ᠣᠳᠣ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠣᠭᠲᠠᠷᠭᠤᠢ ᠳᠠᠬᠢ ᠤᠳᠤᠳ
 ᠨᠠᠷᠠ

ᠣᠳᠣ (ᠠᠩᠭᠯᠢ ᠪᠠᠷ starᠬᠢᠲᠠᠳ ᠢᠶᠠᠷ 恒星) ᠭᠡᠳᠡᠭ ᠨᠢ ᠫᠡᠯᠠᠰᠮᠠ(Plasma) ᠠᠴᠠ ᠲᠣᠭᠲᠠᠬᠤ ᠭᠡᠷᠡᠯᠲᠦᠭᠴᠢ᠂ ᠴᠤᠯᠤ ᠪᠥᠮᠪᠥᠯᠢᠭ ᠶᠤᠮ᠃ ᠨᠠᠷᠠ ᠨᠢ ᠳᠡᠯᠡᠬᠡᠢ ᠠᠴᠠ ᠬᠠᠮᠤᠭ ᠤᠨ ᠣᠶᠢᠷ᠎ᠠ ᠤᠷᠤᠰᠢᠬᠤ ᠣᠳᠣ ᠪᠥᠭᠡᠳ ᠳᠡᠯᠡᠬᠡᠢ ᠶᠢᠨ ᠡᠨᠧᠷᠭᠢ ᠍ ᠶᠢᠨ ᠭᠣᠣᠯ ᠡᠭᠦᠰᠬᠡᠭᠦᠷ ᠪᠣᠯᠤᠨ᠎ᠠ᠃ ᠬᠠᠷᠢᠨ ᠪᠤᠰᠤᠳ ᠣᠳᠣ ᠶᠢ ᠰᠥᠨᠢ ᠬᠠᠷᠠᠬᠤ ᠪᠣᠯᠤᠮᠵᠢ ᠲᠠᠢ᠃ ᠣᠳᠣ ᠨᠢ ᠲᠡᠭᠦᠨ ᠦ ᠴᠥᠮ᠎ᠡ ᠳᠦ ᠶᠠᠪᠤᠭᠳᠠᠵᠤ ᠪᠤᠢ ᠴᠥᠮ᠎ᠡ ᠶᠢᠨ ᠨᠢᠭᠡᠳᠬᠦ ᠤᠷᠪᠠᠯ ᠠᠴᠠ (ᠤᠰᠤᠲᠥᠶᠢᠷᠦᠭᠴᠢ ᠾᠧᠯᠢ ᠤᠷᠤᠭᠤ ᠬᠤᠪᠢᠷᠠᠬᠤ) ᠢᠯᠭᠠᠷᠠᠵᠤ ᠪᠤᠢ ᠡᠨᠧᠷᠭᠢ ᠡᠴᠡ ᠰᠢᠯᠲᠠᠭᠠᠯᠠᠨ ᠭᠡᠷᠡᠯᠲᠦᠳᠡᠭ ᠪᠠᠶᠢᠨ᠎ᠠ᠃ ᠤᠰᠤᠲᠥᠶᠢᠷᠦᠭᠴᠢ ᠪᠠ ᠾᠧᠯᠢ ᠡᠴᠡ ᠬᠦᠨᠳᠦ ᠡᠯᠧᠮᠧᠨᠲ ᠦᠳ ᠪᠠᠷᠤᠭ ᠪᠦᠭᠦᠳᠡ ᠣᠳᠣᠳ ᠤᠨ ᠴᠥᠮ᠎ᠡ ᠳᠦ ᠶᠠᠪᠤᠭᠳᠠᠬᠤ ᠡᠨᠡᠬᠦ ᠤᠷᠪᠠᠯ ᠤᠨ ᠦᠷ᠎ᠡ ᠳ᠋ᠦᠩ ᠳᠦ ᠡᠭᠦᠰᠦᠭᠰᠡᠨ ᠪᠣᠯᠤᠨ᠎ᠠ᠃ ᠣᠳᠣᠨ ᠤ ᠮᠠᠰ᠂ ᠨᠠᠰᠤ᠂ ᠬᠢᠮᠢ ᠶᠢᠨ ᠨᠠᠶᠢᠷᠠᠯᠭ᠎ᠠ ᠵᠡᠷᠭᠡ ᠣᠯᠠᠨ ᠰᠢᠨᠵᠢ ᠴᠢᠨᠠᠷ ᠢ᠂ ᠲᠡᠭᠦᠨ ᠦ ᠰᠫᠧᠺᠲ᠋ᠷ (spectrum)᠂ ᠭᠡᠷᠡᠯᠲᠦᠯᠲᠡ᠂ ᠬᠥᠳᠡᠯᠭᠡᠭᠡᠨ ᠳᠡᠭᠡᠷ᠎ᠡ ᠲᠤᠯᠭᠠᠭᠤᠷᠢᠯᠠᠨ ᠲᠣᠭᠲᠠᠭᠠᠵᠤ ᠪᠣᠯᠤᠨ᠎ᠠ᠃ ᠣᠳᠣᠨ ᠤ ᠨᠡᠶᠢᠲᠡ ᠮᠠᠰ ᠨᠢ ᠲᠡᠭᠦᠨ ᠦ ᠬᠥᠭᠵᠢᠯ ᠦᠨ ᠦᠶ᠎ᠡ ᠱᠠᠲᠤ ᠶᠢ ᠲᠣᠳᠣᠷᠬᠠᠶᠢᠯᠠᠳᠠᠭ ᠦᠨᠳᠦᠰᠦᠨ ᠦᠵᠡᠭᠦᠯᠦᠯᠲᠡ ᠶᠤᠮ᠃ ᠪᠤᠰᠤᠳ ᠰᠢᠨᠵᠢ ᠨᠦᠭᠦᠳ ᠵᠢᠱᠢᠶᠡᠯᠡᠪᠡᠯ᠂ ᠳ᠋ᠢᠶᠠᠮᠧᠲ᠋ᠷ᠂ ᠡᠷᠭᠢᠯᠲᠡ᠂ ᠬᠥᠳᠡᠯᠭᠡᠭᠡᠨ᠂ ᠲᠣᠯᠠᠭᠠᠨ ᠤ ᠬᠡᠮᠵᠢᠶ᠎ᠡ ᠵᠡᠷᠭᠡ ᠨᠢ ᠲᠡᠭᠦᠨ ᠦ ᠬᠥᠭᠵᠢᠯ ᠦᠨ ᠦᠶ᠎ᠡ ᠱᠠᠲᠤ ᠪᠠᠷ ᠲᠣᠳᠣᠷᠬᠠᠶᠢᠯᠠᠭᠳᠠᠨ᠎ᠠ᠃ ᠣᠳᠣᠨ ᠤ ᠲᠣᠯᠠᠭᠠᠨ ᠤ ᠬᠡᠮᠵᠢᠶ᠎ᠡ ᠪᠠ ᠭᠡᠷᠡᠯᠲᠦᠯᠲᠡ ᠶᠢ ᠨᠢ ᠠᠰᠢᠭᠯᠠᠨ ᠣᠳᠣᠨ ᠤ ᠬᠥᠭᠵᠢᠯ᠂ ᠨᠠᠰᠤ ᠶᠢ ᠲᠣᠳᠣᠷᠬᠠᠶᠢᠯᠠᠵᠤ ᠪᠣᠯᠤᠨ᠎ᠠ᠃

ᠬᠡᠮᠵᠢᠬᠦ ᠨᠢᠭᠡᠴᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠳᠣ ᠨᠢ ᠦᠨᠳᠦᠰᠦᠨ ᠳᠦ ᠪᠡᠨ ᠤᠰᠤᠲᠥᠶᠢᠷᠦᠭᠴᠢ ᠡᠴᠡ ᠲᠣᠭᠲᠠᠭᠰᠠᠨ (ᠮᠠᠰᠢ ᠪᠠᠭ᠎ᠠ ᠬᠡᠮᠵᠢᠶᠡᠨ ᠦ ᠾᠧᠯᠢ ᠪᠣᠯᠤᠨ ᠪᠤᠰᠤᠳ ᠬᠦᠨᠳᠦ ᠡᠯᠧᠮᠧᠨᠲ ᠪᠦᠬᠦᠢ) ᠮᠠᠨᠠᠨᠴᠠᠷ ᠠᠴᠠ ᠡᠭᠦᠰᠬᠦ ᠪᠠ ᠡᠭᠦᠨ ᠦ ᠲᠥᠪ ᠨᠢ ᠬᠠᠩᠭᠠᠯᠲᠠ ᠲᠠᠢ ᠨᠢᠭᠲᠠᠴᠠ ᠪᠣᠯᠬᠤ ᠳᠤ᠂ ᠤᠰᠤᠲᠥᠶᠢᠷᠦᠭᠴᠢ ᠶᠢᠨ ᠵᠠᠷᠢᠮ ᠨᠢ ᠴᠥᠮ᠎ᠡ ᠶᠢᠨ ᠨᠢᠭᠡᠳᠬᠦ ᠤᠷᠪᠠᠯ ᠢᠶᠠᠷ ᠾᠧᠯᠢ ᠤᠷᠤᠭᠤ ᠰᠢᠯᠵᠢᠵᠦ ᠡᠬᠢᠯᠡᠨ᠎ᠡ᠃ ᠡᠨᠡ ᠤᠷᠪᠠᠯ ᠤᠨ ᠦᠷ᠎ᠡ ᠳ᠋ᠦᠩ ᠳᠦ ᠢᠯᠭᠠᠷᠠᠵᠤ ᠪᠤᠢ ᠡᠨᠧᠷᠭᠢ ᠶᠢ᠂ ᠦᠯᠡᠳᠡᠭᠰᠡᠨ ᠬᠡᠰᠡᠭ ᠨᠢ ᠷᠠᠳᠢᠶᠠᠴᠠ ᠪᠠ ᠺᠣᠨᠸᠧᠺᠼ ᠦᠨ ᠶᠠᠪᠤᠴᠠᠣᠣᠷ ᠲᠣᠭᠲᠠᠭᠠᠨ ᠪᠠᠷᠢᠨ᠎ᠠ᠃ ᠡᠨᠡ ᠶᠠᠪᠤᠴᠠ ᠨᠢ ᠲᠤᠬᠠᠢ ᠶᠢᠨ ᠣᠳᠣ ᠶᠢ ᠪᠣᠭᠣᠨᠢ ᠬᠤᠭᠤᠴᠠᠭᠠᠨ ᠳᠤ ᠮᠥᠬᠥᠬᠦ ᠡᠴᠡ ᠬᠠᠮᠠᠭᠠᠯᠠᠨ᠎ᠠ᠃ ᠢᠯᠭᠠᠷᠠᠬᠤ ᠡᠨᠧᠷᠭᠢ ᠶᠢᠨ ᠨᠥᠯᠥᠭᠡ ᠪᠡᠷ ᠣᠳᠣᠨ ᠤ ᠭᠠᠳᠠᠷᠭᠤ ᠣᠷᠴᠢᠮ ᠳᠤ ᠰᠲ᠋ᠧᠯᠯᠠᠷ ᠰᠠᠯᠬᠢ ᠡᠭᠦᠰᠦᠨ᠎ᠡ᠂ ᠮᠥᠨ ᠵᠠᠳᠠᠭᠠᠢ ᠰᠠᠨᠰᠠᠷ ᠲᠤ ᠡᠨᠧᠷᠭᠢ ᠴᠠᠴᠤᠭᠳᠠᠨ᠎ᠠ᠃ ᠴᠥᠮ᠎ᠡ ᠳ᠋ᠡᠬᠢ ᠤᠰᠤᠲᠥᠶᠢᠷᠦᠭᠴᠢ ᠰᠢᠪᠬᠠᠭᠳᠠᠵᠤ ᠳᠠᠭᠤᠰᠬᠤ ᠳᠤ ᠲᠤᠬᠠᠢ ᠶᠢᠨ ᠣᠳᠣᠨ ᠤ ᠮᠠᠰ ᠨᠠᠷᠠᠨ ᠤ ᠮᠠᠰ ᠠᠴᠠ ᠳᠣᠣᠷ᠎ᠠ ᠬᠠᠶᠠᠵᠤ 0.4 ᠳᠠᠬᠢᠨ ᠶᠡᠬᠡ ᠪᠣᠯᠬᠤ ᠪᠠ ᠴᠥᠮ᠎ᠡ ᠨᠢ᠂ ᠡᠰᠡᠪᠡᠯ ᠴᠥᠮ᠎ᠡ ᠶᠢᠨ ᠭᠠᠳᠠᠭᠠᠳᠤ ᠬᠡᠰᠡᠭ ᠨᠢ ᠬᠦᠨᠳᠦ ᠡᠯᠧᠮᠧᠨᠲ ᠦᠳ ᠡᠴᠡ ᠲᠣᠭᠲᠠᠭᠰᠠᠨ ᠡᠶᠢᠮᠦ ᠣᠳᠣ ᠶᠢ ᠠᠪᠤᠷᠭᠤ ᠤᠯᠠᠭᠠᠨ ᠣᠳᠣ ᠭᠡᠵᠦ ᠨᠡᠷᠡᠯᠡᠨ᠎ᠡ᠃ ᠡᠨᠡ ᠲᠥᠷᠥᠯ ᠦᠨ ᠤᠳ ᠨᠢ ᠮᠥᠬᠥᠵᠦ ᠪᠤᠢ ᠣᠳᠣ ᠪᠥᠭᠡᠳ ᠤᠯᠠᠮ ᠢᠶᠠᠷ ᠬᠦᠨᠳᠦ ᠡᠯᠧᠮᠧᠨᠲ ᠦᠳ ᠢ ᠬᠠᠷᠢᠴᠠᠩᠭᠤᠢ ᠶᠡᠬᠡ ᠬᠡᠮᠵᠢᠶ᠎ᠡ ᠪᠡᠷ ᠠᠭᠤᠯᠠᠭᠰᠠᠨ ᠰᠢᠨ᠎ᠡ ᠣᠳᠣ ᠡᠭᠦᠰᠬᠡᠨ᠎ᠡ᠃ ᠬᠣᠣᠰ ᠪᠣᠯᠤᠨ ᠣᠯᠠᠨ ᠣᠳᠣᠨ ᠤ ᠰᠢᠰᠲ᠋ᠧᠮ ᠨᠢ ᠬᠣᠶᠠᠷ ᠪᠠ ᠲᠡᠭᠦᠨ ᠡᠴᠡ ᠳᠡᠭᠡᠭᠰᠢ ᠣᠳᠣᠨ ᠠᠴᠠ ᠪᠥᠷᠢᠳᠬᠦ ᠪᠥᠭᠡᠳ ᠡᠳᠡᠭᠡᠷ ᠣᠳᠣᠨ ᠨᠤᠭᠤᠳ ᠬᠣᠭᠣᠷᠣᠨᠳᠣ ᠪᠠᠨ ᠲᠠᠲᠠᠯᠴᠠᠯ ᠤᠨ ᠬᠦᠴᠦ ᠪᠡᠷ ᠬᠠᠷᠢᠯᠴᠠᠨ ᠦᠢᠯᠡᠴᠢᠯᠡᠯᠴᠡᠵᠦ᠂ ᠪᠡᠶᠡᠰ ᠢᠶᠡᠨ ᠲᠣᠳᠣᠷᠬᠠᠢ ᠣᠷᠪᠢᠲ ᠢᠶᠠᠷ ᠲᠣᠭᠣᠷᠢᠨ ᠡᠷᠭᠢᠨ᠎ᠡ᠃ ᠬᠡᠷᠪᠡ ᠬᠣᠶᠠᠷ ᠤᠳ ᠬᠣᠭᠣᠷᠣᠨᠳᠣ ᠪᠠᠨ ᠣᠶᠢᠷᠠᠬᠠᠨ ᠪᠣᠯ ᠲᠠᠲᠠᠯᠴᠠᠯ ᠤᠨ ᠬᠦᠴᠦᠨ ᠦ ᠬᠠᠷᠢᠯᠴᠠᠨ ᠦᠢᠯᠡᠴᠢᠯᠡᠯ ᠲᠡᠳᠡᠭᠡᠷ ᠣᠳᠣᠨ ᠤ ᠬᠥᠭᠵᠢᠯ ᠳᠤ ᠶᠡᠬᠡ ᠬᠡᠮᠵᠢᠶ᠎ᠡ ᠪᠡᠷ ᠨᠥᠯᠦᠭᠡᠯᠡᠨ᠎ᠡ᠃  ᠶᠡᠬᠡᠩᠬᠢ ᠲᠣᠬᠢᠶᠠᠯᠳᠤᠯ ᠳᠤ СИ ᠰᠢᠰᠲ᠋ᠧᠮ ᠦᠨ ᠨᠢᠭᠡᠴᠡ ᠨᠦᠭᠦᠳ ᠢ ᠠᠰᠢᠭᠯᠠᠨ᠎ᠠ᠃ ᠮᠠᠰ᠂ ᠭᠡᠷᠡᠯᠲᠦᠯᠲᠡ᠂ ᠷᠠᠳᠢᠦ᠋ᠰ ᠵᠡᠷᠭᠡ ᠶᠢ ᠨᠠᠷᠠᠲᠠᠢ ᠬᠠᠷᠢᠴᠠᠭᠤᠯᠤᠨ ᠬᠡᠮᠵᠢᠨ᠎ᠡ:

ᠨᠠᠷᠠᠨ ᠤ ᠮᠠᠰ: <math>M_\odot = 1.9891 \times 10^{30}</math> ᠺᠢᠯᠣᠭ᠍ᠷᠠᠮ
ᠨᠠᠷᠠᠨ ᠤ ᠭᠡᠷᠡᠯᠲᠦᠯᠲᠡ: <math>L_\odot = 3.827 \times 10^{26}</math> ᠸᠠᠲ[1]
ᠨᠠᠷᠠᠨ ᠤ ᠷᠠᠳᠢᠦ᠋ᠰ: <math>R_\odot = 6.960 \times 10^{8}</math> ᠮᠧᠲ᠋ᠷ[2]

 ᠶᠡᠬᠡᠬᠡᠨ ᠬᠡᠮᠵᠢᠶᠡᠨ ᠦ ᠤᠷᠲᠤ᠂ ᠷᠠᠳᠢᠦ᠋ᠰ ᠵᠡᠷᠭᠡ ᠶᠢ ᠬᠡᠮᠵᠢᠬᠦ ᠳᠦ ᠪᠡᠨ ᠠᠰᠲ᠋ᠷᠣᠨᠣᠮ ᠤᠨ ᠨᠢᠭᠡᠴᠡ ᠠᠰᠢᠭᠯᠠᠨ᠎ᠠ᠃

ᠰᠢᠨᠵᠢ ᠴᠢᠨᠠᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠠᠷᠠ ᠨᠢ ᠳᠡᠯᠡᠬᠡᠢ ᠳᠦ ᠬᠠᠮᠤᠭ ᠤᠨ ᠣᠶᠢᠷ᠎ᠠ ᠤᠷᠤᠰᠢᠬᠤ ᠣᠳᠣ ᠶᠤᠮ

ᠣᠳᠣᠨ ᠤ ᠪᠠᠷᠤᠭ ᠪᠦᠬᠦ ᠰᠢᠨᠵᠢ ᠶᠢ ᠲᠡᠭᠦᠨ ᠦ ᠮᠠᠰ ᠳᠡᠭᠡᠷ᠎ᠡ ᠲᠤᠯᠭᠠᠭᠤᠷᠢᠯᠠᠨ ᠲᠣᠳᠣᠷᠬᠠᠶᠢᠵᠤ ᠪᠣᠯᠤᠨ᠎ᠠ᠃ ᠥᠭᠡᠷ᠎ᠡ ᠪᠡᠷ ᠬᠡᠯᠡᠪᠡᠯ ᠭᠡᠷᠡᠯᠲᠦᠯᠲᠡ᠂ ᠬᠡᠮᠵᠢᠶ᠎ᠡ᠂ ᠬᠥᠭᠵᠢᠯ ᠦᠨ ᠦᠶ᠎ᠡ᠂ ᠨᠠᠰᠤ ᠵᠡᠷᠭᠡ ᠶᠢ ᠲᠡᠭᠦᠨ ᠦ ᠮᠠᠰ ᠳᠡᠭᠡᠷ᠎ᠡ ᠲᠤᠯᠭᠠᠭᠤᠷᠢᠯᠠᠨ ᠲᠣᠭᠲᠠᠭᠠᠵᠤ ᠪᠣᠯᠤᠨ᠎ᠠ᠃

=== ᠨᠠᠰᠤ ===    ᠶᠡᠬᠡᠩᠬᠢ ᠣᠳᠣᠨ ᠤ ᠨᠠᠰᠤ 1 ᠲᠡᠷᠪᠤᠮ ᠠᠴᠠ 10 ᠲᠡᠷᠪᠤᠮ ᠤᠨ ᠬᠣᠭᠣᠷᠣᠨᠳᠣ ᠪᠠᠶᠢᠳᠠᠭ ᠪᠠ ᠣᠳᠣ ᠮᠡᠳᠡᠭᠳᠡᠵᠦ ᠪᠤᠢ ᠬᠠᠮᠤᠭ ᠤᠨ ᠬᠥᠭᠰᠢᠨ ᠣᠳᠣ ᠪᠣᠯ 13.2 ᠲᠡᠷᠪᠤᠮ ᠵᠢᠯ ᠦᠨ ᠨᠠᠰᠤᠲᠠᠢ HE 1523-0901 ᠣᠳᠣ ᠶᠤᠮ᠃ ᠶᠡᠬᠡ ᠨᠢᠭᠲᠠᠴᠠ ᠲᠠᠢ᠂ ᠴᠤᠯᠤ ᠣᠳᠣ ᠪᠣᠭᠣᠨᠢ ᠬᠤᠭᠤᠴᠠᠭᠠᠨ ᠳᠤ ᠮᠥᠬᠦᠨ᠎ᠡ᠃ ᠤᠴᠢᠷ ᠨᠢ ᠡᠳᠡᠭᠡᠷ ᠣᠳᠣᠨ ᠤ ᠴᠥᠮ᠎ᠡ ᠨᠢ ᠥᠨᠳᠥᠷ ᠳᠠᠷᠤᠯᠲᠠ ᠳᠣᠣᠷ᠎ᠠ ᠤᠷᠤᠰᠢᠬᠤ ᠲᠤᠯᠠ ᠤᠰᠤᠲᠥᠶᠢᠷᠦᠭᠴᠢ ᠨᠢ ᠪᠣᠭᠣᠨᠢ ᠬᠤᠭᠤᠴᠠᠭᠠᠨ ᠳᠤ ᠰᠢᠪᠬᠠᠭᠳᠠᠵᠤ ᠳᠠᠭᠤᠰᠳᠠᠭ ᠪᠠᠶᠢᠨ᠎ᠠ᠃ ᠡᠶᠢᠮᠦᠷᠬᠦ ᠴᠤᠯᠤ ᠣᠳᠣ ᠳᠤᠮᠳᠠᠴᠢ ᠪᠠᠷ 1 ᠲᠡᠷᠪᠤᠮ ᠵᠢᠯ ᠦᠨ ᠳᠠᠷᠠᠭ᠎ᠠ ᠮᠥᠬᠦᠳᠡᠭ ᠪᠣᠯ᠂ ᠵᠢᠵᠢᠭ ᠣᠳᠣ (ᠤᠯᠠᠭᠠᠨ ᠣᠳᠣᠢ ᠣᠳᠣ) 10 ᠲᠡᠷᠪᠤᠮ ᠠᠴᠠ ᠬᠡᠳᠦᠨ ᠵᠠᠭᠤᠨ ᠲᠡᠷᠪᠤᠮ ᠵᠢᠯ ᠤᠷᠤᠰᠢᠬᠤ ᠪᠣᠯᠤᠮᠵᠢ ᠲᠠᠢ᠃

ᠬᠢᠮᠢ ᠶᠢᠨ ᠨᠠᠶᠢᠷᠠᠯᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠤᠳᠤ ᠡᠭᠦᠰᠴᠦ ᠡᠬᠢᠯᠡᠬᠦ ᠦᠶ᠎ᠡ ᠳᠦ ᠲᠤᠬᠠᠢ ᠶᠢᠨ ᠣᠳᠣᠨ ᠤ ᠮᠠᠰ ᠤᠨ 70% ᠨᠢ ᠤᠰᠤᠲᠥᠶᠢᠷᠦᠭᠴᠢ᠂ 28% ᠨᠢ ᠾᠧᠯᠢ᠂ ᠦᠯᠡᠳᠡᠬᠦ ᠬᠡᠰᠡᠭ ᠨᠢ ᠪᠤᠰᠤᠳ ᠬᠦᠨᠳᠦ ᠡᠯᠧᠮᠧᠨᠲ ᠦᠳ ᠪᠠᠶᠢᠨ᠎ᠠ᠃ ᠲᠡᠮᠦᠷ ᠨᠢ ᠥᠷᠭᠡᠨ ᠲᠠᠷᠬᠠᠯᠲᠠ ᠲᠠᠢ᠂ ᠬᠡᠮᠵᠢᠬᠦ ᠳᠦ ᠬᠠᠷᠢᠴᠠᠩᠭᠤᠢ ᠬᠢᠯᠪᠠᠷ ᠲᠤᠯᠠ ᠣᠳᠣᠨ ᠤ ᠨᠠᠶᠢᠷᠠᠯᠭ᠎ᠠ ᠳᠠᠬᠢ ᠬᠦᠨᠳᠦ ᠡᠯᠧᠮᠧᠨᠲ ᠢ ᠲᠤᠬᠠᠢ ᠶᠢᠨ ᠣᠳᠣᠨ ᠤ ᠠᠭᠠᠷ ᠮᠠᠨᠳᠠᠯ ᠳᠠᠬᠢ ᠲᠡᠮᠦᠷ ᠦᠨ ᠠᠭᠤᠯᠭ᠎ᠠ ᠲᠠᠢ ᠬᠠᠷᠢᠴᠠᠭᠤᠯᠤᠨ ᠲᠣᠭᠠᠴᠠᠳᠠᠭ ᠪᠠᠶᠢᠨ᠎ᠠ᠃ ᠣᠳᠣ ᠡᠭᠦᠰᠬᠡᠳᠡᠭ ᠮᠠᠨᠠᠨᠴᠢᠷ ᠨᠢ ᠰᠤᠫᠧᠷᠨᠤᠪᠠ ᠲᠡᠰᠦᠷᠡᠯᠲᠡ ᠶᠢᠨ ᠤᠯᠠᠮ ᠠᠴᠠ ᠬᠦᠨᠳᠦ ᠡᠯᠧᠮᠧᠨᠲ ᠢᠶᠡᠷ ᠲᠠᠰᠤᠷᠠᠯᠲᠠ ᠦᠭᠡᠢ ᠪᠠᠶᠠᠵᠢᠵᠤ ᠪᠠᠶᠢᠭ᠎ᠠ ᠲᠤᠯᠠ ᠣᠳᠣᠨ ᠤ ᠬᠢᠮᠢ ᠶᠢᠨ ᠡᠯᠧᠮᠧᠨᠲ ᠦᠨ ᠨᠠᠶᠢᠷᠠᠯᠭ᠎ᠠ ᠪᠠᠷ ᠲᠤᠬᠠᠢ ᠶᠢᠨ ᠣᠳᠣᠨ ᠤ ᠨᠠᠰᠤ ᠶᠢ ᠲᠣᠳᠣᠷᠬᠠᠶᠢᠯᠠᠬᠤ ᠪᠣᠯᠤᠮᠵᠢ ᠲᠠᠢ[3]

ᠬᠠᠮᠤᠭ ᠤᠨ ᠪᠠᠭ᠎ᠠ ᠲᠡᠮᠦᠷ ᠦᠨ ᠠᠭᠤᠯᠭ᠎ᠠ ᠲᠠᠢ  ᠤᠳᠤ ᠨᠢ HE1327-2326 ᠣᠳᠣᠢ ᠣᠳᠣ ᠪᠥᠭᠡᠳ ᠨᠠᠷᠠ ᠳᠠᠬᠢ ᠲᠡᠮᠦᠷ ᠦᠨ ᠠᠭᠤᠯᠭ᠎ᠠ ᠶᠢᠨ 1/200,000 ᠍ ᠲᠡᠢ ᠲᠡᠩᠴᠡᠨ᠎ᠡ

ᠳ᠋ᠢᠶᠠᠮᠧᠲ᠋ᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠳᠣᠨ ᠨᠤᠭᠤᠳ ᠨᠢ ᠳᠡᠯᠡᠬᠡᠢ ᠡᠴᠡ ᠠᠰᠤᠷᠤ ᠬᠣᠯᠠ ᠵᠠᠢ ᠳᠤ ᠤᠷᠤᠰᠢᠬᠤ ᠲᠤᠯᠠ ᠰᠥᠨᠢ ᠴᠡᠭ ᠰᠢᠭ ᠵᠢᠵᠢᠭ᠂ ᠮᠥᠨ ᠳᠡᠯᠡᠬᠡᠢ ᠶᠢᠨ ᠠᠭᠠᠷ ᠮᠠᠨᠳᠠᠯ ᠠᠴᠠ ᠪᠣᠯᠵᠤ ᠠᠨᠢᠪᠴᠢᠵᠤ ᠪᠤᠢ ᠮᠡᠲᠦ ᠬᠠᠷᠠᠭᠳᠠᠳᠠᠭ ᠪᠠᠶᠢᠨ᠎ᠠ᠃

ᠣᠳᠣᠨ ᠤ ᠬᠡᠮᠵᠢᠶ᠎ᠡ ᠨᠢ 20-40 ᠺᠢᠯᠣᠮᠧᠲ᠋ᠷ ᠡᠴᠡ (ᠨᠧᠢᠲ᠋ᠷᠣᠨ ᠣᠳᠣ) ᠡᠬᠢᠯᠡᠭᠡᠳ ᠨᠠᠷᠠᠨ ᠤ ᠳ᠋ᠢᠶᠠᠮᠧᠲ᠋ᠷ ᠡᠴᠡ 650 ᠳᠠᠬᠢᠨ ᠶᠡᠬᠡ ᠪᠤᠶᠤ ᠣᠶᠢᠷᠠᠯᠴᠠᠭ᠎ᠠ ᠪᠠᠷ 0.9 ᠲᠡᠷᠪᠤᠮ km (ᠵᠢᠱᠢᠶᠡᠯᠡᠪᠡᠯ᠂ᠪᠧᠲ᠋ᠧᠯᠭᠧᠢᠰ) ᠬᠦᠷᠲᠡᠯ᠎ᠡ ᠬᠡᠯᠪᠡᠯᠵᠡᠨ᠎ᠡ᠃

ᠺᠢᠨᠧᠮᠠᠲ᠋ᠢᠭ[ᠵᠠᠰᠠᠪᠤᠷᠢᠯᠠᠬᠤ | ᠺᠣᠳ᠋ ᠢᠶᠠᠷ ᠵᠠᠰᠠᠬᠣ]

 ᠨᠠᠷᠠ ᠶᠢ ᠲᠣᠭᠣᠷᠢᠨ ᠡᠷᠭᠢᠬᠦ ᠨᠠᠷᠠᠨ ᠤ ᠠᠶᠢᠮᠠᠭ ᠤᠨ ᠭᠠᠷᠢᠭ ᠤᠳ ᠤᠨ ᠬᠥᠳᠡᠯᠭᠡᠭᠡᠨ ᠦ ᠰᠤᠳᠤᠯᠭ᠎ᠠ ᠨᠢ ᠭᠠᠯᠠᠺᠲ᠋ᠢᠺ ᠶᠢᠨ ᠪᠤᠰᠤᠳ ᠣᠳᠣᠳ ᠤᠨ ᠡᠭᠦᠰᠦᠯ᠂ ᠨᠠᠰᠤ᠂ ᠪᠦᠲᠦᠴᠡ᠂ ᠬᠥᠭᠵᠢᠯ ᠵᠡᠷᠭᠡ ᠶᠢ ᠲᠠᠶᠢᠯᠪᠤᠷᠢᠯᠠᠬᠤ ᠳᠤ ᠶᠡᠬᠡᠬᠡᠨ ᠬᠤᠪᠢ ᠨᠡᠮᠡᠷᠢ ᠣᠷᠣᠭᠤᠯᠤᠨ᠎ᠠ᠃

ᠰᠣᠷᠢᠨᠵᠢᠨ ᠣᠷᠣᠨ[ᠵᠠᠰᠠᠪᠤᠷᠢᠯᠠᠬᠤ | ᠺᠣᠳ᠋ ᠢᠶᠠᠷ ᠵᠠᠰᠠᠬᠣ]

СУ ᠠᠦ᠋ᠷ ᠣᠳᠣᠨ ᠤ (ᠵᠠᠯᠠᠭᠤ ᠣᠳᠣ) ᠭᠠᠳᠠᠷᠭᠤ ᠶᠢᠨ ᠰᠣᠷᠢᠨᠵᠢᠨ ᠣᠷᠣᠨ

ᠰᠣᠷᠢᠨᠵᠢᠨ ᠣᠷᠣᠨ ᠨᠢ ᠣᠳᠣᠨ ᠤ ᠳᠣᠲᠣᠭᠠᠳᠤ ᠺᠣᠨᠸᠧᠺᠼ ᠦᠨ ᠬᠥᠳᠡᠯᠭᠡᠭᠡᠨ ᠡᠭᠦᠰᠴᠦ ᠪᠤᠢ ᠬᠡᠰᠡᠭ ᠲᠦ ᠪᠤᠢ ᠪᠣᠯᠤᠨ᠎ᠠ᠃ ᠰᠣᠷᠢᠨᠵᠢᠨ ᠣᠷᠣᠨ ᠤ ᠬᠡᠮᠵᠢᠶ᠎ᠡ ᠨᠢ ᠣᠳᠣᠨ ᠤ ᠮᠠᠰ᠂ ᠨᠠᠶᠢᠷᠠᠯᠭ᠎ᠠ ᠠᠴᠠ᠂ ᠬᠠᠷᠢᠨ ᠭᠠᠳᠠᠷᠭᠤ ᠶᠢᠨ ᠰᠣᠷᠢᠨᠵᠢᠨ ᠢᠳᠡᠪᠬᠢᠵᠢᠯᠲᠠ ᠨᠢ ᠣᠳᠣᠨ ᠤ ᠡᠷᠭᠢᠯᠲᠡ ᠶᠢᠨ ᠵᠡᠷᠭᠡ ᠡᠴᠡ ᠬᠠᠮᠢᠶᠠᠷᠤᠨ᠎ᠠ᠃ ᠡᠨᠡ ᠭᠠᠳᠠᠷᠭᠤ ᠶᠢᠨ ᠢᠳᠡᠪᠬᠢᠵᠢᠯᠲᠠ ᠨᠢ ᠣᠳᠣᠨ ᠤ ᠲᠣᠯᠪᠣ ᠶᠢ ᠡᠭᠦᠰᠬᠡᠨ᠎ᠡ᠃ ᠣᠳᠣᠨ ᠤ ᠲᠣᠯᠪᠣ ᠭᠡᠳᠡᠭ ᠨᠢ ᠪᠤᠰᠤᠳ ᠭᠠᠳᠠᠷᠭᠤ ᠶᠢᠨ ᠬᠡᠰᠡᠭ ᠲᠡᠢ ᠬᠠᠷᠢᠴᠠᠭᠤᠯᠬᠤ ᠳᠤ ᠬᠠᠷᠢᠴᠠᠩᠭᠤᠢ ᠪᠠᠭ᠎ᠠ ᠲᠣᠯᠠᠭᠠᠨ ᠤ ᠬᠡᠮᠵᠢᠶ᠎ᠡ ᠲᠠᠢ᠂ ᠬᠦᠴᠦᠲᠡᠢ ᠰᠣᠷᠢᠨᠵᠢᠨ ᠣᠷᠣᠨ ᠪᠦᠬᠦᠢ ᠲᠠᠯᠠᠪᠠᠢ ᠨᠤᠭᠤᠳ ᠶᠤᠮ᠃

ᠵᠠᠯᠠᠭᠤ᠂ ᠬᠤᠷᠳᠤᠨ ᠡᠷᠭᠢᠯᠳᠦᠬᠦ ᠣᠳᠣᠨ ᠨᠤᠭᠤᠳ ᠨᠢ ᠶᠡᠬᠡᠬᠡᠨ ᠰᠣᠷᠢᠨᠵᠢᠨ ᠣᠷᠣᠨ ᠪᠠᠶᠢᠬᠤ ᠲᠤᠯᠠ ᠭᠠᠳᠠᠷᠭᠤ ᠶᠢᠨ ᠥᠨᠳᠥᠷ ᠢᠳᠡᠪᠬᠢᠵᠢᠯᠲᠡ ᠲᠡᠢ ᠪᠠᠶᠢᠨ᠎ᠠ᠃ ᠬᠠᠷᠢᠨ ᠤᠳᠠᠭᠠᠨ ᠡᠷᠯᠢᠭᠡᠯᠲᠡ ᠲᠡᠢ᠂ ᠬᠥᠭᠰᠢᠨ ᠣᠳᠣᠨ ᠨᠤᠭᠤᠳ ᠨᠢ ᠭᠠᠳᠠᠷᠭᠤ ᠶᠢᠨ ᠰᠣᠷᠢᠨᠵᠢᠨ ᠢᠳᠡᠪᠬᠢᠵᠢᠯᠲᠠ ᠪᠠᠭ᠎ᠠ ᠪᠠᠶᠢᠨ᠎ᠠ[4]

ᠮᠠᠰ[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠳᠣ ᠪᠠᠷ ᠮᠡᠳᠡᠭᠳᠡᠵᠦ ᠪᠤᠢ ᠬᠠᠮᠤᠭ ᠤᠨ ᠬᠦᠨᠳᠦ᠂ ᠴᠤᠯᠤ ᠣᠳᠣ ᠪᠣᠯ ᠡᠲᠠ ᠺᠠᠷᠢᠨᠢ[5] ᠪᠥᠭᠡᠳ ᠨᠠᠷᠠᠨ ᠠᠴᠠ 100-150 ᠳᠠᠬᠢᠨ ᠬᠦᠨᠳᠦ ᠶᠤᠮ᠃ ᠡᠶᠢᠮᠦ ᠣᠳᠣᠨ ᠤ ᠨᠠᠰᠤ ᠨᠢ ᠬᠡᠳᠦᠨ ᠰᠠᠶ᠎ᠠ ᠵᠢᠯ ᠪᠠᠶᠢᠨ᠎ᠠ᠃ ᠨᠤᠮᠤ ᠶᠢᠨ ᠣᠷᠳᠣᠨ ᠤ ᠣᠳᠣᠳ ᠲᠤ ᠬᠢᠭᠰᠡᠨ ᠰᠡᠭᠦᠯ ᠦᠨ ᠦᠶ᠎ᠡ ᠶᠢᠨ ᠰᠤᠳᠤᠯᠭᠠᠨ ᠤ ᠦᠷ᠎ᠡ ᠳ᠋ᠦᠩ ᠪᠡᠷ᠂ ᠣᠳᠣᠨ ᠤ ᠮᠠᠰ ᠤᠨ ᠬᠠᠮᠤᠭ ᠤᠨ ᠳᠡᠭᠡᠳᠦ ᠬᠡᠮᠵᠢᠶ᠎ᠡ ᠶᠢ 150 ᠨᠠᠷᠠᠨ ᠤ ᠮᠠᠰ ᠭᠡᠵᠦ ᠲᠣᠭᠠᠴᠠᠭᠰᠠᠨ ᠪᠠᠶᠢᠨ᠎ᠠ[6]

ᠶᠡᠬᠡ ᠲᠡᠰᠦᠷᠡᠯᠲᠡᠡᠶᠢᠨ ᠳᠠᠷᠠᠭ᠎ᠠ ᠪᠠᠷ ᠡᠭᠦᠰᠦᠭᠰᠡᠨ ᠠᠩᠬᠠᠨ ᠤ ᠣᠳᠣᠨ ᠨᠤᠭᠤᠳ ᠤᠨ ᠮᠠᠰ >300 ᠨᠠᠷᠠᠨ ᠤ ᠮᠠᠰ ᠪᠠᠶᠢᠭᠰᠠᠨ ᠪᠠᠶᠢᠵᠤ ᠪᠣᠯᠬᠤ ᠶᠤᠮ[7]

ᠡᠷᠭᠢᠯᠲᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠳᠣᠨ ᠤ ᠲᠡᠩᠬᠡᠯᠢᠭ ᠦᠨ ᠡᠷᠭᠢᠯᠲᠡ ᠶᠢ ᠰᠫᠧᠺᠲ᠋ᠷᠣᠰᠺᠣᠫᠡᠶᠢᠨ ᠲᠤᠰᠠᠯᠠᠮᠵᠢ ᠲᠠᠢ ᠪᠠᠷ ᠣᠶᠢᠷᠠᠯᠴᠠᠭ᠎ᠠ ᠪᠠᠷ᠂ ᠡᠰᠡᠪᠡᠯ ᠣᠳᠣᠨ ᠤ ᠲᠣᠯᠪᠣ ᠶᠢᠨ ᠰᠢᠯᠵᠢᠯᠲᠡ ᠪᠡᠷ ᠬᠠᠷᠢᠴᠠᠩᠭᠤᠢ ᠨᠠᠷᠢᠪᠴᠢᠯᠠᠯ ᠲᠠᠢ ᠪᠠᠷ ᠲᠣᠳᠣᠷᠬᠠᠶᠢᠯᠠᠵᠤ ᠪᠣᠯᠤᠨ᠎ᠠ᠃ ᠵᠠᠯᠠᠭᠤ ᠣᠳᠣᠨ ᠤ ᠡᠷᠭᠢᠯᠲᠡ ᠬᠤᠷᠳᠤᠨ᠂ ᠣᠶᠢᠷᠠᠯᠴᠠᠭ᠎ᠠ ᠪᠠᠷ >100 ᠺᠢᠯᠣᠮᠧᠲ᠋ᠷ/ᠰᠧᠺ ᠪᠠᠶᠢᠨ᠎ᠠ᠃ ᠵᠢᠱᠢᠶᠡᠯᠡᠪᠡᠯ᠂ B ᠍ ᠠᠩᠬᠢ ᠶᠢᠨ ᠣᠳᠣ ᠪᠣᠯᠬᠤ ᠠᠴᠧᠷᠨᠠᠷ ᠍ ᠤᠨ ᠡᠷᠭᠢᠯᠲᠡ 225 ᠺᠢᠯᠣᠮᠧᠲ᠋ᠷ/ᠰᠧᠺ ᠪᠠᠶᠢᠳᠠᠭ᠃ ᠡᠨᠡ ᠣᠳᠣᠨ ᠤ ᠡᠺᠸᠠᠲ᠋ᠣᠷ ᠤᠨ ᠪᠣᠯᠤᠨ ᠲᠤᠶᠢᠯ ᠤᠨ ᠳ᠋ᠢᠶᠠᠮᠧᠲ᠋ᠷ ᠤᠨ ᠵᠥᠷᠢᠭᠦᠦ >50% ᠪᠠᠶᠢᠨ᠎ᠠ᠃ ᠬᠡᠷᠪᠡ ᠣᠳᠣᠨ ᠤ ᠡᠷᠭᠢᠯᠲᠡ ᠶᠢᠨ ᠬᠤᠷᠳᠤ 300 ᠺᠢᠯᠣᠮᠧᠲ᠋ᠷ/ᠰᠧᠺ ᠡᠴᠡ ᠶᠡᠬᠡ ᠪᠣᠯᠪᠠᠯ ᠲᠤᠬᠠᠢ ᠶᠢᠨ ᠣᠳᠣ ᠰᠥᠨᠥᠬᠦ (ᠵᠠᠳᠠᠷᠠᠬᠤ) ᠪᠣᠯᠤᠨ᠎ᠠ[8]᠃ 300 ᠺᠢᠯᠣᠮᠧᠲ᠋ᠷ/ᠰᠧᠺ ᠨᠢ ᠣᠳᠣ ᠵᠠᠳᠠᠷᠠᠯ ᠦᠭᠡᠢ ᠪᠡᠷ ᠡᠷᠭᠢᠬᠦ ᠬᠤᠷᠳᠤᠨ ᠤ ᠳᠡᠭᠡᠳᠦ ᠬᠢᠵᠠᠭᠠᠷ ᠶᠤᠮ᠃ ᠨᠠᠷᠠ ᠨᠢ ᠲᠡᠩᠬᠡᠯᠢᠭ ᠢᠶᠡᠨ 25-35 ᠬᠣᠨᠣᠭ ᠲᠤ ᠨᠢᠭᠡ ᠪᠦᠲᠦᠨ ᠡᠷᠭᠢᠳᠡᠭ ᠪᠠ ᠬᠤᠷᠳᠤ ᠨᠢ 1.994 ᠺᠢᠯᠣᠮᠧᠲ᠋ᠷ/ᠰᠧᠺ ᠪᠠᠶᠢᠳᠠᠭ᠃

ᠲᠣᠯᠠᠭᠠᠨ ᠤ ᠬᠡᠮᠵᠢᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠳᠣᠨ ᠤ ᠭᠠᠳᠠᠷᠭᠤ ᠶᠢᠨ ᠲᠣᠯᠠᠭᠠᠨ ᠤ ᠬᠡᠮᠵᠢᠶ᠎ᠡ ᠨᠢ ᠣᠳᠣᠨ ᠤ ᠷᠠᠳᠢᠦ᠋ᠰ᠂ ᠴᠥᠮ᠎ᠡ ᠡᠴᠡ ᠢᠯᠭᠠᠷᠴᠢ ᠪᠤᠢ ᠡᠨᠧᠷᠭᠢ ᠶᠢᠨ ᠬᠡᠮᠵᠢᠶᠡᠨ ᠡᠴᠡ ᠬᠠᠮᠢᠶᠠᠷᠤᠨ᠎ᠠ᠃ ᠣᠳᠣᠨ ᠤ ᠭᠠᠳᠠᠷᠭᠤ ᠶᠢᠨ ᠲᠣᠯᠠᠭᠠᠨ ᠤ ᠬᠡᠮᠵᠢᠶ᠎ᠡ ᠢ ᠣᠳᠣᠨ ᠤ ᠥᠩᠭᠡᠨ ᠦ ᠢᠨᠳᠧᠺᠰᠡᠭᠡᠷᠡ ᠲᠣᠳᠣᠷᠬᠠᠶᠢᠯᠠᠨ᠎ᠠ[9]

ᠴᠤᠯ ᠣᠳᠣᠳ ᠤᠨ ᠬᠤᠪᠢ ᠳᠤ ᠭᠠᠳᠠᠷᠭᠤ ᠶᠢᠨ ᠲᠣᠯᠠᠭᠠᠨ ᠤ ᠬᠡᠮᠵᠢᠶ᠎ᠡ ᠨᠢ 50,000 K ᠪᠠᠶᠢᠨ᠎ᠠ᠃ ᠨᠠᠷᠠ ᠲᠠᠢ ᠣᠶᠢᠷᠠᠯᠴᠠᠭ᠎ᠠ ᠵᠢᠵᠢᠭᠪᠲᠤᠷ ᠣᠳᠣᠨ ᠤ ᠭᠠᠳᠠᠷᠭᠤ ᠶᠢᠨ ᠲᠣᠯᠠᠭᠠᠨ ᠤ ᠬᠡᠮᠵᠢᠶ᠎ᠡ ᠬᠡᠳᠦᠨ ᠮᠢᠩᠭᠠᠨ ᠺ᠂ ᠬᠠᠷᠢᠨ ᠠᠪᠤᠷᠭᠤ ᠤᠯᠠᠭᠠᠨ ᠣᠳᠣ ᠲᠣᠯᠠᠭᠠᠨ ᠤ ᠬᠡᠮᠵᠢᠶ᠎ᠡ ᠬᠠᠷᠢᠴᠠᠩᠭᠤᠢ ᠪᠠᠭ᠎ᠠ ᠣᠶᠢᠷᠠᠯᠴᠠᠭ᠎ᠠ ᠪᠠᠷ 3,600 K ᠪᠠᠶᠢᠨ᠎ᠠ᠃

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. ᠣᠷᠤᠭᠤᠯᠵᠤ ᠬᠡᠷᠡᠭᠯᠡᠭᠰᠡᠨ ᠠᠯᠳᠠᠭ᠎ᠠ ᠄ ᠬᠦᠴᠦᠨ ᠦᠭᠡᠢ <ref> ᠲᠡᠮᠳᠡᠭ ᠄ name ᠶ᠋ᠢᠨ ᠴᠢᠨᠠᠷ ᠨᠢ constants ᠪᠤᠯᠬᠤ ᠣᠷᠤᠯᠪᠤᠷᠢ ᠋ᠳ᠋ᠥ ᠦᠰᠦᠭ ᠬᠠᠨᠭᠭᠠᠭᠰᠠᠨ ᠦᠭᠡᠢ
  2. S. C. Tripathy, H. M. Antia (1999). "Influence of surface layers on the seismic estimate of the solar radius". Solar Physics 186 (1/2): 1–11.
  3. A "Genetic Study" of the Galaxy. ESO (September 12, 2006). 2006-10-10 ᠍ ᠳᠦ ᠬᠠᠨᠳᠤᠭᠰᠠᠨ᠃
  4. Berdyugina, Svetlana V. (2005). Starspots: A Key to the Stellar Dynamo. Living Reviews. 2007-06-21 ᠍ ᠳᠦ ᠬᠠᠨᠳᠤᠭᠰᠠᠨ᠃
  5. Nathan, Smith (1998). The Behemoth Eta Carinae: A Repeat Offender. Astronomical Society of the Pacific. 2006-08-13 ᠍ ᠳᠦ ᠬᠠᠨᠳᠤᠭᠰᠠᠨ᠃
  6. "NASA's Hubble Weighs in on the Heaviest Stars in the Galaxy", NASA News, March 3, 2005. 2006-08-04 ᠍ ᠳᠦ ᠠᠪᠤᠭᠰᠠᠨ᠃ 
  7. "Ferreting Out The First Stars", Harvard-Smithsonian Center for Astrophysics, September 22, 2005. 2006-09-05 ᠍ ᠳᠦ ᠠᠪᠤᠭᠰᠠᠨ᠃ 
  8. "Flattest Star Ever Seen", ESO, June 11, 2003. 2006-10-03 ᠍ ᠳᠦ ᠠᠪᠤᠭᠰᠠᠨ᠃ 
  9. Strobel, Nick (2007-08-20). Properties of Stars: Color and Temperature. Astronomy Notes. Primis/McGraw-Hill, Inc.. the original on 2007-06-26 ᠍ ᠰ ᠠᠷᠬᠢᠸᠯᠠᠭᠳᠠᠭᠰᠠᠨ᠃ 2007-10-09 ᠍ ᠳᠦ ᠬᠠᠨᠳᠤᠭᠰᠠᠨ᠃

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

http://wiki.uhaan.com/index.php?title=ᠣᠳᠣ&oldid=477210》 ᠍  ᠡᠴᠡ ᠠᠪᠤᠭᠰᠠᠨ

ᠪᠢᠴᠢᠭᠡᠰᠦ