ᠣᠶᠢᠷᠠᠬᠢ ᠳᠣᠷᠣᠨᠠᠲᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠥᠨᠥ ᠶᠢᠨ ᠣᠶᠢᠷᠠᠬᠢ ᠳᠣᠷᠣᠨᠠᠲᠤ ᠶᠢᠨ ᠤᠯᠤᠰ ᠲᠥᠷᠥ ᠶᠢᠨ ᠭᠠᠵᠠᠷ ᠤᠨ ᠵᠢᠷᠤᠭ

ᠣᠶᠢᠷᠠᠬᠢ ᠳᠣᠷᠣᠨᠠᠲᠤ (ᠠᠩᠭᠯᠢ ᠪᠠᠷ Middle East) ᠭᠡᠳᠡᠭ ᠨᠢ ᠥᠷᠥᠨᠡᠲᠦ ᠶᠢᠨ ᠬᠡᠯᠡᠭᠡᠷᠬᠡ ᠠᠹᠷᠢᠺᠠ ᠪᠣᠯᠤᠨ ᠠᠽᠢᠶ᠎ᠠ ᠍ ᠍ ᠍ ᠶᠢᠨ ᠧᠦ᠋ᠷᠣᠫᠠ ᠲᠢᠪ ᠲᠦ ᠣᠶᠢᠷ᠎ᠠ ᠤᠷᠤᠰᠢᠬᠤ ᠬᠡᠰᠡᠭ ᠢ ᠬᠠᠮᠲᠤᠳᠬᠠᠨ ᠪᠦᠰᠡᠴᠢᠯᠡᠭᠰᠡᠨ ᠤᠯᠠᠮᠵᠢᠯᠠᠯᠲᠤ ᠨᠡᠷᠡᠰᠢᠯ ᠶᠤᠮ᠃ 《ᠣᠶᠢᠷᠠᠬᠢ ᠳᠣᠷᠣᠨᠠᠲᠤ ᠭᠡᠰᠡᠨ ᠨᠡᠷ᠎ᠡ ᠨᠢ 1900 ᠍ ᠍ ᠍ ᠊ᠭᠠᠳ ᠣᠨ ᠤ ᠦᠶᠡᠰ ᠪᠷᠢᠲ᠋ᠠᠨ(ᠠᠩᠭᠯᠢ) ᠳᠤ ᠥᠷᠭᠡᠨ ᠢᠶᠡᠷ ᠬᠡᠷᠡᠭᠯᠡᠭᠳᠡᠵᠦ ᠢᠷᠡᠭᠰᠡᠨ ᠪᠥᠭᠡᠳ ᠪᠠᠷᠠᠭᠤᠨ ᠠᠽᠢᠶ᠎ᠠ ᠪᠣᠯᠤᠨ ᠬᠣᠶᠢᠳᠤ ᠠᠹᠷᠢᠺᠠᠡᠶᠢᠨ ᠣᠷᠣᠨ ᠨᠤᠭᠤᠳ ᠤᠨ ᠬᠡᠰᠡᠭ ᠦᠳ ᠢ ᠣᠷᠤᠯᠴᠠᠭᠤᠯᠳᠠᠭ᠃

ᠣᠶᠢᠷᠠᠬᠢ ᠳᠣᠷᠣᠨᠠᠲᠤ ᠨᠢ ᠥᠪᠡᠷ ᠦᠨ ᠲᠡᠦᠬᠡ ᠶᠢᠨ ᠶᠠᠪᠤᠴᠠ ᠳᠤ ᠳᠡᠯᠡᠬᠡᠢ ᠶᠢᠨ ᠦᠢᠯᠡ ᠶᠠᠪᠤᠳᠠᠯ ᠤᠳ ᠤᠨ ᠲᠥᠪ ᠪᠠᠶᠢᠴᠠᠢ᠃ ᠡᠨᠡ ᠪᠥᠰᠡ ᠳᠦ ᠾᠷᠢᠰᠲ᠋ᠦ᠋ᠰᠢᠰᠯᠠᠮᠢᠭᠴᠢᠰᠮ ᠭᠡᠰᠡᠨ ᠳᠡᠯᠡᠬᠡᠢ ᠶᠢᠨ 3 ᠲᠣᠮᠣ ᠱᠠᠰᠢᠨ ᠡᠭᠦᠰᠦᠭᠰᠡᠨ ᠪᠠᠶᠢᠨ᠎ᠠ᠃ ᠣᠶᠢᠷᠠᠬᠢ ᠳᠣᠷᠣᠨᠠᠲᠤ ᠨᠢ ᠬᠠᠯᠠᠭᠤᠨ᠂ ᠴᠢᠭᠢᠭ ᠪᠠᠭ᠎ᠠ ᠲᠠᠢ ᠠᠭᠤᠷ ᠠᠮᠢᠰᠬᠤᠯ ᠲᠠᠢ ᠪᠥᠭᠡᠳ ᠴᠥᠭᠡᠨ ᠲᠣᠭᠠᠨ ᠤ ᠭᠠᠵᠠᠷ ᠤᠳ ᠲᠤ ᠯᠠ ᠭᠣᠣᠯ ᠤᠷᠤᠰᠴᠤ ᠬᠥᠳᠡᠭᠡ ᠠᠵᠤ ᠠᠬᠤᠢ ᠡᠷᠬᠢᠯᠡᠵᠦ ᠪᠣᠯᠳᠠᠭ᠃ ᠫᠧᠷᠰ ᠦᠨ ᠪᠤᠯᠤᠨ ᠶᠢ ᠬᠦᠷᠢᠶᠡᠯᠡᠵᠦ ᠣᠷᠣᠰᠢᠳᠠᠭ ᠣᠯᠠᠨ ᠣᠷᠣᠨ ᠨᠤᠭᠤᠳ ᠴᠢᠯᠠᠭᠣᠨ ᠲᠣᠰᠣᠣᠣᠷ ᠪᠠᠶᠠᠯᠢᠭ᠃ ᠥᠨᠥ ᠦᠶ᠎ᠡ ᠳᠦ ᠣᠶᠢᠷᠠᠬᠢ ᠳᠣᠷᠣᠨᠠᠲᠤ ᠨᠢ ᠪᠠᠶᠢᠯᠳᠣᠬᠣ ᠪᠣᠳᠣᠯᠭ᠎ᠠᠡᠳ᠋ ᠍ ᠍ ᠍ ᠦᠨ ᠵᠠᠰᠠᠭᠤᠯᠤᠰ ᠲᠥᠷᠥᠰᠤᠶᠤᠯ ᠤᠷᠠᠯᠢᠭᠱᠠᠰᠢᠨ ᠤ ᠬᠤᠪᠢ ᠳᠤ ᠡᠮᠵᠡᠭ᠂ ᠲᠣᠭᠲᠠᠪᠤᠷᠢ ᠦᠭᠡᠢ ᠪᠥᠰᠡ ᠪᠣᠯᠤᠭᠠᠳ ᠪᠠᠶᠢᠨ᠎ᠠ᠃

ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠶᠢᠷᠠᠬᠢ ᠳᠣᠷᠣᠨᠠᠲᠤ ᠨᠢ ᠨᠠᠷᠢᠨ ᠲᠣᠳᠣᠷᠬᠠᠶᠢᠯᠠᠭᠰᠠᠨ ᠬᠢᠯᠢ ᠬᠢᠵᠠᠭᠠᠷ ᠪᠠᠶᠢᠳᠠᠭ ᠦᠭᠡᠢ ᠪᠥᠭᠡᠳ ᠣᠷᠴᠢᠨ ᠦᠶ᠎ᠡ ᠳᠦ ᠡᠨᠡ ᠪᠥᠰᠡ ᠨᠤᠲᠤᠭ ᠲᠤ: ᠪᠠᠾᠷᠧᠶᠢᠨᠶᠥᠭᠢᠫ ᠲᠤᠢᠷᠡᠨᠢᠷᠠᠺᠢᠰᠷᠸᠯᠢᠣᠷᠳᠠᠨᠺᠦᠪᠠᠶᠢᠲᠯᠸᠪᠠᠨᠤᠨᠣᠮᠠᠨᠫᠠᠯᠧᠰᠲ᠋ᠠᠨ ᠤ ᠨᠤᠲᠤᠭᠺᠠᠲ᠋ᠠᠷᠰᠤᠤᠳᠢ ᠠᠷᠠᠪᠰᠢᠷᠢᠢ ᠠᠲᠦᠷᠺᠠᠷᠠᠪ ᠤᠨ ᠨᠢᠭᠡᠳᠦᠭᠰᠡᠨ ᠡᠮᠢᠷᠲ ᠤᠯᠤᠰ (ᠠᠷᠠᠪ ᠤᠨ ᠨᠢᠭᠡᠳᠦᠭᠰᠡᠨ ᠡᠮᠢᠷᠲ ᠤᠯᠤᠰ), ᠶᠸᠮᠸᠨ ᠭᠡᠰᠡᠨ ᠤᠯᠤᠰ ᠤᠳ ᠪᠠᠭᠠᠳᠤᠨ᠎ᠠ᠃ ᠣᠯᠠᠨ ᠤᠯᠤᠰ ᠤᠨ ᠬᠡᠪᠯᠡᠯ ᠮᠡᠳᠡᠭᠡᠯᠡᠯ ᠦᠨ ᠬᠡᠷᠡᠭᠰᠡᠯ ᠢᠶᠡᠷ ᠰᠡᠭᠦᠯ ᠦᠨ ᠦᠶ᠎ᠡ ᠳᠦ ᠠᠽᠢ ᠲᠠᠢ ᠬᠣᠯᠪᠣᠭ᠎ᠠ ᠦᠭᠡᠢ ᠵᠢᠱᠢᠶᠡᠯᠡᠪᠡᠯ ᠯᠢᠪᠢᠶ ᠠᠲᠤᠨᠢᠰᠠᠯᠵᠢᠷᠢᠶ ᠠ ᠵᠡᠷᠭᠡ ᠣᠷᠣᠨ ᠨᠤᠭᠤᠳ ᠢ ᠬᠣᠶᠢᠳᠤ ᠠᠹᠷᠢᠺᠠ ᠶᠢᠨ ᠬᠢ ᠬᠡᠮᠡᠨ ᠬᠠᠶ᠋ᠢᠭᠯᠠᠬᠤ ᠪᠣᠯᠤᠭᠰᠠᠨ᠃

ᠶᠡᠷᠦᠩᠬᠡᠢ ᠳᠤ ᠪᠡᠨ ᠣᠶᠢᠷᠠᠬᠢ ᠳᠣᠷᠣᠨᠠᠲᠤ ᠨᠢ ᠭᠠᠵᠠᠷ ᠨᠤᠲᠤᠭ ᠤᠨ ᠬᠤᠪᠢ ᠳᠤ ᠬᠠᠭᠤᠷᠠᠢ᠂ ᠬᠠᠭᠠᠰ ᠬᠠᠭᠤᠷᠠᠢ᠂ ᠨᠣᠭᠣᠭᠠᠨ᠂ ᠥᠷᠭᠡᠨ ᠠᠭᠤᠳᠠᠮ ᠲᠠᠯ᠎ᠠ ᠮᠥᠨ ᠴᠥᠯ ᠭᠠᠵᠠᠷ ᠠᠴᠠ ᠪᠥᠷᠢᠳᠦᠨ᠎ᠡ᠃ ᠣᠶᠢᠷᠠᠬᠢ ᠳᠣᠷᠣᠨᠠᠲᠤ ᠶᠢᠨ ᠶᠡᠬᠡᠩᠬᠢ ᠭᠠᠵᠠᠷ ᠨᠤᠲᠤᠭ ᠲᠤ ᠤᠰᠤᠨ ᠤ ᠬᠣᠮᠰᠠᠳᠠᠯ ᠨᠢ ᠲᠣᠮᠣ ᠠᠰᠠᠭᠤᠳᠠᠯ ᠪᠥᠭᠡᠳ ᠡᠭᠦᠨ ᠦ ᠵᠡᠷᠭᠡᠴᠡᠭᠡ ᠪᠡᠷ ᠬᠦᠮᠦᠨ ᠠᠮᠠ ᠶᠢᠨ ᠣᠭᠴᠣᠮ ᠥᠰᠦᠯᠲᠡ᠂ ᠳᠠᠪᠤᠰᠤᠵᠢᠯᠲᠠ ᠪᠣᠯᠤᠨ ᠪᠠᠶᠢᠭᠠᠯᠢ ᠶᠢᠨ ᠪᠣᠬᠢᠷᠳᠠᠯ ᠨᠢ ᠤᠰᠤᠨ ᠤ ᠨᠥᠭᠡᠴᠡᠳ ᠠᠶᠤᠯ ᠤᠴᠠᠷᠠᠭᠤᠯᠵᠤ ᠪᠠᠶᠢᠨ᠎ᠠ᠃ ᠨᠢᠯ᠂ ᠧᠹᠷᠠᠲ ᠵᠡᠷᠭᠡ ᠦᠨᠳᠦᠰᠦᠨ ᠴᠢᠬᠤᠯᠠ ᠭᠣᠣᠯ ᠤᠳ ᠬᠥᠳᠡᠭᠡ ᠠᠵᠤ ᠠᠬᠤᠢ ᠪᠠ ᠭᠠᠵᠠᠷ ᠢ ᠤᠰᠤᠵᠢᠭᠤᠯᠬᠤ ᠭᠣᠣᠯ ᠡᠬᠢ ᠡᠭᠦᠰᠪᠦᠷᠢ ᠪᠣᠯᠳᠠᠭ ᠪᠠᠶᠢᠨ᠎ᠠ᠃

ᠤᠭᠰᠠᠭᠠᠲᠠᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠶᠢᠷᠠᠬᠢ ᠳᠣᠷᠣᠨᠠᠲᠤ ᠨᠢ ᠮᠠᠰᠢ ᠣᠯᠠᠨ ᠦᠨᠳᠦᠰᠦᠲᠡᠨ᠂ ᠤᠭᠰᠠᠭᠠᠲᠠᠨ ᠤ ᠥᠯᠥᠭᠡᠢ ᠨᠤᠲᠤᠭ ᠪᠢᠯᠡ᠃ ᠵᠢᠱᠢᠶᠡᠯᠡᠪᠡᠯ ᠠᠷᠠᠪ᠂ ᠲᠦᠺ᠂ ᠫᠧᠷᠰ᠂ ᠶᠧᠸᠷᠧᠢ᠂ ᠠᠷᠮᠧᠨ᠂ ᠭᠦᠷᠦᠵᠦ᠂ ᠶᠥᠭᠢᠫ ᠲᠤ᠂ ᠠᠰᠰᠢᠷ᠂ ᠲᠦᠺᠮᠧᠨ ᠵᠡᠷᠭᠡ ᠣᠯᠠᠨ ᠤᠭᠰᠠᠭᠠᠲᠠᠨ ᠤᠭ ᠪᠥᠰᠡ ᠨᠤᠲᠤᠭ ᠲᠤ ᠣᠷᠣᠰᠢᠳᠠᠭ᠃

ᠱᠠᠰᠢᠨ ᠰᠢᠲᠦᠯᠭᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠱᠠᠰᠢᠨ ᠰᠢᠲᠦᠯᠭᠡ ᠶᠢᠨ ᠬᠤᠪᠢ ᠳᠤ ᠮᠠᠰᠢ ᠣᠯᠠᠨ ᠲᠠᠯ᠎ᠠ ᠶᠢᠨ ᠱᠠᠰᠢᠨ ᠪᠠᠶᠢᠳᠠᠭ ᠪᠥᠭᠡᠳ ᠶᠡᠬᠡᠩᠬᠢ ᠨᠢ ᠡᠨᠡ ᠪᠥᠰᠡ ᠨᠤᠲᠤᠭ ᠲᠤ ᠡᠭᠦᠰᠴᠢ ᠬᠥᠭᠵᠢᠭᠰᠡᠨ ᠪᠠᠶᠢᠳᠠᠭ᠃ ᠯᠠᠯᠤ ᠶᠢᠨ ᠱᠠᠰᠢᠨ ᠤ ᠮᠠᠰᠢ ᠣᠯᠠᠨ ᠬᠡᠯᠪᠡᠷᠢᠭᠦᠳᠡ ᠣᠶᠢᠷᠠᠬᠢ ᠳᠣᠷᠣᠨᠠᠲᠤ ᠪᠠᠷ ᠬᠠᠮᠤᠭ ᠤᠨ ᠥᠷᠭᠡᠨ ᠲᠠᠷᠬᠠᠭᠰᠠᠨ ᠪᠠᠶᠢᠳᠠᠭ᠃ ᠭᠡᠪᠡᠴᠦ ᠪᠤᠰᠤᠳ ᠰᠢᠲᠦᠯᠭᠡ ᠨᠦᠭᠦᠳ ᠡᠨᠳᠡ ᠪᠠᠰᠠ ᠴᠢᠬᠤᠯᠠ ᠡᠭᠦᠷᠭᠡ ᠭᠦᠢᠴᠡᠳᠭᠡᠨ᠎ᠡ᠂ ᠵᠢᠱᠢᠶᠡᠯᠡᠪᠡᠯ ᠢ ᠨᠦᠭᠦᠳᠠᠢᠰᠮ (ᠢᠪᠡᠷᠡᠢ ᠱᠠᠰᠢᠨ), ᠾᠷᠢᠰᠲ᠋ ᠵᠡᠷᠭᠡ ᠶᠠᠭᠤᠮ᠎ᠠ᠃

ᠬᠡᠯᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠶᠢᠷᠠᠬᠢ ᠳᠣᠷᠣᠨᠠᠲᠤ ᠳᠠᠬᠢ ᠬᠡᠯᠡᠨ ᠦ ᠪᠦᠯᠦᠭ ᠦᠳ ᠮᠠᠰᠢ ᠣᠯᠠᠨ ᠲᠥᠷᠥᠯ ᠡᠴᠡ ᠪᠦᠷᠢᠳᠳᠡᠭ᠃ ᠢᠨᠳᠣ-ᠧᠦ᠋ᠷᠣᠫᠠ᠂ ᠠᠹᠷᠣ-ᠠᠽᠢᠶ᠎ᠠ᠂ ᠮᠥᠨ ᠠᠯᠲᠠᠢ ᠶᠢᠨ ᠬᠡᠯᠡᠨ ᠦ ᠪᠦᠯᠦᠭ ᠦᠳ ᠪᠠᠭᠠᠳᠤᠨ᠎ᠠ᠃ ᠠᠷᠠᠪ ᠪᠣᠯᠤᠨ ᠫᠧᠷᠰ ᠬᠡᠯᠡᠨ ᠦ ᠣᠯᠠᠨ ᠲᠥᠷᠥᠯ ᠨᠢ ᠡᠨᠡ ᠪᠥᠰᠡ ᠨᠤᠲᠤᠭ ᠲᠤ ᠬᠠᠮᠤᠭ ᠤᠨ ᠥᠷᠭᠡᠨ ᠬᠡᠷᠡᠭᠯᠡᠭᠳᠡᠳᠡᠭ ᠬᠡᠯᠡ ᠶᠤᠮ᠃ ᠠᠷᠠᠪ ᠤᠨ ᠣᠷᠣᠨ ᠨᠤᠭᠤᠳ ᠲᠤ ᠠᠷᠠᠪ ᠬᠡᠯᠡ ᠨᠢ ᠢᠯᠡᠭᠦᠦ ᠵᠣᠩᠬᠢᠯᠠᠨ᠎ᠠ᠃ ᠡᠨᠡ ᠪᠥᠰᠡ ᠨᠤᠲᠤᠭ ᠲᠤ ᠬᠡᠷᠡᠭᠯᠡᠭᠳᠡᠳᠡᠭ ᠪᠤᠰᠤᠳ ᠬᠡᠯᠡ ᠭᠡᠪᠡᠯ ᠠᠷᠮᠧᠨ᠂ ᠰᠡᠶᠢᠷᠡ ᠬᠡᠯᠡ᠂ ᠠᠽᠧᠷᠢ᠂ ᠪᠧᠷᠪᠧᠷ ᠦᠨ ᠬᠡᠯᠡ᠂ ᠭᠦᠷᠦᠵᠢᠶ ᠠ ᠬᠡᠯᠡ᠂ ᠲᠦᠷᠺ ᠬᠡᠯᠡ ᠪᠣᠯᠤᠨ ᠲᠦᠷᠦᠭ ᠬᠡᠯᠡᠨ ᠦ ᠠᠶᠢᠮᠠᠭ ᠵᠡᠷᠭᠡ ᠲᠠᠰᠢ ᠣᠯᠠᠨ ᠬᠡᠯᠡ ᠪᠠᠭᠠᠳᠤᠨ᠎ᠠ᠃

ᠠᠩᠭᠯᠢ ᠬᠡᠯᠡ ᠨᠢ ᠶᠥᠭᠢᠫ ᠲᠤ᠂ ᠢᠣᠷᠳᠠᠨ᠂ ᠢᠰᠤᠶᠢᠯ᠂ ᠢᠷᠠᠺ᠂ ᠺᠦᠪᠠᠶᠢᠲ ᠣᠷᠣᠨ ᠨᠤᠭᠤᠳ ᠤᠨ ᠳᠤᠮᠳᠠᠳᠤ ᠪᠠ ᠳᠡᠭᠡᠳᠦ ᠳᠠᠪᠬᠤᠷᠭ᠎ᠠ ᠶᠢᠨ ᠬᠦᠮᠦᠰ ᠦᠨ ᠳᠤᠮᠳᠠ ᠬᠡᠷᠡᠭᠯᠡᠭᠳᠡᠳᠡᠭ᠃

ᠡᠳ᠋ ᠍ ᠍ ᠍ ᠦᠨ ᠵᠠᠰᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠶᠢᠷᠠᠬᠢ ᠳᠣᠷᠣᠨᠠᠲᠤ ᠶᠢᠨ ᠣᠷᠣᠨ ᠨᠤᠭᠤᠳ ᠤᠨ ᠡᠳ᠋ ᠍ ᠍ ᠍ ᠦᠨ ᠵᠠᠰᠠᠭ ᠨᠢ ᠨᠡᠩ ᠶᠠᠳᠠᠭᠤ ᠠᠴᠠ ᠲᠤᠶᠢᠯ ᠤᠨ ᠴᠢᠨᠡᠭᠡᠯᠢᠭ ᠬᠦᠷᠲᠡᠯ᠎ᠡ ᠲᠣᠭᠲᠠᠨ᠎ᠠ᠃ ᠠᠮᠧᠷᠢᠺᠠ ᠶᠢᠨ ᠨᠢᠭᠡᠳᠦᠭᠰᠡᠨ ᠤᠯᠤᠰ ᠤᠨ ТТГ ᠍ ᠍ ᠍ ᠶᠢᠨ ᠳᠡᠯᠡᠬᠡᠢ ᠶᠢᠨ ᠪᠠᠷᠢᠮᠲᠠ ᠶᠢᠨ ᠳᠡᠪᠲᠡᠷ ᠲᠦ 2007 ᠣᠨ ᠤ ᠪᠠᠶᠢᠳᠠᠯ ᠢᠶᠠᠷ ᠣᠶᠢᠷᠠᠬᠢ ᠳᠣᠷᠣᠨᠠᠲᠤ ᠳᠠᠬᠢ ᠪᠦᠬᠦ ᠦᠨᠳᠦᠰᠦᠲᠡᠨ ᠨᠦᠭᠦᠳ ᠬᠥᠭᠵᠢᠯ ᠦᠨ ᠨᠠᠭᠠᠰᠢ ᠲᠠᠢ ᠴᠢᠭ ᠬᠠᠨᠳᠤᠯᠭ᠎ᠠ ᠲᠠᠢ ᠪᠠᠶᠢᠭ᠎ᠠ ᠭᠡᠵᠡᠢ᠃ ᠣᠶᠢᠷᠠᠬᠢ ᠳᠣᠷᠣᠨᠠᠲᠤ ᠳᠠᠬᠢ ᠨᠢᠭᠡ ᠬᠦᠨᠳᠦ ᠨᠣᠣᠭ ᠲᠤ ᠬᠢ ᠳᠤᠮᠳᠠᠴᠢ ᠣᠷᠣᠯᠭ᠎ᠠ ᠪᠠᠷ ᠢᠶᠠᠨ ᠲᠡᠷᠢᠭᠦᠯᠡᠳᠡᠭ 3 ᠣᠷᠣᠨ ᠨᠢ ᠠᠷᠠᠪ ᠤᠨ ᠨᠢᠭᠡᠳᠦᠭᠰᠡᠨ ᠡᠮᠢᠷᠲ ᠤᠯᠤᠰ – 49,700 ᠠᠮᠠ᠃ ᠳ᠋ᠣᠯᠯᠠᠷ᠂ ᠺᠠᠲ᠋ᠠᠷ – 29,800 ᠠᠮᠠ᠃ ᠳ᠋ᠣᠯᠯᠠᠷ᠂ ᠺᠦᠪᠠᠶᠢᠲ – 23,100 ᠠᠮᠠ᠃ ᠳ᠋ᠣᠯᠯᠠᠷ᠃ ᠬᠠᠷᠢᠨ ᠡᠨᠡ ᠦᠵᠡᠭᠦᠯᠦᠯᠲᠡ ᠪᠡᠷ ᠢᠶᠡᠨ ᠬᠠᠮᠤᠭ ᠤᠨ ᠳᠣᠣᠷ᠎ᠠ ᠣᠷᠣᠳᠠᠭ 3 ᠣᠷᠣᠨ ᠨᠢ : ᠠᠹᠬᠠᠨᠨᠢᠰᠲᠠᠨ – 800 ᠠᠮᠠ᠃ ᠳ᠋ᠣᠯᠯᠠᠷ᠂ ᠶᠸᠮᠸᠨ – 1000 ᠠᠮᠠ᠃ ᠳ᠋ᠣᠯᠯᠠᠷ᠂ ᠢᠷᠠᠺ – 1900 ᠠᠮᠠ᠃ ᠳ᠋ᠣᠯᠯᠠᠷ ᠵᠡᠷᠭᠡ ᠣᠷᠣᠨ ᠨᠤᠭᠤᠳ ᠪᠠᠶᠢᠭ᠎ᠠ ᠶᠤᠮ᠃

ᠣᠶᠢᠷᠠᠬᠢ ᠳᠣᠷᠣᠨᠠᠲᠤ ᠶᠢᠨ ᠤᠯᠤᠰ ᠦᠨᠳᠦᠰᠦᠲᠡᠨ ᠨᠦᠭᠦᠳ ᠦᠨ ᠡᠳ᠋ ᠍ ᠍ ᠍ ᠦᠨ ᠵᠠᠰᠠᠭ ᠥᠪᠡᠷ ᠥᠪᠡᠷᠰᠡᠳ ᠦᠨ ᠭᠡᠰᠡᠨ ᠣᠨᠴᠠᠯᠢᠭ ᠲᠠᠢ ᠪᠠᠶᠢᠳᠠᠭ᠃ ᠵᠢᠱᠢᠶ᠎ᠡ ᠨᠢ ᠰ ᠤᠳ ᠤᠨ ᠠᠷᠠᠪ᠂ ᠠᠷᠠᠪ ᠤᠨ ᠨᠢᠭᠡᠳᠦᠭᠰᠡᠨ ᠡᠮᠢᠷᠲ ᠤᠯᠤᠰ᠂ ᠺᠦᠪᠠᠶᠢᠲ ᠵᠡᠷᠭᠡ ᠤᠯᠤᠰ ᠤᠨ ᠡᠳ᠋ ᠍ ᠍ ᠍ ᠦᠨ ᠵᠠᠰᠠᠭ ᠡᠺᠰᠫᠣᠷᠲ ᠤᠨ ᠴᠢᠯᠠᠭᠣᠨ ᠲᠣᠰᠣ᠂ ᠲᠡᠭᠦᠨ ᠲᠡᠢ ᠬᠣᠯᠪᠣᠭᠠᠲᠠᠢ ᠪᠦᠲᠦᠭᠡᠭᠳᠡᠬᠦᠨ ᠨᠦᠭᠦᠳ ᠳᠡᠭᠡᠷ᠎ᠡ ᠬᠦᠴᠦᠲᠡᠢ ᠲᠤᠯᠭᠠᠭᠤᠷᠢᠯᠠᠵᠤ ᠪᠠᠶᠢᠬᠤ ᠳᠤ ᠪᠤᠰᠤᠳ ᠲᠦᠺ᠂ ᠶᠥᠭᠢᠫᠲᠦ ᠶᠢᠨ ᠵᠡᠷᠭᠡ ᠣᠷᠣᠨ ᠤ ᠡᠳ᠋ ᠍ ᠍ ᠍ ᠦᠨ ᠵᠠᠰᠠᠭ ᠣᠯᠠᠨ ᠲᠠᠯ᠎ᠠ ᠶᠢᠨ ᠦᠨᠳᠦᠰᠦ ᠰᠠᠭᠤᠷᠢ ᠲᠠᠢ ᠪᠠᠶᠢᠳᠠᠭ᠃ ᠣᠶᠢᠷᠠᠬᠢ ᠳᠣᠷᠣᠨᠠᠲᠤ ᠳᠠᠬᠢ ᠡᠳ᠋ ᠍ ᠍ ᠍ ᠦᠨ ᠵᠠᠰᠠᠭ ᠤᠨ ᠰᠠᠯᠪᠠᠷ ᠤᠳ ᠢ ᠳᠤᠷᠢᠳᠠᠪᠠᠯ ᠴᠢᠯᠠᠭᠣᠨ ᠲᠣᠰᠣ ᠲᠡᠭᠦᠨ ᠲᠡᠢ ᠬᠣᠯᠪᠣᠭᠳᠠᠬᠤ ᠪᠦᠲᠦᠭᠡᠭᠳᠡᠬᠦᠨ᠂ ᠬᠥᠳᠡᠭᠡ ᠠᠵᠤ ᠠᠬᠤᠢ᠂ ᠬᠥᠪᠥᠨ ᠳᠠᠪᠤᠤ᠂ ᠦᠬᠡᠷ ᠮᠠᠯ᠂ ᠰᠦ᠋ ᠰᠦᠨ ᠪᠦᠲᠦᠭᠡᠭᠳᠡᠬᠦᠨ ᠨᠦᠭᠦᠳ᠂ ᠨᠡᠬᠡᠮᠡᠯ᠂ ᠰᠠᠪᠢᠬᠢ ᠠᠷᠠᠰᠤ ᠰᠢᠷᠢ᠂ ᠮᠡᠰᠡ ᠵᠠᠰᠠᠯ ᠤᠨ ᠪᠠᠭᠠᠵᠢ᠂ ᠬᠠᠮᠠᠭᠠᠯᠠᠯᠲᠠ ᠶᠢᠨ ᠬᠡᠷᠡᠭᠰᠡᠯ (ᠪᠤᠤ᠂ ᠰᠤᠮᠤ᠂ ᠲᠠᠩᠺ᠂ ᠪᠠᠶᠢᠯᠳᠤᠭᠠᠨ ᠤ ᠣᠩᠭᠣᠴᠠ᠂ ᠫᠤᠤᠵᠢᠩ) ᠭᠡᠬᠦ ᠮᠡᠲᠦ᠃ ᠮᠥᠨ ᠠᠷᠠᠪ ᠤᠨ ᠨᠢᠭᠡᠳᠦᠭᠰᠡᠨ ᠡᠮᠢᠷᠲ ᠤᠯᠤᠰ ᠪᠣᠯᠤᠨ ᠪᠠᠾᠷᠧᠶᠢᠨ ᠳᠤ ᠪᠠᠩᠬᠢ ᠨᠢ ᠡᠳ᠋ ᠍ ᠍ ᠍ ᠦᠨ ᠵᠠᠰᠠᠭ ᠤᠨ ᠮᠠᠰᠢ ᠴᠢᠬᠤᠯᠠ ᠰᠧᠺᠲ᠋ᠣᠷ ᠪᠣᠯᠵᠤ ᠥᠭᠳᠡᠭ᠃

ᠲᠦᠺ᠂ ᠶᠥᠭᠢᠫᠲ ᠡᠴᠡ ᠪᠤᠰᠤᠳ ᠣᠷᠣᠨ ᠳᠤ ᠨᠤᠲᠤᠭ ᠤᠨ ᠬᠠᠭᠤᠴᠢᠨᠰᠠᠭ ᠰᠢᠨᠵᠢ ᠴᠢᠨᠠᠷ᠂ ᠪᠣᠯᠤᠨ ᠵᠠᠷᠢᠮ ᠪᠥᠰᠡ ᠳᠦ ᠤᠯᠤᠰ ᠲᠥᠷᠥ ᠶᠢᠨ ᠦᠢᠮᠡᠭᠡᠨ ᠡᠴᠡ ᠪᠣᠯᠤᠭᠠᠳ ᠠᠶᠠᠯᠠᠯ ᠵᠢᠭᠤᠯᠴᠢᠯᠠᠯ ᠤᠨ ᠬᠥᠭᠵᠢᠯ ᠶᠡᠬᠡ ᠰᠤᠯᠠ ᠪᠠᠶᠢᠳᠠᠭ ᠪᠠᠶᠢᠨ᠎ᠠ᠃ ᠬᠡᠳᠦᠢ ᠲᠡᠶᠢᠮᠦ ᠪᠣᠯᠪᠠᠴᠤ ᠰᠡᠭᠦᠯ ᠦᠨ ᠵᠢᠯ ᠤᠨᠳ ᠲᠤ ᠠᠷᠠᠪ ᠤᠨ ᠨᠢᠭᠡᠳᠦᠭᠰᠡᠨ ᠡᠮᠢᠷᠲ ᠤᠯᠤᠰ᠂ ᠪᠠᠾᠷᠧᠢ ᠶᠢᠨ᠂ ᠢᠣᠷᠳᠠᠨ ᠵᠡᠷᠭᠡ ᠣᠷᠣᠨ ᠤ ᠠᠶᠠᠯᠠᠯ ᠵᠢᠭᠤᠯᠴᠢᠯᠠᠯ ᠤᠨ ᠪᠣᠳᠣᠯᠭ᠎ᠠ᠂ ᠨᠥᠬᠥᠴᠡᠯ ᠪᠣᠯᠤᠮᠵᠢ ᠳᠡᠭᠡᠭᠰᠢᠯᠡᠭᠰᠡᠨ ᠲᠡᠢ ᠬᠣᠯᠪᠣᠭᠳᠠᠨ ᠡᠳᠡᠭᠡᠷ ᠣᠷᠣᠨ ᠨᠤᠭᠤᠳ ᠲᠤ ᠵᠢᠭᠤᠯᠴᠢᠳ ᠤᠨ ᠢᠷᠡᠬᠦ ᠲᠣᠭ᠎ᠠ ᠥᠰᠦᠭᠰᠡᠭᠡᠷ ᠪᠠᠶᠢᠭ᠎ᠠ ᠶᠤᠮ᠃

ᠨᠡᠮᠡᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

Commons
Викимедиа дуу дүрсний сан: Middle East

ᠪᠢᠴᠢᠭᠡᠰᠦ