ᠣᠯᠢᠮᠫᠢᠺ ᠤᠨ ᠨᠠᠭᠠᠳᠤᠮ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠬᠠᠮᠤᠭ ᠤᠨ ᠰᠡᠭᠦᠯ ᠳᠦ ᠪᠣᠯᠤᠭᠰᠠᠨ ᠣᠯᠢᠮᠫᠢᠺ ᠤᠨ ᠨᠠᠭᠠᠳᠤᠮ ᠤᠨ ᠲᠤᠬᠠᠢ ᠪᠡᠭᠡᠵᠢᠩ ᠦᠨ ᠣᠯᠢᠮᠫᠢᠺ ᠥᠭᠦᠯᠡᠯ ᠡᠴᠡ ᠤᠩᠰᠢᠨ᠎ᠠ ᠤᠤ᠃
ᠣᠯᠢᠮᠫᠢᠺ ᠤᠨ ᠲᠠᠪᠤᠨ ᠴᠠᠭᠠᠷᠭᠡᠶᠢᠨ ᠵᠠᠭᠪᠤᠷ ᠢ 1913 ᠣᠹᠢᠼᠧᠷ ᠲᠤ ᠭᠠᠷᠭᠠᠵᠤ᠂ ᠳᠠᠷᠤᠭ᠎ᠠ ᠶᠢᠨ ᠵᠢᠯ ᠡᠴᠡ ᠨᠢ ᠬᠡᠷᠡᠭᠯᠡᠵᠦ ᠡᠬᠢᠯᠡᠵᠡᠢ᠃ ᠣᠯᠢᠮᠫᠢᠺ ᠤᠨ ᠨᠠᠭᠠᠳᠤᠮ ᠤᠨ ᠬᠡᠷᠡᠭᠯᠡᠭᠡᠨ ᠦ ᠬᠤᠪᠢ ᠳᠤ ᠠᠩᠬ᠎ᠠ 1920 ᠣᠹᠢᠼᠧᠷ ᠤ ᠠᠩᠲ᠋ᠤᠧᠷᠫᠡᠨ ᠦ ᠣᠯᠢᠮ ᠠᠴᠠ ᠬᠡᠷᠡᠭᠯᠡᠵᠡᠢ᠃

ᠣᠯᠢᠮᠫᠢᠺ ᠤᠨ ᠨᠠᠭᠠᠳᠤᠮ ᠨᠢ ᠵᠤᠨ ᠪᠠ ᠡᠪᠦᠯ ᠤᠨ ᠰᠫᠣᠷᠲ ᠦᠳ ᠲᠤ ᠵᠣᠷᠢᠭᠤᠯᠵᠤ ᠵᠣᠬᠢᠶᠠᠨ ᠪᠠᠶᠢᠭᠤᠯᠤᠭᠳᠠᠳᠠᠭ ᠣᠯᠠᠨ ᠤᠯᠤᠰ ᠤᠨ ᠰᠫᠣᠷᠲ ᠤᠨ ᠶᠡᠬᠡ ᠨᠠᠭᠠᠳᠤᠮ ᠶᠤᠮ᠃ ᠲᠡᠦᠬᠡᠨ ᠳᠦ ᠬᠣᠶᠠᠷ ᠲᠥᠷᠥᠯ ᠦᠨ ᠣᠯᠢᠮᠫᠢᠺ ᠪᠠᠶᠢᠴᠠᠢ᠃ ᠡᠬᠢᠨ ᠦ ᠬᠢ ᠨᠢ ᠭᠷᠧᠺᠡᠶᠢᠨ ᠣᠯᠢᠮᠫᠢᠶᠠ ᠳᠤ ᠬᠢᠭᠳᠡᠵᠦ ᠪᠠᠶᠢᠭᠰᠠᠨ ᠡᠷᠲᠡᠨ ᠦ ᠣᠯᠢᠮᠫᠢᠺ (ᠭᠷᠧᠢᠭ ᠶᠢᠡᠷ Ολυμπιακοί Αγώνες; [Olympiakoi Agones]). ᠬᠣᠶᠠᠷ ᠳ᠋ᠡᠬᠢ ᠨᠢ 1896 ᠣᠹᠢᠼᠧᠷ ᠲᠤ ᠠᠹᠢᠨ ᠳᠤ ᠠᠩᠬ᠎ᠠ ᠵᠣᠬᠢᠶᠠᠨ ᠪᠠᠶᠢᠭᠤᠯᠤᠭᠳᠠᠭᠰᠠᠨ ᠣᠷᠴᠢᠨ ᠦᠶ᠎ᠡ ᠶᠢᠨ ᠣᠯᠢᠮᠫᠢᠺ ᠶᠤᠮ᠃

ᠣᠯᠠᠨ ᠤᠯᠤᠰ ᠤᠨ ᠣᠯᠢᠮᠫᠢᠺ ᠤᠨ ᠬᠣᠷᠢᠶ᠎ᠠ (ᠣᠯᠠᠨ ᠤᠯᠤᠰ ᠤᠨ ᠣᠯᠢᠮᠫᠢᠺ ᠤᠨ ᠬᠣᠷᠢᠶ᠎ᠠ᠂ International Olympic Committee, IOC) ᠨᠢ ᠫᠢᠶᠡᠷ ᠳᠧ ᠺᠦᠪᠧᠷᠲᠡᠨ ᠭᠡᠭᠴᠢ ᠹᠷᠠᠨᠼᠢ ᠍ ᠤᠨ ᠰᠤᠷᠪᠤᠯᠵᠢᠲᠤ ᠬᠦᠮᠦᠨ ᠦ ᠰᠠᠨᠠᠭᠠᠴᠢᠯᠭ᠎ᠠ ᠪᠠᠷ ᠪᠠᠶᠢᠭᠤᠯᠤᠭᠳᠠᠵᠠᠢ᠃ ᠲᠡᠷᠡᠪᠡᠷ ᠳᠡᠯᠡᠬᠡᠢ ᠳᠠᠶᠠᠭᠠᠷᠬ᠎ᠠ ᠰᠣᠨᠢᠷᠬᠠᠭᠴᠢ ᠲᠠᠮᠢᠷᠴᠢᠳ ᠢ ᠴᠤᠭᠯᠠᠭᠤᠯᠵᠤ ᠣᠯᠠᠨ ᠲᠥᠷᠥᠯ ᠦᠨ ᠰᠫᠣᠷᠲ ᠢᠶᠠᠷ ᠥᠷᠢᠰᠦᠯᠳᠦᠭᠦᠯᠬᠦ ᠮᠥᠷᠥᠭᠡᠳᠦᠯ ᠲᠡᠢ ᠪᠠᠶᠢᠭᠰᠠᠨ ᠠᠵᠢ᠃ ᠲᠡᠷᠬᠡᠦ ᠬᠣᠷᠤᠭ᠎ᠠ ᠨᠢ ᠣᠳᠣ 《ᠣᠯᠢᠮᠫᠢᠺ ᠤᠨ ᠬᠥᠳᠡᠯᠭᠡᠭᠡᠨ》 ᠪᠤᠶᠤ ᠨᠠᠭᠠᠳᠤᠮ ᠢ ᠵᠣᠬᠢᠶᠠᠨ ᠪᠠᠶᠢᠭᠤᠯᠬᠤ ᠳᠤ ᠣᠷᠣᠯᠴᠠᠳᠠᠭ ᠰᠫᠣᠷᠲ ᠤᠨ ᠬᠣᠯᠪᠣᠭᠠᠨ ᠨᠤᠭᠤᠳ ᠤᠨ ᠡᠷᠬᠡ ᠪᠠᠷᠢᠬᠤ ᠪᠠᠶᠢᠭᠤᠯᠤᠯᠭ᠎ᠠ ᠪᠣᠯᠵᠠᠢ᠃ ᠣᠯᠢᠮᠫᠢᠺ ᠤᠨ ᠬᠥᠳᠡᠯᠭᠡᠭᠡᠨ ᠲᠣᠮᠣᠷᠠᠬᠤ ᠲᠤᠰᠤᠮ ᠣᠯᠢᠮᠫᠢᠺ ᠤᠨ ᠨᠠᠭᠠᠳᠤᠮ ᠤᠨ ᠰᠦᠷ ᠬᠦᠴᠦ ᠶᠡᠬᠡᠰᠦᠭᠰᠡᠨ ᠪᠠᠶᠢᠨ᠎ᠠ᠃ ᠥᠨᠥ ᠦᠶ᠎ᠡ ᠳᠦ ᠺᠣᠷᠫᠣᠷᠠᠼᠢ ᠨᠤᠭᠤᠳ ᠤᠨ ᠢᠪᠡᠭᠡᠨ ᠲᠡᠳᠬᠦᠯᠭᠡ᠂ ᠰᠫᠣᠷᠲ ᠤᠨ 《ᠳ᠋ᠢᠨᠠᠰᠲ᠋ᠢ》 ᠡᠭᠦᠰᠭᠡᠬᠦ ᠵᠣᠷᠢᠯᠭ᠎ᠠ ᠲᠠᠢ ᠤᠯᠤᠰ ᠲᠥᠷᠥ ᠶᠢᠨ ᠳᠢᠭᠯᠢᠮ ᠦᠳ ᠦᠨ ᠳᠣᠣᠷᠠᠬᠢ ᠳᠠᠷᠤᠮᠲᠠᠨ ᠳᠤ ᠬᠥᠭᠵᠢᠭᠰᠡᠨ ᠺᠦᠪᠧᠷᠲᠡᠨ ᠦ 《ᠴᠡᠪᠡᠷ ᠰᠣᠨᠢᠷᠬᠠᠭᠴᠢ ᠲᠠᠮᠢᠷᠴᠢᠨ ᠤ ᠢᠳᠧᠠᠯ》 ᠨᠢ ᠠᠯᠳᠠᠭᠳᠠᠭᠰᠠᠨ ᠬᠡᠮᠡᠨ ᠦᠵᠡᠬᠦ ᠨᠢ ᠴᠤ ᠪᠤᠢ᠃

ᠥᠨᠥ ᠦᠶ᠎ᠡ ᠳᠦ ᠣᠯᠢᠮᠫᠣᠳ ᠣᠷᠣᠯᠴᠠᠭᠰᠠᠳ ᠨᠢ ᠳᠡᠯᠡᠬᠡᠢ ᠶᠢᠨ ᠪᠠᠷᠤᠭ ᠪᠦᠬᠦ ᠣᠷᠣᠨ ᠢ ᠲᠥᠯᠦᠭᠡᠯᠡᠳᠡᠭ ᠬᠡᠮᠵᠢᠶᠡᠨ ᠳᠦ ᠬᠦᠷᠴᠡᠢ᠃ ᠡᠭᠦᠨ ᠦ ᠦᠷ᠎ᠡ ᠳ᠋ᠦᠩ ᠳᠦ ᠤᠯᠤᠰ ᠲᠥᠷᠥ ᠶᠢᠨ ᠪᠣᠢᠺᠣᠲᠳᠣᠫᠠᠨ ᠢ᠂ ᠰᠢᠭᠦᠭᠴᠢ

ᠳᠡᠳ᠋ ᠬᠠᠬᠤᠤᠯᠢ ᠥᠭᠬᠦ᠂ ᠠᠯᠠᠨ ᠬᠢᠳᠤᠬᠤ ᠠᠵᠢᠯᠯᠠᠭ᠎ᠠ ᠵᠡᠷᠭᠡ ᠣᠯᠠᠨ ᠰᠥᠷᠭᠦ ᠨᠥᠯᠥᠭᠡ ᠭᠠᠷᠴᠤ ᠪᠠᠶᠢᠨ᠎ᠠ᠃ ᠬᠡᠳᠦᠢ ᠪᠡᠷ ᠣᠯᠢᠮᠫᠢᠺ ᠤᠨ ᠬᠥᠳᠡᠯᠭᠡᠭᠡᠨ ᠨᠢ ᠺᠦᠪᠧᠷᠲ᠋ᠢᠨ ᠦ ᠪᠣᠳᠣᠵᠤ ᠴᠤ ᠦᠵᠡᠭᠡ ᠦᠭᠡᠢ ᠠᠰᠠᠭᠤᠳᠠᠯ ᠤᠳ ᠲᠠᠢ ᠲᠤᠯᠭᠠᠷᠴᠢ ᠪᠠᠶᠢᠭ᠎ᠠ ᠬᠡᠳᠦᠢ ᠴᠤ ᠡᠭᠦᠨ ᠲᠡᠢ ᠤᠶᠠᠯᠳᠤᠭᠤᠯᠵᠤ ᠬᠥᠭᠵᠢᠨ ᠥᠭᠡᠷᠡᠴᠢᠯᠡᠭᠳᠡᠵᠦ ᠪᠠᠶᠢᠭ᠎ᠠ᠃ ᠡᠳᠡᠭᠡᠷ ᠡᠴᠡ ᠭᠠᠳᠠᠨ᠎ᠠ 19 ᠍ ᠳᠦᠭᠡᠷ ᠵᠠᠭᠤᠨ ᠤ ᠰᠡᠭᠦᠯᠴᠢ᠂ 20 ᠍ ᠳᠦᠭᠡᠷ ᠵᠠᠭᠤᠨ ᠤ ᠡᠬᠢᠨ ᠳᠦ ᠬᠡᠷᠡᠭᠯᠡᠭᠳᠡᠵᠦ ᠪᠠᠶᠢᠭᠰᠠᠨ ᠵᠠᠩ ᠦᠢᠯᠡ᠂ ᠪᠡᠯᠭᠡ ᠲᠡᠮᠳᠡᠭ ᠦᠳ ᠢ ᠣᠯᠢᠮᠫᠣᠳ ᠣᠷᠤᠯᠴᠠᠭᠤᠯᠳᠠᠭ᠃ ᠡᠳᠡᠭᠡᠷ ᠦᠨ ᠶᠡᠬᠡᠩᠬᠢ ᠨᠢ ᠨᠡᠭᠡᠭᠡᠯᠲᠡ ᠶᠢᠨ ᠪᠠ ᠬᠠᠭᠠᠯᠲᠠ ᠶᠢᠨ ᠶᠣᠰᠣᠯᠠᠯ᠂ ᠮᠧᠳᠠᠯ ᠭᠠᠷᠳᠠᠭᠤᠯᠬᠤ ᠶᠣᠰᠣᠯᠠᠯ ᠤᠳ ᠲᠤ ᠬᠡᠷᠡᠭᠯᠡᠭᠳᠡᠳᠡᠭ᠃ ᠥᠨᠥ ᠶᠢᠨ ᠣᠷᠴᠢᠨ ᠦᠶ᠎ᠡ ᠶᠢᠨ ᠣᠯᠢᠮᠫᠢᠺ ᠨᠢ ᠬᠡᠳᠦᠢ ᠪᠡᠷ ᠶᠡᠬᠡᠳᠡ ᠥᠭᠡᠷᠡᠴᠢᠯᠡᠭᠳᠡᠵᠦ ᠢᠷᠡᠭᠰᠡᠨ ᠴᠤ ᠭᠡᠰᠡᠨ ᠣᠳᠣ ᠴᠤ Citius Altius Fortius - ᠬᠤᠷᠳᠤᠨ ᠠᠴᠠ ᠬᠤᠷᠳᠤᠨ᠂ ᠥᠨᠳᠥᠷ ᠡᠴᠡ ᠥᠨᠳᠥᠷ᠂ ᠬᠦᠴᠢᠲᠡᠢ ᠡᠴᠡ ᠬᠦᠴᠦᠲᠡᠢ ᠪᠤᠶᠤ ᠣᠯᠢᠮᠫᠢᠺ ᠤᠨ ᠤᠷᠢᠶ᠎ᠠ ᠳᠡᠭᠡᠷ᠎ᠡ ᠲᠥᠪᠯᠡᠷᠡᠵᠦ ᠪᠠᠶᠢᠨ᠎ᠠ᠃

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

Commons
Викимедиа дуу дүрсний сан: Olympic Games

ᠪᠢᠴᠢᠭᠡᠰᠦ