ᠣᠯᠠᠨ ᠤᠯᠤᠰ ᠤᠨ ᠰᠠᠨᠰᠠᠷ ᠤᠨ ᠰᠲ᠋ᠠᠨᠼ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠣᠯᠠᠨ ᠤᠯᠤᠰ ᠤᠨ ᠰᠠᠨᠰᠠᠷ ᠤᠨ ᠰᠲ᠋ᠠᠨᠼ
ᠰᠲ᠋ᠠᠨᠼ ᠤᠨ ᠤᠭᠰᠠᠷᠠᠭ ᠢᠶᠠᠨ
ᠰᠲ᠋ᠠᠨᠼ ᠤᠨ ᠤᠭᠰᠠᠷᠠᠭ ᠢᠶᠠᠨ
ᠰᠲ᠋ᠠᠨᠼ ᠳᠡᠭᠡᠷᠡᠬᠢ ᠲᠤᠷᠰᠢᠯᠲᠠ ᠪᠠᠷ ᠯᠠ ᠶᠢᠨ ᠭᠡᠷᠡᠯ ᠳᠡᠯᠡᠬᠡᠢ ᠳᠡᠭᠡᠷ᠎ᠡ ᠬᠠᠯᠠᠭᠤᠨ ᠳᠥᠯᠥ ᠳᠡᠭᠡᠭᠰᠢ ᠪᠡᠨ ᠬᠥᠷᠴᠦ ᠰᠤᠨᠵᠤ ᠬᠠᠷᠠᠭᠳᠠᠳᠠᠭ᠃ ᠬᠠᠷᠢᠨ ᠰᠠᠨᠰᠠᠷ ᠲᠤ ᠵᠢᠩᠭᠦᠶᠢᠳᠡᠯ ᠳᠦ ᠲᠠᠲᠠᠬᠤ ᠬᠦᠴᠦ ᠪᠠᠶᠢᠬᠤ ᠦᠭᠡᠢ ᠲᠤᠯᠠ ᠭᠠᠯ ᠤᠨ ᠳᠥᠯᠥ ᠪᠥᠮᠪᠥᠯᠢᠭ ᠬᠡᠯᠪᠡᠷᠢ ᠪᠡᠷ ᠠᠰᠠᠳᠠᠭ ᠪᠣᠯᠬᠤ ᠶᠢ ᠲᠣᠭᠲᠠᠭᠠᠭᠰᠠᠨ ᠨᠢ

ᠣᠯᠠᠨ ᠤᠯᠤᠰ ᠤᠨ ᠰᠠᠨᠰᠠᠷ ᠤᠨ ᠰᠲ᠋ᠠᠨᠼ (ᠠᠩᠭᠯᠢ ᠪᠠᠷ International Space Station᠂ ISS ᠬᠢᠲᠠᠳ ᠶᠢᠡᠷ 国际空间站) ᠍ ᠢ ᠰᠠᠨᠰᠠᠷ ᠲᠤ ᠪᠠᠶᠢᠩᠭᠤ ᠶᠢᠨ ᠰᠤᠳᠤᠯᠭ᠎ᠠ ᠰᠢᠨᠵᠢᠯᠡᠭᠡ ᠶᠠᠪᠤᠭᠤᠯᠬᠤ ᠵᠣᠷᠢᠯᠭ᠎ᠠ ᠪᠠᠷ 1998 ᠡᠤᠨ ᠤ 11 ᠰᠠᠷ᠎ᠠ ᠠᠴᠠ ᠡᠬᠢᠯᠡᠨ ᠲᠣᠭᠣᠷᠢᠭ ᠵᠠᠮ ᠳᠤ ᠤᠭᠰᠠᠷᠠᠨ ᠪᠠᠶᠢᠭᠤᠯᠵᠤ ᠣᠯᠠᠨ ᠤᠯᠤᠰ ᠤᠨ ᠰᠠᠨᠰᠠᠷ ᠤᠨ ᠪᠠᠶᠢᠭᠤᠯᠤᠯᠭ᠎ᠠ ᠨᠤᠭᠤᠳ ᠬᠠᠮᠲᠤᠷᠠᠨ ᠠᠰᠢᠭᠯᠠᠵᠤ ᠰᠢᠨᠵᠢᠯᠡᠬᠦ ᠤᠬᠠᠭᠠᠨ ᠤ ᠬᠥᠭᠵᠢᠯ ᠳ᠋ᠦ ᠴᠢᠬᠤᠯᠠ ᠬᠤᠪᠢ ᠨᠡᠮᠡᠷᠢ ᠶᠢ ᠣᠷᠣᠭᠤᠯᠵᠤ ᠪᠠᠶᠢᠨ᠎ᠠ᠃ ᠡᠨᠡ ᠪᠠᠶᠢᠭᠤᠯᠤᠮᠵᠢ ᠶᠢ ᠳᠡᠯᠡᠬᠡᠢ ᠶᠢᠨ ᠣᠯᠠᠨ ᠣᠷᠣᠨ ᠨᠤᠭᠤᠳ ᠤᠨ ᠰᠠᠨᠰᠠᠷ ᠤᠨ ᠲᠥᠪ ᠦᠳ ᠬᠠᠮᠲᠤᠷᠠᠨ ᠠᠰᠢᠭᠯᠠᠳᠠᠭ ᠠᠴᠠ National Aeronautics and Space Administration᠂ ᠧᠦ᠋ᠷᠣᠫᠠ ᠶᠢᠨ ᠰᠠᠨᠰᠠᠷ ᠤᠨ ᠠᠭᠧᠨᠲ᠋ᠯᠢᠭ᠂ JAXA᠂ CSA᠂ ᠷᠣᠰᠺᠣᠰᠮᠠᠰ ᠭᠡᠰᠡᠨ ᠪᠠᠶᠢᠭᠤᠯᠤᠯᠭ᠎ᠠ ᠨᠤᠭᠤᠳ ᠭᠣᠣᠯ ᠡᠭᠦᠷᠭᠡ ᠶᠢ ᠬᠦᠯᠢᠶᠡᠨ ᠠᠵᠢᠯᠯᠠᠳᠠᠭ᠃ ᠰᠲ᠋ᠠᠨᠼ ᠳᠡᠯᠡᠬᠡᠢ ᠡᠴᠡ 420 ᠺᠢᠯᠣᠮᠧᠲ᠋ᠷ ᠥᠨᠳᠥᠷ ᠲᠦ 27700 ᠺᠢᠯᠣᠮᠧᠲ᠋ᠷ/ᠴᠠᠭ ᠬᠤᠷᠳᠤ ᠲᠠᠢ ᠪᠠᠷ ᠡᠳᠦᠷ ᠲᠦ ᠳᠡᠯᠡᠬᠡᠢ ᠶᠢ 15.8 ᠤᠳᠠᠭ᠎ᠠ ᠲᠣᠭᠣᠷᠢᠳᠠᠭ᠂ 450 ᠲᠣᠨ ᠵᠢᠩ ᠲᠡᠢ᠂ 108 ᠮ ᠬ 73 ᠮ ᠬ 20 ᠮ ᠬᠡᠮᠵᠢᠶ᠎ᠡ ᠲᠡᠢ᠃ 2000 ᠡᠤᠨ ᠤ 11 ᠍ ᠳ᠋ᠤᠭᠡᠷ ᠰᠠᠷ᠎ᠠ ᠶᠢᠨ 2 ᠍ ᠠᠴᠠ ᠣᠯᠠᠨ ᠤᠯᠤᠰ ᠤᠨ ᠰᠠᠨᠰᠠᠷ ᠤᠨ ᠰᠲ᠋ᠠᠨᠼ (ᠣᠯᠠᠨ ᠤᠯᠤᠰ ᠤᠨ ᠰᠠᠨᠰᠠᠷ ᠤᠨ ᠰᠲ᠋ᠠᠨᠼ) ᠍ ᠳᠦ ᠠᠩᠬᠠᠨ ᠤ ᠪᠠᠭ ᠪᠠᠶᠢᠩᠭᠤ ᠣᠷᠣᠰᠢᠨ ᠰᠠᠭᠤᠵᠤ ᠡᠬᠢᠯᠡᠭᠰᠡᠨ ᠪᠠᠶᠢᠨ᠎ᠠ᠃ ᠣᠯᠠᠨ ᠤᠯᠤᠰ ᠤᠨ ᠰᠠᠨᠰᠠᠷ ᠤᠨ ᠰᠲ᠋ᠠᠨᠼ ᠤᠨ ᠪᠠᠶᠢᠩᠭᠤ ᠶᠢᠨ ᠣᠷᠣᠰᠢᠨ ᠰᠠᠭᠤᠭᠴᠢ ᠬᠦᠮᠦᠰ ᠦᠨ ᠠᠮᠢᠳᠤᠷᠠᠯ ᠤᠨ ᠨᠥᠬᠥᠴᠡᠯ ᠢ ᠬᠠᠩᠭᠠᠬᠤ ᠶᠢᠨ ᠲᠤᠯᠠᠳᠠ ᠬᠡᠳᠦᠨ ᠰᠠᠷ᠎ᠠ ᠲᠤᠲᠤᠮ ᠳᠤ ᠳᠡᠯᠡᠬᠡᠢ ᠡᠴᠡ ᠰᠡᠯᠪᠢᠭ᠂ ᠬᠣᠭᠣᠯᠠ᠂ ᠤᠰᠤ᠂ ᠨᠢᠰᠬᠡᠭᠴᠢᠳ ᠦᠨ ᠨᠥᠭᠡᠴᠡ ᠬᠤᠪᠴᠠᠰᠤ ᠵᠡᠷᠭᠡ ᠶᠢ ᠵᠥᠭᠡᠭᠡᠪᠦᠷᠢ ᠶᠢᠨ ᠬᠥᠯᠭᠡ ᠪᠡᠷ ᠬᠠᠩᠭᠠᠳᠠᠭ ᠡᠭᠦᠨ ᠳᠦ ᠣᠷᠣᠰ ᠤᠨ ᠰᠣᠶᠽ᠂ ᠫᠷᠣᠭᠷᠧᠰᠰ; ᠧᠦ᠋ᠷᠣᠫᠠ ᠶᠢᠨ ᠠᠦ᠋ᠲ᠋ᠣᠮᠠᠲ ᠲᠡᠭᠡᠭᠡᠪᠦᠷᠢ ᠶᠢᠨ ᠬᠥᠯᠥᠭ᠂ N-ll; ᠠᠮᠧᠷᠢᠺᠠ ᠶᠢᠨ ᠨᠢᠭᠡᠳᠦᠭᠰᠡᠨ ᠤᠯᠤᠰ ᠤᠨ ᠯᠤᠤ᠂ ᠰᠢᠭᠨᠦᠰ ᠬᠥᠯᠭᠡ ᠨᠦᠭᠦᠳ ᠢ ᠠᠰᠢᠭᠯᠠᠳᠠᠭ᠃ 2011 ᠡᠤᠨ ᠠᠴᠠ ᠱᠠᠲᠤᠳᠤᠯ ᠬᠥᠯᠭᠡ ᠨᠦᠭᠦᠳ ᠪᠦᠭᠦᠳᠡ ᠠᠰᠢᠭᠯᠠᠯᠲᠠ ᠠᠴᠠ ᠭᠠᠷᠤᠭᠰᠠᠨ ᠲᠠᠢ ᠬᠣᠯᠪᠣᠭᠳᠠᠭᠤᠯᠤᠨ ᠵᠥᠪᠬᠡᠨ ᠰᠣᠶᠽ ᠬᠥᠯᠭᠡ ᠪᠡᠷ ᠰᠠᠨᠰᠠᠷ ᠤᠨ ᠨᠢᠰᠬᠡᠭᠴᠢᠳ ᠢ ᠣᠯᠠᠨ ᠤᠯᠤᠰ ᠤᠨ ᠰᠠᠨᠰᠠᠷ ᠤᠨ ᠰᠲ᠋ᠠᠨᠼ ᠤᠷᠤᠭᠤ ᠵᠥᠭᠡᠭᠡᠪᠦᠷᠢᠯᠡᠵᠦ ᠪᠠᠶᠢᠨ᠎ᠠ᠃

ᠰᠢᠨᠵᠢᠯᠡᠬᠦ ᠤᠬᠠᠭᠠᠨ ᠤ ᠬᠡᠷᠡᠭᠯᠡᠭᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠯᠠᠨ ᠤᠯᠤᠰ ᠤᠨ ᠰᠠᠨᠰᠠᠷ ᠤᠨ ᠰᠲ᠋ᠠᠨᠼ ᠨᠢ ᠳᠡᠯᠡᠬᠡᠢ ᠳᠡᠭᠡᠷ᠎ᠡ ᠬᠢᠬᠦ ᠪᠣᠯᠤᠮᠵᠢ ᠦᠭᠡᠢ ᠣᠯᠠᠨ ᠮᠢᠩᠭᠠᠨ ᠲᠥᠷᠥᠯ ᠦᠨ ᠰᠢᠨᠵᠢᠯᠡᠬᠦ ᠤᠬᠠᠭᠠᠨ ᠤ ᠰᠤᠳᠤᠯᠭ᠎ᠠ ᠰᠢᠨᠵᠢᠯᠡᠭᠡ ᠶᠢ ᠵᠢᠩᠭᠦᠶᠢᠳᠡᠯ ᠦᠨ ᠤᠷᠴᠢᠨ ᠳᠤ ᠬᠢᠬᠦ ᠪᠣᠯᠤᠮᠵᠢ ᠣᠯᠭᠤᠳᠠᠭ ᠢᠶᠠᠷ ᠢᠶᠠᠨ ᠰᠢᠨᠵᠢᠯᠡᠬᠦ ᠤᠬᠠᠭᠠᠨ ᠤ ᠮᠠᠰᠢ ᠴᠢᠬᠤᠯᠠ ᠣᠷᠴᠢᠨ ᠪᠠ ᠲᠤᠷᠰᠢᠯᠲᠠ ᠶᠢᠨ ᠲᠥᠪ ᠪᠣᠯᠳᠠᠭ᠃ ᠭᠣᠣᠯ ᠬᠢᠭᠳᠡᠳᠡᠭ ᠰᠤᠳᠤᠯᠭᠠᠨ ᠳᠤ ᠨᠢ ᠠᠰᠲᠷᠠ ᠪᠢᠣᠯᠣᠭᠢ᠂ ᠣᠳᠣᠨ ᠣᠷᠣᠨ᠂ ᠬᠦᠮᠦᠨ ᠰᠤᠳᠤᠯᠤᠯ ᠪᠤᠶᠤ ᠰᠠᠨᠰᠠᠷ ᠤᠨ ᠠᠨᠠᠭᠠᠬᠤ ᠰᠤᠳᠤᠯᠭ᠎ᠠ᠂ ᠹᠢᠽᠢᠺ ᠦᠨ ᠰᠤᠳᠤᠯᠭᠠᠨ ᠤ ᠰᠠᠯᠪᠤᠷᠢ ᠤᠳ᠂ ᠮᠠᠲ᠋ᠧᠷᠢᠶᠠᠯ ᠤᠨ ᠰᠤᠳᠤᠯᠭ᠎ᠠ᠂ ᠰᠠᠨᠰᠠᠷ ᠤᠨ ᠴᠠᠭ ᠠᠭᠠᠷ᠂ ᠳᠡᠯᠡᠬᠡᠢ ᠶᠢᠨ ᠴᠠᠭ ᠠᠭᠠᠷ ᠤᠨ ᠰᠤᠳᠤᠯᠭᠠᠨ ᠤ ᠠᠵᠢᠯ ᠤᠳ ᠣᠷᠣᠳᠠᠭ᠃ ᠳᠡᠯᠡᠬᠡᠢ ᠳᠡᠭᠡᠷᠡᠬᠢ ᠡᠷᠳᠡᠮᠲᠡᠳ ᠰᠲ᠋ᠠᠨᠼ ᠳᠡᠭᠡᠷᠡᠬᠢ ᠣᠷᠣᠰᠢᠨ ᠰᠠᠭᠤᠭᠴᠢᠳ ᠤᠨ ᠪᠦᠬᠦ ᠡᠷᠡᠭᠦᠯ ᠮᠡᠨᠳᠦ ᠶᠢᠨ ᠮᠡᠳᠡᠭᠡᠯᠡᠯ ᠢ ᠮᠢᠨᠦ᠋ᠲ ᠪᠦᠷᠢ ᠳᠦ ᠠᠵᠢᠭᠯᠠᠵᠣ ᠬᠢᠨᠠᠵᠤ ᠲᠡᠳᠡᠨ ᠦ ᠡᠷᠡᠭᠦᠯ ᠮᠡᠨᠳᠦ ᠶᠢ ᠬᠠᠮᠠᠭᠠᠯᠠᠬᠤ ᠶᠢᠨ ᠬᠠᠵᠠᠭᠤ ᠪᠠᠷ ᠰᠢᠨᠵᠢᠯᠡᠬᠦ ᠤᠬᠠᠭᠠᠨ ᠤ ᠰᠤᠳᠤᠯᠭ᠎ᠠ ᠶᠢ ᠬᠢᠳᠡᠭ᠃

ᠰᠲ᠋ᠠᠨᠼ ᠤᠨ ᠦᠨᠳᠦᠰᠦᠨ ᠲᠠᠰᠤᠯᠭᠠᠨ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠡᠰᠲ᠋ᠢᠨᠢ ᠠᠭᠤᠯᠬᠤ ᠬᠣᠩᠭᠢᠯ

ᠣᠯᠠᠨ ᠤᠯᠤᠰ ᠤᠨ ᠰᠠᠨᠰᠠᠷ ᠤᠨ ᠰᠲ᠋ᠠᠨᠼ ᠨᠢ ᠬᠦᠮᠦᠨ ᠠᠵᠢᠯᠯᠠᠵᠤ ᠠᠮᠢᠳᠤᠷᠠᠬᠤ ᠣᠯᠠᠨ ᠥᠷᠥᠭᠡ ᠲᠠᠰᠤᠯᠭᠠᠨ ᠨᠤᠭᠤᠳ ᠪᠣᠯᠤᠨ ᠲᠣᠨᠣᠭ ᠲᠥᠬᠥᠭᠡᠷᠦᠮᠵᠢ ᠨᠦᠭᠦᠳ ᠪᠠᠶᠢᠷᠢᠯᠠᠳᠠᠭ ᠬᠡᠰᠡᠭ ᠦᠳ ᠡᠴᠡ ᠪᠦᠷᠢᠳᠳᠡᠭ᠃

ᠪᠢᠴᠢᠯᠭᠡ[ᠵᠠᠰᠠᠪᠤᠷᠢᠯᠠᠬᠤ | ᠺᠣᠳ᠋ ᠢᠶᠠᠷ ᠵᠠᠰᠠᠬᠣ]

  1. ᠣᠯᠠᠨ ᠤᠯᠤᠰ ᠤᠨ ᠰᠠᠨᠰᠠᠷ ᠤᠨ ᠰᠲ᠋ᠠᠨᠼ ᠤᠨ ᠪᠦᠷᠢᠨ ᠳᠣᠲᠣᠭᠠᠳᠤ ᠪᠠᠶᠢᠳᠠᠯ ᠢ ᠬᠠᠷᠠᠭᠤᠯᠤᠭᠰᠠᠨ ᠸᠢᠳᠢᠣ᠋ ᠠᠶᠠᠯᠠᠯ
  2. ᠰᠠᠨᠰᠠᠷ ᠳᠠᠬᠢ ᠳᠠᠭᠤᠤ ᠬᠥᠭᠵᠢᠮ
  3. ᠣᠯᠠᠨ ᠤᠯᠤᠰ ᠤᠨ ᠰᠠᠨᠰᠠᠷ ᠤᠨ ᠰᠲ᠋ᠠᠨᠼ ᠤᠨ ᠸᠢᠳᠢᠣ᠋ ᠠᠶᠠᠯᠠᠯ 2
  4. ᠣᠯᠠᠨ ᠤᠯᠤᠰ ᠤᠨ ᠰᠠᠨᠰᠠᠷ ᠤᠨ ᠰᠲ᠋ᠠᠨᠼ ᠠᠴᠠ ᠰᠠᠨᠰᠠᠷ ᠤᠨ ᠨᠢᠰᠬᠡᠭᠴᠢ ᠵᠦᠭᠡᠭᠡᠪᠦᠷᠢᠯᠡᠬᠦ ᠪᠠᠶᠢᠳᠠᠯ
  5. ᠸᠢᠳᠢᠣ᠋ ᠲᠠᠨᠢᠯᠴᠠᠭᠤᠯᠭ᠎ᠠ
  6. ᠰᠲ᠋ᠠᠨᠼ ᠳᠡᠭᠡᠷᠡᠬᠢ ᠰᠠᠨᠰᠠᠷ ᠤᠨ ᠨᠢᠰᠬᠡᠭᠴᠢᠳ ᠦᠨ ᠠᠵᠢᠯ ᠠᠮᠢᠳᠤᠷᠠᠯ


ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

Commons
Викимедиа дуу дүрсний сан: International Space Station

ᠪᠢᠴᠢᠭᠡᠰᠦ