠠ ᠪᠠᠨ ᠨᠠᠷᠢᠨ ᠭᠣᠣᠯ (ᠬᠥᠭᠰᠢᠨ ᠣᠷᠬᠣᠨ)᠂ ᠲᠤᠤᠯᠠ ᠭᠣᠣᠯᠬᠠᠷᠠᠭ᠎ᠠ ᠭᠣᠣᠯᠢᠷᠦᠭᠡ ᠭᠣᠣᠯᠰᠢᠷ᠎ᠠ ᠶᠢᠨ ᠭᠣᠣᠯ ᠵᠡᠷᠭᠡ ᠣᠯᠠᠨ ᠭᠣᠣᠯ ᠢ ᠨᠡᠶᠢᠯᠡᠭᠦᠯᠳᠡᠭ᠃

ᠡᠬᠢᠨ  ᠤ ᠬᠡᠰᠡᠭ ᠲᠦ ᠪᠡᠨ ᠠᠭᠤᠯᠠᠷᠬᠠᠭ ᠭᠠᠵᠠᠷ ᠢᠶᠠᠷ ᠤᠷᠤᠰᠳᠠᠭ ᠂ ᠬᠥᠨᠳᠡᠶ ᠳᠤ ᠪᠠᠨ ᠬᠦᠷᠮᠡᠨ ᠴᠢᠯᠠᠭᠤᠨ ᠭᠦᠨ ᠬᠠᠪᠴᠢᠯ ᠲᠠᠢ᠃ ᠠᠳᠠᠭ ᠬᠡᠰᠡᠭ ᠲᠦ ᠪᠡᠨ ᠶᠡᠬᠡ ᠥᠷᠭᠡᠨ ᠪᠣᠯᠳᠠᠭ᠃ ᠲᠤᠤᠯᠠ ᠭᠣᠣᠯ ᠨᠡᠶᠢᠯᠡᠭᠰᠡᠨ ᠦ ᠳᠠᠷᠠᠭ᠎ᠠ ᠣᠷᠬᠣᠨ ᠭᠣᠣᠯ ᠨᠢ ᠣᠯᠠᠨ ᠰᠠᠯᠠᠭ᠎ᠠ ᠪᠣᠯᠵᠤ ᠤᠷᠤᠰᠳᠠᠭ᠃ ᠭᠣᠣᠯ ᠤᠨ ᠥᠷᠭᠡᠨ ᠨᠢ ᠶᠡᠬᠡᠰᠦᠭᠰᠡᠭᠡᠷ 150 ᠮᠸᠲ᠋ᠷ ᠬᠦᠷᠦᠨ᠎ᠡ᠃ ᠢᠷᠦᠭᠡ ᠭᠣᠣᠯ ᠲᠠᠢ ᠨᠡᠶᠢᠯᠡᠭᠰᠡᠨ ᠡᠴᠡ ᠬᠣᠶᠢᠰᠢ ᠤᠰᠤᠨ ᠤ ᠲᠦᠪᠰᠢᠨ ᠨᠢ ᠬᠤᠷᠳᠤᠨ ᠳᠡᠭᠡᠭᠰᠢᠯᠡᠳᠡᠭ᠃ ᠣᠷᠬᠣᠨ ᠤ ᠬᠥᠨᠳᠡᠢ ᠨᠢ ᠨᠤᠭᠤ ᠲᠠᠢ᠂ ᠲᠠᠷᠢᠶᠠᠯᠠᠩ ᠤᠨ ᠶᠡᠬᠡᠬᠡᠨ ᠲᠠᠯᠠᠪᠠᠢ ᠲᠠᠢ᠃ ᠡᠷᠳᠡᠨᠢ-ᠵᠤᠤ (ᠥᠪᠦᠷᠬᠠᠩᠭᠠᠢ) ᠣᠷᠴᠢᠮ ᠳᠤ ᠣᠷᠬᠣᠨ ᠤ ᠤᠰᠤ ᠶᠢ ᠤᠰᠤᠯᠠᠯᠲᠠ ᠳᠤ ᠠᠰᠢᠭᠯᠠᠳᠠᠭ᠃ ᠡᠨᠳᠡ 8150 ᠾᠧᠺᠲ᠋ᠠᠷ ᠲᠠᠯᠠᠪᠠᠢ ᠶᠢ ᠤᠰᠤᠯᠠᠬᠤ ᠴᠢᠳᠠᠯ ᠲᠠᠢ ᠤᠰᠤᠯᠠᠯᠲᠠ ᠶᠢᠨ ᠰᠢᠰᠲ᠋ᠧᠮ ᠦᠨ ᠰᠤᠪᠠᠭ ᠪᠠᠶᠢᠳᠠᠭ᠃ ᠰᠤᠪᠠᠭ ᠳᠡᠭᠡᠷ᠎ᠡ ᠨᠢ 528 ᠺᠢᠯᠣᠸᠠᠲ ᠴᠢᠳᠠᠯ ᠲᠠᠢ ᠤᠰᠤᠨ ᠴᠠᠬᠢᠯᠭᠠᠨ ᠦᠷᠲᠡᠭᠡ ᠪᠤᠢ᠃ ᠡᠨᠡ ᠪᠣᠯ ᠮᠤᠩᠭᠤᠯ ᠤᠯᠤᠰ ᠤᠨ ᠠᠩᠬᠠᠨ ᠤ ᠤᠰᠤᠨ ᠴᠠᠬᠢᠯᠭᠠᠨ ᠦᠷᠲᠡᠭᠡ ᠪᠤᠯᠤᠨ᠎ ᠠ᠃ ᠣᠷᠬᠣᠨ ᠭᠣᠣᠯ ᠢ ᠲᠤᠤᠯᠠ ᠶᠢᠨ ᠠᠳᠠᠭ ᠬᠦᠷᠲᠡᠯ᠎ᠡ ᠤᠰᠤᠨ ᠵᠠᠮ ᠳᠤ ᠠᠰᠢᠭᠯᠠᠵᠤ ᠪᠣᠯᠤᠨ᠎ᠠ ᠭᠡᠵᠦ ᠦᠵᠡᠳᠡᠭ᠃ ᠬᠥᠨᠳᠡᠢ ᠨᠢ ᠶᠡᠬᠡ ᠥᠷᠭᠡᠰᠴᠦ 10 ᠺᠢᠯᠣᠮᠧᠲ᠋ᠷ᠂ ᠭᠣᠣᠯ ᠤᠨ ᠥᠷᠭᠡᠨ ᠨᠢ 250 ᠮᠸᠲ᠋ᠷ᠂ ᠤᠰᠤᠨ ᠤ ᠭᠦᠨ ᠨᠢ 3.5 ᠮᠸᠲ᠋ᠷ᠂ ᠤᠷᠤᠰᠬᠠᠯ ᠤᠨ ᠬᠤᠷᠳᠤᠴᠠ ᠨᠢ 2.5 ᠮᠸᠲ᠋ᠷ/ᠰᠸᠺᠦ᠋ᠨᠲ ᠬᠦᠷᠦᠨ᠎ᠡ᠃ ᠤᠰᠤᠨ ᠤ ᠰᠦᠯᠵᠢᠶᠡᠨ ᠦ ᠨᠢᠭᠲᠠᠰᠢᠯ ᠨᠢ 0.08 ᠺᠢᠯᠣᠮᠧᠲ᠋ᠷ ᠪᠠᠶᠢᠳᠠᠭ᠃

ᠣᠷᠬᠣᠨ ᠭᠣᠣᠯ ᠨᠢ 11 ᠍ᠳ᠋ᠦᠭᠡᠷ ᠰᠠᠷ᠎ᠠ ᠳᠤ ᠬᠦᠯᠳᠡᠵᠦ᠂ 130 ᠣᠷᠴᠢᠮ ᠬᠣᠨᠣᠭ ᠬᠥᠯᠳᠡᠭᠦᠦ ᠪᠠᠶᠢᠨ᠎ᠠ᠃ ᠭᠦᠨ ᠨᠢ 3.5 ᠮᠸᠲ᠋ᠷ᠂ ᠤᠷᠤᠰᠬᠠᠯ ᠤᠨ ᠬᠤᠷᠳᠤᠴᠠ ᠨᠢ 2.5 ᠮᠸᠲ᠋ᠷ/ᠰᠸᠺᠦ᠋ᠨᠲ ᠬᠦᠷᠦᠨ᠎ᠡ᠃ ᠣᠷᠬᠣᠨ ᠤ ᠠᠳᠠᠭ ᠨᠢ (ᠰᠦᠬᠡᠪᠠᠭᠠᠲᠤᠷ ᠬᠣᠲᠠ  ᠶᠢᠨ ᠣᠷᠴᠢᠮ ᠳᠤ) 602 ᠮᠸᠲ᠋ᠷ ᠥᠨᠳᠥᠷ ᠲᠦ ᠪᠠᠶᠢᠳᠠᠭ᠃ ᠠᠳᠠᠭ ᠤᠷᠴᠢᠮ ᠤᠨ ᠤᠰᠤᠨ ᠤ ᠳᠤᠮᠳᠠᠴᠢ ᠤᠷᠤᠰᠤᠨ ᠥᠩᠭᠡᠷᠡᠯᠲᠡ ᠨᠢ 116 ᠺᠦᠪ ᠮᠧᠲ᠋ᠷ/ᠰᠸᠺᠦ᠋ᠨᠲ᠂ ᠤᠷᠤᠰᠤᠴᠠ ᠶᠢᠨ ᠮᠣᠳᠣᠯ 0.76 ᠺᠢᠯᠤᠮᠸᠲ᠋ᠷ/ᠰᠸᠺᠦ᠋ᠨᠲ ᠪᠣᠯᠳᠠᠭ᠃ ᠤᠰᠤᠯᠠᠯᠲᠠ ᠳᠤ ᠠᠰᠢᠭᠯᠠᠳᠠᠭ᠃ ᠣᠷᠬᠣᠨ ᠳᠤ ᠵᠢᠪᠡᠭᠡ᠂ ᠴᠤᠷᠬᠠᠢ᠂ ᠪᠢᠯᠠᠭᠤ ᠴᠠᠭᠠᠨ᠂ ᠠᠯᠠᠭᠠᠨ᠎ᠠ᠂ ᠭᠤᠲᠤᠷ᠎ᠠ ᠵᠡᠷᠭᠡ ᠵᠢᠭᠠᠰᠤ ᠤᠳ ᠪᠤᠢ᠃ ᠣᠷᠬᠣᠨ ᠭᠣᠣᠯ ᠨᠢ ᠠᠷᠪᠠᠨ ᠨᠠᠶ᠋ᠮᠠᠳᠤᠭᠠᠷ ᠵᠠᠭᠤᠨ ᠤ《ᠬᠠᠯᠬ᠎ᠠ ᠵᠢᠷᠤᠮ》ᠬᠠᠤᠯᠢ ᠪᠠᠷ ᠬᠦᠷᠢᠶᠡᠨ ᠦ ᠣᠷᠴᠢᠮ ᠠᠴᠠ ᠠᠮᠢᠲᠠᠨ ᠠᠩᠨᠠᠬᠤ ᠶᠢ ᠬᠣᠷᠢᠭᠯᠠᠭᠰᠠᠨ ᠭᠠᠵᠠᠷ ᠢ ᠴᠠᠭᠠᠳᠤ ᠬᠢᠯᠢ ᠭᠡᠵᠦ ᠪᠠᠶᠢᠪᠠ᠃

ᠲᠡᠦᠬᠡ ᠶᠢᠨ ᠪᠠᠷᠢᠮᠲᠠ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠷᠬᠣᠨ ᠭᠣᠣᠯ ᠤᠨ ᠬᠥᠨᠳᠡᠢ ᠨᠢ ᠡᠷᠲᠡᠨ ᠦ ᠮᠣᠩᠭᠣᠯ ᠣᠷᠣᠨ ᠤ ᠨᠤᠲᠤᠭ ᠳᠡᠪᠢᠰᠬᠡᠷ ᠦᠨ ᠬᠤᠪᠢ ᠳᠤ ᠬᠦᠮᠦᠨ ᠠᠮᠠ ᠲᠥᠪᠯᠡᠷᠡᠨ ᠰᠠᠭᠤᠬᠤ ᠬᠠᠮᠤᠭ ᠤᠨ ᠲᠣᠬᠢᠷᠠᠮᠵᠢᠲᠠᠢ ᠪᠥᠰᠡ ᠨᠤᠲᠤᠭ ᠤᠳ ᠤᠨ ᠨᠢᠭᠡ ᠪᠠᠶᠢᠭᠰᠠᠨ ᠪᠠᠶᠢᠨ᠎ᠠ᠃ ᠡᠶᠢᠮᠦ ᠤᠴᠢᠷ ᠠᠴᠠ ᠡᠨᠳᠡ ᠡᠷᠲᠡᠨ ᠦ ᠲᠦᠷᠦᠭ᠂ ᠤᠶᠢᠭᠤᠷ ᠪᠣᠯᠤᠨ ᠬᠢᠷᠭᠢᠰ ᠦᠨ ᠬᠠᠭᠠᠨᠲᠤ ᠤᠯᠤᠰ ᠤᠳ ᠤᠨ ᠲᠥᠪ ᠰᠠᠭᠤᠷᠢᠨ ᠭᠠᠵᠠᠷ ᠨᠡᠶᠢᠰᠯᠡᠯ ᠬᠣᠲᠠ ᠨᠤᠭᠤᠳ ᠨᠢ ᠪᠠᠶᠢᠭᠰᠠᠨ ᠪᠣᠯᠬᠤ ᠨᠢ ᠠᠷᠬᠧᠣᠯᠣᠭᠢ ᠶᠢᠨ ᠰᠤᠳᠤᠯᠭ᠎ᠠ ᠪᠠᠷ ᠪᠠᠲᠤᠯᠠᠭᠳᠠᠵᠠᠢ᠃ ᠲᠡᠭᠦᠨ ᠡᠴᠡ ᠭᠠᠳᠠᠨ᠎ᠠ ᠣᠷᠬᠣᠨ ᠤ ᠬᠥᠨᠳᠡᠢ ᠳᠤ ᠶᠡᠬᠡ ᠮᠣᠩᠭᠣᠯ ᠤᠯᠤᠰ ᠤᠨ ᠨᠡᠶᠢᠰᠯᠡᠯ ᠬᠠᠷᠠᠬᠣᠷᠢᠨ ᠬᠣᠲᠠ ᠶᠢᠨ ᠪᠠᠭᠤᠷᠢ ᠪᠠᠶᠢᠳᠠᠭ᠃ ᠮᠥᠨ ᠣᠷᠬᠣᠨ ᠤ ᠬᠥᠨᠳᠡᠢ ᠡᠴᠡ ᠡᠷᠲᠡᠨ ᠦ ᠾᠦᠩᠨᠦ ᠶᠢᠨ ᠦᠶ᠎ᠡ ᠶᠢᠨ ᠠᠷᠬᠧᠣᠯᠣᠭᠢ ᠶᠢᠨ ᠣᠯᠳᠠᠪᠤᠷᠢ ᠬᠦᠷᠲᠡᠯ᠎ᠡ ᠣᠯᠳᠠᠳᠠᠭ ᠪᠠᠶᠢᠨ᠎ᠠ᠃ ᠶᠡᠷᠦ ᠨᠢ ᠣᠷᠬᠣᠨ ᠤ ᠬᠥᠨᠳᠡᠢ ᠨᠢ ᠮᠣᠩᠭᠣᠯ ᠣᠷᠣᠨ ᠤ ᠲᠡᠦᠬᠡ ᠰᠤᠶᠤᠯ ᠤᠨ ᠲᠡᠳᠦᠢ ᠦᠭᠡᠢ ᠳᠡᠯᠡᠬᠡᠢ ᠶᠢᠨ ᠬᠦᠮᠦᠨ ᠲᠥᠷᠥᠯᠬᠢᠲᠡᠨ ᠦ ᠲᠡᠦᠬᠡ ᠰᠤᠶᠤᠯ ᠤᠨ ᠳᠤᠷᠠᠰᠬᠠᠯ ᠤᠨ ᠬᠤᠪᠢ ᠳᠤ ᠦᠨᠡᠯᠡᠵᠦ ᠪᠠᠷᠠᠰᠢ ᠦᠭᠡᠢ ᠦᠨᠡᠲᠦ ᠥᠪ ᠲᠤᠯᠠ 2004 ᠤᠨ ᠳᠤ ᠣᠷᠬᠣᠨ ᠤ ᠬᠥᠨᠳᠡᠢ ᠶᠢᠨ ᠰᠤᠶᠤᠯ ᠤᠨ ᠳᠤᠷᠠᠰᠬᠠᠯ ᠍ ᠢ United Nations Educational Scientific and Cultural Organization ᠳᠡᠯᠡᠬᠡᠢ ᠶᠢᠨ ᠥᠪ ᠪᠣᠯᠭᠠᠨ ᠪᠦᠷᠢᠳᠬᠡᠵᠡᠢ᠃

ᠣᠷᠬᠣᠨ ᠭᠣᠣᠯ ᠤᠨ ᠤᠯᠠᠭᠠᠨ ᠴᠢᠳᠬᠤᠯᠠᠩ ᠤᠨ ᠬᠦᠷᠬᠢᠷ᠎ᠡ

ᠭᠠᠳᠠᠨ᠎ᠠ ᠶᠢᠨ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ