ᠣᠯᠠᠨ ᠤᠯᠤᠰ ᠤᠨ ᠹᠢᠽᠢᠺ ᠦᠨ ᠣᠯᠢᠮᠫᠢᠶᠠᠳ᠋

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠣᠯᠠᠨ ᠤᠯᠤᠰ ᠤᠨ ᠹᠢᠽᠢᠺ ᠦᠨ ᠣᠯᠢᠮᠫᠢᠶᠠᠳ᠋ (ОУФО) ᠨᠢ ᠠᠬᠠᠯᠠᠬᠤ ᠠᠩᠬᠢ ᠶᠢᠨ ᠰᠤᠷᠤᠭᠴᠢᠳ ᠤᠨ ᠳᠤᠮᠳᠠ ᠵᠢᠯ ᠪᠦᠷᠢ ᠵᠣᠬᠢᠶᠠᠭᠳᠠᠳᠠᠭ ᠹᠢᠽᠢᠺ ᠦᠨ ᠲᠡᠮᠡᠴᠡᠭᠡᠨ ᠶᠤᠮ᠃ ᠡᠨᠡ ᠨᠢ ᠣᠯᠠᠨ ᠤᠯᠤᠰ ᠤᠨ ᠰᠢᠨᠵᠢᠯᠡᠬᠦ ᠤᠬᠠᠭᠠᠨ ᠤ ᠣᠯᠢᠮᠫᠢᠶᠠᠳ᠋ ᠍ ᠤᠳ ᠤᠨ ᠨᠢᠭᠡ ᠳᠦ ᠣᠷᠣᠳᠠᠭ᠃ ᠬᠠᠮᠤᠭ ᠤᠨ ᠠᠩᠬᠠᠨ ᠤ ОУФО ᠨᠢ 1967 ᠣᠨ ᠳᠤ ᠫᠣᠯᠢᠰᠢ ᠤᠯᠤᠰ ᠤᠨ ᠸᠠᠷᠰᠢᠪ ᠬᠣᠳᠠ ᠳᠤ ᠵᠣᠬᠢᠶᠠᠭᠳᠠᠵᠤ ᠪᠠᠶᠢᠭᠰᠠᠨ᠃

ᠣᠷᠣᠨ ᠪᠦᠷᠢ ᠡᠴᠡ ᠤᠷᠤᠯᠴᠠᠬᠤ ᠪᠠᠭ ᠨᠢ ᠦᠨᠳᠦᠰᠦᠨ ᠦ ᠬᠡᠮᠵᠢᠶᠡᠨ ᠳᠦ ᠰᠢᠯᠭᠠᠷᠠᠭᠰᠠᠨ ᠲᠠᠪᠤᠨ ᠰᠤᠷᠤᠭᠴᠢ (ᠣᠷᠣᠯᠴᠠᠭᠴᠢ) ᠪᠣᠯᠤᠨ ᠪᠠᠭ ᠤᠨ ᠬᠣᠶᠠᠷ ᠤᠳᠤᠷᠢᠳᠤᠭᠴᠢ ᠠᠴᠠ ᠪᠥᠷᠢᠳᠦᠨ᠎ᠡ᠃ ᠮᠥᠨ ᠠᠵᠢᠭᠡᠯᠡᠭᠴᠢ ᠳᠠᠭᠠᠯᠳᠤᠨ ᠶᠠᠪᠤᠬᠤ ᠪᠣᠯᠤᠮᠵᠢ ᠲᠠᠢ᠃ ᠰᠤᠷᠤᠭᠴᠢᠳ ᠣᠨᠣᠯ ᠤᠨ ᠪᠣᠯᠤᠨ ᠲᠤᠷᠰᠢᠯᠭ᠎ᠠ ᠶᠢᠨ ᠪᠣᠳᠣᠯᠭ᠎ᠠ ᠨᠤᠭᠤᠳ ᠢ ᠪᠣᠳᠣᠬᠤ ᠪᠥᠭᠡᠳ ᠪᠡᠶ᠎ᠡ ᠳᠠᠩ ᠥᠷᠢᠰᠦᠯᠳᠦᠨ᠎ᠡ᠃ ᠰᠤᠷᠤᠭᠴᠢᠳ ᠤᠨ ᠠᠮᠵᠢᠯᠲᠠ ᠶᠢ ᠠᠯᠲᠠ᠂ ᠮᠥᠩᠭᠥ᠂ ᠬᠦᠷᠡᠯ ᠮᠧᠳᠠᠯ ᠪᠣᠯᠤᠨ ᠱᠠᠩᠨᠠᠯ ᠳᠤ ᠪᠠᠶᠢᠷᠢ ᠪᠠᠷ ᠤᠷᠮᠠᠰᠢᠭᠤᠯᠳᠠᠭ᠃

ᠣᠯᠢᠮᠫᠢᠶᠠᠳ᠋ ᠍ ᠤᠨ ᠣᠨᠣᠯ ᠤᠨ ᠬᠡᠰᠡᠭ ᠨᠢ 3 ᠪᠣᠳᠣᠯᠭ᠎ᠠ ᠠᠴᠠ ᠪᠥᠷᠢᠳᠬᠦ ᠪᠥᠭᠡᠳ 5 ᠴᠠᠭ ᠤᠨ ᠬᠤᠭᠤᠴᠠᠭᠠᠨ ᠳᠤ ᠪᠣᠳᠣᠬᠤ ᠶᠣᠰᠣᠲᠠᠢ᠃ ᠡᠨᠡ ᠲᠥᠷᠥᠯ ᠦᠨ ᠪᠣᠳᠣᠯᠭ᠎ᠠ ᠨᠢ ᠶᠡᠬᠡᠪᠴᠢᠯᠡᠨ ᠬᠣᠶᠠᠷ ᠪᠣᠯᠤᠨ ᠲᠡᠭᠦᠨ ᠡᠴᠡ ᠳᠡᠭᠡᠭᠰᠢ ᠬᠡᠰᠡᠭ ᠦᠳ ᠡᠴᠡ ᠪᠦᠷᠢᠳᠳᠡᠭ᠃ ᠬᠠᠷᠢᠨ ᠲᠤᠷᠰᠢᠯᠭ᠎ᠠ ᠶᠢᠨ ᠠᠵᠢᠯ ᠨᠢ ᠨᠢᠭᠡ ᠶᠠᠭᠤᠮᠤ ᠬᠣᠶᠠᠷ ᠠᠵᠢᠯ ᠠᠴᠠ ᠪᠦᠷᠢᠳᠳᠡᠭ ᠪᠥᠭᠡᠳ ᠡᠭᠦᠨ ᠳᠦ ᠮᠥᠨ 5 ᠴᠠᠭ ᠤᠨ ᠬᠤᠭᠤᠴᠠᠭ᠎ᠠ ᠥᠭᠳᠡᠭ᠃

39 ᠍ ᠳᠦᠭᠡᠷ ОУФО ᠨᠢ 2008 ᠣᠨ ᠤ 7 ᠍ ᠳᠦᠭᠡᠷ ᠰᠠᠷ᠎ᠠ ᠶᠢᠨ 20-29 ᠍ ᠳᠦ ᠸᠢᠶᠧᠲ᠋ᠨᠠᠮ ᠍ ᠤᠨ ᠬᠠᠨᠨᠠᠢ ᠬᠣᠳᠠ ᠳᠤ ᠪᠣᠯᠤᠭᠰᠠᠨ᠂ ᠮᠥᠨ 40 ᠍ ᠳᠦᠭᠡᠷ ᠣᠯᠢᠮᠫᠢᠶᠠᠳ᠋ ᠨᠢ ᠮᠸᠺᠰᠢᠺᠣ ᠤᠯᠤᠰ ᠤᠨ ᠮᠧᠷᠢᠳᠠ ᠳᠤ 2009 ᠣᠨ ᠤ 7 ᠍ ᠳᠦᠭᠡᠷ ᠰᠠᠷ᠎ᠠ ᠶᠢᠨ 11-19 ᠍ ᠤ ᠬᠣᠭᠣᠷᠣᠨᠳᠣ ᠪᠣᠯᠤᠭᠰᠠᠨ ᠪᠠᠶᠢᠨ᠎ᠠ᠃ ᠣᠯᠠᠨ ᠤᠯᠤᠰ ᠤᠨ ᠹᠢᠽᠢᠺ ᠦᠨ 41 ᠍ ᠳᠦᠭᠡᠷ ᠣᠯᠢᠮᠫᠢᠶᠠᠳ᠋ 2010 ᠣᠨ ᠤ 7 ᠍ ᠳᠦᠭᠡᠷ ᠰᠠᠷ᠎ᠠ ᠶᠢᠨ 17-25 ᠍ ᠤ ᠬᠣᠭᠣᠷᠣᠨᠳᠣ ᠺᠦᠷᠦᠠᠴᠢᠶ ᠠ ᠤᠯᠤᠰ ᠤᠨ ᠵᠠᠭᠷᠧᠪ ᠬᠣᠳᠠ ᠳᠤ ᠵᠣᠬᠢᠶᠠᠭᠳᠠᠭᠰᠠᠨ᠃ ᠬᠠᠮᠤᠭ ᠤᠨ ᠰᠡᠭᠦᠯ ᠳᠦ 2011 ᠣᠨ ᠳᠤ 42 ᠍ ᠳᠦᠭᠡᠷ ОУФО ᠨᠢ ᠲᠠᠶᠢᠯᠠᠨᠳ᠋ ᠤᠯᠤᠰ ᠤᠨ ᠪᠠᠩᠺᠦᠪ ᠬᠣᠳᠠ ᠳᠤ 7 ᠍ ᠳᠦᠭᠡᠷ ᠰᠠᠷ᠎ᠠ ᠶᠢᠨ 10-18 ᠍ ᠤ ᠬᠣᠭᠣᠷᠣᠨᠳᠣ ᠵᠣᠬᠢᠶᠠᠨ ᠪᠠᠶᠢᠭᠤᠯᠤᠭᠳᠠᠯ᠎ᠠ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠩᠬᠠᠨ ᠤ ОУФО ᠍ ᠢ ᠵᠣᠬᠢᠶᠠᠨ ᠪᠠᠶᠢᠭᠤᠯᠬᠤ ᠠᠴᠠ ᠬᠡᠳᠦᠨ ᠰᠠᠷ᠎ᠠ ᠶᠢᠨ ᠡᠮᠦᠨ᠎ᠡ ᠣᠯᠢᠮᠫᠢᠶᠠᠳ᠋ ᠍ ᠲᠤ ᠤᠷᠤᠯᠴᠠᠬᠤ ᠤᠷᠢᠯᠭ᠎ᠠ ᠶᠢ ᠲᠥᠪ ᠧᠦ᠋ᠷᠣᠫᠠ ᠶᠢᠨ ᠣᠷᠣᠨ ᠨᠤᠭᠤᠳ ᠤᠨ ᠬᠡᠮᠵᠢᠶᠡᠨ ᠳᠦ ᠬᠦᠷᠭᠡᠭᠦᠯᠪᠡ᠃ ᠤᠷᠢᠯᠭ᠎ᠠ ᠶᠢ ᠵᠥᠪᠬᠡᠨ ᠪᠣᠯᠭᠠᠷᠢᠶ᠎ᠠᠴᠧᠬᠣᠰᠯᠣᠸᠠᠺᠬᠠᠩᠭᠠᠷᠢᠷᠤᠮᠠᠨᠢᠶ ᠠ ᠵᠡᠷᠭᠡ ᠤᠯᠤᠰ ᠤᠳ ᠬᠦᠯᠢᠶᠡᠨ ᠠᠪᠴᠤ ᠵᠣᠬᠢᠶᠠᠨ ᠪᠠᠶᠢᠭᠤᠯᠤᠭᠴᠢ ᠣᠷᠣᠨ ᠫᠣᠯᠢᠰᠢᠲᠣᠢ ᠨᠡᠶᠢᠯᠡᠭᠡᠳ ᠲᠠᠪᠤᠨ ᠣᠷᠣᠨ ᠣᠷᠣᠯᠴᠠᠬᠤ ᠪᠠᠷ ᠪᠣᠯᠤᠭᠰᠠᠨ᠃ ᠪᠠᠭ ᠪᠦᠷᠢ ᠨᠢ ᠪᠠᠭ ᠤᠨ ᠨᠢᠭᠡ ᠠᠬᠠᠯᠠᠭᠴᠢ᠂ ᠳᠤᠮᠳᠠ ᠰᠤᠷᠭᠠᠭᠤᠯᠢ ᠶᠢᠨ ᠭᠤᠷᠪᠠᠨ ᠰᠤᠷᠤᠭᠴᠢ ᠠᠴᠠ ᠪᠥᠷᠢᠳᠴᠦ ᠪᠠᠶᠢᠪᠠ᠃ ᠠᠩᠬᠠᠨ ᠤ ОУФО ᠍ ᠳᠦ ᠣᠨᠣᠯ ᠤᠨ 4 ᠪᠣᠳᠣᠯᠭ᠎ᠠ᠂ ᠲᠤᠷᠰᠢᠯᠭ᠎ᠠ ᠶᠢᠨ ᠨᠢᠭᠡ ᠠᠵᠢᠯ ᠢ ᠰᠤᠷᠤᠭᠴᠢᠳ ᠪᠣᠳᠣᠬᠤ ᠶᠣᠰᠣᠲᠠᠢ ᠪᠠᠶᠢᠯ᠎ᠠ᠃

ᠬᠣᠶᠠᠷ ᠳ᠋ᠤᠭᠠᠷ ᠣᠯᠢᠮᠫᠢᠶᠠᠳ᠋ ᠍ ᠢ 1968 ᠣᠨ ᠳᠤ ᠫᠷᠣᠹ᠃ ᠷᠧᠽᠰᠣ ᠺᠦᠶᠢᠨᠹᠠᠯᠪᠢ ᠬᠠᠩᠭᠠᠷᠢ ᠤᠯᠤᠰ ᠤᠨ ᠪᠤᠲᠠᠫᠧᠱᠲ ᠬᠣᠳᠠ ᠳᠤ ᠵᠣᠬᠢᠶᠠᠨ ᠪᠠᠶᠢᠭᠤᠯᠪᠠ᠃ ᠡᠨᠡ ᠲᠡᠮᠡᠴᠡᠭᠡᠨ ᠳᠦ ᠨᠡᠶᠢᠲᠡ ᠨᠠᠶᠢᠮᠠᠨ ᠣᠷᠣᠨ ᠣᠷᠣᠯᠴᠠᠭᠰᠠᠨ᠃ ᠠᠷᠠᠳᠴᠢᠯᠠᠭᠰᠠᠨ ᠭᠧᠷᠮᠠᠨ ᠤᠯᠤᠰᠵᠥᠪᠯᠡᠯᠲᠦ ᠰᠣᠴᠢᠶᠠᠯᠢᠰᠲᠤ ᠪᠦᠭᠦᠳᠡ ᠨᠠᠶᠢᠷᠠᠮᠳᠠᠬᠤ ᠬᠣᠯᠪᠣᠭᠠᠲᠤ ᠤᠯᠤᠰ ᠪᠣᠯᠤᠨ ᠶᠣᠭᠣᠰᠯᠠᠪ ᠵᠡᠷᠭᠡ ᠤᠯᠤᠰ ᠤᠳ ᠰᠢᠨ᠎ᠡ ᠪᠡᠷ ᠣᠷᠣᠯᠴᠠᠭᠰᠠᠨ ᠶᠤᠮ᠃ ᠡᠮᠦᠨᠡᠬᠢ ᠣᠯᠢᠮᠫᠢᠶᠠᠳ᠋ ᠍ ᠤᠨ ᠠᠳᠠᠯᠢ ᠪᠠᠭ ᠪᠦᠷᠢ 3 ᠭᠡᠰᠢᠭᠦᠨ ᠲᠡᠢ ᠨᠢᠭᠡ ᠠᠬᠠᠯᠠᠭᠴᠢ ᠲᠠᠢ ᠪᠠᠶᠢᠪᠠ᠃ ᠬᠣᠶᠠᠷ ᠳ᠋ᠤᠭᠠᠷ ОУФО ᠪᠣᠯᠬᠤ ᠠᠴᠠ ᠲᠣᠳᠣᠷᠬᠠᠢ ᠬᠤᠭᠤᠴᠠᠭᠠᠨ ᠤ ᠡᠮᠦᠨ᠎ᠡ ᠳᠦᠷᠢᠮ ᠪᠣᠯᠤᠨ ᠬᠥᠲᠥᠯᠪᠦᠷᠢ ᠶᠢᠨ ᠤᠷᠢᠳᠴᠢᠯᠠᠭᠰᠠᠨ ᠬᠤᠪᠢᠯᠪᠤᠷᠢ ᠶᠢ ᠪᠣᠯᠪᠠᠰᠤᠷᠠᠭᠤᠯᠤᠭᠰᠠᠨ ᠶᠤᠮ᠃ ᠰᠡᠭᠦᠯ ᠳᠦ ᠲᠡᠮᠡᠴᠡᠭᠡᠨ ᠳᠦ ᠣᠷᠣᠯᠴᠠᠭᠰᠠᠨ ᠪᠠᠭ ᠤᠨ ᠠᠬᠠᠯᠠᠭᠴᠢ ᠨᠠᠷ ᠠᠴᠠ ᠪᠦᠷᠢᠳᠦᠭᠰᠡᠨ ᠣᠯᠠᠨ ᠤᠯᠤᠰ ᠤᠨ ᠵᠥᠪᠯᠡᠯ ᠨᠢ ᠡᠳᠡᠭᠡᠷ ᠪᠠᠷᠢᠮᠲᠠ ᠨᠤᠭᠤᠳ ᠢ ᠠᠯᠪᠠᠨ ᠶᠣᠰᠣᠭᠠᠷ ᠬᠦᠯᠢᠶᠡᠨ ᠵᠥᠪᠰᠢᠶᠡᠷᠡᠭᠰᠡᠨ ᠶᠤᠮ᠃ ᠡᠨᠡ ᠶᠠᠪᠤᠳᠠᠯ II ОУФО ᠪᠣᠯᠤᠭᠰᠠᠨ ᠠᠴᠠ ᠬᠡᠳᠦᠨ ᠰᠠᠷ᠎ᠠ ᠶᠢᠨ ᠳᠠᠷᠠᠭ᠎ᠠ ᠼᠧᠬᠣᠰᠯᠣᠸᠠᠺᠢ ᠶᠢᠨ ᠪᠷᠠᠨ᠎ᠠ ᠳᠤ ᠪᠣᠯᠤᠭᠰᠠᠨ ᠲᠤᠰᠬᠠᠢ ᠬᠤᠷᠠᠯᠳᠤᠭᠠᠨ ᠳᠡᠭᠡᠷ᠎ᠡ ᠪᠣᠯᠤᠭᠰᠠᠨ ᠪᠢᠯᠡ᠃

ᠭᠤᠷᠪᠠ ᠳ᠋ᠤᠭᠠᠷ ОУФО ᠍ ᠢ 1969 ᠣᠨ ᠳᠤ ᠫᠷᠣᠹ᠃ ᠷᠣᠰᠲ᠋ᠢᠰᠯᠠᠪ ᠺᠣᠰᠲ᠋ᠢᠶᠠᠯ ᠴᠧᠬᠣᠰᠯᠣᠸᠠᠺ ᠤᠯᠤᠰ ᠤᠨ ᠪᠷᠨ ᠳᠤ ᠵᠣᠬᠢᠶᠠᠨ ᠪᠠᠶᠢᠭᠤᠯᠪᠠ᠃ ᠡᠨᠡ ᠤᠳᠠᠭ᠎ᠠ ᠳᠤ ᠪᠠᠭ ᠪᠦᠷᠢ ᠳᠤᠮᠳᠠ ᠰᠤᠷᠭᠠᠭᠤᠯᠢ ᠶᠢᠨ ᠲᠠᠪᠤᠨ ᠰᠤᠷᠤᠭᠴᠢ᠂ 2 ᠠᠬᠠᠯᠠᠭᠴᠢ ᠲᠠᠢ ᠪᠠᠷ ᠤᠷᠤᠯᠴᠠᠪᠠ᠃ ᠪᠷᠨ ᠳᠤ ᠪᠣᠯᠤᠭᠰᠠᠨ ᠲᠡᠮᠡᠴᠡᠭᠡᠨ ᠢ ᠡᠮᠦᠨ᠎ᠡ ᠪᠠᠲᠤᠯᠠᠭᠳᠠᠭᠰᠠᠨ ᠠᠯᠪᠠᠨ ᠶᠣᠰᠣᠨ ᠤ ᠳᠦᠷᠢᠮ ᠦᠨ ᠳᠠᠭᠠᠤ ᠵᠣᠬᠢᠶᠠᠨ ᠪᠠᠶᠢᠭᠤᠯᠪᠠ᠃

1970 ᠣᠨ ᠳᠤ ᠵᠥᠪᠯᠡᠯᠲᠦ ᠰᠣᠴᠢᠶᠠᠯᠢᠰᠲᠤ ᠪᠦᠭᠦᠳᠡ ᠨᠠᠶᠢᠷᠠᠮᠳᠠᠬᠤ ᠬᠣᠯᠪᠣᠭᠠᠲᠤ ᠤᠯᠤᠰ ᠤᠨ ᠮᠣᠰᠺᠸᠠ ᠬᠣᠳᠠ ᠳᠤ ᠳᠠᠷᠤᠭ᠎ᠠ ᠶᠢᠨ ᠣᠯᠢᠮᠫᠢᠶᠠᠳ᠋ ᠪᠣᠯᠪᠠ᠃ ᠣᠷᠣᠨ ᠪᠦᠷᠢ ᠡᠴᠡ ᠵᠢᠷᠭᠤᠭᠠᠨ ᠰᠤᠷᠤᠭᠴᠢ ᠬᠣᠶᠠᠷ ᠠᠬᠠᠯᠠᠭᠴᠢ ᠤᠷᠤᠯᠴᠠᠪᠠ᠃ ᠡᠨᠡ ᠣᠯᠢᠮᠫᠢᠶᠠᠳ᠋ ᠍ ᠤᠨ ᠦᠶ᠎ᠡ ᠪᠡᠷ ᠳᠦᠷᠮᠡᠨ ᠳᠦ ᠪᠠᠭ᠎ᠠ ᠵᠡᠷᠭᠡ ᠥᠭᠡᠷᠡᠴᠢᠯᠡᠯᠲᠡ ᠣᠷᠣᠭᠰᠠᠨ᠃

1971 ᠣᠨ ᠳᠤ ᠪᠣᠯᠭᠠᠷᠢᠶ᠎ᠠ ᠤᠯᠤᠰ ᠤᠨ ᠰᠣᠹᠢ ᠳᠤ ᠪᠣᠯᠤᠭᠰᠠᠨ ᠲᠠᠪᠤ ᠳ᠋ᠤᠭᠠᠷ ОУФО ᠍ ᠠᠴᠠ ᠬᠣᠶᠢᠰᠢ ᠪᠠᠭ ᠪᠦᠷᠢ ᠲᠠᠪᠤᠨ ᠰᠤᠷᠤᠭᠴᠢ᠂ ᠬᠣᠶᠠᠷ ᠠᠬᠠᠯᠠᠭᠴᠢ ᠠᠴᠠ ᠪᠥᠷᠢᠳᠬᠦ ᠪᠣᠯᠤᠭᠰᠠᠨ᠃ 1978 ᠪᠣᠯᠤᠨ 1980 ᠣᠨ ᠨᠤᠭᠤᠳ ᠲᠤ ОУФО ᠵᠣᠬᠢᠶᠠᠨ ᠪᠠᠶᠢᠭᠤᠯᠤᠭᠳᠠᠭ᠎ᠠ ᠦᠭᠡᠢ ᠶᠤᠮ᠃ ᠡᠨᠡ ᠨᠢ ᠪᠠᠷᠠᠭᠤᠨ ᠤ ᠣᠷᠣᠨ ᠨᠤᠭᠤᠳ ᠲᠡᠮᠡᠴᠡᠭᠡᠨ ᠳᠦ ᠤᠷᠤᠯᠴᠠᠬᠤ ᠪᠣᠯᠣᠰᠣᠨ ᠠᠴᠠ ᠡᠭᠦᠳᠦᠯᠲᠡᠢ᠃ ᠣᠯᠢᠮᠫᠢᠶᠠᠳ᠋ ᠍ ᠲᠤ ᠣᠷᠣᠯᠴᠠᠭᠰᠠᠨ ᠠᠩᠬᠠᠨ ᠤ ᠺᠠᠫᠲ᠋ᠠᠯᠢᠰᠲ ᠣᠷᠣᠨ ᠨᠢ ᠬᠣᠯᠪᠣᠭᠠᠨ ᠤ ᠪᠦᠭᠦᠳᠡ ᠨᠠᠶᠢᠷᠠᠮᠳᠠᠬᠤ ᠭᠧᠷᠮᠠᠨ ᠤᠯᠤᠰ ᠪᠠᠶᠢᠪᠠ᠃ ᠡᠬᠢᠨ ᠳᠦ ᠪᠡᠨ ᠲᠡᠮᠡᠴᠡᠭᠡᠨ ᠳᠦ ᠤᠷᠤᠯᠴᠠᠬᠤ ᠪᠣᠯᠤᠭᠰᠠᠨ ᠴᠥᠭᠡᠨ ᠬᠡᠳᠦᠨ ᠪᠠᠷᠠᠭᠤᠨ ᠤ ᠣᠷᠣᠨ ᠨᠤᠭᠤᠳ ОУФО ᠨᠢ ᠬᠣᠶᠠᠷ ᠵᠢᠯ ᠲᠤᠲᠤᠮ ᠳᠤ ᠪᠠᠷᠠᠭᠤᠨ ᠤ ᠪᠣᠯᠤᠨ ᠵᠡᠭᠦᠨ ᠦ ᠣᠷᠣᠨ ᠨᠤᠭᠤᠳ ᠲᠤ ᠡᠭᠡᠯᠵᠢᠯᠡᠨ ᠵᠣᠬᠢᠶᠠᠭᠳᠠᠨ᠎ᠠ ᠭᠡᠰᠡᠨ ᠵᠠᠷᠴᠢᠮ ᠢ ᠬᠦᠯᠢᠶᠡᠨ ᠠᠪᠬᠤ ᠠᠴᠠ ᠲᠠᠲᠠᠭᠠᠯᠵᠠᠭᠰᠠᠨ ᠶᠤᠮ᠃ ᠲᠡᠶᠢᠮᠦ ᠡᠴᠡ ᠰᠣᠴᠢᠶᠠᠯᠢᠰᠲᠤ ᠣᠷᠣᠨ ᠨᠤᠭᠤᠳ 1978 ᠪᠣᠯᠤᠨ 1980 ᠣᠨ ᠨᠤᠭᠤᠳ ᠲᠤ ᠣᠯᠢᠮᠫᠢᠶᠠᠳ᠋ ᠵᠣᠬᠢᠶᠠᠨ ᠪᠠᠶᠢᠭᠤᠯᠬᠤ ᠠᠴᠠ ᠲᠠᠲᠠᠭᠠᠯᠵᠠᠭᠰᠠᠨ ᠶᠤᠮ᠃ ᠬᠠᠷᠢᠨ 1982 ᠣᠨ ᠠᠴᠠ ᠡᠬᠢᠯᠡᠨ ᠵᠢᠯ ᠪᠦᠷᠢ ᠶᠢᠨ ᠣᠯᠢᠮᠫᠢᠶᠠᠳ᠋ ᠍ ᠤᠳ ᠰᠡᠷᠭᠦᠭᠰᠡᠨ ᠪᠥᠭᠡᠳ ᠤᠴᠢᠷ ᠨᠢ ᠲᠡᠷᠡ ᠦᠶ᠎ᠡ ᠳᠦ ᠣᠯᠢᠮᠫᠢᠶᠠᠳ᠋ ᠵᠣᠬᠢᠶᠠᠨ ᠶᠠᠪᠤᠭᠤᠯᠬᠤ ᠠᠴᠢᠶᠠᠯᠠᠯ ᠢ ᠡᠭᠦᠷᠦᠯᠴᠡᠬᠦ ᠬᠠᠩᠭᠠᠯᠲᠠᠲᠠᠢ ᠣᠯᠠᠨ ᠪᠠᠷᠠᠭᠤᠨ ᠤ ᠣᠷᠣᠨ ᠨᠤᠭᠤᠳ ᠣᠷᠣᠯᠴᠠᠵᠤ ᠡᠬᠢᠯᠡᠭᠰᠡᠨ᠃ ᠥᠨᠥ ᠦᠶ᠎ᠡ ᠳᠦ ᠲᠡᠮᠡᠴᠡᠭᠡᠨ ᠢ ᠢᠷᠡᠭᠡᠳᠦᠢ ᠳᠦ ᠵᠣᠬᠢᠶᠠᠨ ᠪᠠᠶᠢᠭᠤᠯᠬᠤ ᠣᠷᠣᠨ ᠨᠤᠭᠤᠳ ᠠᠯᠢ ᠬᠡᠳᠦᠶᠢᠨ ᠲᠣᠳᠣᠷᠠᠭᠰᠠᠨ ᠪᠠᠶᠢᠭ᠎ᠠ᠃ ОУФО ᠍ ᠢ ᠵᠣᠬᠢᠶᠠᠨ ᠪᠠᠶᠢᠭᠤᠯᠬᠤ ᠬᠦᠰᠡᠯ ᠲᠡᠢ ᠣᠷᠣᠨ ᠨᠤᠭᠤᠳ ᠬᠦᠰᠡᠯᠲᠦ ᠪᠡᠨ ᠪᠤᠰᠤᠳ ᠲᠤ ᠪᠠᠨ ᠵᠣᠬᠢᠶᠠᠨ ᠪᠠᠶᠢᠭᠤᠯᠬᠤ ᠵᠢᠯ ᠡᠴᠡ ᠪᠡᠨ ᠭᠤᠷᠪᠠᠨ ᠵᠢᠯ ᠦᠨ ᠡᠮᠦᠨ᠎ᠡ ᠮᠡᠳᠡᠭᠳᠡᠬᠦ ᠶᠣᠰᠣᠲᠠᠢ᠃ ᠡᠭᠦᠨ ᠦ ᠳᠠᠷᠠᠭ᠎ᠠ ᠲᠤᠬᠠᠢ ᠶᠢᠨ ᠤᠯᠤᠰ ᠨᠢ ᠬᠦᠯᠢᠶᠡᠬᠦ ᠵᠢᠭ᠌ᠰᠠᠭᠠᠯᠳᠠᠨ ᠳᠤ ᠤᠷᠤᠬᠤ ᠪᠥᠭᠡᠳ ᠡᠨᠡ ᠨᠢ ᠵᠢᠱᠢᠶᠡᠯᠡᠪᠡᠯ 2006 ᠣᠨ ᠠᠴᠠ 2050 ᠍ ᠊ᠭᠠᠳ ᠣᠨ ᠬᠦᠷᠲᠡᠯᠡᠬᠢ ᠵᠢᠭ᠌ᠰᠠᠭᠠᠯᠳᠠ ᠪᠠᠶᠢᠨ᠎ᠠ᠃ ᠡᠭᠡᠯᠵᠢᠨ ᠳᠦ ᠪᠡᠨ ОУФО ᠍ ᠢ ᠵᠣᠬᠢᠶᠠᠨ ᠪᠠᠶᠢᠭᠤᠯᠵᠤ ᠴᠢᠳᠠᠭ᠎ᠠ ᠦᠭᠡᠢ ᠣᠷᠣᠨ ᠢ ОУФО ᠍ ᠠᠴᠠ ᠬᠠᠰᠤᠬᠤ ᠬᠦᠷᠲᠡᠯ᠎ᠡ ᠠᠷᠭ᠎ᠠ ᠬᠡᠮᠵᠢᠶ᠎ᠡ ᠠᠪᠳᠠᠭ᠃ ᠡᠨᠡ ᠲᠤᠬᠠᠶᠢᠯᠠᠪᠠᠯ 2000 ᠣᠨ ᠳᠤ ᠹᠷᠠᠨᠼᠢ ᠤᠯᠤᠰ ᠲᠤ ᠲᠣᠬᠢᠶᠠᠯᠳᠤᠭᠰᠠᠨ ᠶᠤᠮ᠃

ᠲᠡᠮᠡᠴᠡᠭᠡᠨ ᠦ ᠵᠣᠬᠢᠶᠠᠨ ᠪᠠᠶᠢᠭᠤᠯᠤᠯᠲᠠ᠂ ᠪᠦᠲᠦᠴᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠡᠮᠡᠴᠡᠭᠡᠨ ᠪᠤᠶᠤ ᠣᠯᠢᠮᠫᠢᠶᠠᠳ᠋ ᠨᠢ ᠬᠣᠶᠠᠷ ᠡᠳᠦᠷ ᠦᠷᠭᠦᠯᠵᠢᠯᠡᠨ᠎ᠡ᠃ ᠨᠢᠭᠡ ᠡᠳᠦᠷ ᠲᠦ ᠨᠢ ᠣᠨᠣᠯ ᠤᠨ ᠪᠣᠳᠣᠯᠭ᠎ᠠ ᠨᠤᠭᠤᠳ ᠪᠣᠳᠣᠨ᠎ᠠ᠃ ᠣᠨᠣᠯ ᠤᠨ ᠬᠡᠰᠡᠭ ᠨᠢ ᠳᠤᠮᠳᠠ ᠰᠤᠷᠭᠠᠭᠤᠯᠢ ᠶᠢᠨ ᠹᠢᠽᠢᠺ ᠦᠨ ᠬᠢᠴᠢᠶᠡᠯ ᠳᠦ ᠵᠢᠭᠠᠭᠳᠠᠳᠠᠭ ᠬᠥᠲᠥᠯᠪᠦᠷᠢ ᠳᠦ ᠪᠠᠶᠢᠳᠠᠭ ᠪᠦᠯᠦᠭ ᠦᠳ ᠡᠴᠡ ᠬᠠᠮᠤᠭ ᠤᠨ ᠪᠠᠭ᠎ᠠ ᠳᠤ ᠪᠠᠨ ᠳᠥᠷᠪᠡ ᠶᠢ ᠬᠠᠮᠤᠷᠤᠭᠤᠯᠤᠨ ᠨᠡᠶᠢᠲᠡ 3 ᠪᠣᠳᠣᠯᠭ᠎ᠠ ᠲᠠᠢ ᠪᠠᠶᠢᠳᠠᠭ᠃ ᠨᠥᠭᠥᠭᠡ ᠡᠳᠦᠷ ᠲᠦ ᠲᠤᠷᠰᠢᠯᠲᠠ ᠶᠢᠨ ᠠᠵᠢᠯ (ᠪᠣᠳᠣᠯᠭ᠎ᠠ) ᠬᠢᠬᠦ ᠪᠥᠭᠡᠳ ᠡᠨᠡ ᠬᠡᠰᠡᠭ ᠨᠢᠭᠡ ᠶᠤᠮ ᠤᠤ ᠬᠣᠶᠠᠷ ᠠᠵᠢᠯ ᠠᠴᠠ ᠪᠥᠷᠢᠳᠦᠨ᠎ᠡ᠃ ᠡᠨᠡ ᠬᠣᠶᠠᠷ ᠡᠳᠦᠷ ᠨᠢ ᠳᠤᠮᠳᠠ ᠪᠠᠨ ᠶᠠᠳᠠᠵᠤ ᠨᠢᠭᠡ ᠡᠳᠦᠷ ᠦᠨ ᠵᠠᠪᠰᠠᠷᠯᠠᠭ᠎ᠠ ᠲᠠᠢ ᠪᠠᠶᠢᠨ᠎ᠠ᠃ ᠳᠡᠭᠡᠷᠡᠬᠢ ᠬᠣᠶᠠᠷ ᠡᠳᠦᠷ ᠲᠦ ᠪᠣᠳᠣᠬᠤ ᠬᠤᠭᠤᠴᠠᠭ᠎ᠠ ᠨᠢ ᠲᠤᠰ ᠪᠦᠷᠢ ᠲᠠᠪᠤᠨ ᠴᠠᠭ ᠪᠠᠶᠢᠨ᠎ᠠ᠃ ᠪᠠᠭ ᠪᠦᠷᠢ ᠨᠢ ᠶᠡᠷᠦᠩᠬᠡᠢ ᠪᠣᠯᠪᠠᠰᠤᠷᠠᠯ ᠤᠨ ᠪᠣᠯᠤᠨ ᠲᠧᠭᠨᠢᠭ ᠳᠤᠮᠳᠠ ᠰᠤᠷᠭᠠᠭᠤᠯᠢ ᠶᠢᠨ ᠰᠤᠷᠤᠭᠴᠢᠳ ᠠᠴᠠ ᠪᠥᠷᠢᠳᠬᠦ ᠶᠣᠰᠣᠲᠠᠢ᠃ ᠶᠡᠬᠡ ᠰᠤᠷᠭᠠᠭᠤᠯᠢ ᠪᠣᠯᠤᠨ ᠺᠣᠯᠯᠧᠵᠢ ᠶᠢᠨ ᠰᠤᠷᠤᠭᠴᠢᠳ ᠣᠷᠣᠯᠴᠠᠬᠤ ᠶᠢ ᠬᠣᠷᠢᠭᠯᠠᠨ᠎ᠠ᠃ ᠪᠠᠭ ᠤᠳ ᠭᠣᠣᠯᠳᠠᠭᠤ ᠲᠠᠪᠤᠨ ᠰᠤᠷᠤᠭᠴᠢ ᠪᠣᠯᠤᠨ ᠬᠣᠶᠠᠷ ᠠᠬᠠᠯᠠᠭᠴᠢ ᠲᠠᠢ ᠪᠠᠶᠢᠳᠠᠭ᠃

ᠣᠯᠢᠮᠫᠢᠶᠠᠳ᠋ ᠍ ᠤᠨ ᠮᠧᠳᠠᠯ ᠪᠣᠯᠤᠨ ᠱᠠᠩᠨᠠᠯᠲᠤ ᠪᠠᠶᠢᠷᠢ ᠬᠦᠷᠲᠡᠬᠦ ᠪᠣᠯᠵᠣᠯ ᠨᠢ ᠳᠠᠷᠠᠭᠠᠬᠢ ᠳᠦᠷᠢᠮ ᠦᠨ ᠳᠠᠭᠠᠤ ᠬᠡᠷᠡᠭᠵᠢᠨ᠎ᠡ᠃[1]: ᠠᠯᠲᠠᠨ ᠮᠧᠳᠠᠯ ᠢ ᠨᠡᠶᠢᠲᠡ ᠣᠷᠣᠯᠴᠠᠭᠴᠢᠳ ᠤᠨ ᠬᠠᠮᠤᠭ ᠤᠨ ᠥᠨᠳᠥᠷ ᠣᠨᠣᠭ᠎ᠠ ᠠᠪᠤᠭᠰᠠᠨ 6% ᠍ ᠳᠦ ᠣᠯᠭᠤᠨ᠎ᠠ᠃ ᠮᠥᠩᠭᠥᠨ ᠮᠧᠳᠠᠯ ᠪᠣᠯᠤᠨ ᠲᠡᠭᠦᠨ ᠡᠴᠡ ᠳᠡᠭᠡᠭᠰᠢ ᠮᠧᠳᠠᠯ ᠤᠨ ᠪᠣᠯᠵᠣᠯ ᠢ ᠬᠠᠮᠤᠭ ᠤᠨ ᠥᠨᠳᠥᠷ ᠣᠨᠣᠭ᠎ᠠ ᠲᠠᠢ ᠨᠡᠶᠢᠲᠡ ᠣᠷᠣᠯᠴᠠᠭᠴᠢᠳ ᠤᠨ 18% ᠨᠢ ᠬᠠᠩᠭᠠᠨ᠎ᠠ᠃ ᠬᠦᠷᠡᠯ ᠪᠣᠯᠤᠨ ᠲᠡᠭᠦᠨ ᠡᠴᠡ ᠳᠡᠭᠡᠭᠰᠢ ᠮᠧᠳᠠᠯ ᠤᠨ ᠬᠤᠪᠢ ᠳᠤ ᠬᠠᠮᠤᠭ ᠤᠨ ᠥᠨᠳᠥᠷ ᠣᠨᠣᠭ᠎ᠠ ᠲᠠᠢ ᠨᠡᠶᠢᠲᠡ ᠣᠷᠣᠯᠴᠠᠭᠴᠢᠳ ᠤᠨ 36%. ᠱᠠᠩᠨᠠᠯᠲᠤ ᠪᠠᠶᠢᠷᠢ ᠪᠣᠯᠤᠨ ᠲᠡᠭᠦᠨ ᠡᠴᠡ ᠳᠡᠭᠡᠭᠰᠢ ᠪᠠᠶᠢᠷᠢ ᠶᠢᠨ ᠪᠣᠯᠵᠣᠯ ᠨᠢ ᠨᠡᠶᠢᠲᠡ ᠣᠷᠣᠯᠴᠠᠭᠴᠢᠳ ᠤᠨ ᠬᠠᠮᠤᠭ ᠤᠨ ᠥᠨᠳᠥᠷ ᠣᠨᠣᠭ᠎ᠠ ᠲᠠᠢ 60% ᠨᠣᠭᠳᠠᠨ᠎ᠠ᠃ ᠪᠤᠰᠤᠳ ᠣᠷᠣᠯᠴᠠᠭᠴᠢ ᠳᠤ ᠣᠷᠣᠯᠴᠠᠭᠰᠠᠨ ᠲᠤᠬᠠᠢ ᠰᠧᠷᠲ᠋ᠢᠹᠢᠺᠠᠲ ᠬᠦᠷᠢᠲᠦᠳᠡᠭ᠃ ᠬᠠᠮᠤᠭ ᠤᠨ ᠥᠨᠳᠥᠷ ᠣᠨᠣᠭ᠎ᠠ ᠠᠪᠤᠭᠰᠠᠨ ᠣᠷᠣᠯᠴᠠᠭᠴᠢ (ᠦᠨᠡᠮᠯᠡᠬᠦᠢ ᠠᠪᠤᠷᠠᠭ᠎ᠠ) ᠨᠢ ᠠᠯᠲᠠᠨ ᠮᠧᠳᠠᠯ ᠠᠴᠠ ᠭᠠᠳᠠᠨ᠎ᠠ ᠲᠤᠰᠬᠠᠢ ᠱᠠᠩᠨᠠᠯ ᠬᠦᠷᠢᠲᠦᠳᠡᠭ᠃

ᠵᠣᠬᠢᠶᠠᠨ ᠪᠠᠶᠢᠭᠤᠯᠤᠭᠴᠢ ᠣᠷᠣᠨ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ