ᠣᠫᠼᠢᠣᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠣᠫᠼᠢᠣᠨ ᠭᠡᠳᠡᠭ ᠨᠢ ᠬᠥᠷᠥᠩᠭᠡ ᠣᠷᠣᠭᠤᠯᠤᠯᠲᠠ ᠍ ᠤᠨ ᠰᠠᠯᠪᠤᠷᠢ ᠳᠤ ᠨᠢᠭᠡ ᠬᠦᠮᠦᠨ ᠨᠥᠭᠥᠭᠡ ᠳᠦ ᠪᠡᠨ ᠲᠣᠳᠣᠷᠬᠠᠢ ᠬᠥᠷᠥᠩᠭᠡ ᠶᠢ ᠲᠣᠳᠣᠷᠬᠠᠢ ᠬᠤᠭᠤᠴᠠᠭᠠᠨ ᠳᠤ ᠲᠣᠬᠢᠷᠠᠯᠴᠠᠭᠰᠠᠨ ᠦᠨ᠎ᠡ ᠪᠡᠷ ᠬᠤᠳᠠᠯᠳᠤᠨ ᠠᠪᠬᠤ ᠪᠤᠶᠤ ᠬᠤᠳᠠᠯᠳᠤᠬᠤ ᠡᠷᠬᠡ ᠣᠯᠭᠣᠬᠤ ᠬᠡᠯᠪᠡᠷᠢ ᠶᠢ ᠬᠡᠯᠡᠨ᠎ᠡ᠃ ᠣᠫᠼᠢᠣᠨ ᠪᠣᠯ ᠦᠨ᠎ᠡ ᠶᠢ ᠮᠡᠳᠡᠭᠡᠯᠡᠬᠦ ᠪᠣᠯᠤᠨ ᠠᠷᠠᠯᠵᠢᠶ᠎ᠠ ᠶᠢ ᠲᠣᠬᠢᠷᠠᠮᠵᠢᠲᠠᠢ ᠪᠣᠯᠭᠠᠬᠤ ᠡᠭᠦᠳᠡᠨ ᠡᠴᠡ ᠰᠲ᠋ᠠᠨᠳᠠᠷᠲ ᠲᠤ ᠣᠷᠣᠭᠤᠯᠤᠭᠰᠠᠨ ᠭᠡᠷ᠎ᠡ ᠶᠤᠮ᠃ ᠦᠨᠡᠲᠦ ᠴᠠᠭᠠᠰᠤᠨ ᠤ ᠨᠢᠭᠡ ᠣᠫᠼᠢᠣᠨ ᠭᠡᠷᠢᠶᠡᠨ ᠳᠦ 100 ᠰᠢᠷᠬᠡᠭ ᠡᠩ ᠦᠨ ᠨᠢᠭᠡᠴᠡ ᠬᠤᠪᠢᠴᠠᠭ᠎ᠠ ᠠᠭᠤᠯᠤᠭᠳᠠᠵᠤ ᠪᠠᠶᠢᠵᠤ ᠰᠲ᠋ᠠᠨᠳᠠᠷᠲ ᠣᠫᠼᠢᠣᠨ ᠪᠣᠯᠤᠨ᠎ᠠ᠃ ᠭᠠᠭᠴᠠᠬᠠᠨ call ᠣᠫᠼᠢᠣᠨ ᠤ ᠭᠡᠷᠢᠶᠡᠨ ᠳᠦ 100 ᠰᠢᠷᠬᠡᠭ ᠨᠢᠭᠡᠴᠡ ᠬᠤᠪᠴᠠ ᠬᠤᠳᠠᠯᠳᠤᠵᠤ ᠠᠪᠬᠤ ᠨᠥᠬᠥᠴᠡᠯ ᠲᠤᠰᠬᠠᠵᠤ ᠥᠭᠭᠦᠭᠰᠡᠨ ᠭᠡᠰᠡᠨ ᠦᠭᠡ᠃ ᠡᠭᠦᠨ ᠲᠡᠢ ᠠᠳᠠᠯᠢᠬᠠᠨ ᠨᠢᠭᠡ put ᠣᠫᠼᠢᠣᠨ ᠤ ᠭᠡᠷᠢᠶᠡᠨ ᠳᠦ 100 ᠰᠢᠷᠬᠡᠭ ᠨᠢᠭᠡᠴᠡ ᠬᠤᠪᠢᠴᠠᠭ᠎ᠠ ᠶᠢ ᠵᠠᠷᠤᠬᠤ ᠨᠥᠬᠥᠴᠡᠯ ᠲᠤᠰᠬᠠᠭᠳᠠᠨ᠎ᠠ᠃ ᠲᠦᠭᠡᠮᠡᠯ ᠦᠨᠡᠲᠦ ᠴᠠᠭᠠᠰᠤᠨ ᠤ ᠣᠫᠼᠢᠣᠨ ᠭᠡᠷ᠎ᠡ ᠨᠢ 6 ᠨᠥᠬᠥᠴᠡᠯ ᠢ ᠲᠤᠰᠬᠠᠭᠰᠠᠨ ᠪᠠᠶᠢᠳᠠᠭ᠃

  • ᠦᠨᠡᠲᠦ ᠴᠠᠭᠠᠰᠤᠨ ᠤ ᠲᠣᠳᠣᠷᠬᠠᠶᠢᠯᠠᠯᠲᠠ

ᠬᠤᠪᠢᠴᠠᠭᠠᠨ ᠤ ᠣᠫᠼᠢᠣᠨ ᠭᠡᠷᠢᠶᠡᠨ ᠳᠦ ᠲᠤᠬᠠᠢ ᠶᠢᠨ ᠦᠨᠡᠲᠦ ᠴᠠᠭᠠᠰᠤ ᠲᠠᠢ ᠬᠣᠯᠪᠣᠭᠠᠲᠠᠢ ᠮᠡᠳᠡᠭᠡᠯᠡᠯ ᠢ ᠲᠣᠳᠣᠷᠬᠠᠢ ᠵᠢᠭᠠᠵᠤ ᠥᠭᠭᠦᠭᠰᠡᠨ ᠪᠠᠶᠢᠨ᠎ᠠ᠃

  • ᠵᠣᠷᠢᠯᠲᠠᠲᠤ ᠦᠨ᠎ᠡ

ᠲᠤᠬᠠᠢ ᠶᠢᠨ ᠦᠨᠡᠲᠦ ᠴᠠᠭᠠᠰᠤᠨ ᠤ ᠬᠤᠪᠢ ᠳᠤ ᠣᠫᠼᠢᠣᠨ ᠭᠡᠷ ᠢᠶᠡᠨ ᠬᠡᠷᠡᠭᠵᠢᠬᠦ ᠪᠣᠯᠤᠮᠵᠢ ᠲᠠᠢ ᠦᠨ᠎ᠡ ᠶᠢ ᠭᠡᠷᠢᠶᠡᠨ ᠳᠦ ᠵᠢᠭᠠᠵᠤ ᠥᠭᠭᠦᠭᠰᠡᠨ ᠪᠠᠶᠢᠳᠠᠭ ᠪᠠ ᠤᠭ ᠦᠨ᠎ᠡ ᠶᠢ ᠵᠣᠷᠢᠯᠲᠠᠲᠤ ᠦᠨ᠎ᠡ ᠭᠡᠨ᠎ᠡ᠃ ᠲᠡᠶᠢᠮᠦ ᠡᠴᠡ ᠵᠣᠷᠢᠯᠲᠠᠲᠤ ᠦᠨ᠎ᠡ ᠮᠠᠰᠢ ᠴᠢᠬᠤᠯᠠ ᠶᠤᠮ᠃ ᠣᠫᠼᠢᠣᠨ ᠬᠡᠷᠡᠭᠵᠢᠬᠦ ᠦᠶ᠎ᠡ ᠳᠦ ᠣᠫᠼᠢᠣᠨ ᠡᠵᠡᠮᠰᠢᠭᠴᠢ ᠶᠢᠨ ᠲᠤᠬᠠᠢ ᠶᠢᠨ ᠦᠨᠡᠲᠦ ᠴᠠᠭᠠᠰᠤᠨ ᠳᠤ ᠤᠯᠭᠤᠬᠤ ᠪᠤᠶᠤ ᠵᠠᠷᠤᠬᠤ ᠦᠨ᠎ᠡ ᠶᠤᠮ᠃

  • ᠣᠫᠼᠢᠣᠨ ᠭᠡᠷ᠎ᠡ ᠶᠢᠨ ᠬᠡᠮᠵᠢᠶ᠎ᠡ

ᠭᠡᠷ᠎ᠡ ᠶᠢᠨ ᠲᠣᠭ᠎ᠠ ᠶᠢ ᠲᠣᠳᠣᠷᠬᠠᠢ ᠪᠣᠯᠭᠠᠭᠰᠠᠨ ᠪᠠᠶᠢᠳᠠᠭ᠃ ᠰᠲ᠋ᠠᠨᠳᠠᠷᠲ ᠲᠤ ᠦᠨᠡᠲᠦ ᠴᠠᠭᠠᠰᠤᠨ ᠤ ᠨᠢᠭᠡ ᠣᠫᠼᠢᠣᠨ ᠭᠡᠷᠢᠶᠡᠨ ᠳᠦ 100 ᠡᠩ ᠦᠨ ᠨᠢᠭᠡᠴᠡ ᠬᠤᠪᠢᠴᠠᠭ᠎ᠠ ᠨᠣᠭᠳᠠᠨ᠎ᠠ ᠭᠡᠵᠦ ᠲᠤᠰᠬᠠᠭᠰᠠᠨ ᠪᠠᠶᠢᠳᠠᠭ᠃

  • ᠣᠫᠼᠢᠣᠨ ᠭᠡᠷ᠎ᠡ ᠶᠢᠨ ᠳᠠᠭᠤᠰᠬᠤ ᠬᠤᠭᠤᠴᠠᠭ᠎ᠠ

ᠣᠫᠼᠢᠣᠨ ᠭᠡᠷ᠎ᠡ ᠶᠢᠨ ᠳᠠᠭᠤᠰᠬᠤ ᠬᠤᠭᠤᠴᠠᠭ᠎ᠠ ᠶᠢ ᠵᠢᠭᠠᠵᠤ ᠥᠭᠭᠦᠭᠰᠡᠨ ᠪᠠᠶᠢᠨ᠎ᠠ᠃ ᠬᠡᠷᠪᠡ ᠳᠠᠭᠤᠰᠬᠤ ᠬᠤᠭᠤᠴᠠᠭ᠎ᠠ ᠨᠢ ᠥᠩᠭᠡᠷᠡᠭᠡᠳ ᠣᠫᠼᠢᠶᠣᠨ ᠢ ᠰᠢᠢᠳᠪᠦᠷᠢᠯᠡᠭᠡ ᠦᠭᠡᠢ ᠲᠣᠬᠢᠶᠠᠯᠳᠤᠯ ᠳᠤ ᠦᠨ᠎ᠡ ᠦᠭᠡᠢ ᠪᠣᠯᠤᠨ᠎ᠠ᠃

  • ᠣᠫᠼᠢᠣᠨ ᠤ ᠵᠠᠭᠪᠤᠷ

ᠣᠫᠼᠢᠣᠨ ᠤ ᠰᠢᠢᠳᠪᠦᠷᠢᠯᠡᠬᠦ ᠠᠷᠭ᠎ᠠ ᠨᠢ ᠬᠡᠵᠢᠶ᠎ᠡ ᠣᠫᠼᠢᠶᠣᠨ ᠢ ᠰᠢᠢᠳᠪᠦᠷᠢᠯᠡᠵᠦ ᠪᠣᠯᠬᠤ ᠶᠢ ᠢᠯᠡᠷᠬᠡᠶᠢᠯᠡᠨ᠎ᠡ᠃ ᠣᠫᠼᠢᠶᠣᠨ ᠢ ᠰᠢᠢᠳᠪᠦᠷᠢᠯᠡᠬᠦ ᠠᠮᠧᠷᠢᠺᠠ ᠪᠣᠯᠤᠨ ᠧᠦ᠋ᠷᠣᠫᠠ ᠵᠠᠭᠪᠤᠷ ᠪᠠᠶᠢᠳᠠᠭ᠃ ᠠᠮᠧᠷᠢᠺᠠ ᠣᠫᠼᠢᠶᠣᠨ ᠢ ᠳᠠᠭᠤᠰᠬᠤ ᠬᠤᠭᠤᠴᠠᠭᠠᠨ ᠠᠴᠠ ᠡᠮᠦᠨ᠎ᠡ ᠬᠡᠷᠡᠭᠵᠢᠭᠦᠯᠵᠦ ᠪᠣᠯᠤᠨ᠎ᠠ᠃ ᠬᠠᠷᠢᠨ ᠧᠦ᠋ᠷᠣᠫᠠ ᠵᠠᠭᠪᠤᠷ ᠤᠨ ᠣᠫᠼᠢᠶᠣᠨ ᠢ ᠬᠤᠭᠤᠴᠠᠭ᠎ᠠ ᠳᠠᠭᠤᠰᠬᠤ ᠶᠢᠨ ᠰᠡᠭᠦᠯ ᠦᠨ ᠡᠳᠦᠷ ᠬᠡᠷᠡᠭᠵᠢᠭᠦᠯᠦᠨ᠎ᠡ᠃ ᠰᠠᠯᠠᠩᠭᠠᠳᠠ ᠦᠨᠡᠲᠦ ᠴᠠᠭᠠᠰᠤᠨ ᠤ ᠣᠫᠼᠢᠣᠨ ᠨᠢ ᠶᠡᠬᠡᠪᠴᠢᠯᠡᠨ ᠠᠮᠧᠷᠢᠺᠠ ᠵᠠᠭᠪᠤᠷ ᠤᠨ ᠪᠠᠶᠢᠳᠠᠭ ᠪᠠ ᠦᠨᠡᠲᠦ ᠴᠠᠭᠠᠰᠤᠨ ᠤ ᠢᠨᠳᠧᠺᠰ ᠣᠫᠼᠢᠣᠨ ᠨᠢ ᠧᠦ᠋ᠷᠣᠫᠠ ᠵᠠᠭᠪᠤᠷ ᠤᠨ ᠪᠠᠶᠢᠳᠠᠭ᠃

  • ᠣᠫᠼᠢᠶᠣᠨ ᠢ ᠬᠦᠷᠭᠡᠬᠦ ᠪᠠ ᠰᠢᠢᠳᠪᠦᠷᠢᠯᠡᠬᠦ

ᠬᠡᠪ ᠢᠶᠡᠨ ᠦᠨᠡᠲᠦ ᠴᠠᠭᠠᠰᠤᠨ ᠤ ᠣᠫᠼᠢᠶᠣᠨ ᠢ ᠰᠢᠢᠳᠪᠦᠷᠢᠯᠡᠬᠦ ᠲᠣᠬᠢᠶᠠᠯᠳᠤᠯ ᠳᠤ ᠬᠡᠷᠡᠭᠵᠢᠭᠦᠯᠬᠦ ᠵᠢᠷᠤᠮ ᠢ ᠤᠷᠢᠳᠴᠢᠯᠠᠨ ᠲᠣᠬᠢᠷᠠᠨ᠎ᠠ᠃ ᠦᠨᠡᠲᠦ ᠴᠠᠭᠠᠰᠤᠨ ᠤ ᠣᠫᠼᠢᠣᠨ ᠤ ᠨᠥᠬᠥᠴᠡᠯ ᠳᠦ ᠲᠣᠭᠲᠠᠭᠰᠠᠨ ᠬᠡᠷᠡᠭᠵᠢᠭᠦᠯᠬᠦ ᠵᠠᠷᠴᠢᠮ ᠤᠨ ᠳᠠᠭᠠᠤ ᠣᠫᠼᠢᠣᠨ ᠡᠵᠡᠮᠰᠢᠭᠴᠢ ᠭᠡᠷ᠎ᠡ ᠪᠡᠨ ᠰᠢᠢᠳᠪᠦᠷᠢᠯᠡᠬᠦ ᠪᠡᠨ ᠮᠡᠳᠡᠭᠳᠡᠰᠦᠨ ᠡᠴᠡ ᠬᠣᠶᠢᠰᠢ ᠬᠡᠳᠦᠨ ᠬᠣᠨᠣᠭ ᠤᠨ ᠳᠠᠷᠠᠭ᠎ᠠ ᠦᠨᠡᠲᠦ ᠴᠠᠭᠠᠰᠤᠨ ᠤ ᠨᠢᠭᠡᠴᠡ ᠬᠤᠪᠢᠴᠠᠭ᠎ᠠ ᠨᠤᠭᠤᠳ ᠬᠦᠷᠭᠡᠭᠳᠡᠬᠦ ᠪᠣᠯᠤᠨ᠎ᠠ᠃

ᠦᠨᠡᠲᠦ ᠴᠠᠭᠠᠰᠤᠨ ᠤ ᠣᠫᠼᠢᠣᠨ ᠨᠢ ᠲᠦᠭᠡᠮᠡᠯ ᠦᠨᠡᠲᠦ ᠴᠠᠭᠠᠰᠤ ᠲᠠᠢ ᠠᠳᠠᠯᠢ ᠬᠥᠷᠥᠩᠭᠡ ᠶᠢᠨ ᠵᠠᠬ᠎ᠠ ᠵᠡᠭᠡᠯᠢ ᠳᠡᠭᠡᠷ᠎ᠡ ᠬᠤᠳᠠᠯᠳᠤᠭᠠᠯᠠᠭᠳᠠᠳᠠᠭ᠃ ᠡᠨᠡᠬᠦ ᠭᠡᠷ᠎ᠡ ᠶᠢᠨ ᠣᠨᠴᠠᠯᠢᠭ ᠨᠢ ᠡᠵᠡᠮᠰᠢᠭᠴᠢ ᠪᠤᠶᠤ ᠬᠤᠳᠠᠯᠳᠤᠨ ᠠᠪᠬᠤ ᠲᠠᠯ᠎ᠠ ᠳᠤ ᠡᠷᠬᠡ ᠣᠯᠭᠤᠳᠠᠭ ᠪᠣᠯ ᠬᠤᠳᠠᠯᠳᠤᠭᠰᠠᠨ ᠲᠠᠯ᠎ᠠ ᠳᠤ ᠡᠭᠦᠷᠭᠡ ᠨᠣᠭᠳᠠᠭᠤᠯᠳᠠᠭ᠃ ᠣᠫᠼᠢᠣᠨ ᠲᠥᠷᠥᠯ ᠦᠨ ᠦᠨᠡᠲᠦ ᠴᠠᠭᠠᠰᠤᠨ ᠤ ᠶᠡᠷᠦᠩᠬᠡᠢ ᠰᠢᠨᠵᠢ ᠴᠢᠨᠠᠷ ᠨᠢ:

  • ᠥᠭᠡᠷ᠎ᠡ ᠪᠤᠰᠤᠳ ᠬᠥᠷᠥᠩᠭᠡ ᠡᠴᠡ ᠦᠨ᠎ᠡ ᠴᠢᠨ ᠨᠢ ᠲᠣᠳᠣᠷᠬᠠᠶᠢᠯᠠᠭᠳᠠᠳᠠᠭ᠃
  • ᠮᠥᠩᠭᠥᠨ ᠤᠷᠤᠰᠬᠠᠯ ᠨᠢ ᠲᠣᠳᠣᠷᠬᠠᠢ ᠨᠢᠭᠡ ᠦᠢᠯᠡ ᠶᠠᠪᠤᠴᠠ ᠠᠴᠠ ᠰᠢᠭᠤᠳ ᠬᠠᠮᠢᠶᠠᠷᠤᠯ ᠲᠠᠢ ᠪᠠᠶᠢᠳᠠᠭ᠃

ᠡᠨᠡᠬᠦ ᠣᠫᠼᠢᠣᠨ ᠭᠡᠷ᠎ᠡ ᠶᠢᠨ ᠦᠨ᠎ᠡ ᠴᠢᠨ ᠢ ᠲᠣᠳᠣᠷᠬᠠᠶᠢᠯᠠᠬᠤ ᠳᠤ ᠪᠠᠨ ᠬᠦᠯᠢᠶᠡᠭᠳᠡᠵᠦ ᠪᠤᠢ ᠮᠥᠩᠭᠥᠨ ᠤᠷᠤᠰᠬᠠᠯ ᠤᠨ ᠥᠨᠥ ᠶᠢᠨ ᠦᠨ᠎ᠡ ᠴᠡᠨ᠎ᠡ ᠪᠡᠷ ᠦᠨᠡᠯᠡᠬᠦ ᠶᠤᠮ ᠪᠣᠯ ᠤᠴᠢᠷ ᠳᠤᠲᠠᠭᠳᠠᠯ ᠲᠠᠢ ᠪᠠᠶᠢᠳᠠᠭ᠃ ᠡᠨᠡᠬᠦ ᠰᠤᠳᠤᠯᠭᠠᠨ ᠤ ᠠᠵᠢᠯ ᠤᠨᠨ ᠣᠨᠣᠯ ᠤᠨ ᠬᠡᠰᠡᠭ ᠲᠦ ᠣᠫᠼᠢᠣᠨ ᠤ ᠮᠥᠩᠭᠥᠨ ᠤᠷᠤᠰᠬᠠᠯ ᠢ ᠲᠠᠶᠢᠯᠪᠤᠷᠢᠯᠠᠵᠤ᠂ ᠲᠡᠭᠦᠨ ᠦ ᠦᠨ᠎ᠡ ᠴᠢᠨ ᠢ ᠲᠣᠳᠣᠷᠬᠠᠶᠢᠯᠠᠭᠴᠢ ᠬᠦᠴᠦᠨ ᠵᠦᠢᠯ ᠦᠳ ᠢ ᠠᠪᠴᠤ ᠦᠵᠡᠨ᠎ᠡ᠃

ᠣᠫᠼᠢᠣᠨ ᠤ ᠠᠩᠬᠢᠯᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

http://wiki.uhaan.com/index.php?title=ᠣᠫᠼᠢᠣᠨ&oldid=398460》 ᠍  ᠡᠴᠡ ᠠᠪᠤᠭᠰᠠᠨ

ᠪᠢᠴᠢᠭᠡᠰᠦ