ᠣᠯᠮᠧᠺ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠮᠠᠨ ᠤ ᠡᠷᠡᠨ ᠦ ᠡᠮᠦᠨ᠎ᠡ 1400 - 400 ᠣᠨ ᠤ ᠬᠣᠭᠣᠷᠣᠨᠳᠣ ᠴᠡᠴᠡᠭᠯᠡᠨ ᠬᠥᠭᠵᠢᠵᠦ ᠪᠠᠶᠢᠭᠰᠠᠨ ᠣᠯᠮᠧᠺ ᠦᠨ ᠲᠥᠪ ᠦᠳ᠃

ᠣᠯᠮᠧᠺ ᠤᠳ (ᠠᠩᠭᠯᠢ ᠬᠡᠯᠡ: olmecs) ᠨᠢ ᠮᠧᠽᠣᠮᠧᠷᠢᠺᠡᠶᠢᠨ ᠠᠭᠤᠭᠤᠯ ᠢᠷᠭᠡᠳ ᠪᠥᠭᠡᠳ ᠲᠤᠰ ᠪᠥᠰᠡ ᠨᠤᠲᠤᠭ ᠲᠤ ᠪᠤᠢ ᠪᠣᠯᠤᠭᠰᠠᠨ ᠰᠤᠶᠤᠯ ᠢᠷᠭᠡᠨᠰᠢᠯ ᠦᠳ ᠦᠨ ᠠᠩᠬᠠᠳᠠᠭᠴᠢᠳ ᠤᠨ ᠨᠢᠭᠡ ᠨᠢ ᠶᠤᠮ᠃ ᠲᠡᠳᠡ ᠮᠸᠺᠰᠢᠺᠣᠡᠶᠢᠨ ᠪᠤᠯᠤᠩ ᠤᠨ ᠲᠥᠪ ᠡᠷᠭᠢ ᠣᠷᠴᠢᠮ ᠢᠶᠠᠷ᠂ ᠶᠢᠺᠠᠲᠠᠨ ᠬᠣᠶᠢᠭ ᠤᠨ ᠪᠠᠷᠠᠭᠤᠨ ᠡᠷᠭᠢ ᠶᠢᠨ ᠨᠠᠮᠤᠭ᠂ ᠪᠠᠮᠪᠠᠯᠵᠠᠭᠤᠷ ᠲᠤ ᠬᠠᠯᠠᠭᠤᠨ ᠣᠷᠣᠨ ᠤ ᠰᠢᠷᠢᠩᠭᠢᠨ ᠣᠢ ᠳᠤ ᠪᠤᠶᠤ ᠥᠨᠥ ᠶᠢᠨ ᠮᠸᠺᠰᠢᠺᠣ ᠤᠯᠤᠰ ᠤᠨ ᠸᠧᠷᠠᠺᠷᠦᠽᠲᠠᠪᠠᠰᠺᠣ ᠮᠤᠵᠢ ᠶᠢᠨ ᠨᠤᠲᠤᠭ ᠲᠤ ᠠᠵᠤ ᠲᠥᠷᠦᠳᠡᠭ ᠪᠠᠶᠢᠴᠠᠢ᠃ ᠲᠤᠬᠠᠢ ᠶᠢᠨ ᠦᠶ᠎ᠡ ᠳᠦ ᠲᠡᠳᠡ ᠲᠥᠪ ᠮᠸᠺᠰᠢᠺᠣ ᠤᠨ ᠠᠤᠯᠠᠯᠠᠰ᠂ ᠮᠸᠺᠰᠢᠺᠣ ᠤᠨ ᠬᠥᠨᠳᠡᠢ ᠪᠤᠶᠤ ᠥᠨᠥ ᠶᠢᠨ ᠮᠸᠺᠰᠢᠺᠣ ᠤᠨ ᠭᠤᠧᠷᠷᠧᠷᠣᠣᠠᠺᠰᠠᠺᠠ ᠮᠤᠵᠢ ᠶᠢᠨ ᠨᠤᠲᠤᠭ ᠢᠶᠠᠷ ᠥᠪᠡᠷᠰᠡᠳ ᠦᠨ ᠨᠥᠯᠥᠭᠡᠯᠡᠯ ᠢᠶᠡᠨ ᠲᠣᠭᠲᠠᠭᠠᠭᠰᠠᠨ ᠪᠠᠶᠢᠪᠠ᠃

ᠭᠠᠷᠤᠯ ᠡᠭᠦᠰᠦᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠯᠮᠧᠺ ᠦᠨ ᠰᠤᠶᠤᠯ ᠢᠷᠭᠡᠨᠰᠢᠯ ᠮᠠᠨ ᠤ ᠡᠷᠡᠨ ᠦ ᠡᠮᠦᠨ᠎ᠡ 1500 - ᠮᠠᠨ ᠤ ᠡᠷᠡᠨ ᠦ ᠡᠮᠦᠨ᠎ᠡ 600 ᠣᠨ ᠤ ᠣᠷᠴᠢᠮ ᠳᠤ ᠴᠡᠴᠡᠭᠯᠡᠨ ᠬᠥᠭᠵᠢᠵᠦ ᠪᠠᠶᠢᠴᠠᠢ᠃ ᠥᠨᠥᠳᠥᠷ ᠮᠡᠳᠡᠭᠳᠡᠵᠦ ᠪᠠᠶᠢᠭ᠎ᠠ ᠣᠯᠮᠧᠺ ᠤᠳ ᠤᠨ ᠰᠤᠶᠤᠯ ᠤᠨ ᠢᠯᠡᠷᠬᠡᠶᠢᠯᠡᠯ ᠪᠣᠯᠤᠭᠰᠠᠨ ᠬᠠᠮᠤᠭ ᠤᠨ ᠡᠷᠲᠡᠨ ᠦ ᠲᠥᠪ ᠨᠢ ᠰᠠᠨ ᠯᠣᠷᠧᠨ᠋ᠽᠣ ᠪᠥᠭᠡᠳ ᠤᠭ ᠲᠥᠪ ᠮᠠᠨ ᠤ ᠡᠷᠡᠨ ᠦ ᠡᠮᠦᠨ᠎ᠡ 900 ᠣᠨ ᠳᠤ ᠤᠰᠠᠳᠴᠤ ᠦᠭᠡᠢ ᠪᠣᠯᠤᠭᠰᠠᠨ ᠭᠡᠵᠦ ᠲᠣᠭᠲᠠᠭᠠᠭᠰᠠᠨ ᠪᠠᠶᠢᠨ᠎ᠠ᠃ ᠡᠭᠦᠨ ᠦ ᠳᠠᠷᠠᠭ᠎ᠠ ᠲᠡᠳᠡ ᠯᠠ ᠸᠸᠨᠲᠠ ᠣᠷᠴᠢᠮ ᠳᠤ ᠲᠥᠪᠯᠡᠷᠡᠨ ᠳᠠᠬᠢᠨ ᠬᠥᠭᠵᠢᠵᠦ᠂ ᠲᠥᠪ ᠮᠸᠺᠰᠢᠺᠣ ᠲᠤ ᠬᠣᠲᠠᠵᠢᠭ᠌ᠰᠠᠨ ᠰᠤᠶᠤᠯ ᠢᠷᠭᠡᠨᠰᠢᠯ ᠢ ᠪᠤᠢ ᠪᠣᠯᠭᠠᠨ ᠪᠥᠰᠡ ᠨᠤᠲᠤᠭ ᠲᠤ ᠪᠠᠨ ᠣᠯᠠᠨ ᠵᠠᠭᠤᠨ ᠤ ᠲᠤᠷᠰᠢ ᠨᠥᠯᠥᠭᠡᠲᠡᠢ ᠪᠠᠶᠢᠭᠰᠠᠭᠠᠷ ᠢᠷᠡᠵᠡᠢ᠃ ᠲᠡᠳᠡ 30 ᠮᠧᠲ᠋ᠷ ᠣᠷᠴᠢᠮ ᠥᠨᠳᠥᠷ ᠲᠡᠢ ᠰᠢᠷᠤᠶᠢᠨ ᠫᠢᠷᠠᠮᠢᠳ ᠪᠣᠰᠬᠠᠵᠤ᠂ ᠰᠦᠮ᠎ᠡ᠂ ᠣᠷᠳᠣᠨ ᠨᠤᠭᠤᠳ ᠤᠨ ᠴᠣᠭᠴᠠᠯᠠᠪᠤᠷᠢ ᠲᠥᠪ ᠪᠠᠶᠢᠭᠤᠯᠤᠨ ᠠᠮᠢᠳᠤᠷᠠᠵᠤ ᠪᠠᠶᠢᠭᠰᠠᠨ ᠨᠢ ᠮᠧᠽᠣᠮᠧᠷᠢᠺ ᠲᠤ ᠪᠠᠨ ᠬᠠᠮᠤᠭ ᠤᠨ ᠡᠷᠲᠡᠨ ᠦ ᠫᠢᠷᠠᠮᠢᠳ ᠬᠡᠮᠡᠨ ᠲᠣᠭᠠᠴᠠᠭᠳᠠᠳᠠᠭ ᠪᠠᠶᠢᠨ᠎ᠠ᠃

ᠯᠠ ᠸᠸᠨᠲᠤᠭ ᠤᠨ ᠠᠪᠤᠷᠭᠤ ᠴᠢᠯᠠᠭᠤᠨ ᠲᠣᠯᠣᠭᠠᠢ ᠨᠤᠭᠤᠳ ᠤᠨ ᠨᠢᠭᠡ᠃ ᠣᠶᠢᠷᠠᠯᠴᠠᠭ᠎ᠠ ᠪᠠᠷ 3 ᠮ ᠥᠨᠳᠥᠷ᠃

ᠣᠯᠮᠧᠺ ᠤᠳ ᠤᠷᠠᠨ ᠪᠠᠷᠢᠮᠠᠯ ᠪᠠ ᠬᠥᠳᠡᠭᠡ ᠠᠵᠤ ᠠᠬᠤᠢ ᠳᠤ ᠵᠣᠷᠢᠭᠤᠯᠤᠨ ᠠᠯᠤᠰ ᠤᠨ ᠠᠤᠯᠠᠯᠠᠰ ᠠᠴᠠ ᠴᠢᠯᠠᠭᠤ ᠵᠥᠭᠡᠭᠡᠪᠦᠷᠢᠯᠡᠨ ᠠᠰᠢᠭᠯᠠᠬᠤ ᠪᠣᠯᠤᠭᠰᠠᠨ ᠨᠢ ᠪᠥᠰᠡ ᠨᠤᠲᠤᠭ ᠲᠤ ᠪᠠᠨ ᠠᠩᠬᠠᠳᠠᠭᠴᠢ ᠪᠣᠯᠵᠤ ᠪᠠᠶᠢᠭᠰᠠᠨ ᠠᠵᠢ᠃ ᠯᠠ ᠸᠸᠨᠲ ᠲᠤ ᠡᠷᠡᠭᠲᠡᠢ ᠬᠦᠮᠦᠨ ᠦ ᠲᠣᠯᠣᠭᠠᠢ ᠶᠢ ᠳᠦᠷᠰᠦᠯᠡᠭᠰᠡᠨ ᠳᠤᠮᠳᠠᠴᠢ ᠪᠠᠷ 3 ᠮᠧᠲ᠋ᠷ ᠥᠨᠳᠥᠷ ᠲᠡᠢ 4 ᠰᠢᠷᠬᠡᠭ ᠠᠪᠤᠷᠭᠤ ᠲᠣᠮᠣ ᠴᠢᠯᠠᠭᠤᠨ ᠪᠠᠷᠢᠮᠠᠯ ᠪᠠᠶᠢᠳᠠᠭ ᠨᠢ ᠣᠯᠮᠧᠺ ᠦᠨ ᠤᠷᠠᠨ ᠪᠠᠷᠢᠮᠠᠯ ᠤᠨ ᠴᠢᠳᠠᠪᠬᠢ ᠶᠢ ᠢᠯᠡᠷᠬᠡᠶᠢᠯᠡᠬᠦ ᠲᠣᠳᠣ ᠵᠢᠱᠢᠶ᠎ᠡ ᠶᠤᠮ᠃

ᠣᠯᠮᠧᠺ ᠤᠳ ᠴᠢᠯᠠᠭᠤ ᠶᠢ ᠮᠠᠰᠢ ᠰᠠᠶᠢᠨ ᠪᠣᠯᠪᠠᠰᠤᠷᠠᠭᠤᠯᠳᠠᠭ ᠪᠠᠶᠢᠭᠰᠠᠨ ᠠᠴᠠ ᠭᠠᠳᠠᠨ᠎ᠠ ᠠᠮᠧᠷᠢᠺᠠ ᠲᠢᠪ ᠳ᠋ᠡᠬᠢ ᠬᠠᠮᠤᠭ ᠤᠨ ᠠᠩᠬᠠᠨ ᠤ ᠪᠢᠴᠢᠭ ᠦᠰᠦᠭ ᠢ ᠵᠣᠬᠢᠶᠠᠨ ᠬᠡᠷᠡᠭᠯᠡᠭᠰᠡᠨ ᠪᠠᠶᠢᠨ᠎ᠠ᠃ ᠡᠭᠦᠨ ᠢ ᠸᠧᠷᠠᠺᠷᠦᠽ ᠳᠠᠬᠢ ᠬᠠᠳᠤᠨ ᠬᠠᠪᠲᠠᠩ ᠳᠡᠭᠡᠷ᠎ᠡ ᠰᠡᠶᠢᠯᠦᠭᠳᠡᠭᠰᠡᠨ ᠳᠦᠷᠰᠦ ᠦᠰᠦᠭ ᠦᠳ ᠪᠠᠲᠤᠯᠠᠳᠠᠭ᠃ ᠰᠤᠳᠤᠯᠤᠭᠠᠴᠢᠳ ᠡᠳᠡᠭᠡᠷ ᠳᠦᠷᠰᠦ ᠦᠰᠦᠭ ᠦᠳ ᠢ ᠬᠣᠵᠢᠭᠤ ᠦᠶ᠎ᠡ ᠶᠢᠨ ᠮᠧᠽᠣᠮᠧᠷᠢᠺ ᠤᠨ ᠰᠤᠶᠤᠯ ᠬᠠᠮᠢᠶᠠᠷᠤᠭᠳᠠᠬᠤ ᠦᠭᠡᠢ ᠪᠥᠭᠡᠳ ᠮᠠᠨ ᠤ ᠡᠷᠡᠨ ᠦ ᠡᠮᠦᠨ᠎ᠡ 900 ᠣᠨ ᠤ ᠣᠷᠴᠢᠮ ᠳᠤ ᠪᠢᠴᠢᠭᠳᠡᠵᠡᠢ ᠭᠡᠵᠦ ᠳ᠋ᠦᠩᠨᠡᠭᠰᠡᠨ ᠪᠠᠶᠢᠨ᠎ᠠ᠃ ᠣᠯᠮᠧᠺ ᠤᠳ ᠥᠪᠡᠷᠮᠢᠴᠡ ᠰᠤᠶᠤᠯ ᠤᠨ ᠠᠩᠬᠠᠨ ᠤ ᠵᠠᠭᠪᠤᠷ ᠢ ᠪᠤᠢ ᠪᠣᠯᠭᠠᠭᠰᠠᠨ ᠪᠥᠭᠡᠳ ᠲᠡᠭᠦᠨ ᠢ ᠳᠠᠷᠠᠭ᠎ᠠ ᠳᠠᠷᠠᠭ᠎ᠠ ᠶᠢᠨ ᠰᠤᠶᠤᠯ ᠢᠷᠭᠡᠨᠰᠢᠯ ᠦᠳ ᠥᠪᠯᠡᠨ ᠠᠪᠴᠤ᠂ ᠥᠷᠭᠡᠵᠢᠭᠦᠯᠦᠨ ᠬᠥᠭᠵᠢᠭᠦᠯᠦᠭᠰᠡᠨ ᠪᠠᠶᠢᠨ᠎ᠠ᠃

ᠮᠠᠨ ᠤ ᠡᠷᠡᠨ ᠦ ᠡᠮᠦᠨ᠎ᠡ 1200 ᠣᠨ ᠠᠴᠠ ᠴᠤ ᠡᠮᠦᠨ᠎ᠡ ᠬᠠᠮᠢᠶᠠᠷᠤᠭᠳᠠᠬᠤ ᠣᠯᠮᠧᠺ ᠤᠳ ᠤᠨ ᠰᠤᠶᠤᠯ ᠤᠨ ᠣᠨᠴᠠᠯᠢᠭ ᠰᠢᠨᠵᠢ ᠨᠦᠭᠦᠳ ᠢ ᠬᠠᠳᠠᠭᠠᠯᠠᠭᠰᠠᠨ ᠣᠯᠳᠠᠪᠤᠷᠢ ᠨᠤᠭᠤᠳ ᠰᠠᠨ ᠯᠣᠷᠧᠨ᠋ᠽᠣ ᠶᠢᠨ ᠲᠧᠨᠣᠴᠢᠲᠢᠲᠠᠯᠠᠨᠠ ᠠᠴᠠ ᠣᠯᠳᠠᠳᠠᠭ ᠪᠠᠶᠢᠨ᠎ᠠ᠃ ᠰᠤᠶᠤᠯ ᠢᠷᠭᠡᠨᠰᠢᠯ ᠡᠭᠦᠰᠦᠨ ᠪᠥᠷᠢᠯᠳᠦᠬᠦ ᠳᠦ ᠡᠷᠳᠡᠨᠢ ᠰᠢᠰᠢ ᠮᠠᠰᠢ ᠰᠠᠶᠢᠨ ᠤᠷᠭᠤᠳᠠᠭ ᠡᠷᠦᠳᠡᠰᠦ ᠳᠠᠪᠤᠰᠤ ᠢᠶᠠᠷ ᠪᠠᠶᠠᠯᠢᠭ ᠤᠰᠤ ᠶᠡᠬᠡ ᠲᠡᠢ ᠬᠥᠷᠥᠰᠥ ᠪᠦᠬᠦᠢ ᠡᠺᠣᠯᠣᠭᠢ ᠍ ᠶᠢᠨ ᠨᠥᠬᠥᠴᠡᠯ ᠨᠢ ᠨᠥᠯᠥᠭᠡᠭᠰᠡᠨ ᠪᠠᠶᠢᠵᠤ ᠪᠣᠯᠬᠤ ᠲᠠᠯ᠎ᠠ ᠲᠠᠢ᠃ ᠡᠨᠡ ᠪᠠᠶᠢᠭᠠᠯᠢ ᠶᠢᠨ ᠨᠥᠬᠥᠴᠡᠯ ᠪᠠᠶᠢᠳᠠᠯ ᠨᠢ ᠮᠠᠭᠠᠳ ᠦᠭᠡᠢ ᠪᠤᠰᠤᠳ ᠡᠷᠲᠡᠨ ᠦ ᠰᠤᠶᠤᠯ ᠢᠷᠭᠡᠨᠰᠢᠯ ᠦᠳ ᠡᠭᠦᠰᠦᠭᠰᠡᠨ ᠪᠣᠯᠬᠤ ᠨᠢᠯᠢᠩ ᠳᠦᠰᠢᠷ᠎ᠠ ᠮᠥᠷᠡᠨ ᠦ ᠬᠥᠨᠳᠡᠢ ᠪᠣᠯᠤᠨ ᠮᠧᠰᠣᠫᠣᠲ᠋ᠠᠮᠢᠲᠠᠢ ᠠᠳᠠᠯᠢ ᠪᠠᠶᠢᠭᠰᠠᠨ ᠪᠠᠶᠢᠵᠤ ᠪᠣᠯᠵᠣᠰᠢ ᠦᠭᠡᠢ ᠠᠵᠡᠢ᠃ ᠰᠠᠨ ᠯᠣᠷᠧᠨ᠋ᠽᠣ ᠣᠷᠴᠢᠮ ᠤᠨ ᠪᠠᠶᠢᠭᠠᠯᠢ ᠶᠢᠨ ᠲᠠᠭᠠᠲᠠᠢ ᠨᠥᠬᠥᠴᠡᠯ ᠨᠢ ᠬᠦᠮᠦᠨ ᠠᠮᠠᠨ ᠤ ᠨᠢᠭᠲᠠᠰᠢᠯ ᠢ ᠡᠭᠦᠰᠬᠡᠭᠰᠡᠨ ᠪᠥᠭᠡᠳ ᠡᠨᠡ ᠪᠥᠰᠡ ᠨᠤᠲᠤᠭ ᠤᠨ ᠬᠦᠮᠦᠰ ᠧᠯᠢᠲ ᠠᠩᠭᠢ ᠶᠢ ᠪᠤᠢ ᠪᠣᠯᠭᠠᠵᠤ᠂ ᠪᠤᠰᠤᠳ ᠪᠥᠰᠡ ᠨᠤᠲᠤᠭ ᠤᠳ ᠢᠶᠠᠨ ᠳᠠᠷᠠᠭᠠᠯᠠᠨ ᠥᠪᠡᠷ ᠦᠨ ᠡᠷᠬᠡᠰᠢᠶᠡᠯ ᠳᠦ ᠣᠷᠣᠭᠤᠯᠤᠭᠰᠠᠨ ᠢᠶᠠᠷ ᠣᠯᠮᠧᠺ ᠤᠳ ᠥᠪᠡᠷ ᠦᠨ ᠰᠤᠶᠤᠯ ᠢ ᠪᠤᠢ ᠪᠣᠯᠭᠠᠭᠰᠠᠨ ᠭᠡᠵᠦ ᠦᠵᠡᠳᠡᠭ ᠪᠠᠶᠢᠨ᠎ᠠ᠃ ᠲᠡᠳᠡ ᠲᠤᠬᠠᠢ ᠶᠢᠨ ᠦᠶ᠎ᠡ ᠳᠦ ᠪᠦᠬᠦᠢ ᠯᠠ ᠮᠧᠽᠣᠮᠧᠷᠢᠺ ᠳᠠᠶᠠᠭᠠᠷ ᠬᠤᠳᠠᠯᠳᠤᠭ᠎ᠠ ᠨᠠᠶᠢᠮᠠᠢ ᠡᠷᠬᠢᠯᠡᠳᠡᠭ ᠪᠠᠶᠢᠭᠰᠠᠨ ᠪᠥᠭᠡᠳ ᠠᠷᠠᠯᠵᠢᠶᠠᠨ ᠤ ᠭᠣᠣᠯ ᠬᠡᠷᠡᠭᠰᠡᠯ ᠨᠢ ᠬᠠᠰᠣᠪᠰᠢᠳᠢᠶᠠᠨᠮᠠᠭᠨᠧᠲ᠋ᠢᠲ ᠵᠡᠷᠭᠡ ᠬᠣᠪᠣᠷ ᠴᠢᠯᠠᠭᠤ᠂ ᠲᠡᠭᠦᠪᠡᠷ ᠤᠷᠠᠯᠠᠭᠰᠠᠨ ᠪᠠᠭᠠᠵᠢ ᠵᠡᠪᠰᠡᠭ ᠦᠳ ᠪᠠᠶᠢᠳᠠᠭ ᠪᠠᠶᠢᠴᠠᠢ᠃ ᠬᠠᠮᠤᠭ ᠤᠨ ᠦᠨ᠎ᠡ ᠴᠡᠨ᠎ᠡ ᠲᠡᠢ ᠵᠦᠢᠯ ᠨᠢ ᠬᠠᠰ ᠴᠢᠯᠠᠭᠤᠨ ᠪᠦᠲᠦᠭᠡᠭᠳᠡᠬᠦᠨ ᠨᠦᠭᠦᠳ ᠪᠠᠶᠢᠳᠠᠭ ᠪᠠᠶᠢᠪᠠ᠃ ᠣᠯᠮᠧᠺ ᠦᠨ ᠠᠩᠬᠠᠨ ᠤ ᠲᠥᠪ ᠪᠣᠯᠬᠤ ᠰᠠᠨ ᠯᠣᠷᠧᠨ᠋ᠽᠣ ᠨᠢ ᠮᠠᠨ ᠤ ᠡᠷᠡᠨ ᠦ ᠡᠮᠦᠨ᠎ᠡ 900 ᠣᠨ ᠤ ᠣᠷᠴᠢᠮ ᠳᠤ ᠣᠷᠬᠢᠭᠳᠠᠭᠰᠠᠨ ᠪᠠᠶᠢᠨ᠎ᠠ᠃ ᠶᠠᠭ ᠡᠨᠡ ᠴᠠᠭ ᠦᠶ᠎ᠡ ᠲᠡᠢ ᠳᠠᠪᠬᠤᠴᠠᠨ ᠯᠠ ᠸᠸᠨᠲᠠ ᠲᠥᠪ ᠬᠦᠴᠦ ᠠᠪᠴᠤ᠂ ᠲᠣᠪᠣᠶᠢᠨ ᠭᠠᠷᠴᠤ ᠢᠷᠡᠵᠡᠢ᠃ ᠪᠠᠶᠢᠭᠠᠯᠢ ᠶᠢᠨ ᠨᠥᠬᠥᠴᠡᠯ ᠥᠭᠡᠷᠡᠴᠢᠯᠡᠭᠳᠡᠭᠰᠡᠨ ᠨᠢ ᠡᠭᠦᠨ ᠦ ᠰᠢᠯᠲᠠᠭᠠᠨ ᠪᠠᠶᠢᠵᠤ ᠪᠣᠯᠬᠤ ᠶᠤᠮ᠃ ᠲᠤᠬᠠᠢ ᠶᠢᠨᠦᠶ᠎ᠡ ᠳᠦ ᠬᠠᠮᠤᠭ ᠤᠨ ᠴᠢᠬᠤᠯᠠ ᠡᠭᠦᠷᠭᠡ ᠲᠡᠢ ᠭᠣᠣᠯ ᠤᠨ ᠭᠣᠯᠳᠤᠷᠢᠯ ᠨᠢ ᠥᠭᠡᠷᠡᠴᠢᠯᠡᠭᠳᠡᠭᠰᠡᠨ ᠨᠢ ᠠᠵᠢᠭᠯᠠᠭᠳᠠᠳᠠᠭ ᠪᠠᠶᠢᠨ᠎ᠠ᠃ ᠮᠠᠨ ᠤ ᠡᠷᠡᠨ ᠦ ᠡᠮᠦᠨ᠎ᠡ 950 ᠣᠨ ᠤ ᠣᠷᠴᠢᠮ ᠳᠤ ᠶᠠᠮᠠᠷ ᠨᠢᠭᠡᠨ ᠦᠯᠦ ᠮᠡᠳᠡᠭᠳᠡᠬᠦ ᠰᠢᠯᠲᠠᠭᠠᠨ ᠢᠶᠠᠷ ᠰᠠᠨ ᠯᠣᠷᠧᠨ᠋ᠽᠣ ᠶᠢᠨ ᠬᠥᠰᠢᠶ᠎ᠡᠪᠠᠷᠢᠮᠠᠯ᠂ ᠳᠤᠷᠠᠰᠬᠠᠯ ᠤᠳ ᠡᠪᠳᠡᠷᠡᠴᠢ ᠰᠦᠢᠷᠡᠭᠰᠡᠨ ᠪᠠᠶᠢᠨ᠎ᠠ᠃ ᠰᠢᠨ᠎ᠡ ᠬᠦᠴᠦᠷᠬᠡᠭ ᠲᠥᠪ ᠯᠠ ᠸᠸᠨᠲᠠ ᠨᠢ ᠮᠠᠨ ᠤ ᠡᠷᠡᠨ ᠦ ᠡᠮᠦᠨ᠎ᠡ 900 ᠣᠨ ᠠᠴᠠ ᠮᠠᠨ ᠤ ᠡᠷᠡᠨ ᠦ ᠡᠮᠦᠨ᠎ᠡ 400 ᠣᠨ ᠤ ᠬᠣᠭᠣᠷᠣᠨᠳᠣ ᠣᠷᠣᠰᠢᠨ ᠲᠣᠭᠲᠠᠨᠢᠵᠤ ᠪᠠᠶᠢᠭᠰᠠᠨ ᠪᠥᠭᠡᠳ ᠡᠨᠡ ᠦᠶ᠎ᠡ ᠳᠦ ᠫᠢᠷᠠᠮᠢᠳ ᠪᠣᠯᠤᠨ ᠪᠤᠰᠤᠳ ᠶᠣᠰᠣᠯᠠᠯ ᠤᠨ ᠭᠣᠣᠯ ᠪᠠᠶᠢᠭᠤᠯᠤᠮᠵᠢ ᠨᠤᠭᠤᠳ ᠢ ᠪᠠᠷᠢᠭᠰᠠᠨ ᠪᠠᠶᠢᠳᠠᠭ ᠠᠵᠢ᠃ ᠮᠠᠨ ᠤ ᠡᠷᠡᠨ ᠦ ᠡᠮᠦᠨ᠎ᠡ 400 ᠣᠨ ᠤ ᠣᠷᠴᠢᠮ ᠳᠤ ᠯᠠ ᠸᠸᠨᠲᠠ ᠡᠮᠦᠨᠡᠬᠢ ᠲᠥᠪ ᠦᠨ ᠠᠳᠠᠯᠢ ᠣᠷᠬᠢᠭᠳᠠᠭᠰᠠᠨ ᠪᠠᠶᠢᠨ᠎ᠠ᠃

ᠮᠥᠬᠥᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠢᠭᠠᠰᠤᠨ ᠬᠡᠯᠪᠡᠷᠢ ᠳᠦ ᠰᠠᠪᠠ᠃ ᠮᠠᠨ ᠤ ᠡᠷᠡᠨ ᠦ ᠡᠮᠦᠨ᠎ᠡ XII-Iᠲᠠᠪᠤᠳᠤᠭᠠᠷ ᠵᠠᠭᠤᠨ ᠤ ᠣᠷᠴᠢᠮ᠃

ᠣᠯᠮᠧᠺ ᠦᠨ ᠰᠤᠶᠤᠯ ᠪᠦᠷ ᠮᠥᠰᠦᠨ ᠤᠰᠠᠳᠤᠭᠰᠠᠨ ᠰᠢᠯᠲᠠᠭᠠᠨ ᠨᠢ ᠥᠨᠥ ᠶᠢ ᠬᠦᠷᠲᠡᠯ᠎ᠡ ᠲᠣᠳᠣoᠷᠬᠠᠢ ᠦᠭᠡᠢ ᠪᠠᠶᠢᠳᠠᠭ᠃ ᠪᠢᠳᠡᠨ ᠳᠦ ᠮᠡᠳᠡᠭᠳᠡᠵᠦ ᠪᠠᠶᠢᠭ᠎ᠠ ᠪᠠᠷ ᠮᠠᠨ ᠤ ᠡᠷᠡᠨ ᠦ ᠡᠮᠦᠨ᠎ᠡ 400 -350 ᠣᠨ ᠤ ᠬᠣᠭᠣᠷᠣᠨᠳᠣ ᠣᠯᠮᠧᠺ ᠦᠨ ᠨᠤᠲᠤᠭ ᠤᠨ ᠵᠡᠭᠦᠨ ᠬᠡᠰᠡᠭ ᠦᠨ ᠬᠦᠮᠦᠨ ᠠᠮᠠ ᠮᠠᠰᠢ ᠬᠤᠷᠳᠤᠨ ᠢᠶᠠᠷ ᠠᠯᠠᠭ᠎ᠠ ᠪᠣᠯᠴᠣᠭᠤᠭᠰᠠᠨ ᠪᠠᠶᠢᠨ᠎ᠠ᠃ ᠲᠡᠷᠡ ᠴᠠᠭ ᠠᠴᠠ ᠬᠣᠶᠢᠰᠢ ᠤᠭ ᠨᠤᠲᠤᠭ ᠲᠤ 19 ᠵᠠᠭᠤᠨ ᠢ ᠬᠦᠷᠲᠡᠯ᠎ᠡ ᠬᠦᠮᠦᠨ ᠣᠷᠣᠰᠢᠨ ᠰᠠᠭᠤᠳᠠᠭ ᠦᠭᠡᠢ ᠪᠠᠶᠢᠪᠠ᠃ ᠬᠦᠮᠦᠨ ᠠᠮᠠ ᠶᠢᠨ ᠭᠡᠨᠡᠳᠲᠡ ᠶᠢᠨ ᠬᠣᠷᠣᠭᠳᠠᠯ ᠤᠨ ᠰᠢᠯᠲᠠᠭᠠᠨ ᠢ ᠬᠦᠷᠢᠶᠡᠨᠡᠯᠦᠨ ᠪᠤᠢ ᠣᠷᠴᠢᠨ ᠤ ᠥᠭᠡᠷᠡᠴᠢᠯᠡᠯᠲᠡ ᠲᠡᠢ ᠬᠣᠯᠪᠣᠨ ᠦᠵᠡᠳᠡᠭ ᠪᠠᠶᠢᠨ᠎ᠠ᠃ ᠲᠤᠬᠠᠶᠢᠯᠠᠪᠠᠯ ᠭᠣᠣᠯ ᠤᠨ ᠭᠣᠯᠳᠤᠷᠢᠯ ᠥᠭᠡᠷᠡᠴᠢᠯᠡᠭᠳᠡᠭᠰᠡᠨ ᠢᠶᠡᠷ ᠭᠠᠵᠠᠷ ᠲᠠᠷᠢᠶᠠᠯᠠᠭ ᠤᠨ ᠲᠠᠯᠠᠪᠠᠢ ᠨᠢ ᠯᠠᠭ ᠰᠢᠪᠠᠷ ᠲᠤ ᠳᠠᠷᠤᠭᠳᠠᠨ ᠠᠰᠢᠭᠯᠠᠬᠤ ᠪᠣᠯᠤᠮᠵᠢ ᠦᠭᠡᠢ ᠪᠣᠯᠤᠭᠰᠠᠨ ᠪᠠᠶᠢᠵᠤ ᠮᠠᠭᠠᠳ ᠦᠭᠡᠢ ᠭᠡᠵᠦ ᠦᠵᠡᠳᠡᠭ᠃ ᠶᠠᠮᠠᠷ ᠲᠠᠢ ᠴᠤ ᠬᠡᠳᠦᠬᠡᠨ ᠵᠠᠭᠤᠨ ᠤ ᠳᠣᠲᠣᠷ᠎ᠠ ᠣᠯᠮᠧᠺ ᠦᠨ ᠬᠣᠲᠠ ᠨᠤᠭᠤᠳ ᠣᠷᠬᠢᠭᠳᠠᠨ᠂ ᠳᠠᠷᠤᠭ᠎ᠠ ᠶᠢᠨ ᠰᠤᠶᠤᠯ ᠢᠷᠭᠡᠨᠰᠢᠯ ᠦᠳ ᠪᠥᠷᠢᠯᠳᠦᠨ ᠪᠤᠢ ᠪᠣᠯᠵᠤ ᠡᠬᠢᠯᠡᠭᠰᠡᠨ ᠪᠠᠶᠢᠨ᠎ᠠ᠃

ᠣᠯᠮᠧᠺ ᠤᠳ ᠪᠥᠰᠡ ᠨᠤᠲᠤᠭ ᠲᠤ ᠪᠠᠨ ᠠᠩᠬᠠᠳᠠᠭ ᠰᠤᠶᠤᠯ ᠪᠣᠯᠬᠤ ᠶᠢᠨ ᠢᠶᠠᠨ ᠬᠤᠪᠢ ᠳᠤ ᠮᠠᠰᠢ ᠣᠯᠠᠨ ᠵᠦᠢᠯ ᠦᠨ ᠠᠩᠬᠠᠳᠠᠭᠴᠢ ᠪᠠᠶᠢᠭᠰᠠᠨ ᠭᠡᠵᠦ ᠦᠵᠡᠳᠡᠭ᠃ ᠲᠤᠬᠠᠶᠢᠯᠠᠪᠠᠯ ᠪᠥᠮᠪᠥᠭᠡ ᠳᠦ ᠲᠣᠭᠯᠠᠭᠠᠮ᠂ ᠴᠢᠰᠤᠨ ᠲᠠᠬᠢᠯᠭ᠎ᠠ (ᠮᠠᠭᠠᠳ ᠦᠭᠡᠢ ᠬᠦᠩ ᠢᠶᠡᠷ ᠡᠷᠭᠦᠯ ᠡᠷᠭᠦᠬᠦ), ᠴᠠᠭ ᠲᠣᠭᠠᠨ ᠤ ᠪᠢᠴᠢᠭ᠂ ᠳᠦᠷᠰᠦ ᠦᠰᠦᠭ ᠪᠣᠯᠤᠨ ᠲᠡᠭᠡᠶᠢᠨ ᠲᠣᠭ᠎ᠠ ᠶᠢ ᠠᠩᠬ᠎ᠠ ᠰᠠᠨᠠᠭᠠᠴᠢᠯᠠᠭᠰᠠᠨ ᠪᠠᠶᠢᠨ᠎ᠠ᠃ ᠮᠥᠨ ᠱᠠᠰᠢᠨ ᠢᠶᠠᠷ ᠤᠳᠤᠷᠢᠳᠤᠭᠤᠯᠤᠭᠰᠠᠨ ᠬᠣᠲᠠ ᠤᠯᠤᠰ ᠤᠳ ᠨᠢ ᠳᠠᠷᠠᠭ᠎ᠠ ᠳᠠᠷᠠᠭ᠎ᠠ ᠶᠢᠨ ᠰᠤᠶᠤᠯ ᠤᠳ ᠤᠨ ᠭᠣᠣᠯ ᠬᠡᠪ ᠮᠠᠶ᠋ᠢᠭ ᠢ ᠪᠦᠷᠢᠳᠦᠭᠦᠯᠵᠦ ᠥᠭᠴᠡᠢ᠃

ᠣᠯᠮᠧᠺ ᠤᠳ ᠭᠠᠷᠤᠯ ᠡᠭᠦᠰᠦᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠡᠳᠡᠨ ᠦ ᠭᠠᠷᠤᠯ ᠡᠭᠦᠰᠦᠯ ᠦᠨ ᠲᠠᠯ᠎ᠠ ᠪᠠᠷ ᠨᠡᠯᠢᠶᠡᠳ ᠬᠡᠳᠦᠨ ᠲᠠᠭᠠᠮᠠᠭᠯᠠᠯ ᠤᠳ ᠪᠠᠶᠢᠳᠠᠭ᠃ ᠲᠡᠳᠡᠭᠡᠷ ᠲᠠᠭᠠᠮᠠᠭᠯᠠᠯ ᠤᠳ ᠤᠨ ᠳᠣᠲᠣᠷ᠎ᠠ 《ᠣᠯᠮᠧᠺ ᠤᠳ ᠠᠹᠷᠢᠺᠠ ᠬᠦᠮᠦᠰ ᠰᠢᠭ ᠪᠠᠶᠢᠭᠰᠠᠨ》 ᠭᠡᠬᠦ ᠦᠵᠡᠯ ᠨᠡᠯᠢᠶᠡᠳ ᠲᠦᠭᠡᠮᠡᠯ ᠪᠠᠶᠢᠳᠠᠭ ᠴᠤ ᠮᠡᠷᠭᠡᠵᠢᠯ ᠦᠨ ᠰᠤᠳᠤᠯᠤᠭᠠᠴᠢᠳ ᠤᠨ ᠶᠡᠬᠡᠩᠬᠢ ᠨᠢ ᠬᠦᠯᠢᠶᠡᠨ ᠵᠥᠪᠰᠢᠶᠡᠷᠡᠳᠡᠭ ᠦᠭᠡᠢ ᠪᠠᠶᠢᠨ᠎ᠠ᠃

ᠲᠡᠳᠡ ᠠᠹᠷᠢᠺᠠ ᠭᠠᠷᠤᠯ ᠲᠠᠢ ᠤᠤ?[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠹᠷᠢᠺᠠᠵᠢᠭᠤ ᠲᠥᠷᠬᠥ ᠲᠡᠢ ᠬᠦᠮᠦᠨ ᠦ ᠠᠪᠤᠷᠭᠤ ᠬᠥᠰᠢᠶ᠎ᠡ

ᠵᠠᠷᠢᠮ ᠰᠤᠳᠤᠯᠤᠭᠠᠴᠢᠳ ᠣᠯᠮᠧᠺ ᠬᠥᠰᠢᠶ᠎ᠡ ᠳᠤᠷᠠᠰᠬᠠᠯ ᠤᠳ ᠢ ᠰᠤᠳᠤᠯᠤᠭᠰᠠᠨ ᠢᠶᠠᠷ ᠣᠯᠮᠧᠺ ᠤᠳ ᠤᠨ ᠨᠡᠭᠦᠷ ᠦᠨ ᠦ ᠬᠡᠪ ᠮᠠᠶ᠋ᠢᠭ ᠢ ᠲᠣᠳᠣᠷᠬᠠᠢ ᠮᠡᠳᠡᠵᠦ ᠪᠣᠯᠤᠨ᠎ᠠ ᠭᠡᠵᠦ ᠦᠵᠡᠳᠡᠭ ᠪᠥᠭᠡᠳ ᠡᠨᠡ ᠰᠤᠳᠤᠯᠭᠠᠨ ᠠᠴᠠ ᠬᠠᠷᠠᠪᠠᠯ ᠲᠡᠳᠡ ᠠᠹᠷᠢᠺᠠ ᠬᠦᠮᠦᠰ ᠲᠡᠢ ᠲᠥᠰᠲᠡᠢ ᠴᠢᠷᠠᠢ ᠲᠠᠢ ᠪᠠᠶᠢᠭᠰᠠᠨ ᠨᠢ ᠬᠠᠷᠠᠭᠳᠠᠳᠠᠭ ᠭᠡᠵᠦ ᠨᠣᠲᠠᠯᠠᠬᠤ ᠶᠢ ᠣᠷᠣᠯᠳᠤᠳᠠᠭ ᠪᠠᠶᠢᠨ᠎ᠠ᠃ ᠮᠥᠨ ᠶᠠᠰᠤᠨ ᠤ ᠪᠦᠲᠦᠴᠡ᠂ ᠭᠧᠨᠧᠲ᠋ᠢᠭ᠂ ᠬᠠᠳᠠᠨ ᠤ ᠳᠦᠷᠰᠦ ᠦᠰᠦᠭ ᠦᠨ ᠰᠤᠳᠤᠯᠭᠠᠨ ᠨᠤᠭᠤᠳ ᠤᠨ ᠦᠷ᠎ᠡ ᠳ᠋ᠦᠩ ᠡᠶᠢᠮᠦ ᠦᠷ᠎ᠡ ᠳ᠋ᠦᠩ ᠢ ᠥᠭᠦᠳᠡᠭ ᠭᠡᠵᠦ ᠦᠵᠡᠳᠡᠭ᠃ ᠲᠣᠯᠣᠭᠠᠢ ᠬᠡᠯᠪᠡᠷᠢ ᠳᠦ ᠪᠠᠷᠢᠮᠠᠯ ᠤᠳ ᠪᠣᠯᠬᠤ ᠬᠤᠶᠫᠠᠨ ᠤ ᠳᠤᠷᠠᠰᠬᠠᠯ ᠍ ᠢ ᠰᠤᠳᠤᠯᠤᠭᠰᠠᠨ ᠬᠣᠣᠰᠧ ᠮᠧᠯᠭᠠᠷ 1862 ᠣᠨ ᠳᠤ ᠬᠡᠪᠯᠡᠭᠦᠯᠦᠭᠰᠡᠨ ᠪᠦᠲᠦᠭᠡᠯ ᠳᠦ ᠪᠡᠨ ᠠᠩᠬ᠎ᠠ ᠤᠳᠠᠭ᠎ᠠ 《ᠨᠧᠭᠷᠵᠡᠦ ᠲᠥᠷᠬᠥ》 ᠍ ᠦᠨ ᠲᠠᠯ᠎ᠠ ᠪᠠᠷ ᠳᠤᠷᠢᠳᠠᠭᠰᠠᠨ ᠪᠠᠶᠢᠳᠠᠭ᠃ ᠡᠨᠡ ᠦᠵᠡᠯ ᠰᠠᠨᠠᠭ᠎ᠠ ᠶᠢ ХХ ᠵᠠᠭᠤᠨ ᠭᠠᠷᠬᠤ ᠳᠤ ᠨᠡᠯᠢᠶᠡᠳ ᠣᠯᠠᠨ ᠡᠷᠳᠡᠮᠲᠡᠳ ᠬᠦᠯᠢᠶᠡᠨ ᠵᠥᠪᠰᠢᠶᠡᠷᠡᠴᠢ᠂ ᠭᠦᠨᠵᠡᠭᠡᠶᠢᠷᠡᠭᠦᠯᠦᠨ ᠬᠥᠭᠵᠢᠭᠦᠯᠦᠭᠰᠡᠨ ᠪᠠᠶᠢᠨ᠎ᠠ᠃ ᠲᠤᠬᠠᠶᠢᠯᠠᠪᠠᠯ ᠶᠠᠭ ᠡᠶᠢᠮᠦ ᠲᠠᠭᠠᠮᠠᠭᠯᠠᠯ ᠳᠡᠪᠰᠢᠭᠦᠯᠦᠭᠴᠢ ᠢᠸᠠᠩ ᠸᠠᠩ ᠰᠧᠨᠲ᠋ᠢᠮᠠ᠂ ᠺᠯᠠᠢ ᠳᠤ ᠠᠬᠠᠮᠧᠳ ᠸᠢᠨᠲ᠋ᠧᠷᠰ ᠨᠠᠷ ᠣᠯᠮᠧᠺ ᠤᠳ ᠨᠢ ᠪᠠᠷᠠᠭᠤᠨ ᠠᠹᠷᠢᠺᠠ ᠶᠢᠨ ᠮᠠᠨᠳᠧ ᠬᠦᠮᠦᠰ ᠲᠡᠢ ᠮᠠᠰᠢ ᠲᠥᠰᠲᠡᠢ ᠪᠠᠶᠢᠭᠰᠠᠨ ᠭᠡᠵᠦ ᠮᠡᠳᠡᠭᠳᠡᠭᠰᠡᠨ ᠪᠠᠶᠢᠳᠠᠭ᠃ ᠣᠰᠲ᠋ᠧᠣᠯᠣᠭᠢ ᠨᠢ ᠬᠦᠮᠦᠨ ᠦ ᠠᠷᠤᠭ ᠶᠠᠰᠤᠨ ᠤ ᠪᠦᠲᠦᠴᠡ ᠶᠢ ᠰᠤᠳᠤᠯᠳᠠᠭ ᠰᠢᠨᠵᠢᠯᠡᠬᠦ ᠤᠬᠠᠭᠠᠨ ᠪᠥᠭᠡᠳ ᠡᠨᠡ ᠰᠢᠨᠵᠢᠯᠡᠬᠦ ᠤᠬᠠᠭᠠᠨ ᠢ ᠠᠰᠢᠭᠯᠠᠨ ᠵᠠᠷᠢᠮ ᠰᠤᠳᠤᠯᠤᠭᠠᠴᠢᠳ ᠮᠸᠺᠰᠢᠺᠣ ᠳᠠᠬᠢ ᠪᠠᠯᠠᠷ ᠡᠷᠲᠡᠨ ᠦ ᠣᠯᠳᠠᠪᠤᠷᠢ ᠨᠤᠭᠤᠳ ᠠᠴᠠ ᠠᠹᠷᠢᠺᠠ ᠬᠦᠮᠦᠨ ᠦ ᠠᠷᠤᠭ ᠶᠠᠰᠤᠨ ᠤ ᠬᠡᠯᠪᠡᠷᠢ ᠶᠢ ᠣᠯᠤᠭᠰᠠᠨ ᠬᠡᠮᠡᠨ ᠨᠣᠲᠠᠯᠠᠳᠠᠭ ᠪᠠᠶᠢᠨ᠎ᠠ᠃ ᠡᠭᠦᠨ ᠢᠶᠡᠨ ᠦᠨᠳᠦᠰᠦᠯᠡᠨ ᠣᠯᠮᠧᠺᠤᠳ ᠨᠢ ᠠᠹᠷᠢᠺᠠ ᠭᠠᠷᠤᠯ ᠲᠠᠢ ᠬᠦᠮᠦᠰ ᠪᠠᠶᠢᠭᠰᠠᠨ ᠭᠡᠰᠡᠨ ᠳ᠋ᠦᠩᠨᠡᠯᠲᠡ ᠶᠢ ᠬᠢᠭᠰᠡᠨ ᠪᠠᠶᠢᠳᠠᠭ᠃ ᠲᠤᠬᠠᠶᠢᠯᠠᠪᠠᠯ ᠮᠸᠺᠰᠢᠺᠣ ᠤᠨ ᠲᠯᠠᠲ᠋ᠢᠯᠺᠣᠰᠧᠷᠷᠣ ᠳᠧ ᠯᠠᠰᠠ ᠮᠧᠰᠠᠰᠠ ᠠᠴᠠ ᠣᠯᠳᠣᠰᠤᠭ ᠡᠷᠲᠡᠨ ᠦ ᠬᠦᠮᠦᠨ ᠦ ᠭᠠᠪᠠᠯᠠ ᠶᠢᠨ ᠶᠠᠰᠤᠨ ᠠᠴᠠ ᠳᠡᠭᠡᠷᠡᠬᠢ ᠳ᠋ᠦᠩᠨᠡᠯᠲᠡ ᠶᠢ ᠬᠡᠶᠢᠵᠢᠭᠡ᠃ ᠡᠬᠢᠨ ᠦ ᠬᠢ ᠨᠢ ᠣᠯᠳᠠᠪᠤᠷᠢ ᠣᠯᠮᠧᠺ ᠤᠳ ᠤᠨ ᠰᠤᠶᠤᠯ ᠢᠷᠭᠡᠨᠰᠢᠯ ᠢᠳᠡ ᠴᠡᠴᠡᠭᠯᠡᠵᠦ ᠪᠠᠶᠢᠭᠰᠠᠨ ᠦᠶ᠎ᠡ ᠳᠦ ᠬᠠᠮᠢᠶᠠᠷᠬᠤ ᠪᠥᠭᠡᠳ ᠣᠯᠳᠠᠪᠤᠷᠢ ᠣᠯᠳᠠᠭᠰᠠᠨ ᠲᠯᠠᠲ᠋ᠢᠯᠺᠣ ᠨᠢ ᠣᠯᠮᠧᠺ ᠤᠳ ᠤᠨ ᠣᠯᠮᠧᠺ ᠤᠳ ᠤᠨ ᠦᠨᠳᠦᠰᠦᠨ ᠨᠤᠲᠤᠭ ᠪᠢᠰᠢ ᠴᠤ ᠨᠥᠯᠥᠭᠡᠯᠡᠯᠲᠡᠢ ᠪᠠᠶᠢᠴᠠᠢ᠃ ᠡᠨᠳᠡ ᠡᠴᠡ ᠣᠯᠳᠠᠭᠰᠠᠨ ᠭᠠᠪᠠᠯᠠ ᠨᠢ ᠠᠹᠷᠢᠺᠠ ᠮᠠᠶ᠋ᠢᠭ ᠤᠨ ᠰᠢᠨᠵᠢ ᠶᠢ 100 ᠬᠤᠪᠢ ᠠᠭᠤᠯᠵᠤ ᠪᠠᠶᠢᠴᠠᠢ᠃ ᠬᠠᠷᠢᠨ ᠮᠧᠰᠠᠰ ᠤᠨ ᠣᠯᠳᠠᠪᠤᠷᠢ ᠨᠢ ᠮᠠᠨ ᠤ ᠡᠷᠡᠨ ᠦ 250 ᠣᠨ ᠣᠷᠴᠢᠮ ᠳᠤ ᠪᠤᠶᠤ ᠣᠯᠮᠧᠺ ᠦᠨ ᠰᠤᠶᠤᠯ ᠮᠥᠬᠦᠭᠰᠡᠨ ᠡᠴᠡ ᠬᠣᠶᠢᠰᠢ 600 ᠭᠠᠷᠤᠢ ᠵᠢᠯ ᠦᠨ ᠳᠠᠷᠠᠭᠠᠬᠢ ᠦᠶ᠎ᠡ ᠳᠦ ᠬᠠᠮᠢᠶᠠᠷᠳᠠᠭ ᠪᠠᠶᠢᠨ᠎ᠠ᠃ ᠭᠡᠬᠦ ᠳᠦ ᠪᠡᠨ ᠣᠯᠮᠧᠺ ᠦᠨ ᠦᠨᠳᠦᠰᠦᠨ ᠨᠤᠲᠤᠭ ᠠᠴᠠ ᠣᠯᠳᠠᠵᠠᠢ᠃ ᠤᠭ ᠭᠠᠪᠠᠯᠠ ᠨᠢ ᠠᠹᠷᠢᠺᠠ ᠰᠢᠨᠵᠢ ᠶᠢ 25 ᠬᠤᠪᠢ ᠠᠭᠤᠯᠠᠭᠰᠠᠨ ᠪᠠᠶᠢᠪᠠ᠃

ᠬᠣᠵᠢᠮ ᠨᠢ ᠤᠭ ᠭᠠᠪᠠᠯᠠ ᠨᠤᠭᠤᠳ ᠢ ᠰᠤᠳᠤᠯᠤᠭᠰᠠᠨ ᠫᠣᠯᠢᠰᠢ ᠶᠢᠨ ᠡᠷᠳᠡᠮᠲᠡᠨ ᠸᠢᠧᠷᠼᠢᠨᠰᠺ ᠦ ᠫᠣᠯᠢᠰᠢᠮᠣᠩᠭᠣᠯᠤ᠋ᠭᠤᠨᠳᠤ᠋ᠭᠠ ᠠᠴᠠ ᠣᠯᠳᠠᠭᠰᠠᠨ ᠣᠯᠳᠠᠪᠤᠷᠢ ᠨᠤᠭᠤᠳ ᠢ ᠠᠷᠠᠰᠤᠨ ᠤ ᠲᠥᠯᠥᠭᠡᠯᠡᠯ ᠪᠣᠯᠭᠠᠨ ᠠᠪᠴᠤ ᠬᠠᠷᠢᠴᠠᠭᠤᠯᠤᠭᠰᠠᠨ ᠰᠤᠳᠤᠯᠭ᠎ᠠ ᠶᠢᠬᠢᠭᠰᠡᠨ ᠪᠠᠶᠢᠨ᠎ᠠ᠃ ᠲᠡᠭᠦᠨ ᠦ ᠳ᠋ᠦᠩᠨᠡᠯᠲᠡ ᠪᠡᠷ ᠣᠯᠮᠧᠺ ᠤᠳ ᠬᠠᠷ᠎ᠠ ᠠᠷᠠᠰᠤᠲᠠᠨ ᠨᠤᠭᠤᠳ ᠪᠠᠶᠢᠬᠤ ᠮᠠᠭᠠᠳᠯᠠᠯ ᠲᠤᠩ ᠪᠠᠭ᠎ᠠ ᠭᠠᠷᠤᠭᠰᠠᠨ ᠪᠥᠭᠡᠳ ᠲᠯᠠᠲ᠋ᠢᠯᠺᠣᠭᠣᠰ ᠣᠯᠳᠠᠭᠰᠠᠨ ᠠᠷᠤᠭ ᠶᠠᠰᠤᠨ ᠤ 14 ᠬᠤᠪᠢ᠂ ᠮᠧᠰᠠᠰ ᠠᠴᠠ ᠣᠯᠳᠠᠭᠰᠠᠨ ᠠᠷᠤᠭ ᠶᠠᠰᠤᠨ ᠤ 4,5 ᠬᠤᠪᠢ ᠨᠢ 《ᠬᠠᠷ᠎ᠠ ᠬᠦᠮᠦᠰ》 ᠍ ᠳᠦ ᠲᠣᠬᠢᠶᠠᠯᠳᠤᠳᠠᠭ ᠰᠢᠨᠵᠢ ᠶᠢ ᠠᠭᠤᠯᠠᠭᠰᠠᠨ ᠪᠠᠶᠢᠴᠠᠢ᠃ ᠸᠢᠧᠷᠼᠢᠨᠰᠺ ᠦ ᠥᠪᠡᠷ ᠦᠨ ᠰᠤᠳᠤᠯᠭᠠᠨ ᠳᠤ ᠪᠠᠨ ᠦᠨᠳᠦᠰᠦᠯᠡᠨ ᠪᠤᠱᠮᠧᠨ ᠨᠤᠭᠤᠳ ᠠᠲ᠋ᠯᠠᠨᠲ ᠤᠨ ᠳᠠᠯᠠᠢ ᠶᠢ ᠭᠠᠲᠤᠯᠤᠨ ᠮᠸᠺᠰᠢᠺᠣ ᠲᠤ ᠰᠠᠭᠤᠷᠢᠭᠰᠠᠨ ᠪᠠᠶᠢᠵᠤ ᠪᠣᠯᠵᠣᠰᠢ ᠦᠭᠡᠢ ᠪᠠ ᠱᠠᠩ ᠤᠨ ᠦᠶ᠎ᠡ ᠶᠢᠨ ᠬᠢᠲᠠᠳ ᠤᠨ ᠵᠠᠷᠢᠮ ᠨᠥᠯᠥᠭᠡ ᠮᠧᠽᠣᠮᠷᠢᠺ ᠲᠤ ᠨᠡᠪᠲᠡᠷᠡᠴᠢ ᠪᠠᠶᠢᠵᠠᠢ ᠭᠡᠰᠡᠨ ᠳ᠋ᠦᠩᠨᠡᠯᠲᠡ ᠭᠠᠷᠭᠠᠭᠰᠠᠨ ᠪᠠᠶᠢᠨ᠎ᠠ᠃ ᠭᠡᠪᠡᠴᠦ ᠶᠡᠬᠡᠩᠬᠢ ᠰᠤᠳᠤᠯᠤᠭᠠᠴᠢᠳ ᠵᠥᠪᠬᠡᠨ ᠬᠠᠷᠢᠴᠠᠭᠤᠯᠤᠭᠰᠠᠨ ᠰᠤᠳᠤᠯᠤᠭ᠎ᠠ ᠪᠠᠷ ᠢᠩᠭᠢᠵᠦ ᠳᠦᠲᠦᠨᠡᠬᠦ ᠨᠢ ᠪᠤᠷᠤᠭᠤ ᠭᠡᠰᠡᠨ ᠪᠠᠶᠢᠷᠢ ᠰᠠᠭᠤᠷᠢ ᠲᠠᠢ ᠪᠠᠶᠢᠳᠠᠭ ᠠᠵᠢ᠃ ᠮᠥᠨ ᠣᠯᠮᠧᠺ ᠤᠳ ᠤᠨ ᠳᠦᠷᠰᠦ ᠦᠰᠦᠭ ᠪᠠ ᠬᠦᠮᠦᠨ ᠦ ᠭᠸᠨ ᠦ ᠪᠦᠲᠦᠴᠡ ᠳᠦ ᠬᠢᠭᠰᠡᠨ ᠰᠢᠨᠵᠢᠯᠡᠭᠡ ᠪᠡᠷ ᠵᠠᠷᠢᠮ ᠣᠨᠴᠠᠯᠢᠭ ᠰᠢᠨᠵᠢ ᠨᠦᠭᠦᠳ ᠢ ᠲᠣᠳᠣᠷᠬᠠᠶᠢᠯᠠᠭᠰᠠᠨ ᠪᠠᠶᠢᠨ᠎ᠠ᠃

ᠣᠯᠮᠧᠺ ᠤᠳ ᠬᠢᠲᠠᠳ ᠢᠵᠠᠭᠤᠷ ᠲᠠᠢ ᠪᠠᠶᠢᠬᠤ ᠪᠣᠯᠤᠮᠵᠢ ᠲᠠᠢ ᠤᠤ?[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠯᠮᠧᠺ ᠦᠨ ᠬᠠᠰ ᠴᠢᠯᠠᠭᠤᠨ ᠪᠠᠭ᠃ ᠳᠣᠷᠣᠨ᠎ᠠ ᠵᠦᠭ ᠦᠨ ᠬᠦᠮᠦᠨ ᠦ ᠲᠥᠷᠬᠥ ᠰᠠᠨᠠᠭᠳᠠᠭᠤᠯᠤᠮ᠎ᠠ ᠬᠠᠷᠠᠭᠳᠠᠳᠠᠭ ᠪᠠᠶᠢᠨ᠎ᠠ᠃

ᠵᠠᠷᠢᠮ ᠰᠤᠳᠤᠯᠤᠭᠠᠴᠢᠳ ᠣᠯᠮᠧᠺ ᠦᠨ ᠰᠤᠶᠤᠯ ᠢᠷᠭᠡᠨᠰᠢᠯ ᠨᠢ ᠬᠢᠲᠠᠳ ᠍ ᠤᠨ ᠱᠠᠩ ᠤᠯᠤᠰ ᠍ ᠤᠨ ᠲᠡᠭᠦᠰᠬᠡᠯ ᠦᠶ᠎ᠡ ᠶᠢᠨ ᠰᠠᠮᠠᠭᠤᠨ ᠴᠠᠭ ᠢᠶᠠᠷ ᠡᠬᠡ ᠭᠠᠵᠠᠷ ᠤᠨ ᠬᠢᠲᠠᠳ ᠠᠴᠠ ᠳᠦᠷᠪᠡᠭᠰᠡᠨ ᠬᠢᠲᠠᠳ ᠬᠦᠮᠦᠰ ᠦᠨ ᠲᠤᠰᠠᠯᠠᠮᠵᠢ ᠲᠠᠢ ᠪᠠᠷ ᠪᠤᠢ ᠪᠣᠯᠤᠭᠰᠠᠨ ᠭᠡᠵᠦ ᠨᠣᠲᠠᠯᠠᠬᠤ ᠶᠢ ᠣᠷᠣᠯᠳᠤᠳᠠᠭ ᠪᠠᠶᠢᠨ᠎ᠠ᠃ 1975 ᠣᠨ ᠳᠤ ᠰᠮᠢᠲᠣᠰᠣᠨ ᠤ ᠢᠨᠰᠲ᠋ᠢᠲ᠋ᠦᠶᠢᠲ ᠍ ᠤᠨ ᠡᠷᠳᠡᠮᠲᠡᠨ ᠪᠧᠲ᠋ᠲ᠋ᠢ ᠮᠧ ᠦᠭᠧᠷ ᠮᠠᠨ ᠤ ᠡᠷᠡᠨ ᠦ ᠡᠮᠦᠨ᠎ᠡ 1200 ᠣᠨ ᠤ ᠣᠷᠴᠢᠮ ᠳᠤ ᠱᠠᠩ ᠬᠢᠲᠠᠳ ᠤᠳ ᠤᠨ ᠨᠥᠯᠥᠭᠡ ᠪᠡᠷ ᠣᠯᠮᠧᠺ ᠦᠨ ᠰᠤᠶᠤᠯ ᠦᠨᠳᠦᠰᠦᠯᠡᠭᠳᠡᠭᠰᠡᠨ ᠭᠡᠵᠦ ᠥᠪᠡᠷ ᠦᠨ ᠲᠠᠭᠠᠮᠠᠭᠯᠠᠯ ᠢᠶᠠᠨ ᠳᠡᠪᠰᠢᠭᠦᠭᠰᠡᠨ ᠢᠶᠡᠷ ᠡᠨᠡ ᠬᠠᠨᠳᠤᠯᠭ᠎ᠠ ᠪᠤᠢ ᠪᠣᠯᠵᠠᠢ᠃ ᠮᠥᠨ ᠡᠨᠡ ᠰᠠᠨᠠᠭ᠎ᠠ ᠶᠢ ᠮᠠᠶᠢᠺ ᠱᠤ᠂ ᠴᠧᠨ ᠬᠠᠩᠫᠢᠨᠢ ᠵᠡᠷᠭᠡ ᠰᠤᠳᠤᠯᠤᠭᠠᠴᠢᠳ ᠨᠣᠲᠠᠯᠠᠳᠠᠭ ᠪᠥᠭᠡᠳ ᠪᠠᠲᠤᠯᠠᠭ᠎ᠠ ᠨᠢ ᠬᠢᠲᠠᠳ ᠮᠠᠶ᠋ᠢᠭ ᠤᠨ ᠲᠥᠷᠬᠥ ᠲᠡᠢ ᠨᠡᠭᠦᠷ ᠦᠨ ᠦ ᠪᠠᠭ ᠤᠳ ᠪᠣᠯᠤᠨ᠎ᠠ ᠭᠡᠵᠦ ᠦᠵᠡᠳᠡᠭ ᠪᠠᠶᠢᠨ᠎ᠠ᠃

1996 ᠣᠨ ᠳᠤ ᠬᠢᠭᠳᠡᠭᠰᠡᠨ ᠢᠰᠫᠠᠨᠢᠴᠤᠳ ᠠᠴᠠ ᠡᠮᠦᠨᠡᠬᠢ ᠦᠶ᠎ᠡ ᠶᠢᠨ ᠠᠭᠤᠭᠤᠯ ᠢᠷᠭᠡᠳ ᠦᠨ ᠰᠢᠳᠦᠨ ᠦ ᠣᠯᠳᠠᠪᠤᠷᠢ ᠳᠤ ᠲᠤᠯᠭᠠᠭᠤᠷᠢᠯᠤᠭᠰᠠᠨ ᠰᠤᠳᠤᠯᠭ᠎ᠠ ᠪᠠᠷ ᠤᠭ ᠰᠢᠳᠦᠨ ᠨᠦᠭᠦᠳ ᠨᠢ 73 ᠬᠤᠪᠢ ᠵᠡᠭᠦᠨ ᠡᠮᠦᠨᠡᠲᠦ ᠠᠽᠢᠶ᠎ᠠ ᠶᠢᠨ ᠬᠡᠪ ᠮᠠᠶ᠋ᠢᠭᠲᠠᠢ᠂ 27 ᠬᠤᠪᠢ ᠵᠡᠭᠦᠨ ᠬᠣᠶᠢᠳᠤ ᠠᠽᠢᠶ᠎ᠠ ᠶᠢᠨ ᠬᠡᠪ ᠮᠠᠶ᠋ᠢᠭᠲᠠᠢ ᠪᠣᠯᠬᠤ ᠶᠢ ᠲᠣᠭᠲᠠᠭᠠᠴᠠᠢ᠃ ᠭᠡᠪᠡᠴᠦ ᠡᠨᠡ ᠦᠵᠡᠯ ᠢ ᠶᠡᠬᠡᠩᠬᠢ ᠰᠤᠳᠤᠯᠤᠭᠠᠴᠢᠳ ᠡᠷᠡᠰ ᠦᠭᠡᠶᠢᠰᠬᠡᠳᠡᠭ ᠪᠠᠶᠢᠨ᠎ᠠ᠃

ᠸᠢᠭᠠᠨ ᠢ ᠲᠡᠷᠢᠭᠦᠨ ᠲᠡᠢ ᠣᠯᠮᠧᠺ ᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠨᠡ ᠬᠠᠮᠤᠭ ᠤᠨ ᠪᠠᠭ᠎ᠠ ᠮᠠᠭᠠᠳᠯᠠᠯ ᠲᠠᠢ ᠲᠠᠭᠠᠮᠠᠭᠯᠠᠯ ᠶᠤᠮ᠃ ᠰᠤᠳᠤᠯᠤᠭᠠᠴᠢ ᠮᠠᠶᠢᠺᠯ ᠺᠣᠢ ᠣᠯᠮᠧᠺ ᠤᠳ ᠤᠨ ᠳᠦᠷᠰᠦᠯᠡᠬᠦ ᠤᠷᠠᠯᠢᠭ ᠢ ᠰᠤᠳᠤᠯᠤᠨ ᠪᠠᠯᠠᠷ ᠡᠷᠲᠡᠨ ᠦ ᠤᠮᠠᠷᠠᠳᠤ ᠧᠦ᠋ᠷᠣᠫᠠ ᠍ ᠤᠨ ᠴᠥᠭᠡᠨ ᠲᠣᠭᠠᠨ ᠤ ᠬᠦᠮᠦᠰ ᠲᠤᠰ ᠨᠤᠲᠤᠭ ᠲᠤ ᠢᠷᠡᠵᠦ᠂ ᠥᠪᠡᠷᠰᠡᠳ ᠦᠨ ᠵᠠᠰᠠᠭᠯᠠᠯ ᠢ ᠪᠤᠢ ᠪᠣᠯᠭᠠᠵᠠᠢ ᠭᠡᠵᠦ ᠵᠣᠷᠢᠮᠠᠭ ᠰᠠᠨᠠᠭ᠎ᠠ ᠳᠡᠪᠰᠢᠭᠦᠯᠦᠭᠰᠡᠨ ᠪᠠᠶᠢᠨ᠎ᠠ᠃ ᠲᠡᠭᠦᠨ ᠦ ᠪᠣᠳᠣᠯ ᠢᠶᠠᠷ ᠲᠡᠳᠡ ᠪᠣᠯ ᠠᠹᠷᠢᠺᠠ ᠬᠦᠮᠦᠰ ᠪᠢᠰᠢ ᠪᠥᠭᠡᠳ ᠠᠭᠤᠭᠤᠯ ᠢᠨᠳᠢᠶᠠᠨᠴᠤᠤᠳ ᠡᠰᠡᠪᠡᠯ ᠤᠮᠠᠷᠠᠳᠤ ᠧᠦ᠋ᠷᠣᠫᠠ ᠶᠢᠨ ᠰᠤᠫᠧᠷ ᠬᠦᠮᠦᠰ ᠪᠠᠶᠢᠭᠰᠠᠨ ᠠᠵᠢ᠃

ᠲᠡᠳᠡ ᠪᠣᠯ ᠠᠭᠤᠭᠤᠯ ᠮᠧᠽᠣᠶᠠᠮᠧᠷᠢᠺᠠᠴᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠧᠽᠣᠮᠧᠷᠢᠺ ᠤᠨ ᠲᠡᠦᠬᠡ᠂ ᠰᠤᠶᠤᠯ ᠰᠤᠳᠤᠯᠤᠭᠠᠴᠢᠳ ᠤᠨ ᠦᠨᠡᠮᠯᠡᠬᠦᠢ ᠣᠯᠠᠩᠬᠢ ᠨᠢ ᠲᠡᠳᠡ ᠪᠣᠯ ᠠᠭᠤᠭᠤᠯ ᠠᠮᠧᠷᠢᠺᠠ ᠬᠦᠮᠦᠰ /ᠢᠨᠳᠢᠶᠠᠨᠴᠤᠤ ᠳᠤ/ ᠭᠡᠵᠦ ᠦᠵᠡᠳᠡᠭ ᠪᠠᠶᠢᠨ᠎ᠠ᠃ ᠡᠭᠦᠨ ᠦ ᠨᠣᠲᠠᠯᠠᠭ᠎ᠠ ᠨᠢ ᠬᠡᠯᠡ ᠵᠦᠢ ᠪᠣᠯᠤᠨ ᠠᠷᠬᠧᠣᠯᠣᠭᠢ ᠶᠢᠨ ᠣᠯᠳᠠᠪᠤᠷᠢ ᠨᠤᠭᠤᠳ ᠢᠶᠠᠷ ᠪᠦᠷᠢᠨ ᠪᠠᠲᠤᠯᠠᠭᠳᠠᠳᠠᠭ ᠭᠡᠵᠦ ᠦᠵᠡᠳᠡᠭ ᠠᠵᠡᠢ᠃

ᠭᠠᠳᠠᠭᠠᠳᠤ ᠬᠣᠯᠪᠣᠭᠠᠰᠤ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠢᠭᠮᠧᠳᠢᠶᠠ ᠵᠢᠷᠤᠭ ᠤᠨ ᠰᠠᠩ:
«ᠣᠯᠮᠧᠺ»
http://wiki.uhaan.com/index.php?title=ᠣᠯᠮᠧᠺ&oldid=328748》 ᠍  ᠡᠴᠡ ᠠᠪᠤᠭᠰᠠᠨ

ᠪᠢᠴᠢᠭᠡᠰᠦ