ᠣᠯᠠᠮᠵᠢᠯᠠᠯᠳᠦ ᠡᠪᠡᠷ ᠨᠣᠮᠣ ᠰᠣᠮᠣ ᠬᠢᠭᠡᠳ ᠰᠣᠷ ᠬᠠᠷᠪᠣᠯᠳᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
900x600 86MG3RLK4T8F0001.jpg

ᠣᠯᠠᠮᠵᠢᠯᠠᠯᠳᠦ ᠡᠪᠡᠷ ᠨᠣᠮᠣ ᠰᠣᠮᠣ ᠬᠢᠭᠡᠳ ᠰᠣᠷ ᠬᠠᠷᠪᠣᠯᠳᠠ ᠵᠢ ᠠᠯᠢ ᠡᠷᠡᠨ  ᠤ ᠠᠯᠢ ᠴᠠᠭ ᠲᠤ ᠬᠡᠨ ᠡᠭᠦᠳᠦᠯ᠎ᠡ ᠭᠡᠵᠦ ᠲᠤᠳᠤᠷᠬᠠᠢ ᠬᠡᠯᠡᠵᠦ ᠴᠢᠳᠠᠬᠤ ᠦᠭᠡᠢ ‍᠃‍ ᠭᠡᠪᠡᠴᠦ ᠮᠣᠩᠭᠣᠯᠴᠣᠳ ᠠᠯᠢ ᠡᠷᠳᠡ ᠦ᠋ᠰᠦᠭ ᠪᠢᠴᠢᠭ ᠪᠣᠢ ᠪᠣᠯᠬᠣ  ᠠᠴᠠ ᠡᠮᠦᠨᠡᠬᠢ ᠪᠠᠯᠠᠷ ᠡᠷᠳᠡ ᠶ᠋ᠢᠨ ᠴᠠᠭ ᠲᠤ ᠨᠣᠮᠣ ᠰᠣᠮᠣ  ᠢ ᠠᠩ ᠠᠮᠢᠳᠣᠷᠠᠯ ᠳ᠋ᠠᠭᠠᠨ ᠠᠮᠢᠳᠣᠯᠢᠭ ᠰᠠᠶᠢᠬᠠᠨ ᠬᠡᠷᠡᠭᠯᠡᠵᠦ ᠪᠠᠶᠢᠭᠰᠠᠨ  ᠢ ᠠᠰᠬ᠎ᠠ ᠬᠠᠳᠠᠨ  ᠤ ᠴᠢᠯᠠᠭᠣᠨ ᠵᠢᠷᠣᠭ ᠨᠢ ᠲᠡᠥᠭᠡ ᠶ᠋ᠢᠨ ᠭᠡᠷᠡᠴᠢ ᠪᠣᠯᠵᠠᠢ᠃‍ ᠬᠦᠢᠳᠡᠨ ᠵᠡᠪᠰᠡᠭ ‍ᠤᠨ ᠡᠷᠡᠨ ᠴᠠᠭ ᠲᠤ ᠨᠣᠮᠣ ᠰᠣᠮᠣ ᠨᠢ ᠲᠠᠩ ᠭᠠᠭᠴᠠ ᠠᠩ ᠠᠬᠣᠢ  ᠠᠴᠠ ᠠᠯᠠᠯᠳᠣᠭᠠᠨ ᠲᠠᠶᠢᠨ ᠳ᠋ᠤ ᠰᠢᠯᠵᠢᠭᠰᠡᠨ  ᠠᠴᠠ ᠭᠦᠭᠵᠢᠯᠲᠡ ᠶ᠋ᠢᠨ ᠰᠢᠵᠢᠷ ᠠᠯᠳᠠᠨ ᠴᠠᠭ ᠲᠠᠭᠠᠨ ᠣᠷᠣᠵᠣ ᠦ᠋ᠷᠭᠡᠨ ‍ᠢᠶ᠋ᠠᠷ ᠲᠦᠭᠡᠮᠡᠯᠵᠢᠯᠡᠭᠳᠡᠭᠰᠡᠨ ᠪᠠᠶᠢᠨ᠎ᠠ ‍᠃‍ ᠠᠷᠪᠠᠨ ᠨᠢᠭᠡᠳᠦᠭᠡᠷ ᠵᠠᠭᠣᠨ  ᠤ ᠦ᠋ᠶ᠎ᠡ ᠳ᠋ᠤ ᠴᠢᠩᠬᠢᠰ ᠬᠠᠭᠠᠨ ᠠᠷᠢᠭᠣᠨ ᠮᠣᠩᠭᠣᠯ ‍ᠢᠶ᠋ᠠᠨ ᠨᠢᠭᠡᠳᠬᠡᠨ ᠠᠽᠢᠶ᠎ᠠ ᠡᠸᠦᠷᠦ᠋ᠫᠡ  ᠵᠢ ᠲᠣᠭᠳᠠᠭᠠᠬᠣ ᠳ᠋ᠤ ᠨᠣᠮᠣ ᠰᠣᠮᠣ ᠨᠢ ᠠᠯᠣᠰ ᠬᠣᠯᠠ  ᠠᠴᠠ ᠠᠮᠣᠷ ᠲᠦᠪᠰᠢᠨ ᠳᠠᠭᠠᠷᠢᠬᠣ ‍᠂‍ ᠬᠣᠷᠴᠠ ᠲᠦᠷᠭᠡᠨ ᠬᠦᠩᠭᠡᠨ ᠭᠠᠪᠰᠢᠭᠠᠢ ‍᠂‍ ᠣᠯᠠᠨ ᠰᠣᠮᠣ ᠣᠨᠣᠪᠴᠢᠳᠠᠢ ᠲᠣᠰᠣᠯᠳᠠ ᠶ᠋ᠢᠨ ᠣᠳᠣᠬᠢᠴᠢᠯᠠᠭᠰᠠᠨ ᠣᠨᠴᠠᠯᠢᠭ ‍ᠢᠶ᠋ᠠᠷ ‍ᠢᠶ᠋ᠠᠨ ᠠᠭᠳᠠ ᠶ᠋ᠢᠨ ᠲᠣᠭᠣᠷᠠᠢ ᠳ᠋ᠤ ᠵᠢᠭᠦᠷ ᠣᠷᠭᠣᠯᠠᠨ ᠠᠷᠢᠯᠵᠦ ᠪᠠᠯᠠᠷᠠᠰᠢ ᠦ᠋ᠭᠡᠢ ᠭᠠᠪᠢᠶ᠎ᠠ ᠵᠢᠳᠭᠦᠯ ‍ᠢᠶ᠋ᠠᠨ ᠦ᠋ᠵᠡᠭᠦᠯᠡᠭᠰᠡᠨ ᠪᠠᠶᠢᠨ᠎ᠠ ‍᠃‍

ᠡᠪᠡᠷ ᠨᠣᠮᠣ ᠢᠢᠨ ᠪᠦᠲᠦᠴᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠣᠯᠠᠮᠵᠢᠯᠠᠯᠳᠦ ᠡᠪᠡᠷ ᠨᠣᠮᠣ ᠨᠢ ᠶᠡᠷᠦᠩᠬᠡᠢ ᠳ᠋ᠡᠭᠡᠨ ᠳᠡᠭᠡᠷ᠎ᠡ ᠳᠣᠣᠷ᠎ᠡ ᠡᠪᠡᠷ ᠴᠡᠭᠡᠵᠢ ‍ᠮᠣᠳᠣ᠂ ᠬᠣᠯᠣᠰᠣᠯᠢᠭ ᠭᠣᠣᠯ ᠪᠡᠶ᠎ᠡ ‍᠂‍ ᠰᠢᠷᠪᠣᠰᠣᠨ ᠨᠢᠷᠣᠭᠣ ᠶ᠋ᠢᠨ ᠨᠠᠭᠠᠯᠳᠣᠵᠦ ᠬᠠᠮᠳᠣᠷᠠᠭᠰᠠᠨ ᠵᠢᠴᠢ ᠳᠡᠭᠡᠷ᠎ᠡ ᠳᠣᠣᠷ᠎ᠡ ᠬᠡᠴᠢᠷ ᠪᠠ ᠪᠠᠷᠢᠳᠠᠯ ‍ᠤᠨ ᠬᠡᠰᠡᠭ ‍ᠢᠶ᠋ᠠᠷ ᠪᠦᠷᠢᠯᠳᠦᠵᠦ ‍᠂‍ ᠴᠡᠭᠡᠵᠢᠨ ᠪᠡᠶ᠎ᠡ ᠵᠦᠭ ᠮᠠᠳᠠᠷᠠᠬᠣ ᠬᠦᠪᠴᠢ ᠶ᠋ᠢᠨ ᠲᠠᠳᠠᠯᠳᠠ ᠶ᠋ᠢᠨ ᠪᠣᠴᠠᠬᠣ ᠬᠦᠴᠦᠨ ᠳ᠋ᠤ ᠲᠦᠰᠢᠭᠯᠡᠨ ᠰᠣᠮᠣ ᠪᠡᠨ ᠬᠠᠷᠪᠣᠳᠠᠭ ‍᠃‍ ᠭᠡᠪᠡᠴᠦ ᠡᠰᠡᠷᠭᠦ ᠵᠦᠭ ᠨᠢ ᠮᠠᠳᠠᠷᠠᠭᠣᠯᠵᠦ ᠣᠭᠳᠣ ᠪᠣᠯᠬᠣ ᠦ᠋ᠭᠡᠢ ᠪᠠᠶᠢᠳᠠᠭ ‍᠃‍

ᠡᠪᠡᠷ ᠨᠣᠮᠤ ᠢᠢᠨ ᠬᠦᠴᠦ[ᠵᠠᠰᠠᠪᠤᠷᠢᠯᠠᠬᠤ | ᠺᠣᠳ᠋ ᠢᠶᠠᠷ ᠵᠠᠰᠠᠬᠣ]

6894230153881539a0bc2c.jpg

ᠡᠪᠡᠷ ᠨᠣᠮᠣ ᠶ᠋ᠢᠨ ᠮᠠᠳᠠᠷᠠᠬᠣ ᠬᠦᠴᠦ ᠶ᠋ᠢ ᠬᠦᠨᠳᠦ ᠶ᠋ᠢᠨ ᠬᠡᠮᠵᠢᠭᠦᠷ ‍ᠢᠶ᠋ᠠᠷ ᠨᠢᠭᠡᠴᠢ ᠪᠣᠯᠭᠠᠳᠠᠭ ‍᠃‍ ᠳᠠᠷᠣᠢ ᠬᠡᠳᠦᠢ ᠵᠢᠩ ‍(‍ ᠪᠣᠶᠣ ᠬᠡᠳᠦᠢ ᠫᠣᠨᠲ‍ ‍)‍ ‍ᠤᠨ ᠬᠦᠴᠦᠨ  ᠤ ᠨᠣᠮᠣ ᠭᠡᠳᠡᠭ ‍᠃‍ ᠡᠪᠡᠷ ᠨᠣᠮᠣ ᠶ᠋ᠢᠨ ᠮᠠᠳᠠᠷᠠᠬᠣ ᠬᠦᠴᠦ ᠶ᠋ᠢᠨ ᠶᠡᠬᠡ ᠪᠠᠭ᠎᠎ᠠ ᠨᠢ ᠰᠣᠮᠣᠨ  ᠤ ᠲᠣᠰᠣᠯᠳᠠ ᠶ᠋ᠢᠨ ᠴᠢᠩᠭ᠎᠎ᠠ ᠰᠣᠯᠠ ᠬᠣᠯᠠ ᠣᠶᠢᠷ᠎ᠡ  ᠢ ᠰᠢᠭᠣᠳ ᠨᠦᠯᠦᠭᠡᠯᠡᠬᠦ ᠪᠦᠭᠡᠳ ᠰᠢᠷᠪᠦᠰᠦᠨ ᠨᠢᠷᠣᠭᠣ ᠶ᠋ᠢᠨ ᠵᠣᠵᠠᠭᠠᠨ ᠨᠢᠮᠬᠡᠨ ‍(‍ ᠴᠢᠨᠠᠷ ‍ᠤᠨ ᠰᠠᠶᠢᠨ ᠮᠠᠭᠣ ‍)‍ ᠲᠠᠢ ᠰᠢᠭᠣᠳ ᠬᠣᠯᠪᠣᠭ᠎᠎ᠠ ᠲᠠᠢ ᠪᠠᠶᠢᠳᠠᠭ ‍᠃‍ ᠨᠣᠮᠣᠨ ᠬᠢᠴᠢᠷ ‍ᠤᠨ ᠬᠡᠯᠪᠡᠯᠵᠢᠯᠡᠯᠳᠡ ᠶ᠋ᠢᠨ ᠪᠣᠴᠠᠬᠣ ᠬᠦᠴᠦᠨ ‍᠂‍ ᠨᠣᠮᠣᠨ ᠬᠦᠪᠴᠢ ᠶ᠋ᠢᠨ ᠣᠷᠳᠣ ᠣᠬᠣᠷ ᠨᠠᠷᠢᠨ ᠪᠦᠳᠦᠭᠦᠨ ᠪᠠ ᠬᠠᠷᠪᠣᠬᠣ ᠰᠣᠮᠣ ᠶ᠋ᠢᠨ ᠨᠠᠷᠢᠨ ᠪᠦᠳᠦᠭᠦᠨ ‍᠂‍ ᠰᠣᠮᠣᠨ ᠣᠨᠢ ᠶ᠋ᠢᠨ ᠭᠦᠨ ᠭᠦᠶᠦᠬᠡᠨ ᠴᠦ ᠰᠣᠮᠣᠨ  ᠤ ᠲᠣᠰᠣᠯᠳᠠ ᠶ᠋ᠢᠨ ᠴᠢᠩᠭ᠎᠎ᠠ ᠰᠣᠯᠠ ᠬᠣᠯᠠ ᠣᠶᠢᠷ᠎ᠡ  ᠢ ᠨᠦᠯᠦᠭᠡᠯᠡᠳᠡᠭ ‍᠃‍

ᠨᠣᠮᠣᠨ ᠬᠦᠪᠴᠢ[ᠵᠠᠰᠠᠪᠤᠷᠢᠯᠠᠬᠤ | ᠺᠣᠳ᠋ ᠢᠶᠠᠷ ᠵᠠᠰᠠᠬᠣ]

201407231633163672.jpg

 ᠨᠣᠮᠣᠨ ᠬᠦᠪᠴᠢ ᠶ᠋ᠢᠨ ᠣᠷᠳᠣ ᠣᠬᠣᠷ ᠪᠠ ᠪᠦᠳᠦᠭᠦᠨ ᠨᠠᠷᠢᠨ  ᠢ ᠨᠣᠮᠣᠨ  ᠤ ᠪᠡᠨ ᠪᠡᠶ᠎ᠡ ᠶ᠋ᠢᠨ ᠣᠷᠳᠣ ᠣᠬᠣᠷ ᠬᠠᠳᠠᠭᠣ ᠵᠦᠭᠡᠯᠡᠨ ᠳ᠋ᠤ ᠵᠣᠬᠢᠴᠠᠭᠣᠯᠣᠨ ᠴᠢᠨᠠᠷ ᠰᠠᠶᠢᠳᠠᠢ ᠬᠠᠷᠢᠮᠠᠬᠠᠢ ᠴᠢᠨᠠᠷ ᠦ᠋ᠭᠡᠢ ᠣᠳᠠᠰᠣ ᠪᠡᠷ ᠬᠢᠪᠡᠯ ᠪᠣᠯᠴᠢᠬᠠᠳᠠᠭ ‍᠃‍

ᠬᠠᠷᠪᠤᠯᠲᠠ ᠢᠢᠨ ᠲᠡᠮᠳᠡᠭᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠲᠡᠣᠬᠡᠨ ᠳ᠋ᠤ ᠶᠢᠰᠦᠩᠭᠡ ᠶ᠋ᠢᠨ ᠭᠣᠷᠪᠡᠨ ᠵᠠᠭᠣᠨ ᠭᠣᠴᠢᠨ ᠲᠠᠪᠣᠨ ᠠᠯᠳᠠ ᠬᠣᠯᠠ ᠬᠠᠷᠪᠣᠭᠰᠠᠨ  ᠢ《 ᠴᠢᠩᠬᠢᠰ ᠬᠠᠭᠠᠨ ᠰᠠᠷᠳᠠᠭᠣᠯ ᠢᠷᠭᠡᠨ  ᠢ ᠳᠡᠶᠢᠯᠡᠵᠦ ᠪᠣᠴᠠᠭᠠᠳ ‍᠂‍ ᠪᠦᠬᠦ ᠮᠣᠩᠭᠣᠯ ‍ᠤᠨ ᠨᠣᠶᠠᠳ  ᠢ ᠪᠣᠬ᠎ᠠ ᠰᠣᠴᠢᠭᠠᠢ ᠳ᠋ᠤ ᠬᠣᠷᠠᠭᠣᠯᠵᠣ ᠨᠠᠶᠢᠷᠠᠯᠳᠣᠭᠰᠠᠨ ᠳ᠋ᠤ ᠶᠢᠰᠦᠩᠬᠡ ᠨᠣᠮᠣ ᠬᠠᠷᠪᠣᠵᠦ ‍᠂‍ 335 ᠠᠯᠳᠠᠰ ᠬᠣᠯᠠ ᠬᠠᠷᠪᠣᠪᠠ》 ᠭᠡᠵᠦ ᠲᠣᠳᠣᠷᠬᠠᠢ ᠲᠡᠮᠳᠡᠭᠯᠡᠵᠦ ᠪᠠᠶᠢᠳᠠᠭ᠃ 2010 ᠡᠤᠨ ᠳ᠋ᠤ ᠪᠣᠯᠣᠭᠰᠠᠨ ᠪᠠᠷᠠᠭᠣᠨ ᠦ᠋ᠵᠦᠮᠦᠴᠢᠨ ᠬᠣᠰᠢᠭᠣ  ᠤ ᠭᠢᠨᠢᠰ ‍ᠤᠨ ᠲᠡᠮᠳᠡᠭᠯᠡᠯ  ᠢ ᠡᠭᠦᠳᠬᠦ ᠮᠢᠩᠭᠠᠨ ᠰᠣᠷᠴᠢᠨ  ᠤ ᠬᠠᠷᠪᠣᠯᠭ᠎᠎ᠠ ᠶ᠋ᠢᠨ ᠬᠣᠯᠠ ᠬᠠᠷᠪᠣᠯᠳᠠ ᠶ᠋ᠢᠨ ᠣᠷᠣᠯᠳᠣᠭᠠᠨ ᠳ᠋ᠤ᠂ ᠲᠣᠰ ᠨᠣᠳᠣᠭ ‍ᠤᠨ ᠰᠣᠷᠴᠢᠨ ᠪᠦᠬᠡᠴᠢᠯᠠᠭᠣ 257 ᠮᠸᠲ᠋ᠷ ‍ᠤᠨ ᠬᠢᠷᠢ ᠪᠦᠳᠦᠮᠵᠢ ‍ᠪᠠᠷ ᠮᠠᠩᠯᠠᠶᠢᠯᠠᠵᠦ᠂ ᠡᠪᠡᠷ ᠨᠣᠮᠣ ᠶ᠋ᠢᠨ ᠢᠳᠡ ᠬᠦᠴᠦ  ᠢ ᠭᠠᠶᠢᠬᠠᠭᠣᠯᠣᠭᠰᠠᠨ ᠪᠠᠶᠢᠨ᠎ᠠ ‍( ᠡᠪᠡᠷ ᠨᠣᠮᠣ ᠰᠣᠮᠣ ᠶ᠋ᠢᠨ ᠬᠣᠯᠠ ᠬᠠᠷᠪᠣᠯᠳᠠ ᠶ᠋ᠢᠨ ᠣᠷᠣᠯᠳᠤᠭᠠᠨ ᠮᠦᠷᠦᠶᠢᠴᠡᠭᠡᠨ ᠲᠣᠩ ᠴᠦᠭᠡᠬᠡᠨ ᠪᠠᠶᠢᠳᠠᠭ  ᠠᠴᠠ ᠭᠡᠷᠡᠴᠢ ᠲᠡᠮᠳᠡᠭᠯᠠᠯ ᠲᠠᠢ ᠣᠯᠳᠠᠭᠰᠠᠨ ᠨᠢ ᠲᠣᠰ ᠪᠦᠳᠦᠮᠵᠢ ᠯᠠ ᠪᠣᠯᠣᠨ᠎ᠠ᠂ ᠢᠳᠡ ᠬᠦᠴᠦ ᠰᠠᠶᠢᠳᠠᠢ ᠡᠪᠡᠷ ᠨᠣᠮᠣ ᠰᠣᠮᠣ ᠶ᠋ᠢᠨ ᠲᠣᠰᠣᠯᠳᠠ ᠡᠭᠦᠪᠡᠷ ᠲᠣᠭᠳᠠᠬᠣ ᠦ᠋ᠭᠡᠢ ᠨᠢ ᠯᠠᠪᠳᠠᠢ ‍)᠃

ᠰᠤᠮᠤ ᠬᠢᠬᠦ ᠲᠤᠬᠠᠢ [ᠵᠠᠰᠠᠪᠤᠷᠢᠯᠠᠬᠤ | ᠺᠣᠳ᠋ ᠢᠶᠠᠷ ᠵᠠᠰᠠᠬᠣ]

U=827334856,10410538&fm=214&gp=0.jpg

ᠣᠯᠠᠮᠵᠢᠯᠠᠯᠳᠣ ᠡᠪᠡᠷ ᠨᠣᠮᠣ ᠰᠣᠮᠣ ᠶ᠋ᠢᠨ ᠬᠠᠷᠪᠣᠭ᠎᠎ᠠ ᠨᠠᠮᠨᠠᠭ᠎᠎ᠠ ᠨᠢ ᠡᠷ᠎ᠡ ᠴᠢᠳᠠᠯ ‍(‍ ᠣᠷ᠎ᠠ ᠳᠡᠮ ‍)‍ ᠪᠠ ᠡᠷᠡᠬᠡᠢ ᠮᠡᠷᠭᠡᠨ  ᠤ ᠣᠶᠠᠯᠳᠣᠯ ‍ᠤᠨ ᠳᠣᠳᠣᠭᠠᠳᠣ ᠪᠣᠳᠣᠯᠭ᠎᠎ᠠ ᠰᠡᠳᠬᠡᠮᠵᠢ ᠶ᠋ᠢᠨ ᠡᠵᠡᠮᠰᠢᠯᠠᠯ ᠵᠢᠯᠣᠭᠣᠳᠣᠯᠭ᠎᠎ᠠ ‍ᠢᠢᠨ ᠪᠦᠳᠦᠮᠵᠢ ᠪᠣᠯᠬᠣ ᠶᠣᠮ ‍᠃‍ ᠣᠯᠠᠮᠵᠢᠯᠠᠯᠳᠣ ᠡᠪᠡᠷ ᠨᠣᠮᠣ ᠳ᠋ᠤ ᠬᠡᠷᠡᠭᠰᠡᠬᠦ ᠰᠣᠮᠣ  ᠢ ᠮᠠᠨ  ᠤ ᠮᠣᠩᠭᠣᠯᠴᠣᠳ ᠶᠡᠷᠦᠩᠬᠡᠢ ᠳ᠋ᠡᠭᠡᠨ ᠣᠯᠠᠭᠠᠨ ᠬᠣᠰᠣ ᠮᠣᠳᠣ ᠪᠡᠷ ᠬᠢᠳᠡᠭ ‍᠃‍ ᠭᠡᠬᠦ ᠳ᠋ᠡᠭᠡᠨ ᠰᠣᠮᠣᠨ ᠮᠠᠲ᠋ᠸᠷᠢᠶᠠᠯ ᠳ᠋ᠤ ᠬᠡᠷᠡᠭᠰᠡᠬᠦ ᠣᠯᠠᠭᠠᠨ ᠬᠣᠰᠣ ᠮᠣᠳᠣᠨ  ᠤ ᠴᠢᠨᠠᠷ ᠪᠠ ᠡᠳᠰᠢᠭᠦᠯᠬᠦ ᠲᠠᠯ᠎ᠠ ᠶ᠋ᠢᠨ ᠱᠠᠭᠠᠷᠳᠠᠯᠭ᠎᠎ᠠ ᠲᠣᠩ ᠦ᠋ᠨᠳᠦᠷ ᠪᠠᠶᠢᠳᠠᠭ ‍᠃‍ ᠬᠠᠭᠣᠴᠢᠨ ᠭᠡᠷ ‍ᠤᠨ ᠬᠠᠭᠠᠯᠭ᠎᠎ᠠ ᠴᠣᠩᠬᠣ ‍᠂‍ ᠬᠠᠨᠵᠣᠨ ᠬᠠᠶᠠᠩ ‍(‍ ᠢᠷᠮᠡᠭ ‍)‍ ‍᠂‍ ᠨᠢᠷᠣᠭᠣ ᠲᠣᠯᠭᠠᠭᠣᠷᠢ ᠳ᠋ᠤ ᠬᠡᠷᠡᠭᠯᠡᠵᠦ ᠪᠠᠶᠢᠭᠰᠠᠨ ᠣᠯᠠᠭᠠᠨ ᠬᠣᠰᠣ ᠮᠣᠳᠣ ᠨᠢ ᠣᠳᠤᠭᠠᠨ ᠦ ᠠᠭᠣᠷ ᠣᠳᠣᠭ᠎᠎ᠠ ᠳ᠋ᠤ ᠴᠢᠯᠡᠭᠡ ᠨᠢ ᠭᠠᠷᠣᠭᠰᠠᠨ ᠲᠣᠯᠠ ᠭᠠᠵᠢᠵᠦ ᠢᠯᠵᠢᠷᠡᠭᠰᠡᠨ ᠦ᠋ᠭᠡᠢ ‍᠂‍ ᠭᠡᠰᠢᠭᠦᠦ ᠶᠠᠷ᠎ᠠ ᠦ᠋ᠬᠡᠢ ‍᠂‍ ᠬᠦᠷᠦᠯᠴᠡᠬᠦᠶᠢᠴᠡ ᠠᠰ ᠰᠢᠷᠬᠡᠭ ᠲᠠᠢ ᠬᠡᠰᠡᠭ ᠶ᠋ᠢ ᠨᠢ ᠰᠣᠩᠭᠣᠵᠣ ‍᠂‍ ᠰᠢᠭᠣᠳ ᠵᠦᠰᠦᠵᠦ ᠵᠠᠰᠠᠭᠠᠳ ᠯᠡ ᠰᠣᠮᠣ ᠪᠣᠯᠭᠠᠵᠣ ᠪᠣᠯᠳᠠᠭ ‍᠃‍ ᠴᠢᠯᠡᠭᠡ ᠨᠢ ᠭᠠᠷᠣᠭᠠᠳᠣᠢ ᠣᠯᠠᠭᠠᠨ ᠬᠣᠰᠣ ᠮᠣᠳᠣ ᠪᠡᠷ ᠰᠣᠮᠣ ᠬᠢᠬᠦ ᠭᠡᠪᠡᠯ ᠮᠣᠳᠣᠨ  ᠤ ‍ᠪᠠᠨ ᠶᠠᠷ᠎ᠠ ᠭᠡᠰᠢᠭᠦᠦ ᠦ᠋ᠭᠡᠢ ᠬᠦᠷᠦᠯᠴᠡᠬᠦᠶᠢᠴᠡ ᠦ᠋ᠨᠳᠦᠷ ᠠᠰ ᠰᠢᠷᠬᠡᠭ ᠲᠠᠢ ᠬᠡᠰᠡᠭ ᠶ᠋ᠢ ᠨᠢ ᠰᠣᠩᠭᠣᠵᠣ ‍᠂‍ ᠢᠮᠠᠬᠣ ᠬᠢᠷᠢ ᠳᠦᠷᠪᠡᠯᠵᠢᠯᠡᠨ ᠵᠦᠰᠦᠭᠡᠳ ‍(‍ ᠵᠠᠷᠢᠮ ᠨᠢ ᠣᠰᠣᠨ ᠳ᠋ᠤ 7‍―‍15 ᠡᠳᠣᠷ ᠳᠡᠪᠳᠣᠭᠡᠵᠦ ᠪᠠᠶᠢᠳᠠᠭ ‍)‍ ‍᠂‍ ᠲᠠᠬᠢᠨ ᠬᠣᠭᠣᠷᠣᠨᠳᠣ ᠨᠢ ᠲᠡᠩᠴᠡᠭᠦᠦ ᠵᠠᠶᠢᠲᠠᠢ ᠵᠠᠭᠠᠭ ᠭᠠᠷᠭᠠᠨ田 ᠦ᠋ᠰᠦᠭ ᠬᠡᠯᠪᠡᠷᠢᠲᠠᠢ ᠨᠡᠶᠢᠯᠡᠭᠦᠯᠵᠦ ᠪᠣᠭᠣᠭᠠᠳ ᠬᠣᠮᠣᠭ ‍ᠤᠨ ᠭᠠᠯ ‍ᠢᠶ᠋ᠠᠷ ᠬᠠᠭᠰᠠᠭᠠᠨ ᠬᠠᠳᠠᠭᠠᠵᠣ ᠡᠬᠡ ᠴᠢᠬᠢᠭ  ᠢ ᠨᠢ ᠭᠠᠷᠭᠠᠭᠠᠳ ᠰᠣᠮᠣ ᠬᠢᠳᠡᠭ ‍᠃‍ ᠢᠩᠬᠢᠵᠦ ᠡᠳᠰᠢᠭᠦᠯᠵᠦ ᠬᠢᠭᠰᠡᠨ ᠰᠣᠮᠣ ᠨᠢ ᠬᠢᠯᠪᠡᠷᠬᠠᠨ ᠮᠣᠷᠣᠶᠢᠵᠦ ᠬᠣᠭᠣᠷᠠᠬᠣ ᠦ᠋ᠭᠡᠢ ᠮᠦᠷᠳᠡᠭᠡᠨ ᠬᠦᠨᠳᠦ ᠨᠢ ᠬᠡᠵᠢᠶᠡᠳᠡ ᠲᠣᠭᠳᠠᠭᠣᠨ ᠪᠠᠶᠢᠳᠠᠭ ‍᠃‍ ᠰᠣᠮᠣᠨ ᠣᠨᠢ ᠶ᠋ᠢᠨ ᠶᠡᠬᠡ ᠪᠠᠭ᠎᠎ᠠ  ᠢ ᠨᠣᠮᠣᠨ ᠬᠦᠪᠴᠢ ᠶ᠋ᠢᠨ ᠶᠡᠬᠡ ᠪᠠᠭ᠎᠎ᠠ ᠳ᠋ᠤ ᠵᠣᠬᠢᠴᠠᠭᠣᠯᠣᠨ ᠭᠠᠷᠭᠠᠳᠠᠭ ᠪᠠ ᠣᠨᠢ ᠶ᠋ᠢᠨ ᠭᠦᠨ ᠨᠢ ᠨᠣᠮᠣᠨ ᠬᠦᠪᠴᠢ ᠶ᠋ᠢᠨ ᠳ᠋ᠢᠶᠠᠮᠸᠲ᠋ᠷ ‍ᠤᠨ ᠬᠣᠶᠡᠷ ᠳᠠᠬᠢᠨ ᠪᠣᠯ ᠬᠠᠮᠣᠭ ᠵᠣᠬᠢᠷᠠᠮᠵᠢᠳᠠᠢ ᠪᠠᠶᠢᠳᠠᠭ ‍᠃‍ ᠰᠣᠮᠣᠨ  ᠤ ᠦ᠋ᠳᠦ ᠪᠣᠯ ᠬᠠᠷᠪᠣᠭᠳᠠᠭᠰᠠᠨ ᠰᠣᠮᠣ ᠶ᠋ᠢᠨ ᠰᠢᠯᠤᠭᠣᠨ ᠱᠣᠭᠣᠮ ‍ᠢᠶ᠋ᠠᠷ ᠶᠠᠪᠣᠬᠣ  ᠢ ᠪᠠᠳᠣᠯᠠᠬᠣ ᠳᠠᠯᠠᠪᠴᠢ ᠮᠦᠨ ‍᠂‍ ᠬᠦᠪᠴᠢᠨ  ᠠᠴᠠ ᠰᠠᠯᠣᠭᠰᠠᠨ ᠰᠣᠮᠣ ᠨᠢ ᠦ᠋ᠪᠡᠷ ‍ᠤᠨ ᠡᠷᠬᠢᠯᠳᠡ ᠲᠠᠢ ᠨᠢᠰᠳᠡᠭ ᠡᠴᠠ ‍᠂‍ ᠰᠣᠮᠣᠨ  ᠤ ᠦ᠋ᠪᠡᠷ ‍ᠤᠨ ᠡᠷᠬᠢᠯᠳᠡ ᠳ᠋ᠣᠨᠢ ᠵᠣᠬᠢᠴᠠᠭᠣᠯᠬᠣ ᠪᠡᠷ ᠰᠣᠮᠣᠨ  ᠤ ᠦ᠋ᠳᠦ  ᠢ ᠰᠣᠮᠣᠨ  ᠤ ᠣᠨᠢ ᠶ᠋ᠢᠨ ᠬᠡᠰᠡᠭ ᠲᠤ ᠶᠡᠷᠦᠩᠬᠡᠢ ᠳ᠋ᠡᠭᠡᠨ ᠭᠣᠷᠪᠠ ᠪᠣᠶᠣ ᠳᠦᠷᠪᠡ ᠪᠠᠷ ᠵᠢᠭᠳᠡ ᠵᠠᠶᠢᠳᠠᠢ ᠵᠡᠷᠭᠡᠴᠡᠭᠦᠯᠦᠨ ᠨᠠᠭᠠᠳᠠᠭ ‍᠃‍ ᠮᠢᠬᠠᠴᠢᠨ ᠰᠢᠪᠠᠭᠣ  ᠤ ᠦ᠋ᠳᠦ ᠨᠢ ᠡᠯᠡᠭᠳᠡᠯ ᠳᠠᠭᠠᠬᠣ ᠪᠠ ᠬᠠᠷᠢᠮᠠᠬᠠᠢ ᠴᠢᠨᠠᠷ ‍ᠢᠶ᠋ᠠᠷ ᠴᠢᠩᠭ᠎᠎ᠠ ‍᠂‍ ᠬᠢᠯᠪᠠᠷᠬᠠᠨ ᠭᠣᠣᠷᠰᠣᠨ  ᠡᠴᠡ ᠪᠡᠨ ᠱᠠᠭᠠᠷᠠᠳᠠᠭ ᠡᠴᠠ ᠰᠣᠮᠣᠨ  ᠤ ᠦ᠋ᠳᠦ ᠬᠢᠬᠦ ᠬᠠᠮᠣᠭ ᠰᠠᠶᠢᠨ ᠣᠷᠭᠠᠨᠢᠭ ᠦ᠋ᠳᠦ ᠪᠣᠯᠣᠨ᠎ᠠ ‍᠃‍ ᠮᠣᠩᠭᠣᠯ ᠣᠯᠠᠮᠵᠢᠯᠠᠯᠳᠦ ᠡᠪᠡᠷ ᠨᠣᠮᠣ ᠰᠣᠮᠣ ᠶ᠋ᠢᠨ ᠭᠣᠳᠣᠯᠢ  ᠢ ᠶᠡᠷᠦᠩᠬᠡᠢ ᠳ᠋ᠡᠭᠡᠨ ᠦ᠋ᠬᠡᠷ ‍ᠤᠨ ᠡᠪᠡᠷ ‍᠂‍ ᠪᠣᠭᠣ ᠶ᠋ᠢᠨ ᠡᠪᠡᠷ ᠵᠡᠷᠭᠡ ᠶᠠᠰᠣᠯᠢᠭ ᠬᠠᠳᠠᠭᠣ ᠵᠣᠢᠯ ᠢᠢᠷ ᠬᠢᠳᠡᠭ ᠪᠠ ᠵᠠᠷᠢᠮ ᠨᠢ ᠶᠠᠰᠢᠯ ᠬᠠᠷᠭᠠᠨ᠎ᠠ ᠶ᠋ᠢᠨ ᠶᠠᠰᠣ ᠰᠠᠶᠢᠳᠠᠢ ᠣᠭ ᠬᠣᠵᠣᠣᠯ᠎ᠠ ᠪᠡᠷ ᠴᠦ ᠬᠢᠳᠡᠭ ‍᠃‍ ᠭᠣᠳᠣᠯᠢ  ᠢ ᠳᠠᠭᠣᠳᠣ ᠭᠣᠳᠣᠯᠢ ᠪᠠ ᠳᠦᠯᠡᠢ ᠭᠣᠳᠣᠯᠢ ᠭᠡᠵᠦ ᠬᠣᠶᠠᠷ ᠬᠣᠪᠢᠶᠠᠳᠠᠭ ‍᠃‍ ᠬᠦᠷᠦᠯᠴᠡᠬᠦᠶᠢᠴᠡ ᠴᠡᠭᠡᠯ ᠲᠠᠢ ᠳᠦᠯᠡᠢ ᠭᠣᠳᠣᠯᠢ ᠶ᠋ᠢᠨ ᠬᠡᠪᠡᠯᠢ ᠶ᠋ᠢᠨ ᠳᠣᠮᠳᠠ ᠬᠡᠰᠡᠭ  ᠢ ᠬᠦᠨᠳᠡᠶᠢᠯᠡᠵᠦ ‍᠂‍ ᠠᠷᠣ ᠬᠠᠴᠢᠷ ᠪᠠ ᠡᠮᠦᠨ᠎ᠡ ᠬᠠᠴᠢᠷ ‍ᠤᠨ ᠠᠭᠣᠯᠵᠠᠷ ‍ᠤᠨ ᠡᠮᠦᠨ᠎ᠡ ᠬᠡᠰᠡᠭ ᠲᠤ ᠡᠮᠦᠨᠡᠰᠢ ᠬᠡᠯᠪᠡᠶᠢᠭᠦᠦ ᠳᠦᠷᠪᠡᠨ ᠨᠦᠬᠡ ᠶ᠋ᠢ ᠲᠡᠩᠴᠡᠭᠦᠦ ᠵᠠᠶᠢᠳᠠᠢ ᠵᠡᠷᠭᠡᠴᠡᠭᠦᠯᠦᠨ ᠨᠦᠬᠡᠯᠡᠨ ᠭᠠᠷᠭᠠᠵᠦ ᠬᠡᠪᠡᠯᠢ ᠶ᠋ᠢᠨ ᠬᠦᠨᠳᠡᠢ ᠬᠡᠰᠡᠭ ᠲᠠᠢ ᠬᠣᠯᠪᠣᠪᠡᠯ ᠳᠦᠯᠡᠢ ᠭᠣᠳᠣᠯᠢ ᠨᠢ ᠲᠠᠭᠣᠳᠣ ᠭᠣᠳᠣᠯᠢ ᠪᠣᠯᠳᠠᠭ ‍᠃‍

ᠰᠠᠷᠡᠨ ᠫᠠᠢ[ᠵᠠᠰᠠᠪᠤᠷᠢᠯᠠᠬᠤ | ᠺᠣᠳ᠋ ᠢᠶᠠᠷ ᠵᠠᠰᠠᠬᠣ]

1387410438129.jpg

ᠣᠯᠠᠮᠵᠢᠯᠠᠯᠳᠣ ᠡᠪᠡᠷ ᠨᠣᠮᠣ ᠰᠣᠮᠣ ‍ᠢᠢᠨ ᠬᠠᠷᠪᠣᠯᠭ᠎᠎ᠠ ᠳ᠋ᠥ ᠰᠠᠷᠡᠨ ᠫᠠᠢ ᠬᠠᠷᠪᠣᠬᠣ᠂ ᠲᠦᠩᠪᠦ ᠬᠠᠷᠪᠣᠬ᠂ ᠰᠣᠷ ᠬᠠᠷᠪᠣᠬᠣ᠂ ᠭᠦᠶᠦᠭᠡ ᠴᠠᠭᠠᠷᠢᠭ ᠫᠠᠢ ᠬᠠᠷᠪᠣᠬᠣ᠂ ᠳᠡᠭᠦᠵᠢᠩ ᠫᠠᠢ ᠬᠠᠷᠪᠣᠬᠣ᠂ ᠵᠢᠷᠣᠭᠳᠣ ᠴᠠᠭᠠᠰᠣᠨ ᠫᠠᠢ ᠬᠠᠷᠪᠣᠬᠣ ᠮᠠᠳᠣ ᠶ᠋ᠢᠨ ᠣᠯᠠᠨ ᠶᠠᠩᠵᠦ ᠶ᠋ᠢᠨ ᠬᠠᠷᠪᠣᠭ᠎᠎ᠠ ᠪᠠᠶᠢᠳᠠᠭ᠃ ᠡᠭᠦᠨ ᠳ᠋ᠤ ᠰᠠᠷᠠᠨ ᠫᠠᠢ ᠶ᠋ᠢᠨ ᠬᠠᠷᠪᠣᠯᠭ᠎᠎ᠠ ᠨᠢ ᠦ᠋ᠨᠳᠦᠰᠦᠳᠡᠨ  ᠤ ᠣᠨᠴᠠᠯᠢᠭ ᠢᠯᠡ ᠲᠣᠳᠣ ᠣᠷᠳᠣ ᠣᠳᠠᠭᠠᠨ ᠲᠡᠣᠬᠡ ᠲᠠᠢ᠂ ᠬᠡᠪᠴᠢᠶ᠎ᠡ ᠪᠠ ᠣᠷᠣᠯᠴᠠᠬᠣ ᠬᠦᠮᠦᠨ  ᠤ ᠲᠣᠭ᠎᠎ᠠ ‍ᠪᠠᠷ ᠬᠠᠮᠣᠭ ᠦ᠋ᠨᠳᠦᠷ ᠪᠠᠶᠢᠳᠠᠭ ᠡᠴᠡ ᠣᠯᠠᠮᠵᠢᠯᠠᠯᠳᠣ ᠡᠪᠡᠷ ᠨᠣᠮᠣ ᠰᠣᠮᠣ ‍ᠢᠢᠨ ᠬᠠᠷᠪᠣᠯᠭ᠎᠎ᠠ ᠶ᠋ᠢᠨ ᠭᠣᠣᠯ ᠣᠷᠣᠰᠬᠠᠯ ᠪᠣᠯᠵᠦ ᠪᠣᠢ᠃

ᠰᠠᠷᠠᠨ ᠫᠠᠢ ᠢᠢᠨ ᠪᠦᠲᠦᠴᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠳᠣᠬᠠᠨ ᠳ᠋ᠠᠭᠠᠨ ᠣᠯᠠᠭᠠᠨᠬᠠᠳᠠ᠂ ᠰᠢᠯᠢ ᠶ᠋ᠢᠨ ᠭᠣᠣᠯ᠂ ᠬᠢᠩᠭᠠᠨ ᠠᠶᠢᠮᠠᠭ ‍ᠤᠨ ᠡᠯ᠎ᠡ ᠬᠣᠰᠢᠭᠣᠳ ᠪᠠ ᠬᠦᠯᠦᠨ ᠪᠣᠶᠢᠷ ‍᠂ ᠣᠷᠳᠣᠰ ‍ᠤᠨ ᠨᠡᠯᠢᠶᠡᠳ ᠣᠯᠠᠨ ᠭᠠᠵᠠᠷ ᠣᠷᠣᠨ ᠴᠦᠮ ᠰᠠᠷᠠᠨ ᠫᠠᠢ ᠶ᠋ᠢᠨ ᠬᠠᠷᠪᠣᠯᠭ᠎᠎ᠠ ᠦ᠋ᠷᠨᠢᠭᠦᠯᠵᠦ ᠪᠠᠶᠢᠳᠠᠭ᠃ ᠰᠠᠷᠡᠨ ᠫᠠᠢ ᠨᠢ ᠳᠣᠳᠣᠷ᠎ᠠ  ᠠᠴᠠ ᠭᠠᠳᠠᠭᠰᠢ ᠰᠣᠭᠰᠠᠷᠠᠭᠰᠠᠨ᠂ ᠠᠷᠠᠰᠣ ᠪᠡᠷ ᠢᠰᠡᠭᠡᠢ ᠶ᠋ᠢ ᠬᠠᠪᠴᠢᠵᠦ ᠣᠶᠣᠭᠰᠠᠨ ᠲᠠᠪᠣᠨ ᠦ᠋ᠩᠭᠡ ᠶ᠋ᠢᠨ ᠲᠠᠪᠣᠨ ᠴᠠᠭᠠᠷᠢᠭ ‍ᠢᠶ᠋ᠠᠷ ᠪᠦᠳᠦᠭᠡᠭᠳᠡᠵᠡᠢ᠃ ᠭᠡᠪᠡᠴᠦ ᠰᠠᠷᠠᠨ ᠫᠠᠢ ᠨᠢ ᠣᠯᠠᠨ ᠭᠠᠵᠠᠷ ᠲᠡᠷᠡᠴᠢᠯᠡᠨ ‍ᠪᠠᠭᠠᠷᠢᠨ ᠳ᠋ᠤ ᠴᠦ ᠡᠮᠦᠨᠡᠬᠡᠨ ᠪᠣᠯᠳᠠᠯ᠎ᠠ ᠭᠠᠳᠠᠷ ᠴᠠᠭᠠᠷᠢᠭ ‍ᠤᠨ ᠳ᠋ᠢᠶᠠᠮᠸᠲ᠋ᠷ ᠨᠢ 35cm ᠡᠴᠡ60 cm ‍ᠤᠨ ᠶᠡᠬᠡ ᠪᠠᠭ᠎᠎ᠠ ᠨᠢ ᠨᠢᠬᠡᠳᠣᠯᠳᠠᠢ ᠪᠢᠰᠢ ᠪᠠᠶᠢᠳᠠᠯ ᠨᠡᠶᠢᠳᠡᠮ ᠣᠷᠣᠰᠢᠵᠦ ᠪᠠᠶᠢᠭᠰᠠᠨ ᠰᠠᠨ᠃ 2010 ᠡᠤᠨ  ᠤ ᠡᠪᠣᠯ ‍᠂‍ ᠪᠠᠭᠠᠷᠢᠨ ᠪᠠᠷᠠᠭᠣᠨ ᠬᠣᠰᠢᠭᠣᠨ  ᠤ ᠣᠯᠠᠮᠵᠢᠯᠠᠯᠳᠣ ᠰᠣᠷ ᠬᠠᠷᠪᠣᠯᠳᠠ ᠶ᠋ᠢᠨ ᠨᠡᠶᠢᠭᠡᠮᠯᠢᠭ  ᠢ ᠪᠠᠶᠢᠭᠣᠯᠬᠣ ᠪᠡᠯᠡᠳᠭᠡᠯ ᠠᠵᠢᠯ ‍ᠤᠨ ᠳᠣᠮᠳᠠ᠂ ᠨᠢᠬᠡᠳᠣᠯᠳᠠᠢ ᠣᠳᠣᠷᠢᠳᠣᠯᠭ᠎᠎ᠠ ᠲᠠᠢ ᠣᠯᠠᠮᠵᠢᠯᠠᠯᠳᠣ ᠰᠣᠷ ᠬᠠᠷᠪᠣᠯᠳᠠ ᠶ᠋ᠢᠨ ᠨᠡᠶᠢᠭᠡᠮᠯᠢᠭ ᠳ᠋ᠤ ᠵᠠᠪᠠᠯ ᠨᠢᠬᠡᠳᠣᠯᠳᠠᠢ ᠲᠦᠷᠢᠮ ᠪᠠ ᠰᠣᠷ ᠬᠠᠷᠪᠣᠯᠳᠠ ᠶ᠋ᠢᠨ ᠨᠢᠭᠡᠳᠦᠭᠰᠡᠨ ᠪᠠᠭᠠᠵᠢ ᠬᠡᠷᠡᠭᠰᠡᠯ ᠪᠠᠶᠢᠬᠣ ᠴᠢᠬᠣᠯᠠᠳᠠᠢ ᠳ᠋ᠤ ᠴᠢᠭᠯᠡᠭᠦᠯᠠᠨ᠂ ᠣᠯᠣᠰ ‍ᠤᠨ ᠠᠪᠣᠷᠭᠣ ᠰᠣᠷᠴᠢᠨ ᠭᠠᠪᠢᠶᠠᠳᠦ ᠰᠣᠷᠭᠠᠭᠴᠢ ᠨᠣᠮᠣᠨᠷᠠᠰᠢ᠂ ᠬᠡᠴᠢᠶᠡᠯᠳᠣ᠂ ᠰᠣᠳᠨᠠᠮᠵᠠᠮᠰᠣ ᠨᠠᠷ ‍ᠤᠨ ᠣᠳᠠᠭᠠᠨ ᠵᠢᠯ ‍ᠤᠨ ᠬᠣᠷᠠᠮᠳᠣᠯᠭ᠎᠎ᠠ ᠲᠣᠷᠰᠢᠯᠭ᠎᠎ᠠ ‍ᠤᠨ ᠬᠠᠮᠳᠣ ᠶ᠋ᠢᠨ ᠰᠠᠨᠠᠯ ‍ᠤᠨ ᠶᠠᠷᠢᠶ᠎ᠠ ᠪᠡᠷ ᠰᠠᠭᠣᠷᠢ ᠪᠣᠯᠭᠠᠵᠦ᠂ ᠲᠣᠰ ᠬᠦᠮᠦᠨ ᠦ᠋ᠪᠡᠷ ‍ᠤᠨ ᠭᠣᠴᠢᠨ ᠬᠡᠳᠣᠨ ᠵᠢᠯ ‍ᠤᠨ ᠰᠣᠷ ᠬᠠᠷᠪᠣᠯᠳᠠ ᠶ᠋ᠢᠨ ᠦ᠋ᠩᠭᠡᠷᠡᠯᠳᠠ ᠲᠣᠷᠰᠢᠯᠭ᠎᠎ᠠ ‍ᠪᠠᠷ ᠡᠪᠡᠷ ᠨᠣᠮᠣ ‍ᠤᠨ ᠬᠦᠴᠦᠨ ᠵᠠᠢ ᠬᠢᠭᠡᠳ ᠣᠨᠣᠪᠴᠢ ᠶ᠋ᠢᠨ ᠬᠠᠷᠢᠴᠢᠯᠠᠯ᠂ ᠰᠣᠮᠣᠨ  ᠤ ᠳᠣᠰᠣᠯᠳᠠ ᠶ᠋ᠢᠨ ᠬᠦᠨᠳᠦ ᠬᠦᠩᠭᠡᠨ ᠵᠢᠴᠢ ᠣᠶᠢᠯᠠᠭᠠᠵᠦ ᠴᠡᠭᠡᠵᠢᠯᠡᠬᠦ ᠳ᠋ᠤ ᠳᠦᠭᠦᠮ ᠪᠣᠯᠭᠠᠵᠦ᠂《 ᠪᠠᠭᠠᠷᠢᠨ ᠪᠠᠷᠠᠭᠣᠨ ᠬᠣᠰᠢᠭᠣ  ᠤ ᠣᠯᠠᠮᠵᠢᠯᠠᠯᠳᠣ ᠰᠣᠷ ᠬᠠᠷᠪᠣᠯᠳᠠ ᠶ᠋ᠢᠨ ᠳᠦᠷᠢᠮ ‍》 ᠢ ᠠᠩᠬ᠎ᠠ ᠦ᠋ᠰᠦᠭ ᠪᠢᠴᠢᠭ ‍ᠢᠶ᠋ᠠᠷ ᠡᠮᠬᠢᠳᠭᠡᠨ ᠨᠠᠶᠢᠷᠠᠭᠣᠯᠬᠣ ᠳ᠋ᠠᠭᠠᠨ ‍《 ᠰᠠᠷᠠᠨ ᠫᠠᠢ ᠶ᠋ᠢᠨ ᠵᠣᠵᠠᠭᠠᠨ ᠨᠢ 1cm  ᠠᠴᠠ 2.5cm : ᠰᠠᠷᠠᠨ ᠫᠠᠢ ᠶ᠋ᠢᠨ ᠭᠣᠣᠯ ‍(‍ ᠲᠦᠪ ᠨᠢᠳᠣ ‍)‍ ‍ᠤᠨ ᠳ᠋ᠢᠶᠠᠮᠸᠲ᠋ᠷ ᠨᠢ 5cm: ᠬᠣᠶᠠᠳᠣᠭᠠᠷ ᠴᠠᠭᠠᠷᠢᠭ ‍ᠤᠨ ᠳ᠋ᠢᠶᠠᠮᠸᠲ᠋ᠷ ᠨᠢ 15 cm: ᠭᠣᠷᠪᠠᠳᠣᠭᠠᠷ ᠴᠠᠭᠠᠷᠢᠭ ‍ᠤᠨ ᠳ᠋ᠢᠶᠠᠮᠸᠲ᠋ᠷ ᠨᠢ 25cm : ᠳᠦᠷᠪᠡᠳᠦᠭᠡᠷ ᠴᠠᠭᠠᠷᠢᠭ ‍ᠤᠨ ᠳ᠋ᠢᠶᠠᠮᠸᠲ᠋ᠷ ᠨᠢ 35cm ‍: ᠬᠠᠮᠣᠭ ᠭᠠᠳᠠᠨᠠᠬᠢ ᠴᠠᠭᠠᠷᠢᠭ ‍ᠤᠨ ᠳ᠋ᠢᠶᠠᠮᠸᠲ᠋ᠷ ᠨᠢ 45cm ‍》 ᠭᠡᠵᠦ ᠲᠣᠭᠳᠠᠪᠦᠷᠢᠵᠢᠭᠣᠯᠣᠨ ᠲᠣᠭᠳᠠᠭᠠᠭᠰᠠᠨ ᠪᠠ ᠪᠦᠬᠦ ᠪᠠᠭᠠᠷᠢᠨ ᠰᠣᠷᠴᠢᠳ ‍ᠤᠨ ᠬᠠᠮᠳᠣ ᠶ᠋ᠢᠨ ᠦ᠋ᠨᠡᠯᠡᠯᠡᠳᠡ ᠪᠡᠷ ᠪᠠᠳᠣᠯᠠᠭᠳᠠᠭᠰᠠᠨ ᠡᠨᠡᠬᠦ ‍(‍ ᠰᠠᠷᠠᠨ ᠫᠠᠢ ᠶ᠋ᠢᠨ ‍)‍ ᠪᠠᠷᠢᠮᠵᠢᠶ᠎ᠠ ᠨᠢ ‍《 ᠪᠠᠭᠠᠷᠢᠨ ᠪᠠᠷᠠᠭᠣᠨ ᠬᠣᠰᠢᠭᠣ  ᠤ ᠣᠯᠠᠮᠵᠢᠯᠠᠯᠳᠣ ᠰᠣᠷ ᠬᠠᠷᠪᠣᠯᠳᠠ ᠶ᠋ᠢᠨ ᠳᠦᠷᠢᠮ ‍》 ᠶ᠋ᠢᠨ ᠬᠠᠮᠳᠣ ᠣᠯᠠᠭᠠᠨᠬᠠᠳᠠ ‍᠂‍ ᠰᠢᠯᠢ ᠶ᠋ᠢᠨ ᠭᠣᠣᠯ ‍᠂‍ ᠬᠢᠩᠭᠠᠨ ᠠᠶᠢᠮᠠᠭ ‍ᠤᠨ ᠡᠯ᠎ᠡ ᠬᠣᠰᠢᠭᠣᠳ ᠪᠠ ᠬᠦᠯᠦᠨ ᠪᠣᠶᠢᠷ ‍᠂‍ ᠣᠷᠳᠣᠰ ‍ᠤᠨ ᠨᠡᠯᠢᠶᠡᠳ ᠣᠯᠠᠨ ᠭᠠᠵᠠᠷ ᠣᠷᠣᠨ  ᠤ ᠰᠣᠷᠴᠢᠳ ‍ᠤᠨ ᠬᠠᠯᠠᠭᠣᠨ ᠬᠦᠷᠢᠶᠡᠯᠡᠯ ᠪᠠ ᠬᠠᠮᠳᠣ ᠶ᠋ᠢᠨ ᠦ᠋ᠨᠡᠯᠡᠯᠳᠡ  ᠢ ᠣᠯᠣᠭᠰᠠᠨ  ᠠᠴᠠ ᠪᠦᠬᠦ ᠦ᠋ᠪᠦᠷ ᠮᠣᠩᠭᠣᠯ ᠣᠷᠣᠨ  ᠤ ᠬᠠᠮᠳᠣ ᠶ᠋ᠢᠨ ᠪᠠᠷᠢᠮᠵᠢᠶᠠᠵᠢᠯ ᠪᠣᠯᠣᠭᠰᠠᠨ ᠪᠠᠶᠢᠨ᠎ᠠ ‍᠃‍ ᠣᠳᠣᠬᠠᠨ ᠳ᠋ᠠᠭᠠᠨ ᠲᠣᠰ ‍《 ᠳᠦᠷᠢᠮ ‍》 ᠪᠠ ‍《 ᠳᠦᠷᠢᠮ ‍》 ᠳᠣᠳᠣᠷᠠᠬᠢ ᠡᠨᠡᠬᠦ ᠰᠠᠷᠠᠨ ᠫᠠᠢ ᠶ᠋ᠢᠨ ᠪᠠᠷᠢᠮᠵᠢᠶᠠᠵᠢᠯ ᠨᠢ ᠣᠨᠴᠣᠭᠣᠢ ᠨᠢᠭᠡ ᠬᠣᠶᠠᠷ ᠭᠠᠵᠠᠷ  ᠢ ᠭᠠᠷᠭᠠᠪᠠᠯ ᠪᠦᠬᠦ ᠣᠷᠣᠨ  ᠤ ᠰᠣᠷᠴᠢᠳ ‍ᠤᠨ ᠬᠠᠮᠳᠣ ᠶ᠋ᠢᠨ ‍《 ᠳᠦᠷᠢᠮ ‍》 ᠪᠠ ᠰᠠᠷᠠᠨ ᠫᠠᠢ ᠶ᠋ᠢᠨ ᠪᠠᠷᠢᠮᠵᠢᠶᠠᠵᠢᠯ ᠪᠣᠯᠣᠭᠰᠠᠨ ‍ᠢᠶ᠋ᠠᠷ ᠪᠠᠷᠠᠬᠣ ᠦ᠋ᠭᠡᠢ ᠬᠦᠬᠡᠨᠠᠭᠣᠷ ‍᠂‍ ᠭᠠᠨᠰᠣ ‍᠂‍ ᠭᠢᠷᠢᠨ ‍᠂‍ ᠱᠠᠨᠳᠦᠢᠩ ‍᠂‍ ᠪᠡᠭᠡᠵᠢᠩ ‍᠂‍ ᠴᠦᠩᠴᠢᠩ ᠵᠡᠷᠭᠡ 16 ᠮᠣᠵᠢ ᠬᠣᠳᠠ ᠦ᠋ᠪᠡᠷᠳᠡᠭᠡᠨ ᠵᠠᠰᠠᠬᠣ ᠣᠷᠣᠨ  ᠤ ᠰᠣᠷᠴᠢᠨ  ᠤ ᠨᠡᠶᠢᠭᠡᠮᠯᠢᠭ ᠪᠠ ᠰᠣᠷᠴᠢᠳ ‍ᠤᠨ ᠦ᠋ᠨᠳᠦᠷ ᠦ᠋ᠨᠡᠯᠡᠯᠳᠡ  ᠢ ᠣᠯᠣᠭᠰᠠᠨ ᠪᠦᠭᠡᠳ ᠪᠦᠬᠦ ᠣᠯᠣᠰ ‍ᠤᠨ ᠦ᠋ᠨᠳᠦᠰᠦᠳᠡᠨ  ᠤ ᠣᠯᠠᠮᠵᠢᠯᠠᠯᠳᠣ ᠰᠣᠷ ᠬᠠᠷᠪᠣᠯᠳᠠ  ᠢ ᠬᠦᠭᠵᠢᠭᠦᠯᠬᠦ ᠵᠦᠪᠯᠡᠯ ‍ᠤᠨ ᠲᠦᠭᠡᠮᠵᠢᠯᠠᠭᠦᠯᠬᠦ ᠲᠦᠰᠦᠪ ᠲᠤ ᠣᠷᠣᠵᠡᠢ ‍᠃‍

ᠰᠠᠷᠠᠨ ᠫᠠᠢ ᠶ᠋ᠢᠨ ᠬᠠᠷᠪᠤᠬᠤ ᠳᠦᠷᠢᠮ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠠᠷᠠᠨ ᠫᠠᠢ ᠶ᠋ᠢᠨ ᠭᠣᠣᠯ ‍(‍ ᠲᠦᠪ ᠨᠢᠳᠦ ‍)‍  ᠢ ᠶᠡᠷᠦᠨᠢ ᠣᠯᠠᠭᠠᠨ ᠲᠣᠷᠭ᠎᠎ᠠ ᠪᠣᠶᠣ ᠣᠯᠠᠭᠠᠨ ᠪᠦᠰ ‍ᠢᠶ᠋ᠠᠷ ᠪᠠᠭᠯᠠᠵᠦ ᠰᠠᠴᠢᠭ ᠭᠠᠷᠭᠠᠨ ᠭᠣᠶᠣᠯᠠᠳᠠᠭ  ᠠᠴᠠ ᠰᠠᠷᠠᠨ ᠫᠠᠢ ᠶ᠋ᠢᠨ ᠣᠯᠠᠭᠠᠨ ᠭᠣᠣᠯ ᠭᠡᠵᠦ ᠪᠠᠰᠠ ᠬᠡᠯᠡᠳᠡᠭ ‍᠂‍ ᠬᠠᠷᠪᠣᠵᠦ ᠣᠨᠣᠭᠠᠪᠡᠯ ᠲᠠᠪᠣᠨ ᠬᠣᠪᠢ ᠲᠡᠮᠳᠡᠭᠯᠡᠳᠡᠭ ‍:‍ ᠲᠡᠭᠦᠨ  ᠠᠴᠠ ᠭᠠᠳᠠᠨᠠᠬᠢ ᠴᠠᠭᠠᠷᠢᠭ  ᠢ ᠨᠣᠭᠣᠭᠠᠨ ‍ᠢᠶ᠋ᠠᠷ ᠰᠢᠷᠳᠡᠳᠡᠭ ᠪᠠ ᠬᠠᠷᠪᠣᠵᠦ ᠣᠨᠣᠭᠠᠪᠡᠯ ᠳᠦᠷᠪᠡᠨ ᠬᠣᠪᠢ ᠲᠡᠮᠳᠡᠭᠯᠡᠳᠡᠭ ‍:‍ ᠲᠡᠭᠦᠨ  ᠠᠴᠠ ᠭᠠᠳᠠᠨᠠᠬᠢ ᠭᠣᠷᠪᠠᠳᠣᠭᠠᠷ ᠴᠠᠭᠠᠷᠢᠭ  ᠢ ᠰᠢᠷ᠎ᠠ ‍ᠪᠠᠷ ᠰᠢᠷᠳᠡᠳᠡᠭ ᠪᠠ ᠬᠠᠷᠪᠣᠵᠦ ᠣᠨᠣᠭᠠᠪᠡᠯ ᠭᠣᠷᠪᠡᠨ ᠬᠣᠪᠢ ᠲᠡᠮᠳᠡᠭᠯᠡᠨ᠎ᠡ ‍:‍ ᠳᠦᠷᠪᠡᠳᠦᠭᠡᠷ ᠴᠠᠭᠠᠷᠢᠭ  ᠢ ᠴᠡᠩᠬᠡᠷ ᠦ᠋ᠩᠭᠡ ᠪᠡᠷ ᠰᠢᠷᠳᠡᠵᠦ ‍᠂‍ ᠬᠠᠷᠪᠣᠵᠦ ᠣᠨᠣᠭᠠᠪᠡᠯ ᠬᠣᠶᠠᠷ ᠬᠣᠪᠢ ᠲᠡᠮᠳᠡᠭᠯᠡᠨ᠎ᠡ ‍:‍ ᠬᠠᠮᠣᠭ ᠭᠠᠳᠠᠨᠠᠬᠢ ᠴᠠᠭᠠᠷᠢᠭ  ᠢ ᠴᠠᠭᠠᠨ ᠦ᠋ᠩᠭᠡ ‍(‍ ᠬᠠᠷ᠎ᠠ ᠦ᠋ᠩᠭᠡ ᠨᠢ ᠨᠡᠩ ᠲᠣᠳᠣᠷᠬᠠᠢ ᠬᠠᠷᠠᠭᠳᠠᠳᠠᠭ ‍)‍ ᠪᠡᠷ ᠰᠢᠷᠳᠡᠨ ᠪᠣᠳᠣᠭᠯᠠᠵᠣ ‍᠂‍ ᠣᠨᠣᠭᠠᠪᠡᠯ ᠨᠢᠭᠡ ᠬᠣᠪᠢ ᠣᠯᠳᠠᠭ ‍᠃‍ ᠰᠠᠷᠠᠨ ᠫᠠᠢ ᠶ᠋ᠢᠨ ᠬᠠᠷᠪᠣᠯᠳᠠ ᠶ᠋ᠢᠨ ᠵᠠᠢ ᠶ᠋ᠢ ᠶᠡᠷᠦᠩᠬᠡᠢ ᠳ᠋ᠡᠭᠡᠨ 30 ᠮᠸᠲ᠋ᠷ ‍(‍ ᠪᠠᠭᠠᠴᠣᠳ ᠰᠣᠷᠴᠢᠨ 20 ᠮᠸᠲ᠋ᠷ ‍)‍ ‍ᠢᠶ᠋ᠠᠷ ᠬᠡᠮᠵᠢᠶᠡᠯᠡᠳᠡᠭ ‍᠂‍ ᠣᠨᠴᠣᠭᠣᠢ ᠨᠡᠮᠡᠯᠳᠡ ᠬᠠᠷᠪᠣᠭ᠎᠎ᠠ ᠶ᠋ᠢ ᠴᠦ ᠬᠠᠮᠣᠭ ᠬᠣᠯᠠ ᠳ᠋ᠠᠭᠠᠨ 70 ᠮᠸᠲ᠋ᠷ  ᠠᠴᠠ ᠬᠡᠳᠦᠷᠡᠭᠦᠯᠳᠡᠭ ᠦ᠋ᠭᠡᠢ ‍᠃‍ ᠣᠯᠠᠮᠵᠢᠯᠠᠯᠠᠳᠣ ᠵᠠᠩᠰᠢᠯ ‍ᠢᠶ᠋ᠠᠷ ᠪᠣᠯ ᠰᠠᠷᠠᠨ ᠫᠠᠢ ᠶ᠋ᠢ ᠪᠡᠬᠢᠯᠡᠨ ᠳᠣᠭᠳᠠᠭᠠᠬᠣ ᠳ᠋ᠤ ‍᠂‍ ᠳᠡᠭᠡᠷ᠎ᠡ ᠳᠣᠣᠷ᠎ᠡ ᠬᠣᠶᠠᠷ ᠱᠣᠭᠣᠮ ᠳᠡᠭᠡᠰᠣ ᠪᠡᠷ ᠰᠠᠷᠠᠨ ᠫᠠᠢ ᠶ᠋ᠢᠨ ᠬᠠᠮᠣᠭ ᠭᠠᠳᠠᠨᠠᠬᠢ ᠴᠠᠭᠠᠷᠢᠭ ‍ᠤᠨ ᠲᠦᠷᠪᠡᠨ ᠭᠣᠭᠴᠣᠭ᠎᠎ᠠ  ᠠᠴᠠ ‍(‍ ᠰᠠᠷᠠᠨ ᠫᠠᠢ ᠶ᠋ᠢᠨ ᠭᠣᠣᠯ  ᠢ ᠭᠠᠵᠠᠷ  ᠠᠴᠠ ᠳᠡᠭᠡᠭᠰᠢ 1.30 ᠮᠸᠲ᠋ᠷ ᠣᠷᠴᠢᠮ ‍ᠪᠠᠷ ‍)‍ ᠬᠣᠶᠠᠷ ᠲᠡᠰᠢ ᠲᠡᠯᠡᠵᠦ ᠣᠶᠠᠳᠠᠭ ‍᠃‍

ᠬᠠᠷᠪᠣᠭ᠎᠎ᠠ ᠪᠠ ᠨᠠᠮᠨᠠᠭ᠎᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

1378351376811.jpg

ᠰᠣᠷ ᠬᠠᠷᠪᠣᠯᠳᠠ  ᠢ ᠬᠠᠷᠪᠣᠭ᠎᠎ᠠ ᠪᠠ ᠨᠠᠮᠨᠠᠭ᠎᠎ᠠ ᠬᠡᠵᠦ ᠬᠣᠶᠡᠷ ᠲᠦᠷᠦᠯ ᠬᠣᠪᠢᠶᠠᠳᠠᠭ ‍᠂‍ ᠶᠠᠪᠠᠭᠠᠨ ᠬᠠᠷᠪᠣᠬᠣ ᠶ᠋ᠢ ᠬᠠᠷᠪᠣᠭ᠎᠎ᠠ ᠭᠡᠵᠦ ‍᠂‍ ᠮᠣᠷᠢᠨ ᠳᠡᠭᠡᠷ᠎ᠡ  ᠠᠴᠠ ᠬᠠᠷᠪᠣᠬᠣ ᠶ᠋ᠢ ᠨᠠᠮᠨᠠᠭ᠎᠎ᠠ ᠭᠡᠳᠡᠭ ‍᠃‍ ᠣᠳᠣᠬᠠᠨ ᠳ᠋ᠤ ᠪᠦᠬᠦ ᠳᠡᠯᠡᠬᠡᠢ ᠶ᠋ᠢᠨ ᠨᠣᠮᠣ ᠰᠣᠮᠣ ᠬᠠᠷᠪᠣᠯᠭ᠎᠎ᠠ ᠳ᠋ᠤ ‍᠂‍ ᠬᠠᠷᠪᠣᠬᠣ ᠬᠡᠯᠪᠡᠷᠢ ᠶ᠋ᠢᠨ ᠲᠠᠯ᠎ᠠ ᠪᠡᠷ ᠮᠣᠩᠭᠣᠯ ᠮᠠᠶᠶ᠋ᠭ ‍ᠤᠨ ᠬᠠᠷᠪᠣᠭ᠎᠎ᠠ ᠪᠠ ᠭᠠᠵᠠᠷ ‍ᠤᠨ ᠳᠣᠮᠳᠠᠳᠣ ᠲᠠᠩᠬᠢᠰ ᠮᠠᠶᠶ᠋ᠭ ‍ᠤᠨ ᠬᠠᠷᠪᠣᠭ᠎᠎ᠠ ᠭᠡᠵᠦ ᠬᠣᠶᠠᠷ ᠲᠦᠷᠦᠯ ᠯᠡ ᠪᠠᠶᠢᠳᠠᠭ ‍᠃‍

ᠬᠠᠷᠪᠤᠬᠤ ᠤᠷ ᠠ ᠳᠡᠮ[ᠵᠠᠰᠠᠪᠤᠷᠢᠯᠠᠬᠤ | ᠺᠣᠳ᠋ ᠢᠶᠠᠷ ᠵᠠᠰᠠᠬᠣ]

Be724eec08fa513daed7d3bf3e6d55fbb3fbd954.jpg
3fc5bd43fbf2b211282e3a2fc98065380dd78e49.jpg

ᠡᠷᠡᠬᠡᠢ ᠬᠣᠷᠣᠭᠣ ᠪᠠ ᠳᠣᠯᠣᠪᠣᠷ ᠬᠣᠷᠣᠭᠣ ᠪᠠᠷ ᠨᠣᠮᠣᠨ ᠬᠦᠪᠴᠢ ᠪᠡᠨ ᠴᠢᠮᠬᠢᠨ ᠳᠡᠯᠡᠵᠦ ᠬᠠᠷᠪᠣᠬᠣ ᠠᠷᠭ᠎᠎ᠠ ᠶ᠋ᠢ ᠮᠣᠩᠭᠣᠯ ᠮᠠᠶᠶ᠋ᠭ ‍ᠤᠨ ᠬᠠᠷᠪᠣᠭ᠎᠎ᠠ ᠭᠡᠵᠦ ‍᠂‍ ᠳᠣᠯᠣᠪᠣᠷ ᠳᠣᠮᠳᠠ ᠢᠳᠠᠮ ᠭᠣᠷᠪᠡᠨ ᠬᠣᠷᠣᠭᠣ ᠪᠡᠷ ᠨᠣᠮᠣᠨ ᠬᠦᠪᠴᠢ ᠪᠡᠨ ᠭᠣᠬᠢᠳᠠᠨ ᠳᠡᠯᠡᠵᠦ ᠬᠠᠷᠪᠣᠬᠣ ᠠᠷᠭ᠎᠎ᠠ ᠶ᠋ᠢ ᠭᠠᠵᠠᠷ ‍ᠤᠨ ᠳᠣᠮᠳᠠᠳᠣ ᠲᠠᠩᠬᠢᠰ ᠮᠠᠶᠶ᠋ᠭ ‍ᠤᠨ ᠬᠠᠷᠪᠣᠭ᠎᠎ᠠ ᠭᠡᠳᠡᠭ ‍᠃‍ ᠨᠠᠮᠨᠠᠭ᠎᠎ᠠ ᠶ᠋ᠢ ᠵᠦᠪᠬᠡᠨ ᠮᠣᠩᠭᠣᠯ ᠮᠠᠶᠶ᠋ᠭ ‍ᠤᠨ ᠬᠠᠷᠪᠣᠭ᠎᠎ᠠ ᠯᠡ ᠭᠦᠢᠴᠡᠳᠭᠡᠵᠦ ᠳᠡᠶᠢᠯᠳᠡᠭ ‍᠃‍ ᠮᠣᠩᠭᠣᠯ ᠮᠠᠶᠶ᠋ᠭ ‍ᠤᠨ ᠬᠠᠷᠪᠣᠭ᠎᠎ᠠ ᠨᠢ ᠡᠷᠡᠬᠡᠶᠢᠪᠴᠢ ᠵᠡᠭᠦᠵᠦ ᠡᠷᠡᠬᠡᠢ ᠬᠣᠷᠣᠭᠣ ᠪᠡᠨ ᠬᠠᠮᠠᠭᠠᠯᠠᠳᠠᠭ ᠪᠠ ᠭᠠᠵᠠᠷ ‍ᠤᠨ ᠳᠣᠮᠳᠠᠳᠣ ᠲᠠᠩᠬᠢᠰ ᠮᠠᠶᠶ᠋ᠭ ‍ᠤᠨ ᠬᠠᠷᠪᠣᠭ᠎᠎ᠠ ᠨᠢ ᠳᠣᠯᠣᠪᠣᠷᠢ ᠳᠣᠮᠳᠠ ᠢᠳᠠᠮ ᠭᠣᠷᠪᠡᠨ ᠬᠣᠷᠣᠭᠣ ᠳ᠋ᠠᠭᠠᠨ ᠠᠷᠠᠰᠣᠨ ‍(‍ ᠪᠣᠶᠣ ᠣᠶᠢᠷᠠᠯᠴᠠᠭ᠎᠎ᠠ ᠮᠠᠲ᠋ᠸᠷᠢᠶᠠᠯ ‍ᠤᠨ ‍)‍ ᠬᠣᠷᠣᠭᠣᠪᠴᠢ ᠵᠠᠭᠦᠬᠦ ᠪᠣᠶᠣ ᠠᠷᠠᠰᠣᠨ ᠠᠯᠭᠠᠪᠴᠢ ᠵᠠᠭᠦᠵᠦ ᠳᠣᠯᠣᠪᠣᠷ ᠳᠣᠮᠳᠠ ᠢᠳᠠᠮ ᠭᠣᠷᠪᠡᠨ ᠬᠣᠷᠣᠭᠣ ᠪᠡᠨ ᠬᠠᠮᠠᠭᠠᠯᠠᠳᠠᠭ ‍᠃‍

ᠢᠷᠡᠯᠲᠡ[ᠵᠠᠰᠠᠪᠤᠷᠢᠯᠠᠬᠤ | ᠺᠣᠳ᠋ ᠢᠶᠠᠷ ᠵᠠᠰᠠᠬᠣ]

《ᠬᠣᠯᠪᠤᠭ᠎ᠠ》ᠰᠦᠯᠵᠢᠶ ᠡ ᠳ᠋ᠡᠬᠢ ᠪᠦᠷᠢᠨᠪᠠᠲᠤ ᠭᠤᠸᠠᠢ ᠢᠢᠨ ᠪᠦᠷᠭᠡ᠄ http://www.holvoo.net/article/articleView.do?id=139d5e3d-5c6d-434f-ba4c-1264b1fcbf4a

ᠪᠢᠴᠢᠭᠡᠰᠦ