ᠣᠩᠨᠢᠭᠤᠳ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠣᠩᠨᠢᠭᠤᠳ ᠣᠩᠨᠢᠭᠣᠳ ᠠᠶᠢᠮᠠᠭ ᠪᠣᠯ ᠴᠢᠩᠭᠢᠰ ᠬᠠᠭᠠᠨ  ᠤ ᠡᠬᠡ  ᠨᠢᠭᠡᠳᠠᠢ ᠬᠣᠶᠠᠳᠣᠭᠠᠷ ᠳᠡᠭᠦᠦ ᠬᠠᠴᠢᠬᠣ ᠡᠯᠴᠢ  ᠶᠢᠨ ᠬᠣᠶᠢᠴᠢᠰ  ᠤᠨ ᠬᠠᠷᠢᠶᠠᠳᠣ ᠠᠶᠢᠮᠠᠭ  ᠤᠨ ᠣᠯᠠᠨ ᠣᠪᠣᠭ ᠠᠶᠢᠮᠠᠭ  ᠠᠴᠠ ᠢᠷᠡᠯᠳᠡᠢ  ᠶᠣᠮ ᠃ ᠠᠷᠪᠠᠨ ᠭᠣᠷᠪᠠᠳᠣᠭᠠᠷ ᠵᠠᠭᠣᠨ  ᠠᠴᠠ ᠡᠮᠦᠨ᠎ᠡ ᠠᠯᠳᠠᠢ ᠬᠠᠩᠭᠠᠢ ᠪᠠ ᠣᠷᠬᠣᠨ ᠂ ᠰᠡᠯᠡᠩᠭᠡ ᠂ ᠲᠣᠣᠯᠠ ᠭᠣᠷᠪᠠᠨ ᠮᠦ᠋ᠷᠡᠨ  ᠤ ᠦᠷᠭᠡᠨ ᠠᠭᠣᠳᠠᠮ  ᠨᠣᠳᠣᠭ  ᠲᠤ  ᠨᠡᠭᠦᠳᠡᠯᠯᠡᠨ ᠮᠠᠯᠵᠢᠵᠣ ᠪᠠᠶᠢᠭᠰᠠᠨ 《 ᠣᠩᠭᠢ ᠴᠠᠬᠣᠳ 》  ᠤᠨ ᠣᠪᠣᠭ ᠠᠶᠢᠮᠠᠭᠳᠠᠳ  ᠢᠶᠠᠷ ᠭᠣᠣᠯ ᠪᠦ᠋ᠷᠢᠯᠳᠦᠭᠦᠨ  ᠢᠶᠠᠨ ᠪᠣᠯᠭᠠᠵᠣ ᠂  ᠶᠡᠬᠡ ᠮᠣᠩᠭᠣᠯ ᠣᠯᠣᠰ  ᠤᠨ ᠦᠶ᠎ᠡ  ᠳᠤ ᠬᠠᠴᠢᠬᠣ ᠡᠯᠴᠢ  ᠶᠢᠨ ᠬᠦ᠋ᠪᠡᠭᠦᠨ ᠠᠯᠴᠢᠳᠠᠢ  ᠨᠣᠶᠠᠨ  ᠤ ᠦᠮᠴᠢ ᠬᠣᠪᠢ  ᠨᠣᠳᠣᠭ  ᠲᠤ ᠰᠢᠯᠵᠢᠵᠦ ᠬᠦ᠋ᠴᠦᠷᠭᠡᠭᠵᠢᠨ ᠮᠠᠨᠳᠣᠭᠠᠳ ᠂  ᠶᠡᠬᠡ  ᠦᠨ ᠣᠯᠣᠰ  ᠤᠨ ᠦᠶ᠎ᠡ  ᠤᠨ ᠵᠡᠭᠦᠨ ᠭᠠᠷᠣᠨ ᠣᠩ  ᠨᠠᠷ  ᠤᠨ ᠠᠭᠠᠭ ᠲᠠᠮᠠᠭᠠᠷ  ᠤᠨ ᠡᠵᠡᠮᠰᠢᠯ  ᠢ ᠳᠠᠭᠠᠯᠳᠣᠨ ᠡᠮᠦᠨᠡᠰᠢ ᠳᠦ᠋ᠷᠢᠵᠦ ᠂ ᠯᠢᠶᠣᠣᠳᠦ᠋ᠩ ᠂  ᠨᠢᠩᠬᠠᠢ ᠂ ᠵᠢᠨᠠᠨ ᠵᠡᠷᠭᠡ ᠪᠦ᠋ᠸᠸᠬᠠᠢ ᠲᠠᠩᠭᠢᠰ  ᠤᠨ ᠡᠷᠭᠢ ᠳᠠᠭᠠᠣ ᠵᠸᠦ ᠴᠦ᠋ᠯᠭᠡ  ᠤᠳ  ᠤᠨ ᠬᠠᠷᠢᠶᠠᠳᠣ ᠢᠷᠭᠡᠨ  ᠨᠣᠭᠣᠳ  ᠢ  ᠨᠣᠶᠠᠯᠠᠨ ᠵᠠᠬᠢᠷᠴᠣ ᠪᠠᠶᠢᠪᠠ ᠃    ᠦᠨ ᠣᠯᠣᠰ  ᠤᠨ ᠲᠣᠭᠣᠭᠠᠨᠲᠡᠮᠦᠷ ᠬᠠᠭᠠᠨ ᠨᠦ᠋ᠭᠴᠢᠭᠰᠡᠨ ᠪᠠ ᠯᠢᠶᠣᠣᠳᠦ᠋ᠩ ᠂ ᠶᠦ᠋ᠨᠨᠠᠨ ᠵᠡᠷᠭᠡ ᠭᠠᠵᠠᠷ ᠣᠷᠣᠨ ᠠᠯᠳᠠᠭᠳᠠᠬᠣ  ᠳᠤ ᠣᠩᠨᠢᠭᠣᠳ ᠠᠶᠢᠮᠠᠭ  ᠤᠨ  ᠨᠣᠶᠠᠷᠬᠠᠯ  ᠤᠨ ᠬᠦ᠋ᠴᠦᠨ  ᠨᠢ ᠭᠣᠪᠢ  ᠶᠢᠨ ᠡᠮᠦᠨᠡᠳᠦ ᠳᠠᠬᠢ ᠬᠢᠩᠭᠠᠨ ᠳᠠᠪᠠᠭ᠎ᠠ ᠣᠷᠴᠢᠮ  ᠳᠤ ᠣᠬᠣᠷᠢᠵᠣ 《 ᠣᠩᠴᠠᠬᠣᠳ ᠴᠠᠭᠠᠨ ᠲᠦ᠋ᠮᠡᠨ 》 ᠪᠣᠯᠣᠨ ᠪᠦ᠋ᠷᠢᠯᠳᠦᠵᠦ ᠂ ᠠᠷᠪᠠᠨ ᠲᠠᠪᠣᠳᠣᠭᠠᠷ ᠵᠠᠭᠣᠨ  ᠤ ᠡᠬᠢᠨ  ᠳᠤ ᠬᠠᠴᠢᠬᠣ ᠡᠯᠴᠢ  ᠶᠢᠨ ᠬᠣᠶᠢᠴᠢ ( ᠪᠣᠶᠣ ᠣᠳᠴᠢᠬᠢᠨ  ᠨᠣᠶᠠᠨ  ᠤ ᠬᠣᠶᠢᠴᠢ ) ᠪᠣᠯᠬᠣ ᠳᠣᠭᠣᠯᠠᠩ ᠲᠠᠶᠢᠵᠢ  ᠶᠢᠨ ᠠᠯᠠᠭᠳᠠᠭᠰᠠᠨ  ᠢᠶᠠᠷ 《 ᠣᠩᠴᠠᠬᠣᠳ ᠴᠠᠭᠠᠨ ᠲᠦ᠋ᠮᠡᠨ 》 ᠵᠠᠳᠠᠷᠠᠵᠣ ᠂ ᠪᠡᠯᠭᠦᠳᠠᠢ  ᠨᠣᠶᠠᠨ  ᠤ ᠬᠣᠶᠢᠴᠢᠰ ᠮᠣᠣᠯᠢᠬᠠᠢ ᠣᠩ ᠪᠠ ᠬᠠᠴᠢᠬᠣ ᠡᠯᠴᠢ  ᠶᠢᠨ ᠬᠣᠶᠢᠴᠢᠰ ᠮᠦ᠋ᠩᠬᠡᠰᠢᠷ᠎ᠠ ᠴᠠᠭᠠᠨ ᠳᠠᠷᠣᠭ᠎ᠠ  ᠶᠢᠨ  ᠨᠣᠶᠠᠯᠠᠯ  ᠢᠶᠠᠷ ᠣᠩᠨᠢᠭᠣᠳ ᠠᠶᠢᠮᠠᠭ  ᠨᠢ ᠬᠦ᠋ᠴᠦᠷᠭᠡᠭᠵᠢᠨ ᠮᠠᠨᠳᠣᠵᠣ ᠂ ᠲᠡᠦᠬᠡᠨ ᠰᠣᠷᠪᠣᠯᠵᠢ ᠪᠢᠴᠢᠭ  ᠲᠤ  ᠨᠡᠷ᠎ᠡ ᠠᠯᠳᠠᠷ  ᠢᠶᠠᠨ ᠳᠠᠭᠣᠷᠢᠰᠣᠯᠣᠨ ᠲᠡᠮᠳᠡᠭᠯᠡᠭᠳᠡᠵᠦ ᠢᠷᠡᠭᠰᠡᠨ  ᠶᠣᠮ ᠃ ᠪᠣᠳᠢ ᠠᠯᠠᠭ ᠬᠠᠭᠠᠨ  ᠤ  ᠨᠣᠶᠠᠷᠬᠠᠯ  ᠤᠨ ᠦᠶ᠎ᠡ ᠳᠠᠬᠢ ᠣᠩᠨᠢᠭᠣᠳ ᠠᠶᠢᠮᠠᠭ  ᠤᠨ  ᠨᠣᠶᠠᠯᠠᠭᠴᠢ ᠰᠠᠶᠢᠨ ᠸᠴᠢᠷ  ᠨᠣᠶᠠᠨ ( ᠮᠠᠨᠬᠣᠢ ᠣᠩ )  ᠤ ᠣᠩᠯᠢᠭᠣᠳ ᠵᠡᠷᠭᠡ ᠭᠣᠷᠪᠠᠨ ᠣᠳᠣᠭ  ᠨᠢ ᠠᠷᠣ ᠮᠣᠩᠭᠣᠯ ᠪᠣᠶᠣ ᠠᠷᠣ ᠠᠶᠢᠮᠠᠭ  ᠲᠤ ᠪᠠᠭᠳᠠᠯᠴᠠᠵᠣ ᠪᠠᠶᠢᠭᠰᠠᠨ  ᠢᠶᠠᠨ 1592 ᠣᠨ  ᠳᠤ ᠲᠦ᠋ᠮᠡᠨ ᠵᠠᠰᠠᠭᠳᠣ ᠬᠠᠭᠠᠨ ᠦᠭᠡᠳᠡ ᠪᠣᠯᠣᠭᠰᠠᠨ  ᠠᠴᠠ ᠬᠠᠴᠢᠬᠣ ᠡᠯᠴᠢ  ᠶᠢᠨ ᠬᠣᠶᠢᠴᠢᠰ ᠮᠦ᠋ᠩᠬᠡ ᠲᠡᠮᠦᠷ ᠬᠣᠩ ᠲᠠᠶᠢᠵᠢ  ᠶᠢᠨ ᠬᠦ᠋ᠴᠦᠨ ᠡᠮᠦᠨᠡᠰᠢᠯᠡᠵᠦ ᠂ ᠰᠢᠷᠠᠮᠦᠷᠡᠨ  ᠤ ᠠᠷᠣ  ᠳᠤ ᠲᠦ᠋ᠪᠯᠡᠷᠡᠭᠰᠡᠨ ᠪᠠᠶᠢᠨ᠎ᠠ ᠃ ᠲᠡᠭᠦᠨ  ᠤ ᠬᠣᠶᠢᠴᠢᠰ ᠮᠦ᠋ᠩᠬᠡᠪᠣᠯᠣᠳ ᠴᠠᠭᠠᠨ  ᠨᠣᠶᠠᠨ  ᠤ ᠬᠦ᠋ᠪᠡᠭᠦᠨ ᠪᠠᠶᠠᠨᠳᠠᠢ ᠬᠣᠩᠭᠣᠷ ᠪᠣᠯᠣᠨ ᠪᠠᠳᠠᠢ ᠰᠡᠴᠡᠨ ᠂ ᠵᠠᠶᠢᠰᠠᠩ ᠭᠦ᠋ᠶᠦᠩ ᠬᠣᠰᠢᠬᠣᠴᠢ ᠣᠩᠨᠢᠭᠣᠳ ᠪᠠ ᠬᠠᠷ᠎ᠠ ᠴᠡᠷᠢᠭ ᠵᠢᠴᠢ ᠢᠰᠦᠳ ᠠᠶᠢᠮᠠᠭ ᠣᠳᠣᠭ  ᠢ ᠲᠣᠰ ᠪᠦ᠋ᠷᠢ  ᠨᠣᠶᠠᠯᠠᠵᠣ ᠪᠠᠶᠢᠪᠠ ᠃ ᠠᠷᠪᠠᠨ ᠳᠣᠯᠣᠳᠣᠭᠠᠷ ᠵᠠᠭᠣᠨ  ᠤ ᠡᠬᠢᠨ  ᠳᠤ ᠲᠦ᠋ᠯᠠᠨ ᠳᠦ᠋ᠭᠦᠷᠡᠩ ᠬᠠᠨ  ᠤ ᠳᠣᠯᠣᠭᠠᠨ ᠬᠦ᠋ᠪᠡᠭᠦᠨ  ᠠᠴᠠ ᠰᠦ᠋ᠨ ᠳᠦ᠋ᠭᠦᠷᠡᠩ ᠂ ᠳᠦ᠋ᠩᠭᠦᠷ ᠳᠠᠶᠢᠴᠢᠩ ᠬᠣᠶᠠᠷ ᠣᠩᠨᠢᠭᠣᠳ ᠪᠠ ᠬᠠᠷ᠎ᠠ ᠴᠡᠷᠢᠭ ᠠᠶᠢᠮᠠᠭ ᠣᠳᠣᠭ  ᠢ  ᠨᠣᠶᠠᠯᠠᠨ ᠡᠮᠦᠨᠡᠰᠢ  ᠨᠡᠭᠦᠵᠦ ᠂ 1626 ᠣᠨ  ᠳᠤ ᠢᠰᠦᠳ ᠣᠳᠣᠭ  ᠨᠢ ᠴᠠᠬᠠᠷ  ᠨᠠᠢᠮᠠᠨ ᠬᠣᠰᠢᠭᠣᠨ  ᠳᠤ ᠲᠦ᠋ᠭᠡᠭᠡᠭᠳᠡᠨ  ᠨᠣᠳᠣᠭᠰᠢᠵᠣ ᠂ ᠣᠩᠨᠢᠭᠣᠳ ᠪᠠ ᠬᠠᠷ᠎ᠠ ᠴᠡᠷᠢᠭ ᠬᠣᠶᠠᠷ ᠠᠶᠢᠮᠠᠭ ᠣᠳᠣᠭ  ᠨᠢ ᠰᠢᠷᠠᠮᠦᠷᠡᠨ ᠂ ᠯᠣᠣᠬ᠎ᠠ  ᠶᠢᠨ ᠭᠣᠣᠯ  ᠤᠨ ᠰᠠᠪᠠ ᠭᠠᠵᠠᠷ ᠵᠢᠴᠢ ᠮᠣᠷᠠᠨ ᠠᠪᠠ  ᠶᠢᠨ ᠲᠠᠯᠠᠪᠠᠢ  ᠶᠢᠨ ᠵᠡᠭᠦᠨ ᠳᠠᠬᠢ 《 ᠴᠦ᠋ᠨᠳᠦᠪ  ᠤᠨ ᠪᠡᠷᠬᠡ 》  ᠳᠤ  ᠨᠣᠳᠣᠭᠰᠢᠪᠠ ᠃ /ᠣᠩᠭᠢ ᠨᠤᠭᠤᠳ/ᠣᠪᠤᠭ ᠤᠨ ᠨᠢᠭᠡ ᠶᠠᠭᠤᠮ᠎ᠠ᠃

• Khereid • Ongchijid • Dungkhait • Ubchikh • Jirgin • Tumen Tubegun • Sakiad • Albat


ᠣᠩᠨᠢᠭᠤᠳ᠂ ᠣᠭᠨᠣ ᠨᠤᠭᠤᠳ᠂ ᠣᠩᠭᠢ ᠨᠤᠭᠤᠳ /

ᠣᠩᠨᠢᠭᠤᠳ ᠣᠪᠤᠭ ᠨᠢ ᠣᠳᠣ ᠶᠢᠨ ᠳᠣᠷᠣᠨᠠᠭᠣᠪᠢ᠂ ᠡᠬᠣᠲᠠ ᠶᠢᠨ ᠪᠠᠶᠠᠨ ᠲᠠᠯ᠎ᠠ ᠰᠤᠮᠤᠨ ᠳᠤ ᠣᠩᠨᠢᠭᠤᠳ ᠬᠣᠰᠢᠭᠤ ᠪᠣᠯᠤᠨ ᠲᠠᠷᠬᠠᠨ ᠰᠠᠭᠤᠵᠤ ᠪᠠᠶᠢᠨ᠎ᠠ᠃

ᠲᠣᠰ ᠦᠬᠦᠯᠡᠯ ᠦᠨ ᠨᠡᠮᠡᠷᠢᠯᠡᠭᠴᠢ[ᠵᠠᠰᠠᠪᠤᠷᠢᠯᠠᠬᠤ | ᠺᠣᠳ᠋ ᠢᠶᠠᠷ ᠵᠠᠰᠠᠬᠣ]

uhaantai ohin


http://wiki.uhaan.com/index.php?title=ᠣᠩᠨᠢᠭᠤᠳ&oldid=469323》 ᠍  ᠡᠴᠡ ᠠᠪᠤᠭᠰᠠᠨ

ᠪᠢᠴᠢᠭᠡᠰᠦ