ᠣᠰᠺᠠᠷ ᠤᠨ ᠱᠠᠩᠨᠠᠯ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠣᠰᠺᠠᠷ ᠤᠨ ᠱᠠᠩᠨᠠᠯ

ᠠᠺᠠᠳᠧᠮᠢ(acadamy) ᠶᠢᠨ ᠱᠠᠩᠨᠠᠯ ᠪᠤᠶᠤ ᠣᠰᠺᠠᠷ ᠤᠨ ᠱᠠᠩᠨᠠᠯ ᠨᠢ ᠠᠮᠧᠷᠢᠺᠠ ᠶᠢᠨ ᠺᠢᠨᠣ᠋ ᠠᠺᠠᠳᠧᠮᠢᠡᠴᠡ [1] ᠵᠢᠯ ᠪᠦᠷᠢ ᠵᠣᠬᠢᠶᠠᠨ ᠪᠠᠶᠢᠭᠤᠯᠳᠠᠭ᠂ ᠺᠢᠨᠣ᠋ ᠦᠢᠯᠡᠳᠪᠦᠷᠢᠯᠡᠯ ᠦᠨ ᠰᠠᠯᠪᠤᠷᠢ ᠶᠢᠨ ᠬᠦᠮᠦᠰ ᠦᠨ ᠭᠠᠷᠭᠠᠭᠰᠠᠨ ᠠᠮᠵᠢᠯᠲᠠ ᠶᠢ ᠦᠨᠡᠯᠡᠬᠦ ᠵᠣᠷᠢᠯᠭ᠎ᠠ ᠲᠠᠢ ᠱᠠᠩᠨᠠᠯ ᠶᠤᠮ᠃ ᠱᠠᠩᠨᠠᠯ ᠢ ᠬᠦᠷᠲᠡᠭᠡᠳᠡᠭ ᠠᠯᠪᠠᠨ ᠶᠣᠰᠣᠨ ᠤ ᠠᠷᠭ᠎ᠠ ᠬᠡᠮᠵᠢᠶ᠎ᠡ ᠨᠢ ᠳᠡᠯᠡᠬᠡᠢ ᠶᠢᠨ ᠬᠠᠮᠤᠭ ᠤᠨ ᠨᠡᠷ᠎ᠡ ᠬᠦᠨᠳᠦᠲᠡᠢ ᠳᠦ ᠲᠣᠭᠠᠴᠠᠭᠳᠠᠳᠠᠭ᠃ ᠠᠮᠧᠷᠢᠺᠠ ᠶᠢᠨ ᠺᠢᠨᠣ᠋ ᠠᠺᠠᠳᠧᠮᠢ ᠶᠢ ᠠᠩᠬ᠎ᠠ ᠮᠧᠲ᠋ᠷᠣ᠋-ᠭᠣᠯᠣᠳᠸᠢᠨ-ᠮᠡᠶᠢᠷ ( Metro-Goldwyn-Mayer)  ᠤᠨ ᠳᠠᠷᠤᠭ᠎ᠠ ᠯᠤᠢᠰ ᠪ᠂ ᠮᠡᠶᠢᠷ (Louis B. Mayer) ᠰᠡᠳᠡᠵᠡᠢ᠃

1927 ᠪᠠ 1928  ᠤᠨ ᠤ ᠺᠢᠨᠣ᠋ ᠤᠷᠠᠯᠢᠭ ᠲᠤ ᠭᠠᠷᠭᠠᠭᠰᠠᠨ ᠠᠮᠵᠢᠯᠲᠠ ᠪᠦᠲᠦᠭᠡᠯ ᠢ ᠦᠨᠡᠯᠡᠬᠦ ᠠᠩᠬᠠᠳᠤᠭᠠᠷ ᠣᠰᠺᠠᠷ ᠤᠨ ᠱᠠᠩᠨᠠᠯ ᠭᠠᠷᠳᠠᠭᠤᠯᠬᠤ ᠶᠣᠰᠣᠯᠠᠯ ᠨᠢ 1929  ᠤᠨ ᠤ 5 ᠰᠠᠷ᠎ᠠ ᠶᠢᠨ 16 ᠍ ᠳᠦ ᠬᠤᠯᠯᠢᠸᠦ᠋ᠳ᠋ ( Hollywood) ᠍ ᠤᠨ ᠷᠦᠽᠸᠧᠯᠲ ᠵᠣᠴᠢᠳ ᠪᠠᠭᠤᠳᠠᠯ ( Hollywood Roosevelt Hotel) ᠳᠤ ᠵᠣᠬᠢᠶᠠᠭᠳᠠᠵᠠᠢ᠃ ᠲᠤᠬᠠᠢ ᠵᠢᠨ ᠦᠶ ᠡ  ᠳᠤ 270 ᠦᠵᠡᠭᠴᠢᠳ ᠲᠠᠢ ᠪᠠᠢᠯ ᠡ ᠃ ᠡᠨᠡᠬᠦ ᠠᠷᠭ᠎ᠠ ᠬᠡᠮᠵᠢᠶᠡᠨ ᠦ ᠬᠥᠲᠥᠯᠥᠭᠴᠢ ᠪᠡᠷ ᠵᠦᠵᠦᠭᠡᠴᠢᠨ ᠳᠤᠭᠯᠠᠰ ᠹᠡᠢᠷᠪᠠᠩᠬᠢᠰ᠂ ᠺᠢᠨᠣ᠋ ᠨᠠᠶᠢᠷᠠᠭᠤᠯᠤᠭᠴᠢ ᠤᠣᠯᠢᠮ ᠳᠧᠵᠢᠯ ᠠᠵᠢᠯᠯᠠᠵᠤ ᠪᠠᠶᠢᠪᠠ᠃ 2016  ᠤᠨ ᠤ ᠠᠮᠵᠢᠯᠲᠠ ᠶᠢ ᠦᠨᠡᠯᠡᠬᠦ ᠨᠠᠶᠠᠨ ᠶᠢᠰᠦᠳᠦᠬᠡᠷ ᠤᠳᠠᠭᠠᠨ  ᠤ ᠣᠰᠺᠠᠷ ᠤᠨ ᠱᠠᠩᠨᠠᠯ ᠭᠠᠷᠠᠭᠤᠳᠠᠬᠤ ᠶᠣᠰᠣᠯᠠᠯ ᠨᠢ 2017 ᠤᠨ  ᠤ ᠬᠤᠶᠠᠳᠤᠭᠠᠷ ᠰᠠᠷ ᠡ ᠵᠢᠨ 26  ᠳᠤ ᠬᠤᠯᠯᠢᠦ᠋ᠳ᠋  ᠤᠨ  ᠳᠦᠯᠪᠧᠢ ᠲᠢᠶᠠᠲ᠋ᠷ ( Dolby Theatre) ᠲᠤ ᠪᠣᠯᠤᠭᠰᠠᠨ ᠪᠠ ᠵᠢᠮᠢ ᠺᠧᠢᠮᠧᠯ Jimmy Kimmel ᠬᠥᠲᠥᠯᠡᠪᠡ᠃

ᠲᠠᠯᠠᠨ ᠲᠤᠯᠤᠳᠤᠭᠠᠷ ᠤᠳᠠᠭᠠᠨ  ᠤ ᠣᠰᠺᠠᠷ ᠤᠨ ᠱᠠᠩᠨᠠᠯ ᠭᠠᠷᠳᠠᠭᠤᠯᠬᠤ ᠶᠣᠰᠣᠯᠠᠯ ᠳᠤ ᠮᠣᠩᠭᠣᠯᠤᠯᠤᠰ ᠠᠴᠠ ᠠᠩᠬ᠎ᠠ ᠤᠳᠠᠭ᠎ᠠ ᠳᠠᠸᠠ ᠶᠢᠨ ᠪᠢᠮᠪᠠᠰᠦᠷᠦᠩ ᠤᠨ ᠨᠠᠶᠢᠷᠠᠭᠤᠯᠤᠭᠰᠠᠨ 《ᠢᠩᠭᠡᠨ ᠨᠢᠯᠪᠤᠰᠤ》 ᠺᠢᠨᠣ᠋ ᠰᠢᠯᠢᠳᠡᠭ ᠪᠠᠷᠢᠮᠲᠠᠲᠤ ᠺᠢᠨᠣᠨ ᠳᠤ ᠨᠡᠷ᠎ᠡ ᠳᠡᠪᠰᠢᠵᠦ ᠪᠠᠶᠢᠪᠠ᠃

ᠱᠠᠩᠨᠠᠯ ᠤᠨ ᠲᠥᠷᠥᠯ ᠦᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠣᠯ ᠱᠠᠩᠨᠠᠯ ᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠱᠠᠩᠨᠠᠯ ᠠᠩᠭᠯᠢ ᠨᠡᠷ᠎ᠡ ᠠᠩᠬ᠎ᠠ ᠭᠠᠷᠳᠠᠭᠤᠯᠤᠭᠰᠠᠨ
ᠰᠢᠯᠢᠳᠡᠭ ᠭᠣᠣᠯᠯᠠᠬᠤ ᠳᠦᠷᠢ ᠶᠢ ᠪᠦᠲᠦᠭᠡᠭᠰᠡᠨ ᠡᠷᠡᠭᠲᠡᠢ ᠵᠦᠵᠦᠭᠡᠴᠢᠨ Best Actor in a Leading Role 1927
ᠰᠢᠯᠢᠳᠡᠭ ᠲᠤᠰᠯᠠᠬᠤ ᠳᠦᠷᠢ ᠶᠢ ᠪᠦᠲᠦᠭᠡᠭᠰᠡᠨ ᠡᠷᠡᠭᠲᠡᠢ ᠵᠦᠵᠦᠭᠡᠴᠢᠨ Best Actor in a Supporting Role 1936
ᠰᠢᠯᠢᠳᠡᠭ ᠭᠣᠣᠯᠯᠠᠬᠤ ᠳᠦᠷᠢ ᠶᠢ ᠪᠦᠲᠦᠭᠡᠭᠰᠡᠨ ᠡᠮᠡᠭᠲᠡᠢ ᠵᠦᠵᠦᠭᠡᠴᠢᠨ Best Actress in a Leading Role 1927
ᠰᠢᠯᠢᠳᠡᠭ ᠲᠤᠰᠯᠠᠬᠤ ᠳᠦᠷᠢ ᠶᠢ ᠪᠦᠲᠦᠭᠡᠭᠰᠡᠨ ᠡᠮᠡᠭᠲᠡᠢ ᠵᠦᠵᠦᠭᠡᠴᠢᠨ Best Actress in a Supporting Role 1936
ᠰᠢᠯᠢᠳᠡᠭ ᠤᠷᠲᠤ ᠬᠡᠮᠵᠢᠶᠡᠨ ᠦ ᠬᠡᠦᠬᠡᠯᠳᠡᠢ ᠶᠢᠨ ᠺᠢᠨᠣ᠋ Best Animated Feature 2001
ᠰᠢᠯᠢᠳᠡᠭ ᠪᠣᠭᠣᠨᠢ ᠬᠡᠮᠵᠢᠶᠡᠨ ᠦ ᠬᠡᠦᠬᠡᠯᠳᠡᠢ ᠶᠢᠨ ᠺᠢᠨᠣ᠋ Best Animated Short Film 1931
ᠰᠢᠯᠢᠳᠡᠭ ᠤᠷᠠᠯᠢᠭ ᠨᠠᠶᠢᠷᠠᠭᠤᠯᠤᠯ Best Art Direction 1927
ᠰᠢᠯᠢᠳᠡᠭ ᠵᠢᠷᠤᠭ ᠠᠪᠤᠯᠲᠠ Best Cinematography 1927
ᠰᠢᠯᠢᠳᠡᠭ ᠬᠤᠪᠴᠠᠰᠤ ᠵᠠᠭᠪᠤᠷ Best Costume Design 1948
ᠰᠢᠯᠢᠳᠡᠭ ᠺᠢᠨᠣ᠋ ᠨᠠᠶᠢᠷᠠᠭᠤᠯᠤᠭᠴᠢ Best Director 1927
ᠰᠢᠯᠢᠳᠡᠭ ᠤᠷᠲᠤ ᠬᠡᠮᠵᠢᠶᠡᠨ ᠦ ᠪᠠᠷᠢᠮᠲᠠᠲᠤ ᠺᠢᠨᠣ᠋ Best Documentary Feature 1943
ᠰᠢᠯᠢᠳᠡᠭ ᠪᠣᠭᠣᠨᠢ ᠬᠡᠮᠵᠢᠶᠡᠨ ᠦ ᠪᠠᠷᠢᠮᠲᠠᠲᠤ ᠺᠢᠨᠣ᠋ Best Documentary Short Subject 1941
ᠰᠢᠯᠢᠳᠡᠭ ᠺᠢᠨᠣ᠋ ᠨᠠᠢᠷᠠᠭᠤᠯᠤᠭᠴᠢ Best Film Editing 1935
ᠰᠢᠯᠢᠳᠡᠭ ᠭᠠᠳᠠᠭᠠᠳᠤ ᠺᠢᠨᠣ᠋ Best Foreign Language Film 1947
ᠰᠢᠯᠢᠳᠡᠭ ᠪᠣᠭᠣᠨᠢ ᠬᠡᠮᠵᠢᠶᠡᠨ ᠦ ᠺᠢᠨᠣ᠋ Best Live Action Short Film 1931
ᠰᠢᠯᠢᠳᠡᠭ ᠨᠢᠭᠤᠷ ᠪᠤᠳᠤᠯᠲᠠ Best Makeup 1981
ᠰᠢᠯᠢᠳᠡᠭ ᠺᠢᠨᠣ᠋ ᠠᠶ᠎ᠠ Best Original Score 1934
ᠰᠢᠯᠢᠳᠡᠭ ᠳᠠᠭᠤᠤ Best Original Song 1934
ᠰᠢᠯᠢᠳᠡᠭ ᠺᠢᠨᠣ᠋ Best Picture 1927
ᠰᠢᠯᠢᠳᠡᠭ ᠳᠠᠭᠤᠨ ᠤ ᠨᠠᠢᠷᠠᠭᠤᠯᠤᠭᠴᠢ Best Sound Editing 1963
ᠰᠢᠯᠢᠳᠡᠭ ᠳᠠᠭᠤᠨ ᠤ ᠡᠪᠯᠡᠭᠦᠯᠦᠬᠡ Best Sound Mixing 1930
ᠰᠢᠯᠢᠳᠡᠭ ᠧᠹᠹᠧᠺᠲ Best Visual Effects 1939
ᠰᠢᠯᠢᠳᠡᠭ ᠺᠢᠨᠣ᠋ ᠵᠣᠬᠢᠶᠠᠯᠴᠢ - ᠵᠣᠬᠢᠴᠠᠭᠤᠯᠤᠭᠰᠠᠨ ᠵᠣᠬᠢᠶᠠᠯ Best Writing - Adapted Screenplay 1927
ᠰᠢᠯᠢᠳᠡᠭ ᠺᠢᠨᠣ᠋ ᠵᠣᠬᠢᠶᠠᠯᠴᠢ - ᠰᠢᠨ᠎ᠡ ᠵᠣᠬᠢᠶᠠᠯ Best Writing - Original Screenplay 1940

ᠲᠤᠰᠬᠠᠢ ᠱᠠᠩᠨᠠᠯ ᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠱᠠᠩᠨᠠᠯ ᠠᠩᠭᠯᠢ ᠨᠡᠷ᠎ᠡ ᠠᠩᠬ᠎ᠠ ᠭᠠᠷᠳᠠᠭᠤᠯᠤᠭᠰᠠᠨ
ᠠᠺᠠᠳᠧᠮᠢ ᠶᠢᠨ ᠬᠦᠨᠳᠦᠲᠦ ᠱᠠᠩᠨᠠᠯ Academy Honorary Award 1927
ᠠᠺᠠᠳᠧᠮᠢ ᠶᠢᠨ ᠰᠢᠨᠵᠢᠯᠡᠬᠦ ᠤᠬᠠᠭᠠᠨ᠂ ᠲᠧᠭᠨᠢᠭ ᠦᠨ ᠱᠠᠩᠨᠠᠯ Academy Scientific and Technical Award 1931
ᠠᠺᠠᠳᠧᠮᠢ ᠶᠢᠨ ᠲᠤᠰᠬᠠᠢ ᠣᠯᠤᠯᠲᠠ ᠠᠮᠵᠢᠯᠲᠠ ᠶᠢᠨ ᠱᠠᠩᠨᠠᠯ Academy Special Achievement Award 1972 - 1995
ᠭᠣᠷᠳᠧᠨ᠎ᠡ᠂ ᠰᠣᠧᠷ ᠤᠨ ᠨᠡᠷᠡᠮᠵᠢᠲᠦ ᠱᠠᠩᠨᠠᠯ Gordon E. Sawyer Award 1981
ᠵᠧᠢᠨ ᠬᠧᠷᠰᠢᠯᠲ ᠶᠢᠨ ᠨᠡᠷᠡᠮᠵᠢᠲᠦ ᠬᠦᠮᠦᠨᠯᠢᠭ ᠦᠨ ᠱᠠᠩᠨᠠᠯ Jean Hersholt Humanitarian Award 1956
ᠢᠷᠸᠢᠩ ᠭᠧ ᠂ ᠲᠠᠯᠪᠧᠷᠭᠢ ᠶᠢᠨ ᠨᠡᠷᠡᠮᠵᠢᠲᠦ ᠱᠠᠩᠨᠠᠯ Irving G. Thalberg Memorial Award 1938

2017ᠤᠨ  ᠤ ᠣᠰᠺᠠᠷ ᠤᠨ ᠱᠠᠩᠨᠠᠯ ᠲᠤᠰᠤᠭᠰᠠᠨ ᠰᠢᠯᠢᠳᠡᠭ ᠺᠢᠨᠤ᠋ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

Arrival

"Arrival"[ᠵᠠᠰᠠᠪᠤᠷᠢᠯᠠᠬᠤ | ᠺᠣᠳ᠋ ᠢᠶᠠᠷ ᠵᠠᠰᠠᠬᠣ]

 ᠨᠠᠶᠢᠷᠠᠭᠤᠯᠤᠭᠴᠢ᠄  ᠲᠢᠨᠨᠧᠰ ᠸᠢᠯᠯᠧᠨ᠋ᠶᠪ (Denis Villeneuve)

ᠭᠣᠣᠯ ᠳᠦᠷᠢ ᠳᠦ᠄ ᠠᠢᠮᠢ ᠠᠳᠠᠮᠰᠧ (Amy Adams)᠂ ᠵᠧᠷᠧᠮᠢ ᠷᠧᠨᠧᠷ (Jeremy Renner)᠂ ᠹᠣᠷᠧᠰᠲ ᠤᠢᠲ᠋ᠠᠺᠧᠷ (Forest Whitaker)

ᠠᠰᠢᠭ᠄ 195 ᠰᠠᠶ᠋ ᠡ ᠳ᠋ᠣᠯᠯᠠᠷ  ᠨᠡᠭᠡᠭᠡᠯᠲᠡ᠄ 2016.10.10

ᠦᠢᠯᠡ ᠶᠠᠪᠤᠳᠠᠯ᠄ ᠦᠯᠦ ᠮᠡᠳᠡᠭᠳᠡᠬᠦ ᠪᠡᠶᠡᠳᠦ ᠳᠡᠯᠡᠬᠡᠢ ᠳᠡᠭᠡᠷ᠎ᠡ ᠭᠠᠵᠠᠷᠳᠠᠭᠰᠠᠨ ᠮᠥᠴᠡ ᠡᠴᠡ ᠡᠬᠢᠯᠡᠨ ᠺᠢᠨᠣᠨ ᠤ ᠭᠣᠣᠯ ᠦᠢᠯᠡ ᠶᠠᠪᠤᠳᠠᠯ ᠵᠢᠡᠨ ᠦᠷᠨᠢᠬᠦᠯᠦᠭᠰᠡᠨ ᠪᠥᠭᠡᠳ ᠬᠦᠮᠦᠨ ᠲᠥᠷᠥᠯᠬᠢᠲᠡᠨ ᠢ ᠠᠪᠤᠷᠠᠬᠤ ᠴᠣᠷ ᠭᠠᠭᠴᠠ ᠪᠣᠯᠤᠮᠵᠢ ᠨᠢ ᠭᠣᠣᠯ ᠳᠦᠷᠢ ᠪᠣᠯᠬᠤ ᠯᠤᠪᠢᠰ ᠪᠩᠺ ᠤᠨ ᠭᠠᠷ ᠲᠤ ᠪᠠᠶᠢᠬᠤ ᠪᠣᠯᠤᠨ᠎ᠠ᠃

"Lion"[ᠵᠠᠰᠠᠪᠤᠷᠢᠯᠠᠬᠤ | ᠺᠣᠳ᠋ ᠢᠶᠠᠷ ᠵᠠᠰᠠᠬᠣ]

"Lion"

 ᠨᠠᠶᠢᠷᠠᠭᠤᠯᠤᠭᠴᠢ᠄ ᠭᠠᠷᠰᠧ ᠳᠡᠸᠢᠰ (Garth Davis)

ᠭᠣᠣᠯ ᠳᠦᠷᠢ ᠳᠦ᠄ ᠳᠧᠸ ᠫᠠᠲ᠋ᠧᠯ (Dev Patel)᠂ ᠨᠢᠺᠣᠯ ᠺᠢᠳᠡᠮᠦᠨ (Nicole Kidman)᠂ ᠷᠤᠨᠢ ᠮᠠᠷᠠ (Rooney Mara)

ᠠᠰᠢᠭ᠄ 70.4 ᠰᠠᠶ᠎ᠠ ᠳ᠋ᠣᠯᠯᠠᠷ  ᠨᠡᠭᠡᠭᠡᠯᠲᠡ᠄ 2016.10.12

ᠦᠢᠯᠡ ᠶᠠᠪᠤᠳᠠᠯ᠄ 5 ᠨᠠᠰᠤᠲᠠᠢ ᠰᠠᠷᠤ ᠭᠡᠬᠦ ᠬᠦᠤ ᠭᠠᠯᠲᠤ ᠲᠡᠷᠭᠡᠨ ᠳᠦ ᠡᠴᠢᠭᠡ ᠡᠬᠡ ᠪᠣᠯᠤᠨ ᠭᠡᠷ ᠪᠦᠯᠢ ᠶᠢᠨ ᠬᠢᠨ ᠡᠴᠡ ᠪᠡᠨ ᠰᠠᠯᠵᠤ ᠲᠥᠭᠡᠷᠢᠨ᠂ ᠠᠯᠤᠰ ᠬᠣᠯᠠ ᠭᠠᠵᠠᠷ ᠤᠷᠤᠭᠤ ᠶᠠᠪᠤᠬᠤ ᠪᠣᠯᠤᠨ᠎ᠠ᠃ ᠲᠡᠷᠡ ᠥᠪᠡᠷ ᠡᠴᠡ ᠪᠤᠰᠤᠳ ᠨᠢᠭᠡ ᠴᠤ ᠬᠦᠮᠦᠨ ᠦᠬᠡᠢ  ᠭᠠᠵᠠᠷ ᠣᠴᠢᠵᠤ᠂ ᠠᠮᠢᠳᠤᠷᠠᠯ ᠤᠨ ᠲᠥᠯᠥᠭᠡ ᠲᠡᠮᠡᠴᠡᠬᠦ ᠬᠡᠷᠡᠭᠲᠡᠢ ᠪᠣᠯᠬᠤ ᠪᠥᠭᠡᠳ ᠲᠡᠭᠦᠨ ᠢ ᠠᠦᠢᠰᠲ᠋ᠷᠠᠯᠢᠶ᠎ᠠ ᠬᠣᠣᠰ ᠤᠳ ᠡᠷᠭᠦᠵᠦ ᠠᠪᠳᠠᠭ ᠠᠵᠢ᠃ ᠡᠴᠦᠰ ᠲᠦ ᠨᠢ ᠲᠡᠷᠡ ᠪᠡᠷ 《Google Earth》 ᠭᠡᠬᠦ ᠲᠧᠭᠨᠣᠯᠣᠭᠢ ᠶᠢᠨ ᠬᠤᠪᠢᠰᠤᠯ ᠢ ᠠᠰᠢᠭᠯᠠᠨ ᠭᠡᠷ ᠢᠶᠡᠨ ᠡᠷᠭᠢᠵᠦ ᠤᠯᠬᠤ ᠪᠣᠯᠤᠮᠵᠢ ᠶᠢ ᠡᠷᠢᠯᠬᠢᠯᠡᠳᠡᠭ ᠪᠠᠶᠢᠨ᠎ᠠ᠃

"Hell or High Water"[ᠵᠠᠰᠠᠪᠤᠷᠢᠯᠠᠬᠤ | ᠺᠣᠳ᠋ ᠢᠶᠠᠷ ᠵᠠᠰᠠᠬᠣ]

"Hell or High Water"

 ᠨᠠᠶᠢᠷᠠᠭᠤᠯᠤᠭᠴᠢ᠄ ᠳᠡᠸᠢᠳᠧ ᠮᠠᠺᠺᠧᠨ᠋ᠽᠢ (David MacKenzie)

ᠭᠣᠣᠯ ᠳᠦᠷᠢ ᠳᠦ᠄ ᠺᠷᠢᠰ ᠫᠠᠢᠨ (Chris Pine)᠂ ᠵᠧᠹᠹ ᠪᠷᠢᠵᠧᠰ (Jeff Bridges)᠂ ᠪᠧᠨ ᠹᠣᠰᠲ᠋ᠧᠷ (Ben Foster)

ᠠᠰᠢᠭ᠄ ᠲᠣᠳᠣᠷᠬᠠᠢ ᠦᠭᠡᠢ  ᠨᠡᠭᠡᠭᠡᠯᠲᠡ᠄ 2016.08.11

ᠦᠢᠯᠡ ᠶᠠᠪᠤᠳᠠᠯ᠄ ᠦᠰᠢᠶ᠎ᠡ ᠪᠡᠨ ᠠᠪᠬᠤ ᠪᠠᠷ ᠲᠣᠭᠠᠯᠠᠵᠤ ᠪᠠᠷᠠᠮ ᠦᠭᠡᠢ ᠣᠯᠠᠨ ᠠᠳᠠᠯ ᠶᠠᠪᠤᠳᠠᠯ ᠲᠠᠢ ᠨᠢᠭᠤᠷ ᠲᠤᠯᠬᠤ ᠠᠬ᠎ᠠ ᠳᠡᠭᠦᠦ ᠬᠣᠶᠠᠷ ᠤᠨ ᠠᠮᠢᠳᠤᠷᠠᠯ ᠢ ᠤᠭ ᠺᠢᠨᠣᠨ ᠠᠴᠠ ᠬᠠᠷᠠᠬᠤ ᠪᠣᠯᠤᠨ᠎ᠠ᠃ ᠲᠡᠳᠡ ᠵᠠᠮ ᠳᠤ ᠨᠢ ᠰᠠᠭᠠᠳ ᠪᠣᠯᠤᠭᠰᠠᠨ ᠬᠡᠨ ᠢ ᠴᠤ ᠦᠯᠦ ᠥᠷᠥᠰᠢᠶᠡᠬᠦ ᠪᠥᠭᠡᠳ 《Action》᠂ 《Crime》 ᠲᠥᠷᠥᠯ ᠦᠨ ᠺᠢᠨᠣ᠋ ᠦᠵᠡᠬᠦ ᠳᠤᠷᠠᠲᠠᠢ ᠬᠦᠮᠦᠰ ᠦᠨ ᠬᠤᠪᠢ ᠳᠤ ᠵᠠᠪᠠᠯ ᠦᠵᠡᠬᠦ ᠶᠣᠰᠣᠲᠠᠢ ᠰᠢᠯᠢᠳᠡᠭ ᠪᠦᠲᠦᠭᠡᠯ ᠪᠣᠯᠤᠭᠰᠠᠨ ᠭᠡᠳᠡᠭ ᠢᠶᠡᠷ ᠢᠶᠡᠨ ᠣᠨᠴᠠᠯᠠᠬᠤ ᠶᠤᠮ᠃

"La La Land"[ᠵᠠᠰᠠᠪᠤᠷᠢᠯᠠᠬᠤ | ᠺᠣᠳ᠋ ᠢᠶᠠᠷ ᠵᠠᠰᠠᠬᠣ]

"La La Land"

 ᠨᠠᠶᠢᠷᠠᠭᠤᠯᠤᠭᠴᠢ᠄ ᠳᠢᠮᠧᠢᠨ ᠴᠠᠽᠧᠯᠯ (Damien Chazelle)

ᠭᠣᠣᠯ ᠳᠦᠷᠢ ᠳᠦ᠄ ᠷᠠᠶᠤᠨ ᠭᠣᠰᠯᠢᠩ  (Ryan Gosling)᠂ ᠠᠢᠮᠠ ᠰᠧᠲᠦᠨ (Emma Stone)᠂ ᠵᠣᠨ ᠯᠧᠵᠧᠨᠳᠧ (John Legend)

ᠠᠰᠢᠭ᠄ ᠲᠣᠳᠣᠷᠬᠠᠢ ᠦᠭᠡᠢ  ᠨᠡᠭᠡᠭᠡᠯᠲᠡ᠄ 2016.11.09

ᠦᠢᠯᠡ ᠶᠠᠪᠤᠳᠠᠯ᠄ ᠠᠮᠵᠢᠯᠲᠠ ᠶᠢᠨ ᠣᠷᠭᠢᠯ ᠥᠭᠡᠳᠡ ᠲᠡᠮᠡᠦᠯᠵᠦ ᠶᠠᠪᠤᠭ᠎ᠠ ᠠᠪᠢᠶᠠᠰᠯᠢᠭ ᠵᠦᠵᠦᠭᠡᠴᠢᠨ ᠮᠢ ᠪᠠᠨ ᠪᠣᠯᠤᠨ ᠵᠠᠽᠽ ᠬᠥᠭᠵᠢᠮᠴᠢᠨ ᠰᠧᠪᠠᠰᠲ᠋ᠢᠨ ᠨᠠᠷ ᠤᠨ ᠬᠠᠶᠢᠷ᠎ᠠ ᠳᠤᠷᠠᠯᠠᠯ ᠤᠨ ᠠᠭᠤᠤ ᠲᠡᠦᠬᠡ ᠶᠢ ᠬᠠᠷᠠᠭᠤᠯᠤᠭᠰᠠᠨ ᠭᠠᠶᠢᠬᠠᠯᠲᠠᠢ ᠤᠷᠠᠨ ᠪᠦᠲᠦᠭᠡᠯ ᠪᠢᠯᠡ᠃ ᠡᠨᠡᠬᠦ ᠺᠢᠨᠣ᠋ ᠨᠢ ᠰᠡᠭᠦᠯ ᠦᠨ ᠦᠶ᠎ᠡ ᠳᠦ ᠨᠡᠭᠡᠭᠡᠯᠲᠡ ᠪᠡᠨ ᠬᠢᠭᠰᠡᠨ ᠤᠷᠠᠨ ᠪᠦᠲᠦᠭᠡᠯ ᠦᠳ ᠡᠴᠡ ᠶᠠᠭᠠᠬᠢᠬᠤ ᠵᠢᠨ ᠠᠷᠭ᠎ᠠ ᠦᠭᠡᠢ ᠴᠠᠬᠢᠭᠤᠷ ᠬᠠᠭᠠᠯᠵᠤ᠂ ᠺᠢᠨᠣ᠋ ᠰᠣᠨᠢᠷᠬᠠᠭᠴᠢᠳ ᠢ ᠪᠠᠶᠢᠯᠳᠤᠨ ᠳᠠᠭᠠᠭᠤᠯᠤᠭᠠᠳ ᠪᠠᠶᠢᠭ᠎ᠠ ᠪᠢᠯᠡ᠃

"Hidden Figures М"[ᠵᠠᠰᠠᠪᠤᠷᠢᠯᠠᠬᠤ | ᠺᠣᠳ᠋ ᠢᠶᠠᠷ ᠵᠠᠰᠠᠬᠣ]

"Hidden Figures М"

 ᠨᠠᠶᠢᠷᠠᠭᠤᠯᠤᠭᠴᠢ᠄ ᠲᠧᠣᠳᠣᠷ ᠮᠧᠯᠹᠢ (Theodore Melfi)

ᠭᠣᠣᠯ ᠳᠦᠷᠢ ᠳᠦ᠄ ᠲᠠᠷᠠᠵᠢ ᠫᠧ᠂ ᠬᠧᠨᠰᠤᠨ (Taraji P.Henson)᠂ ᠣᠺᠲ᠋ᠠᠸᠢ ᠰᠫᠧᠨᠰᠧᠷ (Octavia Spencer)᠂ ᠵᠠᠨᠧᠯᠯ ᠮᠤᠨᠧ (Janelle Monae)

ᠠᠰᠢᠭ᠄ ᠲᠣᠳᠣᠷᠬᠠᠢ ᠦᠭᠡᠢ  ᠨᠡᠭᠡᠭᠡᠯᠲᠡ᠄ 2016.12.25

ᠦᠢᠯᠡ ᠶᠠᠪᠤᠳᠠᠯ᠄ 《NASA》 ᠍ ᠳᠦ ᠠᠵᠢᠯᠯᠠᠳᠠᠭ ᠠᠹᠷᠢᠺᠠ-ᠠᠮᠧᠷᠢᠺᠠ ᠭᠠᠷᠤᠯ ᠲᠠᠢ ᠺᠡᠲᠷᠢᠨ ᠵᠣᠩᠰᠣᠨ᠂ ᠳᠣᠷᠣᠲ᠋ᠢ ᠸᠣᠨ᠂ ᠮᠡᠷᠢ ᠵᠡᠺᠰᠣᠨ ᠭᠡᠬᠦ ᠭᠤᠷᠪᠠᠨ ᠪᠦᠰᠡᠭᠦᠢ ᠶᠢᠨ ᠬᠥᠭᠵᠢᠯᠲᠡᠢ᠂ ᠰᠣᠨᠢᠷᠬᠠᠯᠲᠠᠢ᠂ ᠠᠳᠠᠯ ᠶᠠᠪᠤᠳᠠᠯ ᠢᠶᠠᠷ ᠳᠦᠭᠦᠷᠡᠩ ᠠᠮᠢᠳᠤᠷᠠᠯ ᠢ ᠬᠠᠷᠠᠭᠤᠯᠤᠭᠰᠠᠨ ᠤᠭ ᠺᠢᠨᠣ᠋ ᠲᠠᠨ ᠳᠤ ᠢᠨᠢᠶᠡᠳᠦ᠂ ᠪᠠᠶᠠᠷ ᠬᠥᠷ ᠪᠡᠯᠭᠡᠯᠡᠬᠦ ᠨᠢ ᠭᠠᠷᠴᠠᠭ᠎ᠠ ᠦᠭᠡᠢ ᠶᠤᠮ᠃

"Moonlight"[ᠵᠠᠰᠠᠪᠤᠷᠢᠯᠠᠬᠤ | ᠺᠣᠳ᠋ ᠢᠶᠠᠷ ᠵᠠᠰᠠᠬᠣ]

"Moonlight"

 ᠨᠠᠶᠢᠷᠠᠭᠤᠯᠤᠭᠴᠢ᠄ ᠳᠢᠮᠧᠢᠨ ᠴᠠᠽᠧᠯᠯ (Damien Chazelle)

 ᠨᠠᠶᠢᠷᠠᠭᠤᠯᠤᠭᠴᠢ᠄ ᠪᠡᠷᠷᠢ ᠵᠧᠩᠺᠢᠨᠰ (Barry Jenkins)

ᠭᠣᠣᠯ ᠳᠦᠷᠢ ᠳᠦ᠄ ᠮᠠᠾᠧᠷᠱᠠᠯ ᠠᠯᠢ (Maheshala Ali)᠂ ᠨᠡᠣᠮᠢ ᠬᠠᠷᠷᠢᠰ (Naomi Harris)᠂ ᠵᠠᠨᠧᠯᠯ ᠮᠤᠨᠧ (Janelle Monae)

ᠠᠰᠢᠭ᠄ 22.2 ᠰᠠᠶ᠎ᠠ ᠳ᠋ᠣᠯᠯᠠᠷ  ᠨᠡᠭᠡᠭᠡᠯᠲᠡ᠄ 2016.10.21

ᠦᠢᠯᠡ ᠶᠠᠪᠤᠳᠠᠯ᠄ ᠠᠹᠷᠢᠺᠠ-ᠠᠮᠧᠷᠢᠺᠠ ᠭᠠᠷᠤᠯ ᠲᠠᠢ ᠬᠦᠮᠦᠰ ᠦᠨ ᠠᠮᠢᠳᠤᠷᠠᠯ᠂ ᠬᠠᠶᠢᠷ᠎ᠠ ᠳᠤᠷᠠᠯᠠᠯ᠂ ᠨᠥᠬᠥᠷᠯᠡᠯ᠂ ᠦᠵᠡᠯ ᠪᠣᠳᠣᠯ ᠪᠣᠯᠤᠨ ᠬᠦᠰᠡᠯ ᠲᠡᠮᠡᠦᠯᠡᠯ ᠢ ᠬᠤᠷᠴᠠ ᠪᠠᠷ ᠬᠠᠷᠠᠭᠤᠯᠤᠭᠰᠠᠨ᠂ ᠴᠢᠨᠠᠷᠲᠠᠢ ᠤᠷᠠᠨ ᠪᠦᠲᠦᠭᠡᠯ ᠪᠣᠯᠤᠭᠰᠠᠨ ᠭᠡᠳᠡᠭ ᠢ ᠺᠢᠨᠣ᠋ ᠰᠢᠭᠦᠮᠵᠢᠯᠡᠭᠴᠢᠳ ᠳᠠᠭᠤᠤ ᠨᠢᠭᠡᠲᠡᠢ ᠪᠡᠷ ᠬᠦᠯᠢᠶᠡᠨ ᠵᠥᠪᠰᠢᠶᠡᠷᠡᠭᠡᠳ ᠪᠠᠶᠢᠭ᠎ᠠ ᠶᠤᠮ᠃ ᠡᠨᠡᠬᠦ ᠺᠢᠨᠣ᠋ ᠵᠢ ᠦᠵᠡᠭᠰᠡᠬᠡᠷ ᠲᠠᠩᠳᠠ ᠣᠯᠠᠨ ᠪᠣᠳᠣᠯ ᠲᠥᠷᠦᠵᠤ᠂ ᠠᠮᠢᠳᠤᠷᠠᠯ ᠢ ᠠᠷᠠᠢ ᠥᠭᠡᠷ᠎ᠡ ᠥᠨᠴᠥᠭ ᠡᠴᠡ ᠬᠠᠷᠠᠬᠤ ᠪᠣᠯᠤᠮᠵᠢ ᠶᠢ ᠣᠯᠭᠣᠬᠤ ᠠᠵᠤ᠃

"Hacksaw Ridge"[ᠵᠠᠰᠠᠪᠤᠷᠢᠯᠠᠬᠤ | ᠺᠣᠳ᠋ ᠢᠶᠠᠷ ᠵᠠᠰᠠᠬᠣ]

"Hacksaw Ridge"

 ᠨᠠᠶᠢᠷᠠᠭᠤᠯᠤᠭᠴᠢ᠄ ᠮᠧᠯ ᠭᠢᠪᠰᠣᠨ (Mel Gibson)

ᠭᠣᠣᠯ ᠳᠦᠷᠢ ᠳᠦ᠄ ᠡᠨᠳᠡᠷᠡᠶᠤ ᠭᠠᠷᠹᠢᠯᠳᠧ (Andrew Garfield)᠂ ᠲᠧᠷᠧᠽᠠ ᠫᠠᠯᠮᠧᠷ (Teresa Palmer)᠂ ᠸᠢᠨᠰ ᠸᠣᠨ (Vince Vaughan)

ᠠᠰᠢᠭ᠄ 164.1 ᠰᠠᠶ᠎ᠠ ᠳ᠋ᠣᠯᠯᠠᠷ  ᠨᠡᠭᠡᠭᠡᠯᠲᠡ᠄ 2016.10.16

ᠦᠢᠯᠡ ᠶᠠᠪᠤᠳᠠᠯ᠄ ᠪᠣᠳᠠᠲᠤ ᠶᠠᠪᠤᠳᠠᠯ ᠠᠴᠠ ᠰᠡᠳᠦᠪᠯᠡᠨ ᠪᠦᠲᠦᠭᠡᠭᠰᠡᠨ ᠤᠭ ᠺᠢᠨᠣ᠋ ᠳᠤ 《ᠳᠡᠯᠡᠬᠡᠢ ᠶᠢᠨ ᠬᠣᠶᠠᠳᠤᠭᠠᠷ ᠳᠠᠶᠢᠨ 》  ᠤ ᠦᠶ᠎ᠡ ᠪᠡᠷ ᠪᠣᠯᠤᠭᠰᠠᠨ ᠠᠮᠧᠷᠢᠺᠠ ᠪᠣᠯᠤᠨ ᠶᠠᠫᠣᠨᠴᠤᠳ ᠤᠨ ᠴᠢᠰᠤᠲᠤ ᠲᠤᠯᠤᠯᠳᠤᠭᠠᠨ ᠢ ᠦᠵᠡᠭᠦᠯᠬᠦ ᠶᠢ ᠵᠣᠷᠢᠵᠠᠢ᠃ ᠲᠡᠷᠡ ᠳᠤᠮᠳᠠ ᠪᠠᠨ ᠳ᠋ᠧᠰᠮᠠᠨᠳᠲ᠋ ᠲᠣᠰ ᠭᠡᠬᠦ ᠠᠮᠧᠷᠢᠺᠠ ᠴᠡᠷᠢᠭ ᠦᠨ ᠦᠨᠡᠯᠡᠵᠦ ᠪᠠᠷᠠᠰᠢ ᠦᠭᠡᠢ ᠭᠠᠪᠢᠶ᠎ᠠ ᠶᠢ ᠳᠡᠯᠭᠡᠴᠡ ᠶᠢᠨ ᠪᠦᠲᠦᠭᠡᠯ ᠳᠦ ᠮᠥᠩᠬᠡᠯᠡᠬᠦ ᠶᠢ ᠬᠦᠰᠡᠭᠰᠡᠨ ᠨᠢ ᠡᠶᠢᠨᠬᠦᠦ ᠪᠡᠶᠡᠯᠡᠯ ᠢᠶᠡᠨ ᠣᠯᠵᠤ᠂ ᠣᠯᠠᠨ ᠤ ᠬᠦᠷᠲᠡᠭᠡᠯ ᠪᠣᠯᠤᠭᠰᠠᠨ ᠪᠠᠶᠢᠨ᠎ᠠ᠃

==="Manchester by the Sea"=== 

"Manchester by the Sea"
 ᠨᠠᠶᠢᠷᠠᠭᠤᠯᠤᠭᠴᠢ᠄ ᠺᠧᠨᠨᠡᠲ ᠯᠣᠨᠧᠷᠭᠠᠨ (Kenneth Lonergan)

ᠭᠣᠣᠯ ᠳᠦᠷᠢ ᠳᠦ᠄ ᠮᠥᠱᠧᠯ ᠤᠢᠯᠮᠤᠰᠤ (Michelle Williams)᠂ ᠺᠧᠽᠢ ᠠᠹᠹᠯᠧᠺ (Casey Affleck)᠂ ᠺᠠᠶᠢᠯ ᠴᠢᠩᠳᠠᠯᠧᠷ (Kyle Chandler)

ᠠᠰᠢᠭ᠄ ᠲᠣᠳᠣᠷᠬᠠᠢ ᠦᠭᠡᠢ  ᠨᠡᠭᠡᠭᠡᠯᠲᠡ᠄ 2016.11.18

ᠦᠢᠯᠡ ᠶᠠᠪᠤᠳᠠᠯ᠄ ᠨᠠᠶᠢᠷᠠᠭᠤᠯᠤᠭᠴᠢ ᠺᠧᠨᠨᠡᠲ ᠺᠢᠨᠣ᠋ ᠵᠢᠨ  ᠨᠡᠭᠡᠭᠡᠯᠲᠡ ᠶᠢᠨ ᠦᠶ᠎ᠡ ᠪᠡᠷ 《ᠠᠮᠢᠳᠤᠷᠠᠯ ᠳᠤ ᠭᠡᠨᠡᠳᠲᠡ ᠶᠢᠨ ᠵᠦᠢᠯ ᠨᠢᠭᠡ ᠯᠠ ᠮᠡᠳᠡᠬᠦ ᠳᠦ ᠲᠣᠬᠢᠶᠠᠯᠳᠤᠳᠠᠭ ᠪᠥᠭᠡᠳ ᠲᠡᠷᠡ ᠦᠶ᠎ᠡ ᠳᠦ ᠰᠡᠳᠬᠢᠯ ᠦᠨ ᠬᠠᠲᠠ ᠲᠠᠢ᠂ ᠵᠣᠷᠢᠭ ᠲᠡᠪᠴᠢᠶᠡᠷᠢ ᠲᠡᠢ ᠪᠠᠶᠢᠬᠤ ᠡᠭᠦᠳᠡᠨ ᠡᠴᠡ ᠬᠡᠵᠢᠶᠡᠳᠡ ᠪᠡᠯᠡᠳᠬᠡᠯ ᠲᠡᠢ ᠪᠠᠶᠢᠬᠤ ᠬᠡᠷᠡᠭᠲᠡᠢ ᠭᠡᠳᠡᠭ ᠢ ᠤᠭ ᠺᠢᠨᠣ᠋ ᠍ ᠪᠠᠷ ᠬᠠᠷᠠᠭᠤᠯᠬᠤ ᠶᠢ ᠵᠣᠷᠢᠭᠰᠠᠨ》 ᠬᠡᠮᠡᠨ ᠬᠡᠯᠡᠵᠦ ᠪᠠᠶᠢᠵᠠᠢ᠃ 《IMDb》 ᠍ ᠡᠴᠡ 8.1 ᠭᠡᠰᠡᠨ ᠣᠨᠣᠭ᠎ᠠ ᠶᠢ ᠠᠪᠤᠭᠠᠳ ᠪᠤᠢ ᠡᠨᠡᠬᠦ ᠪᠦᠲᠦᠭᠡᠯ ᠢ ᠦᠵᠡᠭᠰᠡᠬᠡᠷ ᠲᠠ ᠶᠡᠬᠡ ᠵᠦᠢᠯ ᠢ ᠣᠶᠢᠯᠠᠭᠠᠵᠤ ᠠᠪᠬᠤ ᠪᠢᠵᠡ ᠡ᠃

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. About the Academy Awards. Academy of Motion Picture Arts and Sciences. 2007-04-13 ᠍ ᠳᠦ ᠬᠠᠨᠳᠤᠭᠰᠠᠨ᠃

ᠭᠠᠳᠠᠨ᠎ᠠ ᠶᠢᠨ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ