ᠣᠴᠢᠷ ᠤᠨ ᠴᠡᠪᠡᠭᠵᠠᠪ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠣᠴᠢᠷ ᠤᠨ ᠴᠡᠪᠡᠭᠵᠠᠪ
ᠲᠥᠷᠦᠭᠰᠡᠨ ᠤᠨ 1915 ᠣᠨ
ᠲᠥᠷᠦᠭᠰᠡᠨ ᠭᠠᠵᠠᠷ ᠮᠣᠩᠭᠣᠯ ᠤᠯᠤᠰ ᠤᠨ ᠳᠣᠷᠣᠨᠠᠲᠤ
ᠠᠶᠢᠮᠠᠭ ᠤᠨ ᠪᠠᠶᠠᠨᠳᠤᠨ ᠰᠤᠮᠤ
 ᠨᠠᠰᠤ ᠪᠠᠷᠠᠭᠰᠠᠨ 1975 ᠣᠨ ᠤ 7 ᠰᠠᠷ᠎ᠠ ᠶᠢᠨ 23
(60 ᠨᠠᠰᠤᠯᠠᠭᠰᠠᠨ)
ᠦᠨᠳᠦᠰᠦᠲᠡᠨ ᠮᠣᠩᠭᠣᠯ ᠦᠨᠳᠦᠰᠦᠲᠡᠨ
ᠢᠷᠭᠡᠨ Flag of Mongolia.svg ᠮᠣᠩᠭᠣᠯ
ᠠᠵᠢᠯ ᠵᠢᠷᠤᠭᠠᠴᠢ

ᠣᠴᠢᠷ ᠤᠨ ᠴᠡᠪᠡᠭᠵᠠᠪ — ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠤᠨ ᠲᠥᠷᠥ ᠶᠢᠨ ᠬᠣᠱᠣᠢ ᠱᠠᠩᠨᠠᠯᠲᠤ᠂ ᠠᠩᠬᠠᠨ ᠤ ᠠᠷᠠᠳ ᠤᠨ ᠵᠢᠷᠤᠭᠠᠴᠢᠤᠷᠠᠯᠢᠭ ᠤᠨ ᠭᠠᠪᠢᠶᠠᠲᠤ ᠵᠢᠳᠬᠦᠯᠲᠡᠨᠠᠷᠪᠠᠨ ᠲᠠᠪᠤᠳᠤᠭᠠᠷ ᠵᠠᠭᠤᠨ ᠤ ᠮᠠᠩᠯᠠᠢ ᠵᠢᠷᠤᠭᠠᠴᠢ᠃

ᠨᠠᠮᠲᠠᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠷᠣᠰ ᠬᠣᠯᠪᠣᠭᠠᠨ ᠤ ᠤᠯᠤᠰ ᠤᠨ ᠴᠢᠲ᠋ᠠ ᠮᠤᠵᠢ ᠶᠢᠨ ᠠᠭ᠎ᠠ ᠶᠢᠨ ᠲᠣᠭᠣᠷᠢᠭ ᠤᠨ ᠨᠤᠲᠤᠭ ᠱᠠᠭᠠᠵᠠᠭᠠᠢ ᠳᠤ ᠭᠡᠳᠡᠭ ᠭᠠᠵᠠᠷ ᠲᠦᠷᠦᠭᠰᠡᠨ᠃ ᠳᠣᠷᠣᠨᠠᠲᠤ ᠠᠶᠢᠮᠠᠭ ᠤᠨ ᠪᠠᠶᠠᠨᠳᠤᠨ ᠰᠤᠮᠤ ᠶᠢᠨ ᠬᠠᠷᠢᠶᠠᠲᠤ᠃

 • 1926-1930 ᠣᠨ ᠳᠤ ᠬᠡᠨᠲᠡᠢ ᠬᠠᠨ ᠠᠭᠤᠯᠠ ᠶᠢᠨ ᠠᠶᠢᠮᠠᠭ ᠤᠨ ᠤᠯᠵᠠ ᠶᠢᠨ ᠬᠣᠰᠢᠭᠤᠨ ᠤ ᠪᠠᠭ᠎ᠠ ᠰᠤᠷᠭᠠᠭᠤᠯᠢ᠂
 • 1931 ᠣᠨ ᠠᠴᠠ ᠤᠯᠠᠭᠠᠨᠪᠠᠭᠠᠲᠤᠷ ᠬᠣᠳᠠ ᠳᠤ ᠪᠠᠭᠰᠢ ᠶᠢᠨ ᠰᠤᠷᠭᠠᠭᠤᠯᠢ ᠳᠤ ᠰᠤᠷᠤᠯᠴᠠᠵᠤ ᠲᠡᠭᠦᠰᠦᠭᠰᠡᠨ᠃
 • 1935 ᠣᠨ ᠠᠴᠠ ᠰᠤᠶᠤᠯ ᠤᠨ ᠳᠣᠪᠲᠣᠯᠭᠠᠨ ᠤ ᠪᠠᠭᠰᠢ᠂ ᠦᠯᠢᠭᠡᠷ ᠵᠢᠱᠢᠶ᠎ᠡ ᠪᠠᠭ᠎ᠠ ᠰᠤᠷᠭᠠᠭᠤᠯᠢ᠂ ᠨᠢᠭᠡᠳᠦᠭᠡᠷ ᠳᠤᠮᠳᠠ ᠰᠤᠷᠭᠠᠭᠤᠯᠢ᠂ ᠪᠠᠭᠰᠢ ᠶᠢᠨ ᠰᠤᠷᠭᠠᠭᠤᠯᠢ᠂ ᠵᠢᠷᠤᠭ ᠤᠷᠠᠯᠠᠯ ᠤᠨ ᠭᠠᠵᠠᠷ᠂ ᠵᠢᠷᠤᠭ ᠤᠷᠠᠯᠠᠯ ᠤᠨ ᠰᠤᠷᠭᠠᠭᠤᠯᠢ᠂ ᠮᠣᠩᠭᠣᠯ ᠤᠨ ᠫᠢᠣᠨᠧᠷ ᠤᠨ ᠣᠷᠳᠣᠨ᠂ ХБДС᠂ ᠤᠯᠤᠰ ᠤᠨ ᠪᠠᠭᠰᠢ ᠶᠢᠨ ᠳᠡᠭᠡᠳᠦ ᠰᠤᠷᠭᠠᠭᠤᠯᠢ ᠳᠦ ᠪᠠᠭᠰᠢ᠂ ᠵᠢᠷᠤᠭᠠᠴᠢ ᠵᠡᠷᠭᠡ ᠠᠵᠢᠯ ᠢ ᠨᠠᠰᠤᠨ ᠲᠤᠷᠰᠢᠳᠠ ᠪᠠᠨ ᠬᠢᠵᠦ ᠪᠠᠭᠰᠢᠯᠠᠬᠤ ᠪᠣᠯᠤᠨ ᠳᠦᠷᠰᠦᠯᠡᠬᠦ ᠤᠷᠠᠯᠢᠭ ᠤᠨ ᠮᠡᠷᠭᠡᠵᠢᠯ ᠦᠨ ᠪᠣᠯᠪᠠᠰᠤᠨ ᠬᠦᠴᠦᠨ ᠪᠡᠯᠡᠳᠬᠡᠬᠦ ᠳᠦ ᠬᠦᠴᠦ ᠵᠢᠳᠬᠦᠯ ᠢᠶᠡᠨ ᠵᠣᠷᠢᠭᠤᠯᠵᠠᠢ᠃
 • 1942 ᠣᠨ ᠳᠤ ᠳᠦᠷᠰᠦᠯᠡᠬᠦ ᠤᠷᠠᠯᠢᠭ ᠤᠨ ᠭᠠᠵᠠᠷ ᠪᠠᠶᠢᠭᠤᠯᠤᠭᠳᠠᠬᠤ ᠳᠤ ᠲᠡᠨᠳᠡ ᠠᠵᠢᠯᠯᠠᠵᠤ ᠮᠣᠩᠭᠣᠯ ᠤᠨ ᠤᠷᠠᠴᠤᠳ ᠤᠨ ᠡᠪᠯᠡᠯ ᠦᠨ ᠦᠨᠳᠦᠰᠦ ᠰᠠᠭᠤᠷᠢ ᠶᠢ ᠲᠠᠯᠪᠢᠯᠴᠠᠭᠰᠠᠨ ᠪᠠᠶᠢᠨ᠎ᠠ᠃ ᠧᠦ᠋ᠷᠣᠫᠠ ᠤᠷᠠᠨ ᠵᠢᠷᠤᠭ ᠤᠨ ᠠᠷᠭ᠎ᠠ ᠶᠢ ᠮᠣᠩᠭᠣᠯ ᠳᠤ ᠨᠡᠪᠲᠡᠷᠡᠭᠦᠯᠬᠦ ᠳᠦ ᠲᠣᠮᠣᠬᠠᠨ ᠬᠤᠪᠢ ᠨᠡᠮᠡᠷᠢ ᠣᠷᠣᠭᠤᠯᠵᠠᠢ᠃

ᠤᠷᠠᠨ ᠪᠦᠲᠦᠭᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠪᠢᠶᠠᠰ ᠪᠢᠯᠢᠭ᠂ ᠬᠢᠴᠢᠶᠡᠩᠭᠦᠢ ᠬᠥᠳᠡᠯᠮᠦᠷᠢ ᠶᠢᠨ ᠢᠶᠡᠨ ᠦᠷ᠎ᠡ ᠪᠡᠷ ᠮᠡᠷᠭᠡᠵᠢᠯ ᠦᠨ ᠵᠢᠷᠤᠭᠠᠴᠢ ᠶᠢᠨ ᠵᠡᠷᠭᠡ ᠳᠦ ᠬᠦᠷᠴᠦ

 • 《ᠠᠷᠠᠳ ᠤᠨ ᠵᠢᠷᠤᠮᠲᠤ ᠴᠡᠷᠢᠭ ᠬᠦᠷᠢᠶᠡᠨ ᠳᠦ ᠣᠷᠣᠵᠤ ᠢᠷᠡᠯ᠎ᠡ》 /1948/,
 • 《ᠭᠤᠷᠪᠠᠨ ᠪᠠᠭᠠᠲᠤᠷ》 /1947/
 • 《ᠬᠣᠶᠠᠷ ᠪᠦᠯᠬᠦᠮ ᠨᠢᠭᠡᠳᠪᠡ》
 • 《ᠫᠠᠷᠲ᠋ᠢᠽᠠᠨ ᠴᠡᠷᠢᠭ ᠡᠯᠰᠡᠭᠦᠯᠵᠦ ᠪᠠᠶᠢᠨ᠎ᠠ》,
 • 《ᠤᠯᠤᠰ ᠤᠨ ᠠᠩᠬᠠᠳᠤᠭᠠᠷ ᠶᠡᠬᠡ ᠬᠤᠷᠠᠯ》,
 • 《ᠭᠤᠷᠪᠠᠨ ᠪᠠᠭᠠᠲᠤᠷ》 ᠵᠡᠷᠭᠡ ᠲᠡᠦᠬᠡᠨ ᠰᠡᠳᠦᠪᠲᠦ ᠪᠦᠲᠦᠭᠡᠯ ᠦᠳ
 • 《ᠥᠪᠡᠷ ᠦᠨ ᠬᠥᠷᠥᠭ》 /1946/,
 • 《ᠢᠷᠦᠭᠡᠯᠴᠢ ᠵᠢᠭᠮᠡᠳ》 /1946/,
 • 《ᠵᠢᠷᠤᠭᠠᠴᠢ ᠳ᠃ᠴᠣᠶᠢᠳᠣᠭ》 /1948/,
 • 《ᠭᠠᠪᠢᠶᠠᠲᠤ ᠬᠥᠭᠵᠢᠮᠴᠢᠨ ᠵᠠᠮᠪᠠᠯ》/1963/ ᠵᠡᠷᠭᠡ ᠬᠥᠷᠥᠭ ᠪᠦᠲᠦᠭᠡᠯ ᠦᠳ
 • 《ᠪᠤᠬ᠎ᠠ ᠶᠢᠨ ᠮᠥᠷᠭᠥᠯᠳᠦᠭᠡᠨ》 /1953/,
 • 《ᠠᠭᠤᠯᠠᠨ ᠳᠤ》 /1953/,
 • 《ᠠᠵᠢᠷᠭ᠎ᠠ ᠶᠢᠨ ᠨᠣᠴᠣᠯᠳᠤᠨ》 /1958/,
 • 《ᠡᠮᠨᠢᠭ ᠰᠤᠷᠭᠠᠭᠴᠢ》 /1963/,
 • 《ᠭᠡᠭᠦᠦᠨ ᠵᠡᠯᠡᠨ ᠳᠡᠭᠡᠷ᠎ᠡ》,

《ᠡᠬᠡ ᠶᠢᠨ ᠠᠴᠢ》 ᠵᠡᠷᠭᠡ ᠮᠣᠩᠭᠣᠯᠴᠤᠳ ᠤᠨ ᠵᠠᠩ ᠵᠠᠩᠰᠢᠯ᠂ ᠡᠷᠳᠡᠨᠢᠲᠦ ᠮᠠᠯ ᠢᠶᠠᠨ ᠬᠠᠶᠢᠷᠠᠯᠠᠨ ᠥᠰᠬᠡᠬᠦ ᠠᠷᠭ᠎ᠠ ᠤᠬᠠᠭᠠᠨ᠂ ᠡᠷ᠎ᠡ ᠵᠣᠷᠢᠭ ᠢ ᠪᠠᠬᠠᠳᠤᠨ ᠦᠵᠡᠭᠦᠯᠦᠭᠰᠡᠨ ᠰᠢᠯᠢᠳᠡᠭ ᠪᠦᠲᠦᠭᠡᠯ ᠣᠯᠠᠨ ᠢ ᠲᠤᠭᠤᠷᠪᠢᠭᠰᠠᠨ᠃

ᠲᠡᠭᠦᠨ ᠦ ᠬᠠᠮᠤᠭ ᠤᠨ ᠠᠯᠳᠠᠷᠲᠠᠢ ᠪᠦᠲᠦᠭᠡᠯ ᠨᠢ ᠲᠡᠭᠦᠨ ᠦ 15 ᠵᠢᠯ ᠪᠣᠳᠣᠵᠤ ᠲᠤᠭᠤᠷᠪᠢᠭᠰᠠᠨ 《ᠠᠵᠢᠷᠭᠠᠨ ᠤ ᠨᠣᠴᠣᠯᠳᠤᠨ》 ᠵᠢᠷᠤᠭ ᠶᠤᠮ᠃

ᠭᠠᠪᠢᠶ᠎ᠠ ᠱᠠᠩᠨᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

 • ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠤᠨ ᠮᠠᠷᠱᠠᠯ ᠴᠣᠶᠢᠪᠠᠯᠰᠠᠩ ᠤᠨ ᠨᠡᠷᠡᠮᠵᠢᠲᠦ ᠱᠠᠩᠨᠠᠯ ᠍ ᠢ 《ᠢᠯᠠᠯᠲᠠ ᠶᠢᠨ ᠳᠠᠷᠠᠭ᠎ᠠ ᠪᠤᠴᠠᠵᠤ ᠢᠷᠡᠭᠰᠡᠨ ᠨᠢ》, 《ᠪᠠᠭᠠᠲᠤᠷ ᠤᠳ ᠤᠨ ᠭᠠᠪᠢᠶ᠎ᠠ》 ᠲᠣᠰᠤᠨ ᠪᠤᠳᠤᠭ ᠤᠨ ᠪᠦᠲᠡᠭᠡᠯᠢ ᠨᠦᠭᠦᠳ ᠢᠶᠡᠷ ᠢᠶᠡᠨ 2 ᠤᠳᠠᠭ᠎ᠠ /1945, 1947/,
 • ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠤᠨ ᠤᠷᠠᠯᠢᠭ ᠤᠨ ᠭᠠᠪᠢᠶᠠᠲᠤ ᠵᠢᠳᠬᠦᠯᠲᠡᠨ /1945-10-02/,
 • ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠤᠨ ᠠᠷᠠᠳ ᠤᠨ ᠵᠢᠷᠤᠭᠠᠴᠢ /1965-12-03. №243/,
 • ᠬᠥᠳᠡᠯᠮᠦᠷᠢ ᠶᠢᠨ ᠭᠠᠪᠢᠶᠠᠨ ᠤ ᠤᠯᠠᠭᠠᠨ ᠲᠤᠭ ᠤᠨ ᠣᠳᠣᠨ᠂
 • 《ᠠᠯᠲᠠᠨ ᠭᠠᠳᠠᠰᠤ》 ᠣᠳᠣᠨ ᠪᠣᠯᠤᠨ ᠪᠤᠰᠤᠳ ᠮᠧᠳᠠᠯ ᠤᠳ ᠢᠶᠠᠷ ᠱᠠᠩᠨᠠᠭᠳᠠᠵᠠᠢ᠃

ᠪᠠᠷᠢᠮᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠡᠷᠭᠡᠢ ᠳ᠃ᠳᠠᠮᠳᠢᠮ ᠢᠶᠠᠨ ᠨᠢ ᠤᠷᠠᠯᠢᠭ ᠤᠨ ᠭᠠᠪᠢᠶᠠᠲᠤ ᠵᠢᠳᠬᠦᠯᠲᠡᠨ᠂ ᠤᠷᠠᠨ ᠪᠠᠷᠢᠮᠠᠯᠴᠢ᠂ ᠬᠣᠶᠠᠷ ᠬᠦᠦ᠂ ᠨᠢᠭᠡ ᠥᠬᠢᠨ ᠨᠢ ᠴᠢᠯᠠᠭᠤᠨ ᠪᠠᠷᠰ᠂ ᠤᠷᠠᠨ ᠵᠢᠷᠤᠭ᠂ ᠮᠤᠯᠲ᠋ᠹᠢᠯᠮ ᠤᠨ ᠤᠷᠠᠨ ᠪᠦᠲᠦᠭᠡᠯᠴᠢᠳ ᠠᠵᠡᠢ᠃

ᠤᠷᠠᠯᠢᠭ ᠰᠤᠳᠤᠯᠤᠭᠠᠴᠢ ᠡᠷᠳᠡᠮᠲᠡᠨ ᠯᠠ᠃ᠰᠣᠳᠨᠠᠮᠰᠡᠷᠡᠩ 《ᠤᠷᠠᠨ ᠵᠢᠷᠤᠭᠠᠴᠢ ᠣ᠃ᠴᠡᠪᠡᠭᠵᠠᠪ》 ᠬᠡᠮᠡᠬᠦ ᠨᠣᠮ ᠪᠢᠴᠢᠵᠦ ᠤᠯᠠᠭᠠᠨᠪᠠᠭᠠᠲᠤᠷ ᠲᠤ 1970 ᠣᠨ ᠳᠤ ᠬᠡᠪᠯᠡᠭᠦᠯᠦᠭᠰᠡᠨ ᠪᠠᠶᠢᠨ᠎ᠠ᠃

ᠪᠢᠴᠢᠭᠡᠰᠦ