ᠣᠯᠠᠬᠠᠨ ᠨᠤᠭᠤᠳ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠣᠯᠬᠠᠩ ᠳᠤ, ᠣᠯᠠᠬᠠᠨ ᠨᠤᠭᠤᠳ, ᠣᠯᠬᠠᠩ ᠳᠤ ᠪᠤᠶᠤ ᠣᠯᠭᠤᠨ ᠨᠤᠭᠤᠳ, ᠣᠯᠭᠤᠨ (ᠮᠣᠩᠭᠣᠯ ᠪᠢᠴᠢᠭ ᠢᠶᠡᠷ:Olkhunut.pngᠣᠯᠬᠣᠨᠣᠳ) ᠨᠢ ᠮᠣᠩᠭᠣᠯ ᠍ ᠍ ᠍ ᠤᠨ ᠲᠡᠦᠬᠡᠨ ᠣᠪᠤᠭ ᠠᠶᠢᠮᠠᠭ ᠤᠳ ᠤᠨ ᠨᠢᠭᠡ ᠶᠠᠭᠤᠮ᠎ᠠ᠃ ᠤᠭ ᠣᠪᠤᠭ ᠨᠢ ᠳᠣᠲᠣᠷ᠎ᠠ ᠪᠠᠨ ᠠᠯᠠᠭ ᠠᠳᠤᠭᠤ ᠳᠤ᠂ ᠰᠢᠷ᠎ᠠ ᠬᠣᠨᠢ ᠳᠤ᠂ ᠤᠯᠠᠭᠠᠨ ᠵᠠᠯᠠᠭᠠᠲᠤ ᠭᠡᠰᠡᠨ ᠭᠤᠷᠪᠠᠨ ᠣᠯᠠᠬᠠᠨ ᠨᠤᠭᠤᠳ ᠪᠠᠶᠢᠳᠠᠭ ᠭᠡᠵᠦ ᠳᠤᠷᠠᠳᠤᠭᠳᠠᠵᠠᠢ᠃ ᠣᠯᠠᠬᠠᠨ ᠨᠤᠭᠤᠳ ᠨᠡᠷᠡ ᠨᠢ ᠡᠷᠲᠡᠨ ᠦ ᠨᠠᠩᠭᠢᠶᠠᠳ ᠤᠨ ᠳᠤᠷᠠᠰᠬᠠᠯ ᠳᠤ ᠲᠡᠮᠳᠡᠭᠯᠡᠭᠳᠡᠭᠰᠡᠨ ᠦᠯᠡᠳᠡᠭᠰᠡᠨ ᠡᠷᠲᠡᠨ ᠦ ᠮᠣᠩᠭᠣᠯ ᠣᠪᠤᠭ ᠤᠨ ᠨᠢᠭᠡ ᠶᠠᠭᠤᠮ᠎ᠠ᠃ ᠠᠷᠪᠠᠨ ᠭᠤᠷᠪᠠᠳᠤᠭᠠᠷ ᠵᠠᠭᠤᠨ ᠤ ᠦᠶ᠎ᠡ ᠳᠦ ᠪᠣᠷᠵᠢᠭᠢᠨ ᠣᠪᠤᠭ ᠲᠠᠢ ᠬᠤᠳᠠ ᠤᠷᠤᠭ ᠪᠣᠯᠤᠯᠴᠠᠭᠰᠠᠨ ᠪᠠᠶᠢᠳᠠᠭ ᠪᠥᠭᠡᠳ ᠶᠡᠰᠦᠭᠡᠢ ᠪᠠᠭᠠᠲᠤᠷ ᠤᠨ ᠳᠥᠷᠪᠡᠨ ᠬᠦᠦ ᠲᠡᠮᠦᠵᠢᠨ᠂ ᠬᠠᠰᠠᠷ᠂ ᠬᠠᠴᠢᠭᠤᠨ᠂ ᠲᠡᠮᠦᠭᠡ᠂ ᠨᠢᠭᠡ ᠥᠬᠢᠨ ᠲᠡᠮᠦᠯᠦᠨ ᠨᠠᠷ ᠤᠨ ᠡᠬᠡ ᠥᠭᠡᠯᠦᠨ ᠨᠢ ᠣᠯᠠᠬᠠᠨ ᠨᠤᠭᠤᠳ ᠣᠪᠣᠭᠲᠠᠨ ᠪᠣᠯᠤᠨ᠎ᠠ᠃ ᠣᠯᠠᠬᠠᠨ ᠨᠤᠭᠤᠳ ᠣᠪᠤᠭ ᠨᠢ ᠮᠣᠩᠭᠣᠯ ᠤᠯᠤᠰ ᠍ ᠍ ᠍ ᠤᠨ (ᠬᠣᠪᠳᠣᠭᠣᠪᠢ-ᠠᠯᠲᠠᠢᠵᠠᠪᠬᠠᠨᠠᠷᠤᠬᠠᠩᠭᠠᠢᠬᠥᠪᠰᠥᠭᠥᠯ ᠭᠡᠬᠦ ᠮᠡᠲᠦ) 9 ᠠᠶᠢᠮᠠᠭ ᠤᠨ 23 ᠰᠤᠮᠤ ᠳᠤ ᠪᠤᠢ ᠬᠡᠮᠡᠵᠡᠢ᠃

ᠨᠣᠮ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠮᠣᠩᠭᠣᠯ ᠤᠨ ᠨᠢᠭᠤᠴᠠ ᠲᠣᠪᠴᠢᠶ᠎ᠠ
  • ᠮᠣᠩᠭᠣᠯ ᠤᠨ ᠨᠡᠪᠲᠡᠷᠬᠡᠢ ᠲᠣᠯᠢ, ᠮᠣᠩᠭᠣᠯ ᠤᠯᠤᠰ ᠤᠨ ᠰᠢᠨᠵᠢᠯᠡᠬᠦ ᠤᠬᠠᠭᠠᠨ ᠤ ᠠᠺᠠᠳᠧᠮᠢ 2000 ᠣᠨ
  • ᠰᠤᠲᠠᠢ ᠶᠢᠨ ᠣᠯᠠᠬᠠᠨ ᠨᠤᠭᠤᠳ, 2008 ᠣᠨ

ᠪᠢᠴᠢᠭᠡᠰᠦ