ᠣᠷᠣᠯᠢᠨᠳᠣ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
{{{ᠠᠯᠪᠠᠨ ᠶᠣᠰᠣᠨ ᠤ ᠨᠡᠷ᠎ᠡ}}}</br>

{{{ᠠᠯᠪᠠᠨ ᠶᠣᠰᠣᠨ ᠤ ᠨᠡᠷ᠎ᠡ}}} ᠍ ᠦᠨ ᠪᠠᠶᠢᠷᠢᠰᠢᠯ</br>ᠹᠯᠣᠷᠢᠳᠠ ᠮᠤᠵᠢ ᠶᠢᠨ ᠨᠤᠲᠤᠭ ᠳᠡᠪᠢᠰᠬᠡᠷ ᠪᠣᠯᠤᠨ ᠣᠷᠢᠨᠵᠢ ᠬᠢᠵᠠᠭᠠᠷ ᠤᠨ ᠨᠤᠲᠤᠭ ᠳᠡᠪᠢᠰᠬᠡᠷ

ᠰᠣᠯᠪᠢᠴᠠᠯ: 28°32′37″N, 81°22′22″W
ᠤᠯᠤᠰ {{{ᠵᠠᠬᠢᠷᠭ᠎ᠠ ᠨᠡᠷ᠎ᠡ}}}
ᠮᠤᠵᠢ {{{ᠵᠠᠬᠢᠷᠭ᠎ᠠ ᠨᠡᠷ᠎ᠡ 1}}}
ᠺᠠᠤᠨᠲᠢ (ᠬᠢᠵᠠᠭᠠᠷ) {{{ᠵᠠᠬᠢᠷᠭ᠎ᠠ ᠨᠡᠷ᠎ᠡ 2}}}
ᠵᠠᠰᠠᠭᠯᠠᠯ  
 - ᠬᠣᠲᠠ ᠶᠢᠨ ᠳᠠᠷᠤᠭ᠎ᠠ {{{ᠤᠳᠤᠷᠢᠳᠤᠭᠴᠢ ᠨᠡᠷ᠎ᠡ}}}
ᠭᠠᠵᠠᠷ ᠨᠤᠲᠤᠭ  
 - ᠨᠡᠶᠢᠲᠡ {{{ᠭᠠᠵᠠᠷ ᠨᠤᠲᠤᠭ ᠨᠡᠶᠢᠲᠡ}}} km²
ᠥᠨᠳᠥᠷ 34 m
ᠬᠦᠮᠦᠨ ᠠᠮᠠ  
 - ᠨᠡᠶᠢᠲᠡ (2009[1][2]) {{{ᠬᠦᠮᠦᠨ ᠠᠮᠠ ᠨᠡᠶᠢᠲᠡ}}}
 - ᠨᠢᠭᠲᠠᠷᠠᠯ {{{ᠬᠦᠮᠦᠨ ᠠᠮᠠ ᠨᠢᠭᠲᠠᠰᠢᠯ}}}/km²
 - ᠬᠦᠢ ᠳᠡᠭᠦᠷᠭᠡ ᠶᠢᠨ ᠬᠠᠮᠲᠤ 2,082,628
ZIP code 32801-32899
ᠤᠲᠠᠰᠤᠨ ᠤ ᠺᠣᠳ᠋ 321, 407
ᠴᠠᠬᠢᠮ ᠰᠦᠯᠵᠢᠶ᠎ᠡ: www.cityoforlando.net

ᠣᠷᠣᠯᠢᠨᠳᠣ (ᠠᠩᠭᠯᠢ ᠪᠠᠷ Orlando) ᠨᠢ ᠠᠮᠧᠷᠢᠺᠠ ᠶᠢᠨ ᠨᠢᠭᠡᠳᠦᠭᠰᠡᠨ ᠤᠯᠤᠰ ᠍ ᠤᠨ ᠹᠯᠣᠷᠢᠳᠠ ᠮᠤᠵᠢ ᠶᠢᠨ ᠲᠥᠪ ᠲᠦ ᠤᠷᠤᠰᠢᠬᠤ ᠬᠣᠲᠠ ᠶᠤᠮ᠃ ᠭᠠᠵᠠᠷ ᠵᠦᠢ ᠶᠢᠨ ᠪᠠᠶᠢᠷᠢᠰᠢᠯ ᠤᠨ ᠬᠤᠪᠢ ᠳᠤ «ᠣᠷᠢᠨᠵᠢ» ᠬᠢᠵᠠᠭᠠᠷ ᠤᠨ ᠬᠠᠷᠢᠶ᠎ᠠ ᠪᠣᠯᠤᠨ 2,082,628 ᠬᠦᠮᠦᠨ ᠠᠮᠠ ᠪᠠᠷ ᠢᠶᠠᠨ ᠠᠮᠧᠷᠢᠺᠠ ᠶᠢᠨ ᠨᠢᠭᠡᠳᠦᠭᠰᠡᠨ ᠤᠯᠤᠰᠳ᠋ᠠ 27 ᠳ᠋ᠤᠭᠠᠷ ᠲᠤ ᠡᠷᠢᠮᠪᠡᠯᠡᠭᠳᠡᠬᠦ ᠮᠧᠲ᠋ᠷᠣᠫᠣᠯᠢᠲ᠋ᠠᠨ «ᠶᠡᠬᠡ ᠣᠷᠣᠯᠢᠨᠳᠣᠭᠡᠶᠢᠨ» ᠵᠢᠷᠦᠬᠡᠨ ᠬᠡᠰᠡᠭ ᠲᠦ ᠪᠠᠶᠢᠷᠢᠯᠠᠳᠠᠭ᠃ ᠲᠤᠰ ᠬᠣᠳᠠ ᠳᠤ 235,860 ᠬᠦᠮᠦᠨ ᠣᠷᠣᠰᠢᠨ ᠰᠠᠭᠤᠳᠠᠭ ᠪᠠ ᠬᠣᠲᠠ ᠶᠢᠨ ᠬᠦᠮᠦᠨ ᠠᠮᠠ ᠶᠢᠨ ᠰᠠᠭᠤᠷᠢᠰᠢᠯ ᠢᠶᠠᠷ ᠢᠶᠠᠨ ᠤᠯᠤᠰ ᠲᠤ ᠪᠠᠨ 80 ᠳ᠋ᠤᠭᠠᠷ ᠲᠤ ᠪᠢᠴᠢᠭᠳᠡᠳᠡᠭ ᠪᠣᠯ ᠹᠯᠣᠷᠢᠳᠠ ᠮᠤᠵᠢᠳ ᠢᠶᠠᠨ ᠲᠠᠪᠤᠳᠤᠭᠠᠷ ᠲᠤ ᠪᠢᠴᠢᠭᠳᠡᠳᠡᠭ᠃ ᠣᠷᠣᠯᠢᠨᠳᠣ ᠬᠣᠲᠠ ᠨᠢ ᠨᠢᠭᠡᠳᠦᠭᠰᠡᠨ ᠤᠯᠤᠰ ᠤᠨ ᠪᠦᠷᠢᠯᠳᠦᠬᠦᠨ ᠳᠦ 1875 ᠣᠨ ᠤ ᠳᠣᠯᠣᠭᠠᠳᠤᠭᠠᠷ ᠰᠠᠷ᠎ᠠ ᠶᠢᠨ 15 ᠍ ᠳᠦ ᠪᠠᠭᠠᠳᠴᠤ᠂ 1885 ᠣᠨ ᠳᠤ ᠬᠣᠲᠠ ᠶᠢᠨ ᠰᠲ᠋ᠠᠲ᠋ᠦ᠋ᠰ ᠲᠠᠢ ᠪᠣᠯᠵᠠᠢ᠃

ᠨᠢᠮᠪᠡᠭᠡᠨ ᠦ ᠲᠥᠷᠥᠯ ᠦᠨ ᠵᠢᠮᠢᠰ ᠤᠷᠭᠤᠬᠤ ᠭᠣᠣᠯ ᠪᠥᠰᠡ ᠨᠤᠲᠤᠭ ᠣᠷᠣᠯᠢᠨᠳᠣ ᠬᠣᠲᠠ ᠶᠢᠨ ᠥᠩᠭᠡ ᠲᠥᠷᠬᠥᠳ ᠦᠯᠡᠮᠵᠢ ᠬᠤᠪᠢ ᠨᠡᠮᠡᠷᠢ ᠪᠡᠨ ᠣᠷᠣᠭᠤᠯᠤᠭᠰᠠᠭᠠᠷ ᠢᠷᠡᠭᠰᠡᠨ ᠬᠡᠳᠦ ᠬᠡᠳᠦᠨ ᠲᠣᠮᠣᠬᠠᠨ ᠦᠢᠯᠡᠳᠪᠦᠷᠢ᠂ ᠦᠢᠯᠡᠴᠢᠯᠡᠭᠡᠨ ᠦ ᠭᠠᠵᠠᠷ ᠤᠳ ᠡᠨᠳᠡ ᠦᠢᠯᠡ ᠠᠵᠢᠯᠯᠠᠭ᠎ᠠ ᠶᠢ ᠪᠠᠨ ᠶᠠᠪᠤᠭᠤᠯᠳᠠᠭ ᠠᠵᠡᠢ᠃ ᠠᠮᠧᠷᠢᠺᠠ ᠶᠢ ᠵᠣᠷᠢᠬᠤ ᠵᠢᠭᠤᠯᠴᠢᠳ ᠤᠨ ᠶᠡᠬᠡᠩᠬᠢ ᠨᠢ ᠠᠶᠠᠯᠠᠯ ᠤᠨ ᠲᠣᠮᠣᠬᠠᠨ ᠪᠥᠰᠡ ᠨᠤᠲᠤᠭ ᠪᠣᠯᠬᠤ «Universal Pictures» ᠺᠢᠨᠣ᠋ ᠦᠢᠯᠡᠳᠪᠦᠷᠢ ᠶᠢᠨ ᠡᠳ᠋ᠯᠡᠪᠦᠷᠢ ᠪᠥᠰᠡ «Universal Orlando Resort» ᠪᠣᠯᠤᠨ ᠠᠮᠢᠲᠠᠨ ᠤ ᠬᠦᠷᠢᠶᠡᠯᠡᠩ ᠳᠦ ᠪᠡᠨ ᠳᠡᠯᠡᠬᠡᠢ ᠳᠦ ᠲᠣᠮᠣᠬᠠᠨ ᠳᠤ ᠲᠣᠭᠠᠴᠠᠭᠳᠠᠬᠤ «SeaWorld Orlando»᠂ «ᠤᠤᠯᠲᠠ ᠳ᠋ᠢᠰᠤᠨᠧᠢ» ᠺᠢᠨᠣ᠋ ᠺᠣᠮᠫᠠᠨᠢ ᠪᠠᠷ ᠣᠪᠣᠭᠯᠠᠭᠳᠠᠳᠠᠭ «Lake Buena Vista» ᠬᠡᠮᠡᠬᠦ ᠪᠠᠭ᠎ᠠ ᠬᠣᠲᠠ᠂ «ᠳ᠋ᠢᠰᠡᠨᠢᠭᠤᠤᠷᠯ ᠳᠤ» ᠵᠡᠷᠭᠡ ᠺᠢᠨᠣ᠋ ᠳᠡᠯᠭᠡᠴᠡᠨ ᠢᠶᠡᠨ ᠲᠦᠭᠡᠮᠡᠯ ᠭᠠᠷᠳᠠᠭ ᠪᠠᠶᠢᠭᠠᠯᠢ ᠶᠢᠨ ᠴᠤ ᠪᠣᠯᠤᠭᠠᠳ ᠬᠦᠮᠦᠨ ᠦ ᠴᠤ ᠬᠥᠳᠡᠯᠮᠦᠷᠢ ᠪᠡᠨ ᠪᠦᠲᠦᠭᠰᠡᠨ ᠴᠡᠴᠡᠷᠯᠢᠭ ᠬᠦᠷᠢᠶᠡᠯᠡᠩᠭᠡ ᠨᠦᠭᠦᠳ ᠢ ᠦᠵᠡᠵᠦ ᠰᠣᠨᠢᠷᠬᠠᠬᠤ ᠨᠢ ᠣᠯᠠᠨᠲᠠ᠃[3] ᠪᠣᠯᠪᠠᠰᠤᠷᠠᠯ ᠤᠨ ᠰᠠᠯᠪᠤᠷᠢ ᠶᠢᠨ ᠲᠡᠷᠢᠭᠦᠯᠡᠭᠴᠢ ᠶᠡᠬᠡ ᠳᠡᠭᠡᠳᠦ ᠰᠤᠷᠭᠠᠭᠤᠯᠢ ᠨᠤᠭᠤᠳ ᠤᠨ ᠨᠢᠭᠡ ᠳᠦ ᠵᠦᠢ ᠶᠣᠰᠣᠭᠠᠷ ᠲᠣᠭᠠᠴᠠᠭᠳᠠᠬᠤ «ᠹᠯᠣᠷᠢᠳᠠᠭ ᠤᠨ ᠶᠡᠬᠡ ᠰᠤᠷᠭᠠᠭᠤᠯᠢ ᠶᠢᠨ» ᠲᠥᠪ ᠨᠢ ᠮᠥᠨ ᠡᠨᠡ ᠬᠣᠳᠠ ᠳᠤ ᠪᠠᠶᠢᠷᠢᠯᠠᠳᠠᠭ᠃[4]

2000 ᠣᠨ ᠤ ᠪᠠᠶᠢᠳᠠᠯ ᠢᠶᠠᠷ ᠣᠷᠣᠯᠢᠨᠳᠣ ᠬᠣᠲᠠ ᠶᠢᠨ ᠣᠷᠣᠰᠢᠨ ᠰᠠᠭᠤᠭᠴᠢᠳ ᠤᠨ 50.8 ᠬᠤᠪᠢ ᠶᠢ ᠴᠠᠭᠠᠨ ᠠᠷᠠᠰᠤᠲᠠᠨ᠂ 17.5 ᠬᠤᠪᠢ ᠶᠢ ᠯᠠᠲ᠋ᠢᠨ ᠠᠮᠧᠷᠢᠺᠠ᠂ 26.9 ᠬᠤᠪᠢ ᠶᠢ ᠠᠹᠷᠢᠺᠠ ᠠᠮᠧᠷᠢᠺᠠ᠂ 2.7 ᠬᠤᠪᠢ ᠶᠢ ᠠᠽᠢᠶ᠎ᠠ ᠬᠦᠮᠦᠰ ᠲᠤᠰ ᠲᠤᠰ ᠪᠦᠷᠢᠳᠦᠭᠦᠯᠵᠦ ᠪᠠᠶᠢᠭᠰᠠᠨ ᠨᠢ ᠡᠳᠦᠭᠡ ᠲᠡᠳᠦᠶᠢᠯᠡᠨ ᠥᠭᠡᠷᠡᠴᠢᠯᠡᠯᠲᠡ ᠣᠷᠣᠭ᠎ᠠ ᠦᠭᠡᠢ ᠪᠣᠯᠪᠠ ᠤᠤ᠃ ᠲᠡᠭᠦᠨᠴᠢᠯᠡᠨ 261.5 km2 ᠲᠠᠯᠠᠪᠠᠢ ᠪᠦᠬᠦᠢ ᠬᠣᠲᠠ ᠶᠢᠨ ᠨᠡᠶᠢᠲᠡ ᠭᠠᠵᠠᠷ ᠨᠤᠲᠤᠭ ᠤᠨ 7,5 ᠬᠤᠪᠢ ᠪᠤᠶᠤ 19,3 ᠺᠢᠯᠣᠮᠧᠲ᠋ᠷ2 ᠲᠠᠯᠠᠪᠠᠢ ᠶᠢ ᠤᠰᠤ ᠡᠵᠡᠯᠡᠳᠡᠭ ᠪᠠ ᠳᠠᠯᠠᠢ ᠶᠢᠨ ᠲᠦᠪᠰᠢᠨ ᠡᠴᠡ ᠳᠡᠭᠡᠭᠰᠢ 30 ᠮᠧᠲ᠋ᠷ ᠦᠨ ᠥᠨᠳᠥᠷ ᠲᠦ ᠣᠷᠣᠰᠢᠳᠠᠭ ᠪᠠᠶᠢᠨ᠎ᠠ᠃

ᠴᠠᠭ ᠠᠭᠠᠷ ᠤᠨ ᠬᠤᠪᠢ ᠳᠤ ᠣᠷᠣᠯᠢᠨᠳᠣ ᠨᠡᠯᠢᠶᠡᠳ ᠬᠠᠯᠠᠭᠤᠨ ᠠᠭᠤᠷ ᠠᠮᠢᠰᠬᠤᠯ ᠲᠠᠢ᠃ ᠵᠢᠯ ᠦᠨ ᠲᠤᠷᠰᠢᠳᠠ +22°C ᠪᠣᠯᠤᠨ +28°C ᠬᠣᠭᠣᠷᠣᠨᠳᠣ ᠲᠣᠯᠠᠭᠠᠨ ᠤ ᠬᠡᠮᠵᠢᠶ᠎ᠡ ᠲᠣᠭᠲᠠᠮᠠᠯ ᠵᠢᠭᠠᠬᠤ ᠪᠠ ᠵᠤᠨ ᠤ ᠤᠯᠠᠷᠢᠯ ᠳᠤ ᠲᠣᠯᠠᠭᠠᠨ ᠤ ᠬᠡᠮᠵᠢᠶ᠎ᠡ +33°C ᠬᠦᠷᠡᠳᠡᠭ ᠪᠣᠯ ᠡᠪᠦᠯ ᠳᠦ ᠪᠡᠨ ᠠᠲ᠋ᠯᠠᠨᠲ ᠤᠨ ᠳᠠᠯᠠᠢᠨ ᠬᠦᠢᠲᠡᠨ ᠠᠭᠠᠷ ᠤᠨ ᠨᠥᠯᠥᠭᠡ ᠪᠡᠷ +10°C ᠪᠣᠯᠤᠨ 16°C ᠬᠣᠭᠣᠷᠣᠨᠳᠣ ᠬᠡᠯᠪᠡᠯᠵᠡᠳᠡᠭ ᠠᠵᠢ᠃

ᠡᠤᠯ ᠨᠠᠭᠤᠷ᠂ 1911 ᠣᠨ ᠤ ᠵᠢᠷᠤᠭ
«Seaworld SkyTower»
«Walt Disney World Resort» ᠴᠡᠴᠡᠷᠯᠢᠭ ᠲᠦ ᠬᠦᠷᠢᠶᠡᠯᠡᠩ ᠦᠨ «ᠮᠥᠷᠥᠭᠡᠳᠦᠯ ᠦᠨ ᠬᠠᠭᠠᠨᠲᠤ ᠤᠯᠤᠰ» ᠳᠠᠬᠢ «ᠰᠢᠨᠳᠧᠷᠧᠯᠯᠠ ᠴᠠᠮᠬᠠᠭ»
«Orlando Amtrak Station»

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. Annual Estimates of the population for the Incorporated Places Over 100,000 (XLS). US Census Bureau. August 1, 2010 ᠍ ᠳᠦ ᠬᠠᠨᠳᠤᠭᠰᠠᠨ᠃
  2. Annual Estimates of the Population of Metropolitan and Micropolitan Statistical Areas:April 1, 2000 to July 1, 2009. U.S. Census Bureau. August 1, 2010 ᠍ ᠳᠦ ᠬᠠᠨᠳᠤᠭᠰᠠᠨ᠃
  3. America's 30 Most Visited Cities
  4. Zaragosa, Luis. "UCF now largest university in Florida", October 14, 2009. 2009-10-14 ᠍ ᠳᠦ ᠠᠪᠤᠭᠰᠠᠨ᠃ 

ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ