ᠣᠷᠣᠰ ᠤᠨ ᠬᠣᠯᠪᠣᠭᠠᠨ ᠤ 21 ᠪᠦᠭᠦᠳᠡ ᠨᠠᠶᠢᠷᠠᠮᠳᠠᠬᠤ ᠤᠯᠤᠰ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠣᠷᠣᠰ ᠤᠨ ᠬᠣᠯᠪᠣᠭᠠᠨ ᠤ ᠤᠯᠤᠰ ᠍ ᠤᠨ ᠣᠯᠠᠨ ᠱᠠᠲᠤᠯᠠᠭᠰᠠᠨ ᠵᠠᠰᠠᠭ ᠵᠠᠬᠢᠷᠭᠠᠨ ᠤ ᠬᠤᠪᠢᠶᠠᠷᠢ ᠶᠢᠨ ᠨᠢᠭᠡᠳᠦᠭᠡᠷ ᠵᠡᠷᠭᠡ ᠪᠤᠶᠤ ᠳᠡᠭᠡᠳᠦ ᠲᠦᠪᠰᠢᠨ᠂ ᠦᠨᠳᠦᠰᠦᠨ᠂ ᠲᠣᠮᠣ 83 ᠬᠣᠯᠪᠣᠭᠠᠨ ᠤ ᠮᠠᠬᠠᠪᠣᠳ ᠤᠨ 21 ᠨᠢ ᠪᠦᠭᠦᠳᠡ ᠨᠠᠶᠢᠷᠠᠮᠳᠠᠬᠤ ᠤᠯᠤᠰ (ᠣᠷᠣᠰ ᠢᠶᠠᠷ ᠷᠧᠰᠫᠦᠪᠯᠢᠺᠠ) ᠭᠡᠬᠦ ᠨᠢᠭᠡᠴᠡ ᠶᠢᠨ ᠨᠤᠲᠤᠭ ᠪᠢᠯᠡ᠃

ᠡᠨᠡ ᠨᠢ ᠪᠦᠬᠦ ᠬᠦᠮᠦᠨ ᠠᠮᠠ ᠶᠢᠨ ᠳᠣᠲᠣᠷ᠎ᠠ ᠣᠷᠣᠰ ᠦᠨᠳᠦᠰᠦᠲᠡᠨ ᠡᠴᠡ ᠬᠠᠷᠢᠴᠠᠩᠭᠤᠢ ᠴᠥᠭᠡᠨ ᠲᠣᠭᠠᠲᠠᠢ ᠪᠣᠯᠪᠠᠴᠤ ᠲᠣᠳᠣᠷᠬᠠᠢ ᠣᠷᠣᠨ ᠨᠤᠲᠤᠭ ᠲᠤ ᠠᠩᠬᠠᠷᠤᠮᠠᠷ ᠣᠯᠠᠭᠤᠯᠠ ᠪᠠᠨ ᠠᠮᠢᠳᠤᠷᠠᠭᠰᠠᠭᠠᠷ ᠢᠷᠡᠭᠰᠡᠨ ᠲᠠᠲ᠋ᠠᠷᠴᠤᠸᠠᠰᠪᠠᠱᠺᠢᠷ ᠭᠡᠬᠦ ᠮᠡᠲᠦ ᠭᠤᠴᠢᠭᠠᠳ ᠠᠷᠠᠳ ᠲᠦᠮᠡᠨ ᠳᠦ ᠭᠣᠣᠯ ᠨᠤᠲᠤᠭ ᠲᠤ ᠨᠢ ᠥᠪᠡᠷᠲᠡᠭᠡᠨ ᠵᠠᠰᠠᠬᠤ ᠡᠷᠬᠡ ᠡᠳ᠋ᠯᠡᠭᠦᠯᠵᠦ ᠪᠤᠢ ᠬᠡᠯᠪᠡᠷᠢ ᠶᠤᠮ᠃ ᠤᠯᠤᠰ ᠳᠣᠲᠣᠷ᠎ᠠ ᠠᠬᠢᠶᠠᠳ ᠤᠯᠤᠰ ᠪᠠᠶᠢᠳᠠᠭ ᠡᠶᠢᠮᠦ ᠲᠣᠬᠢᠶᠠᠯᠳᠤᠯ ᠳᠡᠯᠡᠬᠡᠢ ᠳᠦ ᠥᠭᠡᠷ᠎ᠡ (ᠤᠷᠢᠳᠤ ᠨᠢ ᠵᠥᠪᠯᠡᠯᠲᠦ ᠬᠣᠯᠪᠣᠭᠠᠲᠤ ᠤᠯᠤᠰ ᠍ ᠳᠦ ᠪᠠᠶᠢᠭᠰᠠᠨ) ᠪᠠᠶᠢᠬᠤ ᠦᠭᠡᠢ᠃

ᠰᠣᠩᠭᠣᠭᠳᠠᠭᠰᠠᠨ ᠠᠷᠠᠳ ᠲᠦᠮᠡᠨ ᠦ ᠨᠡᠷ᠎ᠡ ᠪᠡᠷ ᠤᠯᠤᠰ ᠢ ᠣᠪᠤᠭᠯᠠᠨ᠎ᠠ᠃

ᠳᠠᠪᠠᠭᠤ ᠪᠠᠶᠢᠳᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠦᠭᠦᠳᠡ ᠨᠠᠶᠢᠷᠠᠮᠳᠠᠬᠤ ᠤᠯᠤᠰ ᠨᠢ ᠮᠤᠵᠢᠬᠢᠵᠠᠭᠠᠷ ᠭᠡᠬᠦ ᠮᠡᠲᠦ ᠠᠳᠠᠯᠢ ᠵᠡᠷᠭᠡ ᠶᠢᠨ ᠣᠷᠣᠰ ᠤᠨ ᠬᠣᠯᠪᠣᠭᠠᠨ ᠤ ᠨᠢᠭᠡᠴᠡ ᠡᠴᠡ ᠢᠯᠭᠠᠭ᠎ᠠ ᠲᠠᠢ ᠨᠢ ᠥᠪᠡᠷ ᠦᠨ ᠨᠡᠷ᠎ᠡ ᠶᠢᠨ ᠦᠨᠳᠦᠰᠦᠲᠡᠨ᠂ ᠶᠠᠰᠤᠲᠠᠨ ᠤ ᠬᠡᠯᠡ ᠶᠢ ᠠᠯᠪᠠᠨ ᠶᠣᠰᠣᠨ ᠤ ᠬᠡᠯᠡ ᠪᠣᠯᠭᠠᠵᠤ᠂ ᠦᠨᠳᠦᠰᠦᠨ ᠬᠠᠤᠯᠢ ᠪᠠᠲᠤᠯᠠᠬᠤ ᠡᠷᠬᠡ ᠲᠡᠢ᠃[1] ᠶᠡᠬᠡᠩᠬᠢ ᠤᠯᠤᠰ ᠤᠨ ᠲᠡᠷᠢᠭᠦᠨ ᠨᠢ ᠶᠡᠷᠦᠩᠬᠡᠶᠢᠯᠡᠭᠴᠢ ᠭᠡᠵᠦ ᠴᠣᠯᠠᠯᠠᠭᠤᠯᠳᠠᠭ᠃ ᠲᠠᠲᠠᠷᠠᠰᠤᠲᠠᠨᠪᠠᠰᠺᠣᠲᠣᠰᠲ᠋ᠠᠨ ᠬᠣᠶᠠᠷ ᠬᠦᠮᠦᠨ ᠠᠮᠠ ᠶᠢᠨ ᠲᠣᠭ᠎ᠠ ᠪᠠᠷ᠂ ᠴᠧᠴᠡᠨᠢᠢᠩᠬᠤᠱᠧᠲ ᠬᠣᠶᠠᠷ ᠨᠡᠷ᠎ᠡ ᠶᠢᠨ ᠢᠶᠡᠨ ᠠᠷᠤ ᠳᠤ ᠲᠦᠮᠡᠨ ᠦ ᠡᠵᠡᠯᠡᠬᠦ ᠬᠤᠪᠢᠶᠠᠷᠢ ᠠᠷᠠᠢ ᠳᠠᠪᠠᠭᠤ ᠪᠠᠶᠢᠭ᠎ᠠ᠃

ᠬᠦᠮᠦᠨ ᠠᠮᠠ ᠶᠢᠨ ᠬᠠᠷᠢᠴᠠᠭᠤᠯᠤᠯᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠦᠭᠦᠳᠡ ᠨᠠᠶᠢᠷᠠᠮᠳᠠᠬᠤ ᠤᠯᠤᠰ ᠍ ᠤᠨ ᠨᠡᠷ᠎ᠡ ᠠᠯᠢ ᠲᠢᠪ ᠲᠦ ᠪᠤᠢ ᠰᠣᠩᠭᠣᠭᠳᠠᠭᠰᠠᠨ ᠠᠷᠠᠳ ᠲᠦᠮᠡᠨ1 ᠰᠣᠩᠭᠣᠭᠳᠠᠭᠰᠠᠨ ᠠᠷᠠᠳ ᠲᠦᠮᠡᠨ ᠦ ᠬᠡᠯᠡ ᠤᠭᠰᠠᠭ᠎ᠠ ᠪᠦᠭᠦᠳᠡ ᠨᠠᠶᠢᠷᠠᠮᠳᠠᠬᠤ ᠤᠯᠤᠰ ᠍ ᠤᠨ ᠬᠦᠮᠦᠨ ᠠᠮᠠ ᠳᠤ ᠰᠣᠩᠭᠣᠭᠳᠠᠭᠰᠠᠨ ᠠᠷᠠᠳ ᠲᠦᠮᠡᠨ ᠦ ᠡᠵᠡᠯᠡᠬᠦ ᠬᠤᠪᠢ (2010) ᠪᠦᠭᠦᠳᠡ ᠨᠠᠶᠢᠷᠠᠮᠳᠠᠬᠤ ᠤᠯᠤᠰ ᠍ ᠶᠢᠨ ᠬᠦᠮᠦᠨ ᠠᠮᠠ ᠳᠤ ᠣᠷᠣᠰ ᠦᠨᠳᠦᠰᠦᠲᠡᠨ (2010) ᠪᠦᠬᠦ ᠬᠦᠮᠦᠨ ᠠᠮᠠ (2010)4
ᠠᠳ᠋ ᠍ ᠢᠧᠢ ᠧᠦ᠋ᠷᠣᠫᠠ ᠠᠳ᠋ ᠍ ᠢᠧᠢ ᠶᠠᠰᠤᠲᠠᠨ ᠺᠠᠸᠬᠠᠰ ᠤᠨ ᠬᠢᠨ 25.2% 63.6% 440,388
ᠠᠯᠲᠠᠢ ᠠᠽᠢᠶ᠎ᠠ ᠠᠯᠲᠠᠢ ᠶᠠᠰᠤᠲᠠᠨ ᠲᠦᠷᠦᠭ ᠪᠦᠯᠦᠭ ᠦᠨ 34.5% 56.6% 206,195
ᠠᠷᠤ ᠣᠰᠧᠲ-ᠠᠯᠠᠨ ᠧᠦ᠋ᠷᠣᠫᠠ ᠣᠰᠧᠲ ᠶᠠᠰᠤᠲᠠᠨ ᠢᠷᠡᠨ ᠤᠭᠰᠠᠭᠠᠲᠠᠨ 65.1% 20.8% 712,877
ᠪᠠᠰᠺᠣᠲᠣᠰᠲ᠋ᠠᠨ ᠧᠦ᠋ᠷᠣᠫᠠ ᠪᠠᠱᠺᠢᠷ ᠶᠠᠰᠤᠲᠠᠨ ᠲᠦᠷᠦᠭ ᠤᠭᠰᠠᠭᠠᠲᠠᠨ 29.5% 36.1% 4,072,102
ᠪᠤᠷᠢᠶᠠᠳ ᠠᠽᠢᠶ᠎ᠠ ᠪᠤᠷᠢᠶᠠᠳ ᠶᠠᠰᠤᠲᠠᠨ ᠮᠣᠩᠭᠣᠯ ᠤᠭᠰᠠᠭᠠᠲᠠᠨ 30.0% 66.1% 972,658
ᠳᠠᠭᠧᠰᠲ᠋ᠠᠨ ᠧᠦ᠋ᠷᠣᠫᠠ ᠨᠤᠲᠤᠭ ᠤᠨ 10
ᠥᠭᠡᠷ᠎ᠡ ᠶᠠᠰᠤᠲᠠᠨ2
ᠶᠡᠬᠡᠩᠬᠢ ᠨᠢ ᠺᠠᠸᠬᠠᠰ ᠤᠨ ᠬᠢᠨ 88.0% 3.6% 2,576,531
ᠢᠩᠬᠤᠱᠧᠲ ᠧᠦ᠋ᠷᠣᠫᠠ ᠢᠩᠬᠤᠱ ᠶᠠᠰᠤᠲᠠᠨ ᠺᠠᠸᠬᠠᠰ ᠤᠨ ᠬᠢᠨ 94.1% 0.8% 467,294
ᠺᠠᠪᠠᠷᠳ᠋-ᠪᠠᠯᠺᠠᠷ ᠧᠦ᠋ᠷᠣᠫᠠ ᠺᠠᠪᠠᠷᠲᠠᠢ ᠶᠠᠰᠤᠲᠠᠨᠪᠠᠯᠺᠠᠷ ᠶᠠᠰᠤᠲᠠᠨ ᠺᠠᠪᠠᠷᠳ᠋ - ᠺᠠᠸᠬᠠᠰ᠂ ᠪᠠᠯᠺᠠᠷ - ᠲᠦᠷᠦᠭ 69.9% (ᠺᠠᠪᠠᠷᠳ᠋ 57.2%,
ᠪᠠᠯᠺᠠᠷ 12.7%)
22.5% 859,802
ᠺᠠᠷᠠᠴᠢᠶ᠎ᠠ-ᠴᠧᠷᠺᠧᠰ ᠧᠦ᠋ᠷᠣᠫᠠ ᠺᠠᠷᠠᠴᠢᠶ᠎ᠠ ᠶᠠᠰᠤᠲᠠᠨᠴᠧᠷᠺᠧᠰ ᠶᠠᠰᠤᠲᠠᠨ ᠺᠠᠷᠠᠴᠢᠶ᠎ᠠ - ᠲᠦᠷᠦᠭ᠂ ᠴᠧᠷᠺᠧᠰ - ᠺᠠᠸᠬᠠᠰ 52.9% (ᠺᠠᠷᠠᠴᠢᠶ᠎ᠠ 41.0%,
ᠴᠧᠷᠺᠧᠰ 11.9%)
31.6% 478,517
ᠺᠠᠷᠧᠯ ᠧᠦ᠋ᠷᠣᠫᠠ ᠺᠠᠷᠧᠯ ᠶᠠᠰᠤᠲᠠᠨ ᠤᠷᠠᠯ ᠪᠦᠯᠦᠭ ᠦᠨ 7.4% 82.2% 643,548
ᠺᠣᠮᠢ ᠧᠦ᠋ᠷᠣᠫᠠ ᠺᠣᠮᠢ ᠶᠠᠰᠤᠲᠠᠨ ᠤᠷᠠᠯ ᠪᠦᠯᠦᠭ ᠦᠨ 23.7% 65.1% 901,189
ᠮᠠᠷᠢ ᠡᠯ᠎ᠡ ᠧᠦ᠋ᠷᠣᠫᠠ ᠮᠠᠷᠢ ᠶᠠᠰᠤᠲᠠᠨ ᠤᠷᠠᠯ ᠪᠦᠯᠦᠭ ᠦᠨ 43.9% 47.4% 696,357
ᠮᠣᠷᠳᠠᠪᠠ ᠧᠦ᠋ᠷᠣᠫᠠ ᠮᠣᠷᠳᠠᠪᠠ ᠶᠠᠰᠤᠲᠠᠨ ᠤᠷᠠᠯ ᠪᠦᠯᠦᠭ ᠦᠨ 40.0% 53.4% 834,819
ᠰᠠᠬᠠ ᠠᠽᠢᠶ᠎ᠠ ᠰᠠᠬᠠ ᠶᠠᠰᠤᠲᠠᠨ ᠲᠦᠷᠦᠭ ᠤᠭᠰᠠᠭᠠᠲᠠᠨ 49.9% 37.8% 958,291
ᠲᠠᠲᠠᠷᠠᠰᠤᠲᠠᠨ ᠧᠦ᠋ᠷᠣᠫᠠ ᠲᠠᠲ᠋ᠠᠷ ᠦᠨᠳᠦᠰᠦᠲᠡᠨ ᠲᠦᠷᠦᠭ ᠤᠭᠰᠠᠭᠠᠲᠠᠨ 53.2% 39.7% 3,786,358
ᠲᠤᠸᠠ ᠠᠽᠢᠶ᠎ᠠ ᠲᠤᠸᠠ ᠶᠠᠰᠤᠲᠠᠨ ᠲᠦᠷᠦᠭ ᠪᠦᠯᠦᠭ ᠦᠨ 82.0% 16.3% 307,930
ᠤᠳᠤᠮᠤᠷ ᠲᠤ ᠧᠦ᠋ᠷᠣᠫᠠ ᠤᠳᠤᠮᠤᠷ ᠲᠤ ᠶᠠᠰᠤᠲᠠᠨ ᠤᠷᠠᠯ ᠪᠦᠯᠦᠭ ᠦᠨ 28.0% 62.2% 1,522,761
ᠴᠧᠴᠡᠨᠢ ᠧᠦ᠋ᠷᠣᠫᠠ ᠴᠧᠴᠡᠨᠢ ᠶᠠᠰᠤᠲᠠᠨ ᠺᠠᠸᠬᠠᠰ ᠤᠨ ᠪᠦᠯᠦᠭ 95.3% 1.9% 1,103,686
ᠴᠤᠸᠠᠰ ᠧᠦ᠋ᠷᠣᠫᠠ ᠴᠤᠸᠠᠰ ᠶᠠᠰᠤᠲᠠᠨ ᠲᠦᠷᠦᠭ ᠤᠭᠰᠠᠭᠠᠲᠠᠨ 67.7% 26.9% 1,251,599
ᠬᠠᠯᠢᠮᠠᠭ ᠧᠦ᠋ᠷᠣᠫᠠ ᠬᠠᠯᠢᠮᠠᠭ ᠶᠠᠰᠤᠲᠠᠨ ᠮᠣᠩᠭᠣᠯ ᠤᠭᠰᠠᠭᠠᠲᠠᠨ 57.4% 30.2% 289,464
ᠬᠠᠺᠠᠰ ᠠᠽᠢᠶ᠎ᠠ ᠬᠠᠺᠠᠰ ᠶᠠᠰᠤᠲᠠᠨ ᠲᠦᠷᠦᠭ ᠤᠭᠰᠠᠭᠠᠲᠠᠨ 12.1% 81.7% 532,403
ᠲᠠᠶᠢᠯᠪᠤᠷᠢ:
  1. ᠺᠠᠪᠠᠷᠳ᠋-ᠪᠠᠯᠺᠠᠷ᠂ ᠺᠠᠷᠠᠴᠢᠶ᠎ᠠ-ᠴᠧᠷᠺᠧᠰ᠂ ᠳᠠᠭᠧᠰᠲ᠋ᠠᠨ ᠭᠤᠷᠪᠠ ᠳᠤ ᠬᠡᠳᠦ ᠬᠡᠳᠦᠨ ᠠᠷᠠᠳ ᠲᠦᠮᠡᠨ ᠰᠣᠩᠭᠣᠭᠳᠠᠵᠠᠢ᠃
  2. ᠳᠠᠭᠧᠰᠲᠠᠨ ᠳᠤ ᠠᠭᠤᠯ᠂ ᠠᠪᠤᠷᠠ᠂ ᠳᠠᠷᠭᠢᠨ᠂ ᠺᠦ᠋ᠮ ᠤᠺ᠂ ᠯᠠᠺ᠂ ᠯᠧᠽᠬᠢ᠂ ᠨᠣᠭᠠᠢ᠂ ᠷᠤᠲᠤᠯ᠂ ᠲᠠᠪᠠᠰᠠᠷᠠᠨ᠂ ᠴᠠᠬᠤᠷ ᠭᠡᠬᠦ 10 ᠶᠠᠰᠤᠲᠠᠨ ᠰᠣᠩᠭᠣᠭᠳᠠᠵᠠᠢ᠃

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠰᠢ ᠪᠠᠷᠢᠮᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

  1. ᠣᠷᠣᠰ ᠤᠨ ᠬᠣᠯᠪᠣᠭᠠᠨ ᠤ ᠤᠯᠤᠰ ᠤᠨ ᠦᠨᠳᠦᠰᠦᠨ ᠬᠠᠤᠯᠢ ᠶᠢᠨ 68 ᠍ ᠳᠦᠭᠡᠷ ᠵᠦᠢᠯ

ᠪᠢᠴᠢᠭᠡᠰᠦ