ᠣᠳᠣᠨ ᠣᠷᠣᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
Crab Nebula.jpg

ᠠᠰᠲ᠋ᠷᠣᠨᠣᠮᠢ (ᠣᠳᠣᠨ ᠣᠷᠣᠨ ᠰᠤᠳᠤᠯᠤᠯ᠂ ᠰᠠᠨᠰᠠᠷ ᠰᠤᠳᠤᠯᠤᠯ ᠴᠤ ᠭᠡᠵᠦ ᠨᠡᠷᠡᠯᠡᠳᠡᠭ) ᠨᠢ ᠰᠠᠨᠰᠠᠷ ᠳᠠᠬᠢ ᠪᠡᠶᠡᠲᠦ ᠨᠦᠭᠦᠳ (ᠣᠳᠣ᠂ ᠭᠠᠷᠠᠭ᠂ ᠭᠠᠯᠠᠺᠲ᠋ᠢᠺ ᠬᠡᠬᠦ ᠮᠡᠳᠦ) ᠪᠠ ᠳᠡᠯᠡᠬᠡᠢ ᠶᠢᠨ ᠠᠭᠠᠷ ᠮᠠᠨᠳᠠᠯ ᠠᠴᠠ ᠭᠠᠳᠠᠨ᠎ᠠ ᠶᠠᠪᠤᠭᠳᠠᠬᠤ ᠦᠵᠡᠭᠳᠡᠯ ᠢ ᠰᠤᠳᠤᠯᠳᠠᠭ ᠰᠢᠨᠵᠢᠯᠡᠬᠦ ᠤᠬᠠᠭᠠᠨ ᠶᠤᠮ᠃ ᠠᠰᠲ᠋ᠷᠣᠨᠣᠮᠢ ᠭᠡᠳᠡᠭ ᠨᠢ ᠰᠢᠭᠤᠳ ᠤᠳᠬ᠎ᠠ ᠪᠠᠷ ᠢᠶᠠᠨ 《ᠣᠳᠣᠳ ᠤᠨ ᠬᠠᠤᠯᠢ》 ᠭᠡᠰᠡᠨ ᠤᠳᠬ᠎ᠠ ᠲᠠᠢ ᠪᠠ ᠭᠷᠧᠺ ᠬᠡᠯᠡᠨ ᠦ αστρονομία᠂ ᠠᠰᠲ᠋ᠷᠣᠨᠣᠮᠢᠪᠠᠨ (άστρον - ᠠᠰᠲ᠋ᠷᠣᠨ᠂ 《ᠣᠳᠣ》 ; νόμος - ᠨᠣᠮᠣᠰ᠂ 《ᠨᠡᠷᠡᠯᠡᠯᠲᠡ ᠶᠢᠨ ᠬᠠᠤᠯᠢ》) ᠭᠡᠳᠡᠭ ᠡᠴᠡ ᠭᠠᠷᠤᠯ ᠲᠠᠢ᠃

5946164198745241.jpg

ᠲᠠ ᠰᠢᠨ᠎ᠡ ᠰᠠᠷ᠎ᠠ ᠶᠢᠨ ᠢᠶᠠᠨ ᠲᠥᠯᠥᠪᠯᠡᠭᠡ ᠶᠢ ᠭᠠᠷᠭᠠᠨ᠂ ᠥᠩᠭᠡᠷᠡᠭᠰᠡᠨ ᠰᠠᠷ᠎ᠠ ᠶᠢᠨ ᠢᠶᠠᠨ ᠠᠯᠳᠠᠭ᠎ᠠ᠂ ᠣᠨᠣᠭ᠎ᠠ ᠶᠢ ᠳᠡᠩᠰᠡᠯᠡᠨ ᠰᠠᠭᠤᠨ᠎ᠠ ᠤᠤ? ᠭᠡᠬᠦ ᠳᠦ ᠪᠡᠨ ᠥᠩᠭᠡᠷᠡᠭᠰᠡᠨ ᠰᠠᠷ᠎ᠠ ᠳᠤ ᠭᠠᠷᠭᠠᠭᠰᠠᠨ ᠠᠮᠵᠢᠯᠲᠠ ᠪᠦᠲᠦᠭᠡᠯ ᠡᠴᠡ ᠪᠡᠨ ᠤᠷᠮ᠎ᠠ ᠠᠪᠴᠤ᠂ ᠠᠯᠳᠠᠭᠰᠠᠨ ᠪᠦᠬᠦᠨ ᠢᠶᠡᠨ ᠴᠡᠩᠨᠡᠨ᠂ ᠰᠢᠨ᠎ᠡ ᠰᠠᠷ᠎ᠠ ᠪᠠᠨ ᠤᠷᠮ᠎ᠠ ᠵᠣᠷᠢᠭᠲᠠᠢ ᠪᠠᠷ ᠤᠭᠲᠤᠨ ᠠᠪᠬᠤ ᠨᠢ  ᠶᠠᠭᠤᠨ ᠠᠴᠠ ᠢᠯᠡᠭᠦᠦ ᠴᠢᠬᠤᠯᠠ ᠭᠡᠳᠡᠭ ᠢ ᠪᠤᠤ ᠮᠠᠷᠲᠠᠭᠠᠷᠠᠢ᠃ ᠬᠠᠷᠢᠨ ᠲᠠ ᠲᠠᠪᠤᠳᠤᠭᠠᠷ ᠰᠠᠷ᠎ᠠ ᠳᠤ ᠨᠡᠮ ᠡ ᠵᠢ  ᠶᠠᠭᠤ ᠬᠦᠯᠢᠶᠡᠵᠦ ᠪᠠᠶᠢᠭ᠎ᠠ ᠪᠣᠯ ᠬᠡᠮᠡᠨ ᠪᠣᠳᠣᠵᠤ ᠰᠠᠭᠤᠭ᠎ᠠ ᠪᠣᠯ ᠠᠩᠬᠠᠷᠤᠯ ᠢᠶᠠᠨ ᠬᠠᠨᠳᠤᠭᠤᠯᠤᠭᠠᠷᠠᠢ᠃

ᠬᠣᠨᠢ (03.21 – 04.20)[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠣᠨᠢᠨ ᠤ ᠣᠷᠳᠣᠨ ᠤ ᠬᠢᠨ ᠤ ᠬᠤᠪᠢ ᠳᠤ ᠵᠣᠷᠢᠯᠭ᠎ᠠ ᠳᠤ ᠪᠠᠨ ᠲᠤᠤᠱᠲᠠᠢ᠂ ᠰᠢᠢᠳᠮᠡᠭᠡᠢ ᠪᠠᠶᠢᠭᠠᠷᠠᠢ᠃ ᠡᠨᠡ ᠰᠠᠷ᠎ᠠ ᠳᠤ ᠴᠢᠬᠤᠯᠠ ᠰᠢᠢᠳᠪᠦᠷᠢ ᠭᠠᠷᠭᠠᠬᠤ ᠶᠢᠨ ᠲᠤᠯᠠᠳᠠ ᠶᠠᠭᠤ ᠶᠢ ᠴᠤ ᠡᠰᠡᠷᠭᠦᠴᠡᠬᠦ ᠳᠦ ᠪᠡᠯᠡᠨ ᠪᠠᠶᠢᠬᠤ ᠬᠡᠷᠡᠭᠲᠡᠢ᠃ ᠲᠡᠭᠡᠪᠡᠯ ᠲᠠ ᠰᠢᠨ᠎ᠡ ᠰᠡᠳᠡᠯ ᠰᠠᠨᠠᠭ᠎ᠠ ᠪᠠᠷ ᠳᠦᠭᠦᠷᠡᠩ᠂ ᠪᠣᠭᠣᠨᠢᠬᠠᠨ ᠬᠤᠭᠤᠴᠠᠭᠠᠨ ᠳᠤ ᠮᠠᠰᠢ ᠶᠡᠬᠡ ᠬᠡᠮᠵᠢᠶᠡᠨ ᠦ ᠠᠰᠢᠭ ᠣᠯᠵᠤ ᠴᠢᠳᠠᠨ᠎ᠠ᠃ ᠥᠪᠡᠷ ᠦᠨ ᠠᠪᠢᠶᠠᠰ᠂ ᠴᠢᠳᠠᠪᠤᠷᠢ ᠪᠠᠷ ᠢᠶᠠᠨ ᠤᠳᠤᠷᠢᠳᠤᠯᠭ᠎ᠠ᠂ ᠬᠠᠮᠲᠤ ᠣᠯᠠᠨ ᠳᠤ ᠪᠠᠨ ᠲᠠᠭᠠᠲᠠᠢ ᠰᠡᠳᠬᠢᠭᠳᠡᠯ ᠴᠤ ᠲᠥᠷᠦᠭᠦᠯᠦᠨ᠎ᠡ᠃ ᠬᠣᠨᠢᠨ ᠤ ᠣᠷᠳᠣᠨ ᠤ ᠬᠢᠨ ᠥᠪᠡᠷ ᠦᠨ ᠳᠤᠷ᠎ᠠ ᠪᠤᠯᠢᠶᠠᠮ᠎ᠠ ᠪᠠᠶᠢᠳᠠᠯ ᠢᠶᠠᠷ ᠢᠶᠠᠨ ᠡᠰᠡᠷᠬᠦ ᠬᠦᠢᠰᠦᠲᠡᠨ ᠢᠶᠡᠨ ᠲᠠᠲᠠᠳᠠᠭ᠃ ᠲᠣᠪᠴᠢᠬᠠᠨ ᠳᠤ ᠪᠠᠨ ᠪᠣᠯ ᠡᠨᠡ ᠰᠠᠷ᠎ᠠ ᠳᠤ ᠲᠡᠳᠡ ᠬᠤᠪᠢ ᠵᠢᠨ ᠠᠮᠢᠳᠤᠷᠠᠯ ᠳᠤ ᠪᠠᠨ ᠴᠤ᠂ ᠠᠵᠢᠯ ᠳᠡᠭᠡᠷ᠎ᠡ ᠪᠡᠨ ᠴᠤ ᠣᠯᠠᠨ ᠵᠦᠢᠯ ᠢ ᠪᠦᠲᠦᠭᠡᠵᠦ᠂ ᠦᠯᠡᠮᠵᠢ ᠠᠮᠵᠢᠯᠲᠠ ᠶᠢ ᠣᠯᠤᠨ᠎ᠠ᠃

49694565987498.jpg

ᠦᠬᠡᠷ (04.21 – 05.21)[ᠵᠠᠰᠠᠪᠤᠷᠢᠯᠠᠬᠤ | ᠺᠣᠳ᠋ ᠢᠶᠠᠷ ᠵᠠᠰᠠᠬᠣ]

2018  ᠤᠨ ᠤ ᠲᠠᠪᠤᠳᠤᠭᠠᠷ ᠰᠠᠷ᠎ᠠ ᠶᠢᠨ ᠵᠢᠷᠤᠬᠠᠢ ᠳᠤ ᠲᠠᠨ ᠤ ᠠᠮᠢᠳᠤᠷᠠᠯ ᠳᠤ ᠦᠶ᠎ᠡ ᠦᠶ᠎ᠡ ᠰᠡᠳᠬᠢᠯ ᠰᠠᠨᠠᠭ᠎ᠠ ᠪᠠᠷ ᠤᠨᠠᠬᠤ ᠵᠦᠢᠯ ᠭᠠᠷᠴᠤ ᠮᠠᠭᠠᠳ ᠦᠭᠡᠢ ᠬᠡᠮᠡᠨ ᠠᠩᠬᠠᠷᠤᠭᠤᠯᠵᠤ ᠪᠠᠶᠢᠨ᠎ᠠ᠃ ᠨᠠᠶᠢᠵᠠ ᠨᠥᠬᠥᠳ ᠦᠨ ᠬᠥᠭᠵᠢᠯᠲᠡᠢ ᠲᠣᠭᠯᠠᠭᠠᠮ ᠱᠣᠭᠯᠠᠭᠠᠮ᠂ ᠲᠠᠭᠠᠲᠠᠢ ᠦᠵᠡᠪᠦᠷᠢ ᠦᠢᠯᠡᠴᠢᠯᠡᠭᠡ ᠴᠤ ᠲᠠᠨ ᠤ ᠰᠡᠳᠬᠢᠯ ᠰᠠᠨᠠᠭ᠎ᠠ ᠶᠢ ᠡᠷᠭᠦᠵᠦ ᠴᠢᠳᠠᠬᠤ ᠦᠭᠡᠢ᠃ ᠦᠬᠡᠷ ᠦᠨ ᠬᠢᠨ ᠳᠦ ᠵᠠᠷᠢᠮ ᠳᠤ ᠪᠠᠨ ᠤᠬᠢᠯᠠᠮᠠᠷ ᠴᠤ ᠦᠶ᠎ᠡ ᠭᠠᠷᠤᠨ᠎ᠠ᠃ ᠭᠡᠬᠦ ᠳᠦ ᠪᠡᠨ ᠡᠭᠦᠨ ᠢ ᠬᠦᠨᠳᠦ ᠲᠤᠰᠬᠠᠵᠤ ᠠᠪᠬᠤ ᠬᠡᠷᠡᠭ ᠦᠭᠡᠢ ᠬᠡᠮᠡᠵᠡᠢ᠃ ᠤᠴᠢᠷ ᠨᠢ ᠲᠠ ᠵᠦᠭᠡᠷ ᠯᠠ ᠶᠠᠳᠠᠷᠠᠭᠰᠠᠨ ᠪᠠᠶᠢᠨ᠎ᠠ᠃ ᠡᠶᠢᠮᠦ ᠡᠴᠡ ᠠᠮᠢᠰᠬᠤᠭ᠎ᠠ ᠠᠪᠴᠤ᠂ ᠪᠠᠭ᠎ᠠ ᠵᠡᠷᠭᠡ ᠠᠮᠤᠷᠠᠬᠤ ᠬᠡᠷᠡᠭᠲᠡᠢ᠃ ᠡᠶᠢᠮᠦ ᠦᠶ᠎ᠡ ᠳᠦ ᠲᠠᠨ ᠤ ᠣᠶᠢᠷ᠎ᠠ ᠲᠤᠳᠤᠨᠤ ᠵᠢᠨ ᠬᠢᠨ ᠳᠤ ᠵᠢᠭᠠᠬᠠᠨ ᠲᠡᠰᠪᠦᠷᠢ ᠲᠡᠪᠴᠢᠶᠡᠷᠢ ᠲᠡᠢ ᠪᠠᠶᠢᠬᠤ ᠬᠡᠷᠡᠭᠲᠡᠢ ᠪᠣᠯᠤᠨ᠎ᠠ᠃ ᠶᠡᠷᠦ ᠨᠢ ᠦᠬᠡᠷ ᠦᠨ ᠬᠢᠨ ᠬᠥᠳᠡᠯᠮᠦᠷᠢᠴᠢ ᠬᠦᠮᠦᠰ ᠤᠴᠢᠷ ᠠᠴᠠ ᠲᠡᠳᠡᠨ ᠳᠦ ᠠᠮᠤᠷ ᠲᠠᠶᠢᠪᠤᠩ ᠪᠠᠶᠢᠳᠠᠯ᠂ ᠬᠠᠯᠠᠮᠵᠢ ᠠᠰᠠᠷᠠᠭ᠎ᠠ ᠲᠤᠩ ᠬᠡᠷᠡᠭᠲᠡᠢ᠃

ᠢᠬᠡᠷ᠎ᠡ (05.22 – 06.21)[ᠵᠠᠰᠠᠪᠤᠷᠢᠯᠠᠬᠤ | ᠺᠣᠳ᠋ ᠢᠶᠠᠷ ᠵᠠᠰᠠᠬᠣ]

ᠥᠪᠡᠷ ᠦᠨ ᠬᠦᠴᠦ᠂ ᠴᠢᠳᠠᠪᠤᠷᠢ ᠳᠤ ᠢᠲᠡᠭᠡᠬᠦ ᠴᠠᠭ ᠢᠷᠡᠯ᠎ᠡ᠃ ᠬᠡᠳᠦᠢ ᠪᠣᠯᠲᠠᠯ᠎ᠠ ᠬᠦᠷᠢᠶᠡᠯᠡᠨ ᠪᠠᠶᠢᠭ᠎ᠠ ᠬᠦᠮᠦᠰ ᠲᠦ ᠪᠡᠨ ᠨᠠᠶᠢᠳᠠᠵᠤ᠂ ᠬᠤᠪᠢ ᠵᠠᠶᠠᠭᠠᠨ ᠠᠴᠠ ᠪᠡᠯᠭᠡ ᠬᠦᠰᠡᠬᠦ ᠪᠤᠢ? ᠬᠡᠷᠪᠡ ᠲᠠ ᠭᠡᠷ ᠪᠦᠯᠢ ᠲᠡᠢ ᠪᠣᠯᠬᠣᠷ ᠲᠥᠯᠥᠪᠯᠡᠵᠦ ᠪᠠᠶᠢᠭ᠎ᠠ ᠪᠣᠯ ᠥᠪᠡᠷ ᠢᠶᠡᠨ ᠬᠢᠴᠢᠶᠡᠵᠦ ᠶᠠᠮᠠᠷ ᠨᠢᠭᠡᠨ ᠠᠷᠭ᠎ᠠ ᠬᠡᠮᠵᠢᠶ᠎ᠡ ᠠᠪᠬᠤ ᠬᠡᠷᠡᠭᠲᠡᠢ᠃ ᠡᠰᠡ ᠴᠢᠳᠠᠪᠠᠯ ᠣᠶᠢᠷ᠎ᠠ ᠶᠢᠨ ᠦᠶ᠎ᠡ ᠳᠦ ᠭᠡᠷ ᠪᠦᠯᠢ᠂ ᠨᠠᠶᠢᠵᠠ ᠨᠥᠬᠥᠳ ᠦᠨ ᠬᠠᠷᠢᠯᠴᠠᠭ᠎ᠠ ᠡᠭᠦᠰᠬᠡᠬᠦ ᠪᠣᠯᠤᠮᠵᠢ ᠠᠯᠳᠠᠭᠳᠠᠵᠤ ᠮᠡᠳᠡᠨ᠎ᠡ᠃ ᠮᠥᠨ ᠲᠠ ᠬᠢᠴᠢᠶᠡᠯ ᠵᠢᠳᠬᠦᠯ ᠭᠠᠷᠭᠠᠬᠤ ᠦᠭᠡᠢ ᠯᠠ ᠪᠣᠯ ᠠᠵᠢᠯ ᠳᠡᠭᠡᠷ᠎ᠡ ᠪᠡᠨ ᠴᠤ ᠮᠥᠨ ᠠᠮᠵᠢᠯᠲᠠ ᠣᠯᠵᠤ ᠴᠢᠳᠠᠬᠤ ᠦᠭᠡᠢ᠃ ᠲᠡᠶᠢᠮᠦ ᠡᠴᠡ ᠥᠪᠡᠷ ᠢ ᠪᠡᠨ ᠬᠥᠭᠵᠢᠭᠦᠯᠬᠦ ᠶᠢᠨ ᠲᠤᠯᠠᠳᠠ ᠵᠢᠭᠠᠬᠠᠨ ᠴᠤ ᠭᠡᠰᠡᠨ ᠬᠢᠴᠢᠶᠡᠬᠦ ᠬᠡᠷᠡᠭᠲᠡᠢ᠃ ᠢᠩᠭᠢᠭᠰᠡᠨ ᠢᠶᠡᠷ ᠲᠠ ᠴᠠᠯᠢᠩ ᠢ ᠪᠠᠨ ᠨᠡᠮᠡᠭᠦᠯᠬᠦ᠂ ᠬᠠᠮᠲᠤ ᠣᠯᠠᠨ ᠤ ᠪᠠᠨ ᠬᠠᠶᠢᠷ᠎ᠠ ᠬᠦᠨᠳᠦᠳᠬᠡᠯ ᠢ ᠴᠤ ᠬᠦᠯᠢᠶᠡᠬᠦ ᠪᠣᠯᠤᠨ᠎ᠠ᠃

ᠮᠡᠯᠡᠬᠡᠢ (06.22 – 07.23)[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠷᠡᠭᠡᠯᠵᠡᠭᠡ ᠂ ᠰᠢᠢᠳᠮᠡᠭᠡᠢ ᠪᠤᠰᠤ ᠪᠠᠶᠢᠳᠠᠯ ᠨᠢ ᠥᠪᠡᠷ ᠦᠨ ᠢᠶᠡᠨ ᠠᠮᠢᠳᠤᠷᠠᠯ ᠢ ᠲᠡᠷᠡ ᠴᠢᠭ ᠢᠶᠡᠷ ᠨᠢ ᠥᠬᠡᠷᠡᠴᠢᠯᠡᠬᠦ ᠶᠢ ᠬᠦᠰᠡᠵᠤ ᠪᠤᠢ ᠬᠦᠮᠦᠰ ᠲᠦ ᠰᠠᠶᠢᠨ ᠵᠦᠢᠯ ᠢ ᠥᠭᠭᠦ ᠦᠭᠡᠢ᠃ ᠠᠯᠢᠪᠠ ᠠᠰᠠᠭᠤᠳᠠᠯ ᠳᠤ ᠵᠥᠪᠬᠡᠨ ᠰᠢᠢᠳᠮᠡᠭᠡᠢ ᠪᠠᠶᠢᠳᠠᠯ ᠢᠶᠠᠷ ᠬᠠᠨᠳᠤᠬᠤ ᠬᠡᠷᠡᠭᠲᠡᠢ ᠭᠡᠳᠡᠭ ᠢ ᠣᠳᠣ ᠤᠶᠢᠯᠠᠭᠠᠬᠤ ᠪᠣᠯᠤᠭᠰᠠᠨ᠃ ᠶᠡᠷᠦ ᠨᠢ ᠵᠣᠷᠢᠯᠭ᠎ᠠ ᠳᠤ ᠪᠠᠨ ᠲᠤᠤᠱᠲᠠᠢ᠂ ᠵᠣᠷᠢᠭᠲᠠᠢ ᠬᠦᠮᠦᠰ ᠯᠠ ᠢᠯᠠᠯᠳᠠ  ᠳᠦ ᠬᠦᠷᠳᠡᠭ᠃ ᠭᠡᠬᠦ ᠳᠦ ᠪᠡᠨ ᠬᠠᠮᠲᠤ ᠣᠯᠠᠨ᠂ ᠣᠶᠢᠷ᠎ᠠ ᠲᠤᠳᠤᠨᠤ ᠵᠢᠨ ᠬᠢᠨ ᠢ ᠪᠠᠨ ᠲᠡᠷᠡ ᠪᠣᠯᠭᠠᠨ ᠰᠢᠭᠦᠮᠵᠢᠯᠡᠵᠦ᠂ ᠰᠤᠯᠠ ᠲᠠᠯ᠎ᠠ ᠶᠢ ᠨᠢ ᠬᠥᠨᠳᠡᠵᠦ ᠪᠣᠯᠬᠤ ᠦᠭᠡᠢ᠃ ᠲᠠᠨ ᠳᠤ ᠴᠤ ᠪᠠᠰᠠ ᠲᠡᠳᠡᠨ ᠡᠴᠡ ᠳᠤᠲᠠᠬᠤ ᠦᠭᠡᠢ ᠣᠯᠠᠨ ᠰᠤᠯᠠ ᠲᠠᠯ᠎ᠠ ᠪᠤᠢ ᠭᠡᠳᠡᠭ ᠢ ᠰᠠᠨᠠᠭᠠᠷᠠᠢ᠃ ᠢᠩᠭᠢᠵᠦ ᠪᠤᠰᠤᠳ ᠲᠠᠢ ᠰᠢᠭᠦᠮᠵᠢᠯᠡᠩᠭᠦᠢ ᠬᠠᠨᠳᠤᠭᠰᠠ ᠢᠶᠠᠷ ᠲᠠ ᠣᠶᠢᠷ᠎ᠠ ᠣᠷᠴᠢᠨ ᠤ ᠬᠢᠨ ᠤ ᠪᠠᠨ᠂ ᠲᠡᠷᠡ ᠳᠤᠮᠳᠠ ᠪᠠᠨ ᠬᠠᠶᠢᠷᠠᠲᠠᠢ ᠬᠦᠮᠦᠨ  ᠤ ᠪᠡᠨ ᠳᠤᠷ᠎ᠠ ᠦᠭᠡᠢ ᠶᠢ ᠬᠦᠷᠭᠡᠵᠦ ᠪᠠᠶᠢᠭ᠎ᠠ ᠪᠠᠨ ᠤᠶᠢᠯᠠᠭᠠᠬᠤ ᠬᠡᠷᠡᠭᠲᠡᠢ᠃

ᠠᠷᠰᠯᠠᠨ (07.24 – 08.23)[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠠ ᠳᠤᠷ᠎ᠠ ᠪᠤᠯᠢᠶᠠᠮ᠎ᠠ ᠬᠠᠷᠠᠭᠳᠠᠬᠤ ᠠᠴᠠ ᠭᠠᠳᠠᠨ᠎ᠠ ᠪᠤᠰᠤᠳ ᠤᠨ ᠰᠡᠳᠬᠢᠯ ᠢ ᠲᠠᠲᠠᠵᠤ᠂ ᠰᠢᠢᠳᠮᠡᠭᠡᠢ ᠵᠠᠩ ᠭᠠᠷᠭᠠᠳᠠᠭ ᠨᠢᠭᠡᠨ ᠶᠤᠮ᠃ ᠭᠡᠬᠦ ᠳᠦ ᠪᠡᠨ ᠡᠨᠡ ᠨᠢ ᠲᠠᠨ ᠢ ᠣᠶᠢᠷ᠎ᠠ ᠣᠷᠴᠢᠨ ᠤ ᠬᠢᠨ ᠲᠠᠢ ᠪᠠᠨ ᠬᠠᠮᠢᠶ᠎ᠠ ᠦᠭᠡᠢ ᠬᠠᠷᠢᠴᠠᠵᠤ ᠪᠣᠯᠤᠨ᠎ᠠ ᠭᠡᠰᠡᠨ ᠦᠭᠡ ᠪᠢᠰᠢ ᠶᠤᠮ᠃ ᠳᠠᠬᠢᠨ ᠳᠠᠪᠲᠠᠭᠳᠠᠰᠢ ᠦᠭᠡᠢ ᠰᠢᠨᠵᠢ ᠴᠢᠨᠠᠷ ᠢᠶᠠᠨ ᠲᠠ ᠠᠰᠢᠭᠯᠠᠵᠤ ᠰᠤᠷᠬᠤ ᠬᠡᠷᠡᠭᠲᠡᠢ᠃ ᠠᠵᠢᠯ ᠬᠡᠷᠡᠭ ᠦᠨ ᠠᠰᠠᠭᠤᠳᠠᠯ ᠳᠤ ᠭᠠᠳᠠᠭᠠᠳᠤ ᠲᠥᠷᠬᠥ ᠪᠡᠷ ᠬᠠᠨᠳᠤᠬᠤ ᠨᠢ ᠮᠠᠰᠢ ᠲᠣᠮᠣ ᠠᠯᠳᠠᠭ᠎ᠠ᠃ ᠠᠵᠢᠯ ᠤᠨ ᠤᠳᠤᠷᠢᠳᠤᠯᠭ᠎ᠠ ᠶᠢᠨ ᠵᠦᠭ ᠡᠴᠡ ᠠᠵᠢᠯ ᠬᠥᠳᠡᠯᠮᠦᠷᠢ ᠶᠢᠨ ᠡᠶᠡᠷᠭᠦ ᠦᠷ ᠡ ᠪᠦᠳᠦᠮᠵᠢ ᠵᠢ ᠯᠠ ᠲᠠᠨ ᠠᠴᠠ ᠬᠦᠰᠡᠳᠡᠭ᠃ ᠡᠶᠢᠮᠦ ᠤᠴᠢᠷ ᠠᠴᠠ ᠬᠠᠮᠲᠤ ᠣᠯᠠᠨ ᠲᠠᠢ ᠪᠠᠨ ᠬᠠᠷᠢᠴᠠᠭ᠎ᠠ ᠪᠠᠨ ᠰᠠᠶᠢᠵᠢᠷᠠᠭᠤᠯᠵᠤ᠂ ᠬᠥᠨᠳᠡᠯᠡᠨ  ᠤ ᠰᠢᠭᠦᠮᠵᠢᠯᠡᠯ ᠢ ᠬᠦᠯᠢᠶᠡᠨ ᠠᠪᠴᠤ ᠥᠪᠡᠷ ᠦᠨ ᠳᠤᠲᠠᠭᠳᠠᠯ ᠢ ᠵᠠᠰᠠᠬᠤ ᠨᠢ ᠵᠦᠢᠲᠡᠢ᠃

ᠥᠬᠢᠨ (08.24 – 09.23)[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠶᠢᠷ᠎ᠠ ᠲᠤᠳᠤᠨᠤ ᠵᠢᠨ ᠬᠢᠨ᠂ ᠨᠠᠶᠢᠵᠠ ᠨᠥᠬᠥᠳ ᠦᠨ ᠢᠶᠡᠨ ᠨᠢᠭᠤᠴᠠ ᠶᠢ ᠮᠡᠳᠡᠬᠦ ᠭᠡᠵᠦ ᠬᠡᠲᠦᠷᠬᠡᠢ ᠬᠢᠴᠢᠶᠡᠭᠰᠡᠨ ᠢᠶᠡᠷ ᠢᠶᠡᠨ ᠲᠠ ᠪᠤᠰᠤᠳ ᠤᠨ ᠳᠤᠷ ᠡ ᠦᠬᠡᠢᠴᠡᠯ  ᠢ ᠬᠦᠷᠬᠡᠬᠡᠬᠦ ᠮᠠᠭᠠᠳ ᠦᠭᠡᠢ᠃ ᠲᠠ ᠬᠡᠴᠢᠨᠡᠨ ᠲᠡᠳᠡᠨ ᠳᠦ ᠲᠤᠰᠯᠠᠬᠤ ᠶᠢ ᠬᠦᠰᠡᠭᠰᠡᠨ ᠴᠤ ᠲᠡᠳᠡ ᠲᠠᠨ ᠠᠴᠠ ᠵᠢᠭᠤᠳᠠᠵᠤ ᠡᠬᠢᠯᠡᠨ᠎ᠡ᠃ ᠬᠠᠷᠢᠭᠤᠯᠬᠤ ᠳᠤ ᠬᠡᠴᠡᠭᠦᠦ᠂ ᠡᠮᠵᠡᠭ ᠠᠰᠠᠭᠤᠳᠠᠯ ᠢ ᠪᠤᠤ ᠬᠥᠨᠳᠡ᠂ ᠪᠤᠰᠤᠳ ᠲᠤ ᠨᠣᠶᠢᠲᠠᠨ ᠬᠠᠮᠠᠭᠤ ᠰᠢᠭ ᠪᠤᠤ ᠬᠠᠨᠳᠤ᠃ ᠬᠠᠷᠢᠨ ᠣᠷᠣᠨ ᠳᠤ ᠨᠢ ᠥᠪᠡᠷ ᠢ ᠪᠡᠨ ᠰᠠᠶᠢᠵᠢᠷᠠᠭᠤᠯᠬᠤ ᠲᠠᠯ᠎ᠠ ᠳᠡᠭᠡᠷ᠎ᠡ ᠠᠩᠬᠠᠷ᠃ ᠪᠡᠶ᠎ᠡ ᠪᠡᠨ ᠪᠠᠷᠢ᠂ ᠲᠡᠪᠴᠢᠶᠡᠷᠢ ᠲᠡᠢ ᠪᠠᠢ᠂ ᠲᠠᠨ ᠳᠤ ᠬᠠᠨᠳᠤᠭᠰᠠᠨ ᠰᠢᠭᠦᠮᠵᠢᠯᠡᠯ ᠳᠦ ᠰᠡᠳᠬᠢᠯ ᠢᠶᠡᠷ ᠤᠨᠠᠯ ᠦᠭᠡᠢ᠂ ᠤᠬᠠᠭᠠᠯᠢᠭ ᠬᠠᠨᠳᠤᠬᠤ ᠬᠡᠷᠡᠭᠲᠡᠢ ᠬᠡᠮᠡᠵᠡᠢ᠃

ᠵᠢᠩᠯᠡᠭᠦᠷ (09.24 – 10.23)[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠠᠨ ᠤ ᠴᠡᠩᠨᠡᠵᠦ ᠪᠣᠳᠣᠳᠠᠭ ᠤᠬᠠᠭᠠᠯᠢᠭ᠂ ᠬᠥᠳᠡᠯᠮᠦᠷᠢᠴᠢ ᠵᠠᠩ ᠦᠷᠭᠦᠯᠵᠢ ᠥᠨᠳᠥᠷ ᠲᠦ ᠪᠠᠶᠢᠬᠤ ᠪᠣᠯᠤᠨ᠎ᠠ᠃ ᠵᠢᠩᠯᠡᠭᠦᠷ ᠦᠨ ᠬᠢᠨ ᠠᠵᠢᠯ ᠳᠤ ᠪᠠᠨ ᠪᠦᠷᠢᠨ ᠠᠪᠲᠠᠵᠤ ᠠᠵᠢᠯᠯᠠᠳᠠᠭ᠂ ᠥᠪᠡᠷ ᠦᠨ ᠭᠠᠷᠭᠠᠭᠰᠠᠨ ᠬᠢᠴᠢᠶᠡᠯ ᠵᠢᠳᠬᠦᠯ ᠢᠶᠡᠷ ᠢᠶᠡᠨ ᠳᠠᠩᠳᠠ ᠠᠮᠵᠢᠯᠳᠠ  ᠳᠤ ᠬᠦᠷᠳᠡᠭ᠃ ᠭᠡᠪᠡᠴᠦ ᠰᠢᠷ᠎ᠠ ᠨᠣᠬᠠᠢ ᠲᠠᠨ ᠢ ᠡᠰᠡᠷᠭᠦᠴᠡᠵᠦ ᠪᠠᠶᠢᠨ᠎ᠠ᠃ ᠲᠠ ᠵᠥᠪᠬᠡᠨ ᠠᠵᠢᠯ ᠡᠭᠦᠷᠭᠡ ᠶᠢᠨ ᠲᠠᠯ᠎ᠠ ᠪᠠᠷ ᠳᠠᠩᠳᠠ ᠪᠣᠳᠣᠵᠤ ᠪᠣᠯᠬᠤ ᠦᠭᠡᠢ᠃ ᠬᠤᠪᠢ  ᠶᠢᠨ᠂ ᠵᠢᠷᠦᠬᠡ ᠰᠡᠳᠬᠢᠯ ᠦᠨ ᠢᠶᠡᠨ ᠠᠰᠠᠭᠤᠳᠠᠯ ᠢ ᠴᠤ ᠮᠥᠨ ᠰᠢᠢᠳᠬᠦ ᠬᠡᠷᠡᠭᠲᠡᠢ ᠭᠡᠵᠡᠢ᠃

ᠬᠢᠯᠢᠨᠴᠡ (10.24 – 11.22)[ᠵᠠᠰᠠᠪᠤᠷᠢᠯᠠᠬᠤ | ᠺᠣᠳ᠋ ᠢᠶᠠᠷ ᠵᠠᠰᠠᠬᠣ]

ᠦᠷᠭᠦᠯᠵᠢ ᠰᠡᠳᠬᠢᠯ ᠰᠠᠨᠠᠭ᠎ᠠ ᠥᠭᠡᠳᠡᠷᠬᠡᠭ ᠶᠠᠪᠤᠨ᠎ᠠ᠃ ᠶᠡᠷᠦ ᠨᠢ ᠲᠠ ᠡᠨᠡ ᠰᠠᠷ᠎ᠠ ᠳᠤ ᠳᠠᠩᠳᠠ ᠡᠶᠡᠷᠬᠦ᠂ ᠰᠠᠶᠢᠬᠠᠨ ᠮᠡᠳᠡᠭᠡ ᠰᠤᠨᠤᠰᠬᠤ ᠪᠣᠯᠤᠨ᠎ᠠ᠃ ᠬᠢᠯᠢᠨᠴᠡ ᠶᠢᠨ ᠣᠷᠳᠣᠨ ᠤ ᠬᠢᠨ ᠡᠨᠡ ᠰᠠᠷ᠎ᠠ ᠳᠤ ᠶᠡᠷᠦ ᠨᠢ ᠤᠶᠢᠳᠬᠤ ᠦᠭᠡᠢ ᠵᠠᠪ ᠦᠭᠡᠢ ᠥᠩᠭᠡᠷᠡᠭᠦᠯᠦᠨ᠎ᠡ᠃ ᠮᠥᠨ ᠡᠷᠡᠭᠦᠯ ᠮᠡᠨᠳᠦ ᠮᠠᠰᠢ ᠰᠠᠶᠢᠨ ᠪᠠᠶᠢᠵᠤ᠂ ᠡᠨᠡ ᠨᠢ ᠲᠠᠨ ᠤ ᠭᠠᠳᠠᠭᠠᠳᠤ ᠲᠦᠷᠬᠦ ᠵᠢ ᠴᠤ ᠨᠦᠯᠦᠭᠡᠯᠡᠬᠦ ᠤᠴᠢᠷ ᠡᠴᠨ ᠰᠢᠲᠦᠨ ᠪᠢᠰᠢᠷᠡᠭᠴᠢᠳ ᠦᠨ ᠲᠣᠭ᠎ᠠ ᠨᠡᠮᠡᠭᠳᠡᠨ᠎ᠡ᠃ ᠬᠢᠯᠢᠨᠴᠡ ᠶᠢᠨ ᠬᠢᠨ ᠡᠨᠡ ᠰᠠᠷ᠎ᠠ ᠳᠤ ᠥᠪᠡᠷ ᠦᠨ ᠬᠢ ᠪᠡᠷ ᠢᠶᠡᠨ ᠪᠠᠶᠠᠷ ᠴᠡᠨᠭᠬᠡᠯ ᠲᠠᠢ ᠪᠠᠢᠬᠤ ᠪᠤᠯᠦᠨ᠋ ᠡ᠂ ᠭᠡᠬᠦ ᠳᠦ ᠪᠡᠨ ᠪᠦᠬᠦ ᠵᠦᠢᠯ ᠳᠦ ᠬᠢᠵᠠᠭᠠᠷ ᠪᠠᠶᠢᠳᠠᠭ ᠢ ᠪᠤᠤ ᠮᠠᠷᠲᠠᠭᠠᠷᠠᠢ!

ᠨᠤᠮᠤ (11.23 – 12.21)[ᠵᠠᠰᠠᠪᠤᠷᠢᠯᠠᠬᠤ | ᠺᠣᠳ᠋ ᠢᠶᠠᠷ ᠵᠠᠰᠠᠬᠣ]

2018  ᠤᠨ ᠤ ᠲᠠᠪᠤᠳᠤᠭᠠᠷ ᠰᠠᠷ᠎ᠠ ᠶᠢᠨ ᠵᠢᠷᠤᠬᠠᠢ ᠲᠠᠨ ᠳᠤ ᠬᠡᠳᠦ ᠬᠡᠳᠦᠨ ᠰᠣᠨᠢᠷᠬᠠᠯᠲᠠᠢ ᠪᠥᠭᠡᠳ ᠴᠢᠬᠤᠯᠠ ᠦᠢᠯᠡ ᠶᠠᠪᠤᠳᠠᠯ ᠲᠣᠬᠢᠶᠠᠯᠳᠤᠨ᠎ᠠ ᠬᠡᠮᠡᠵᠡᠢ᠃ ᠡᠨᠡ ᠰᠠᠷ᠎ᠠ ᠳᠤ ᠵᠥᠪᠬᠡᠨ ᠡᠶᠡᠷᠬᠦ ᠦᠷ᠎ᠡ ᠳ᠋ᠦᠩ ᠳᠦ ᠬᠦᠷᠬᠦ ᠨᠥᠬᠥᠴᠡᠯ ᠪᠠᠶᠢᠳᠠᠯ ᠤᠳ ᠲᠣᠭᠲᠠᠮᠠᠯ ᠡᠭᠦᠰᠬᠦ ᠪᠣᠯᠤᠨ᠎ᠠ᠃ ᠭᠡᠬᠦ ᠳᠦ ᠪᠡᠨ ᠬᠠᠮᠤᠭ ᠤᠨ ᠰᠣᠨᠢᠷᠬᠠᠯᠲᠠᠢ ᠨᠢ ᠨᠤᠮᠤ ᠶᠢᠨ ᠬᠢᠨ ᠡᠶᠢᠮᠦ ᠡᠶᠡᠷᠡᠬᠦ ᠦᠷ᠎ᠡ ᠳ᠋ᠦᠩ ᠳᠦ ᠬᠦᠷᠬᠦ  ᠶᠢᠨ ᠲᠤᠯᠠᠳᠠ ᠶᠠᠮᠠᠷ ᠴᠤ ᠬᠦᠴᠦ ᠵᠠᠷᠤᠴᠠᠭᠤᠯᠬᠤ ᠦᠭᠡᠢ᠃ ᠪᠦᠬᠦ ᠵᠦᠢᠯ ᠠᠵᠠ ᠪᠠᠷ ᠰᠢᠢᠳᠦᠭᠳᠡᠬᠦ ᠪᠣᠯᠤᠨ᠎ᠠ᠃ ᠶᠡᠷᠦ ᠨᠢ ᠶᠠᠮᠠᠷ ᠨᠢᠭᠡᠨ ᠰᠢᠨᠡᠯᠢᠭ ᠰᠠᠨᠠᠭ᠎ᠠ ᠶᠢ ᠠᠮᠢᠳᠤᠷᠠᠯ ᠳᠤ ᠪᠠᠨ ᠬᠡᠷᠡᠭᠵᠢᠭᠦᠯᠵᠦ᠂ ᠬᠠᠤᠯᠢ ᠵᠥᠷᠢᠴᠡᠭᠡ ᠦᠭᠡᠢ ᠦᠢᠯᠡ ᠶᠠᠪᠤᠳᠠᠯ ᠤᠳ ᠲᠤ ᠣᠷᠣᠯᠴᠠᠭᠠᠷᠠᠢ᠃ ᠤᠴᠢᠷ ᠨᠢ ᠠᠮᠵᠢᠯᠲᠠ ᠲᠠᠨ ᠤ ᠲᠠᠯ᠎ᠠ ᠳᠤ ᠪᠠᠶᠢᠬᠤ ᠪᠣᠯᠤᠨ᠎ᠠ᠃

ᠮᠠᠲᠠᠷ (12.22 – 01.20)[ᠵᠠᠰᠠᠪᠤᠷᠢᠯᠠᠬᠤ | ᠺᠣᠳ᠋ ᠢᠶᠠᠷ ᠵᠠᠰᠠᠬᠣ]

ᠥᠭᠡᠳᠡᠷᠬᠡᠭ᠂ ᠰᠢᠢᠳᠮᠡᠭᠡᠢ᠂ ᠵᠣᠷᠢᠯᠭ᠎ᠠ ᠳᠤ ᠪᠠᠨ ᠲᠤᠤᠱᠲᠠᠢ ᠪᠠᠶᠢᠳᠠᠯ ᠲᠠᠨ  ᠤ ᠭᠣᠣᠯ ᠲᠤᠯᠭᠠᠭᠤᠷᠢ ᠪᠣᠯᠤᠨ᠎ᠠ᠃ ᠶᠡᠷᠦ ᠨᠢ ᠮᠠᠲᠠᠷ ᠤᠨ ᠬᠢᠨ ᠤ ᠪᠡᠶ᠎ᠡ ᠪᠡᠨ ᠬᠢᠨᠠᠬᠤ᠂ ᠰᠡᠳᠬᠢᠯ ᠰᠠᠨᠠᠭ᠎ᠠ ᠪᠠᠨ ᠪᠠᠷᠢᠬᠤ ᠴᠢᠳᠠᠪᠤᠷᠢ ᠨᠢ ᠦᠨᠡᠬᠡᠷ ᠠᠲᠠᠭᠠᠷᠬᠠᠮᠠᠷ ᠭᠡᠵᠡᠢ᠃ ᠶᠠᠭᠤ ᠴᠤ ᠲᠣᠬᠢᠶᠠᠯᠳᠤᠵᠤ ᠪᠠᠶᠢᠭᠰᠠᠨ ᠲᠡᠳᠡ ᠡᠷᠡᠭᠦᠯ ᠰᠠᠷᠠᠭᠤᠯ ᠤᠬᠠᠭᠠᠨ ᠢᠶᠠᠷ ᠴᠡᠨᠡᠭᠯᠡᠵᠤ᠂ ᠶᠠᠮᠠᠷ ᠴᠤ ᠵᠦᠢᠯ ᠳᠦ ᠤᠬᠠᠭᠠᠯᠢᠭ ᠢᠶᠠᠷ ᠬᠠᠨᠳᠤᠵᠤ ᠴᠢᠳᠠᠳᠠᠭ᠃ ᠳᠡᠭᠡᠷ᠎ᠡ ᠳᠤᠷᠠᠳᠤᠭᠰᠠᠨ ᠵᠠᠩ ᠴᠢᠨᠠᠷ ᠤᠳ ᠢᠶᠠᠷ ᠢᠶᠠᠨ ᠲᠡᠳᠡ ᠶᠠᠮᠠᠷ ᠴᠤ ᠬᠦᠨᠳᠦ ᠠᠵᠢᠯ ᠤᠨ ᠤᠴᠢᠷ ᠢ ᠲᠦᠪᠡᠭ ᠦᠬᠡᠢ ᠪᠡᠷ ᠣᠯᠴᠢᠬᠠᠬᠤ ᠴᠢᠳᠠᠪᠤᠷᠢ ᠲᠠᠢ ᠶᠤᠮ᠃ ᠬᠠᠷᠢᠨ ᠬᠦᠷᠢᠶᠡᠯᠡᠨ ᠪᠤᠢ ᠬᠦᠮᠦᠰ ᠲᠦ ᠨᠢ ᠵᠥᠪᠬᠡᠨ ᠡᠨᠡ ᠬᠦᠴᠤ ᠲᠡᠢ ᠮᠠᠩᠯᠠᠶᠢᠯᠠᠭᠴᠢ ᠣᠷᠳᠣᠨ ᠤ ᠬᠢᠨ ᠢ ᠳᠠᠭᠠᠬᠤ ᠯᠠ ᠦᠯᠡᠳᠡᠨ᠎ᠡ᠃ ᠲᠤᠩ ᠤᠳᠠᠬᠤ ᠦᠭᠡᠢ ᠡᠨᠡ ᠣᠷᠳᠣᠨ ᠤ ᠬᠢᠨ ᠳᠤ ᠠᠮᠵᠢᠯᠲᠠ ᠢᠷᠡᠬᠦ ᠪᠣᠯᠤᠨ᠎ᠠ ᠬᠡᠮᠡᠵᠡᠢ᠃

ᠬᠤᠮᠠᠬᠢ (01.21 – 02.19)[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠭᠦᠰᠦᠭᠡᠳ ᠪᠠᠶᠢᠭ᠎ᠠ ᠲᠠᠪᠠ ᠲᠤᠬ᠎ᠠ ᠦᠭᠡᠢ ᠪᠠᠶᠢᠳᠠᠯ᠂ ᠠᠭᠤᠷ ᠬᠢᠯᠢᠩ᠂ ᠰᠡᠳᠬᠢᠯ ᠭᠤᠲᠤᠷᠠᠯ᠂ ᠴᠣᠴᠢᠷᠠᠯ ᠵᠡᠷᠭᠡ ᠨᠢ ᠲᠠᠨ ᠢ ᠡᠳᠦᠷ ᠲᠤᠲᠤᠮ ᠤᠨ ᠢᠶᠠᠨ ᠠᠵᠢᠯ ᠳᠤ ᠶᠠᠳᠠᠷᠠᠭᠰᠠᠨ ᠢ ᠢᠯᠡᠳᠬᠡᠵᠦ ᠪᠠᠶᠢᠨ᠎ᠠ᠃ ᠥᠪᠡᠷ ᠦᠨ ᠢᠶᠡᠨ ᠡᠷᠡᠭᠦᠯ ᠮᠡᠨᠳᠦ ᠶᠢ ᠪᠣᠳᠣᠵᠤ᠂ ᠬᠡᠳᠦᠬᠡᠨ ᠬᠣᠨᠣᠭ ᠴᠤ ᠭᠡᠰᠡᠨ ᠣᠶᠢᠷ᠎ᠠ ᠣᠷᠴᠢᠨ ᠤ ᠬᠢᠨ ᠠᠴᠠ ᠪᠠᠨ ᠬᠡᠰᠡᠭᠬᠡᠨ ᠴᠤ ᠭᠡᠰᠡᠨ ᠬᠣᠯᠠᠳᠠᠵᠤ ᠠᠮᠠᠷᠠᠬᠤ ᠬᠡᠷᠡᠭᠲᠡᠢ᠃ ᠤᠴᠢᠷ ᠨᠢ ᠠᠨᠢᠷ ᠴᠢᠮᠡᠭᠡ ᠦᠭᠡᠢ᠂ ᠠᠮᠤᠷ ᠲᠠᠶᠢᠪᠤᠩ ᠪᠠᠶᠢᠳᠠᠯ ᠲᠠᠨ ᠳᠤ ᠠᠮᠢᠳᠤᠷᠠᠯ ᠤᠨ ᠢᠶᠠᠨ ᠲᠠᠯ᠎ᠠ ᠪᠠᠷ ᠳᠠᠬᠢᠨ ᠪᠣᠳᠣᠵᠤ᠂ ᠰᠢᠨ᠎ᠡ ᠠᠯᠬᠤᠮ ᠵᠣᠷᠢᠭᠲᠠᠢ ᠪᠠᠷ ᠬᠢᠬᠦ ᠳᠦ ᠲᠠᠨᠢ ᠲᠤᠰᠠᠯᠠᠬᠤ ᠪᠣᠯᠤᠨ᠎ᠠ᠃

ᠵᠢᠭᠠᠰᠤ (02.20 – 03.20)[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠨᠡ ᠰᠠᠷ᠎ᠠ ᠳᠤ ᠲᠠᠨ ᠤ ᠣᠶᠢᠷ᠎ᠠ ᠲᠤᠳᠤᠨᠤ ᠵᠢᠨ ᠬᠢᠨ ᠳᠤ ᠬᠠᠮᠢᠶᠠᠲᠠᠢ ᠰᠢᠨ᠎ᠡ ᠮᠡᠳᠡᠭᠡ᠂ ᠬᠠᠯᠠᠭᠤᠨ ᠦᠢᠯᠡ ᠶᠠᠪᠤᠳᠠᠯ ᠢᠶᠠᠷ ᠳᠦᠭᠦᠷᠡᠩ ᠪᠠᠶᠢᠬᠤ ᠪᠣᠯᠤᠨ᠎ᠠ᠃ ᠭᠡᠬᠦ ᠳᠦ ᠪᠡᠨ ᠮᠡᠳᠡᠭᠡᠵᠢ ᠪᠦᠬᠦ ᠵᠦᠢᠯ ᠶᠠᠮᠠᠷ ᠴᠤ ᠬᠠᠷ᠎ᠠ ᠪᠠᠷᠠᠭᠠᠨ ᠵᠦᠢᠯ ᠦᠭᠡᠢ ᠪᠦᠲᠦᠨ᠎ᠡ ᠭᠡᠵᠦ ᠪᠣᠳᠣᠵᠤ ᠪᠣᠯᠬᠤ ᠦᠭᠡᠢ᠃ ᠬᠠᠷᠢᠨ ᠬᠣᠣᠰ ᠤᠳ ᠤᠨ ᠬᠤᠪᠢ ᠳᠤ ᠦᠯᠦ ᠣᠶᠢᠯᠠᠭᠠᠯᠴᠠᠯ ᠠᠴᠠ ᠰᠢᠯᠲᠠᠭᠠᠯᠠᠨ ᠬᠣᠪ ᠵᠢᠪ᠂ ᠬᠡᠯᠡ ᠠᠮᠠᠨ ᠳᠤ ᠦᠷᠢᠲᠦᠬᠦ ᠮᠠᠭᠠᠳᠯᠠᠯ ᠲᠠᠢ᠃ ᠡᠶᠢᠮᠦ ᠲᠣᠬᠢᠶᠠᠯᠳᠤᠯ ᠳᠤ ᠲᠠ ᠥᠪᠡᠷ ᠦᠨ ᠤᠬᠠᠭᠠᠯᠢᠭ ᠪᠠᠶᠢᠳᠠᠯ᠂ ᠪᠣᠳᠠᠲᠤ ᠨᠥᠬᠥᠴᠡᠯ ᠢ ᠦᠨᠡᠯᠡᠬᠦ ᠴᠢᠳᠠᠪᠤᠷᠢ ᠳᠤ ᠲᠤᠯᠭᠠᠭᠤᠷᠢᠯᠠᠨ ᠵᠥᠪ ᠰᠢᠢᠳᠪᠦᠷᠢ ᠭᠠᠷᠭᠠᠬᠤ ᠬᠡᠷᠡᠭᠲᠡᠢ ᠬᠡᠮᠡᠨ ᠵᠥᠪᠯᠡᠵᠡᠢ᠃ ᠮᠥᠨ ᠰᠡᠳᠬᠢᠯ ᠬᠥᠳᠡᠯᠦᠯ ᠢᠶᠡᠨ ᠳᠠᠷᠤᠵᠤ᠂ ᠤᠶᠠᠨ ᠬᠠᠲᠠᠨ ᠬᠠᠷᠢᠴᠠᠭ᠎ᠠ ᠶᠢ ᠪᠤᠢ ᠪᠣᠯᠭᠠᠭᠠᠷᠠᠢ᠃ ᠪᠦᠬᠦ ᠴᠢᠯᠦᠭᠡᠲᠦ ᠴᠠᠭ ᠢᠶᠠᠨ ᠭᠡᠷ ᠪᠦᠯᠢ ᠶᠢᠨ ᠠᠰᠠᠭᠤᠳᠠᠯ ᠤᠳ ᠢᠶᠠᠨ ᠰᠢᠢᠳᠪᠦᠷᠢᠯᠡᠬᠦ ᠳᠦ ᠵᠠᠷᠤᠴᠠᠭᠤᠯᠬᠤ ᠬᠡᠷᠡᠭᠲᠡᠢ᠃


[[ᠠᠩᠬᠢᠯᠠᠯ:ᠣᠳᠣᠨ ᠣᠷᠣᠨ| ] ᠮᠣᠩᠭᠣᠯᠴᠤᠳ ᠮᠥᠨ ᠡᠷᠲᠡ ᠳᠡᠭᠡᠷ᠎ᠡ ᠦᠶᠡᠰ ᠣᠳᠣ ᠪᠠᠷ ᠪᠠᠷᠢᠮᠵᠢᠶᠠᠯᠠᠨ ᠴᠠᠭ ᠬᠤᠭᠤᠴᠠᠭ᠎ᠠ ᠶᠢ ᠮᠡᠳᠡᠳᠡᠭ ᠪᠠᠶᠢᠭᠰᠠᠨ

ᠪᠢᠴᠢᠭᠡᠰᠦ