ᠣᠷᠣᠯᠭ᠎ᠠ ᠶᠢᠨ ᠲᠡᠭᠰᠢ ᠪᠤᠰᠤ ᠪᠠᠶᠢᠳᠠᠯ ᠤᠨ ᠢᠯᠡᠳᠬᠡᠯᠴᠡᠭᠦᠷ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠣᠷᠣᠯᠭ᠎ᠠ ᠶᠢᠨ ᠲᠡᠭᠰᠢ ᠪᠤᠰᠤ ᠪᠠᠶᠢᠳᠠᠯ ᠤᠨ ᠢᠯᠡᠳᠬᠡᠯᠴᠡᠭᠦᠷ (Gini) - ᠵᠢᠨᠢ ᠺᠣᠧᠹᠹᠢᠼᠢᠶᠸᠨᠲ - ᠳᠡᠯᠡᠬᠡᠢ ᠳᠠᠬᠢᠨ ᠳᠤ ᠲᠦᠭᠡᠮᠡᠯ ᠬᠡᠷᠡᠭᠯᠡᠭᠳᠡᠵᠦ ᠪᠤᠢ ᠢᠲ᠋ᠠᠯᠢ ᠶᠢᠨ ᠰᠲ᠋ᠠᠲ᠋ᠢᠰᠲ᠋ᠢᠭᠴᠢ ᠺᠣᠷᠷᠠᠳᠣ ᠵᠢᠨᠢ ᠠᠩᠬ᠎ᠠ ᠤᠳᠠᠭ᠎ᠠ ᠬᠡᠷᠡᠭᠯᠡᠭᠡᠨ ᠳᠦ ᠨᠡᠪᠲᠡᠷᠡᠭᠦᠯᠦᠭᠰᠡᠨ ᠪᠦᠷᠢᠳᠭᠡᠯ ᠤᠨ ᠲᠠᠷᠬᠠᠯᠲᠠ ᠶᠢᠨ ᠬᠡᠮᠵᠢᠭᠦᠷ᠃ ᠺᠣᠷᠷᠠᠳᠣ ᠵᠢᠨᠢ ᠠᠩᠬ᠎ᠠ ᠥᠪᠡᠷ ᠦᠨ 1912 ᠣᠨ ᠤ "ᠬᠤᠪᠢᠰᠬᠤ ᠴᠢᠨᠠᠷ ᠪᠣᠯᠤᠨ ᠬᠤᠪᠢᠰᠤᠭᠳᠠᠬᠤᠨ" (ᠢᠲ᠋ᠠᠯᠢ ᠪᠡᠷ Variabilità e mutabilità) ᠨᠣᠮ ᠳᠤ ᠪᠠᠨ ᠡᠨᠡᠬᠦ ᠬᠡᠮᠵᠢᠭᠦᠷ ᠦᠨ ᠠᠷᠭᠠᠴᠢᠯᠠᠯ ᠢ ᠪᠢᠴᠢᠭᠯᠡᠭᠰᠡᠨ ᠶᠤᠮ᠃[1]

ᠳᠡᠯᠡᠬᠡᠢ ᠶᠢᠨ ᠤᠯᠤᠰ ᠣᠷᠣᠨ ᠨᠤᠭᠤᠳ ᠤᠨ Gini ᠍ ᠪᠡᠷ ᠲᠣᠭᠠᠴᠠᠭᠰᠠᠨ ᠣᠷᠣᠯᠭ᠎ᠠ ᠶᠢᠨ ᠬᠤᠪᠢᠶᠠᠷᠢᠯᠠᠯᠲᠠ ᠶᠢᠨ ᠲᠡᠭᠰᠢ ᠪᠤᠰᠤ ᠪᠠᠶᠢᠳᠠᠯ ᠤᠨ ᠵᠢᠷᠤᠭᠯᠠᠯ (2009 ᠣᠨ ᠤ ᠥᠭᠭᠥᠭᠳᠡᠯ)

ᠡᠨᠡ ᠢᠯᠡᠳᠬᠡᠯᠴᠡᠭᠦᠷ ᠨᠢ 0 ᠤᠳᠬ᠎ᠠ ᠠᠴᠠ 1 ᠤᠳᠬ᠎ᠠ ᠶᠢᠨ ᠬᠣᠭᠣᠷᠣᠨᠳᠣ ᠬᠡᠮᠵᠢᠭᠳᠡᠳᠡᠭ ᠪᠠ ᠠᠯᠢ ᠪᠣᠯᠬᠤ 0 ᠷᠦᠦ ᠲᠡᠮᠡᠦᠯᠬᠦ ᠳᠦ ᠣᠷᠣᠯᠭ᠎ᠠ ᠶᠢᠨ ᠲᠡᠭᠰᠢ ᠬᠤᠪᠢᠶᠠᠷᠢᠯᠠᠭᠳᠠᠵᠤ ᠪᠤᠢ ᠶᠢ ᠢᠯᠡᠳᠬᠡᠳᠡᠭ᠂ ᠨᠥᠭᠥᠭᠡ ᠲᠠᠯ᠎ᠠ ᠠᠴᠠ 1 ᠷᠦᠦ ᠣᠶᠢᠷᠠᠳᠬᠤ ᠳᠤ ᠣᠷᠣᠯᠭ᠎ᠠ ᠶᠢᠨ ᠲᠡᠭᠰᠢ ᠪᠤᠰᠤ ᠬᠤᠪᠢᠶᠠᠷᠢᠯᠠᠭᠳᠠᠵᠤ ᠪᠤᠢ ᠶᠢ ᠢᠯᠡᠷᠬᠡᠶᠢᠯᠡᠨ᠎ᠡ᠃ ᠮᠥᠨ ᠡᠨᠡ ᠢᠯᠡᠳᠬᠡᠯᠴᠡᠭᠦᠷ ᠨᠢ ᠨᠡᠶᠢᠭᠡᠮ᠂ ᠡᠳ᠋ ᠍ ᠦᠨ ᠵᠠᠰᠠᠭ᠂ ᠡᠷᠡᠭᠦᠯ ᠮᠡᠨᠳᠦ᠂ ᠡᠺᠣᠯᠣᠭᠢ᠂ ᠬᠢᠮᠢ᠂ ᠬᠥᠳᠡᠭᠡ ᠠᠵᠤ ᠠᠬᠤᠢ ᠭᠡᠬᠦ ᠮᠡᠲᠦ ᠣᠯᠠᠨ ᠰᠠᠯᠪᠤᠷᠢ ᠰᠢᠨᠵᠢᠯᠡᠬᠦ ᠤᠬᠠᠭᠠᠨ ᠤ ᠰᠤᠳᠤᠯᠤᠯ ᠳᠤ ᠬᠡᠷᠡᠭᠯᠡᠭᠳᠡᠳᠡᠵᠦ ᠪᠠᠶᠢᠭ᠎ᠠ[2]

ᠤᠯᠤᠰ ᠣᠷᠣᠨ ᠨᠤᠭᠤᠳ ᠢ ᠬᠠᠷᠢᠴᠠᠭᠤᠯᠬᠤ ᠪᠦᠷᠢᠳᠭᠡᠯ ᠬᠡᠮᠵᠢᠭᠳᠡᠬᠦᠨ ᠨᠦᠭᠦᠳ ᠦᠨ ᠨᠢᠭᠡᠨ ᠴᠢᠬᠤᠯᠠ ᠦᠵᠡᠭᠦᠯᠦᠯᠲᠡ ᠬᠡᠮᠵᠢᠭᠳᠡᠭᠰᠡᠭᠡᠷ ᠢᠷᠡᠭᠰᠡᠨ ᠪᠥᠭᠡᠳ ᠰᠡᠭᠦᠯ ᠦᠨ ᠲᠣᠭᠠᠴᠠᠭ᠎ᠠ ᠪᠠᠷ 0.23 ᠍ ᠠᠴᠠ (ᠰᠸᠸᠳᠡᠨ ᠤᠯᠤᠰ) 0.70 ᠬᠦᠷᠲᠡᠯ᠎ᠡ (ᠨᠠᠮᠢᠪ ᠤᠯᠤᠰ) ᠤᠳᠬ᠎ᠠ ᠪᠠᠷ ᠬᠡᠮᠵᠢᠭᠳᠡᠭᠰᠡᠨ ᠪᠠᠶᠢᠳᠠᠭ᠃

ᠡᠰᠢ ᠦᠨᠳᠦᠰᠦ[ᠵᠠᠰᠠᠪᠤᠷᠢᠯᠠᠬᠤ | ᠺᠣᠳ᠋ ᠢᠶᠠᠷ ᠵᠠᠰᠠᠬᠣ]

  1. Gini, C. (1912) ᠢᠲ᠋ᠠᠯᠢ ᠬᠡᠯᠡ: Variabilità e mutabilità}} (Variability and Mutability), C. Cuppini, Bologna, 156 pages. Reprinted in Memorie di metodologica statistica (Ed. Pizetti E, Salvemini, T). Rome: Libreria Eredi Virgilio Veschi (1955).
  2. Sadras, V. O. (2004). "Use of Lorenz curves and Gini coefficients to assess yield inequality within paddocks". Field Crops Research 90 (2–3): 303–310. DOI:10.1016/j.fcr.2004.04.003.

ᠪᠢᠴᠢᠭᠡᠰᠦ