ᠣᠨᠴᠠᠯᠠᠬᠤ ᠥᠭᠦᠯᠡᠯ/2018 6 ᠰᠠᠷ᠎ᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ


ᠴᠠᠬᠢᠯᠭᠠᠨ ᠳᠠᠮᠵᠢᠭᠤᠯᠤᠭᠴᠢ

ᠴᠠᠬᠢᠯᠭᠠᠨ ᠳᠠᠮᠵᠢᠭᠤᠯᠤᠭᠴᠢ ᠭᠡᠳᠡᠭ ᠨᠢ ᠳᠤᠮᠳᠠᠭᠤᠷ ᠢᠶᠠᠨ ᠴᠠᠬᠢᠯᠭᠠᠨ ᠳᠠᠮᠵᠢᠭᠤᠯᠬᠤ ᠶᠢ ᠵᠥᠪᠰᠢᠶᠡᠷᠡᠳᠡᠭ ᠮᠠᠲ᠋ᠧᠷᠢᠶᠠᠯ ᠶᠤᠮ᠃ ᠮᠧᠲ᠋ᠠᠯ ᠦᠳ ᠬᠠᠮᠤᠭ ᠤᠨ ᠰᠠᠶᠢᠨ ᠴᠠᠬᠢᠯᠭᠠᠨ ᠳᠠᠮᠵᠢᠭᠤᠯᠤᠭᠴᠢ ᠪᠣᠯᠳᠠᠭ᠂ ᠤᠴᠢᠷ ᠨᠢ ᠲᠡᠳᠡᠭᠡᠷ ᠨᠢ ᠨᠢᠭᠡ᠂ ᠬᠣᠶᠠᠷ ᠪᠤᠶᠤ ᠭᠤᠷᠪᠠᠨ ᠸᠠᠯᠧᠨᠲ ᠤᠨ ᠡᠯᠧᠺᠲ᠋ᠷᠣᠨ ᠲᠠᠢ ᠪᠠᠶᠢᠳᠠᠭ᠃ ᠡᠨᠡ ᠨᠢ ᠬᠠᠮᠤᠭ ᠤᠨ ᠭᠠᠳᠠᠨ᠎ᠠ ᠸᠠᠯᠧᠨᠲ ᠤᠨ ᠲᠣᠭᠣᠷᠢᠭ ᠵᠠᠮ ᠳᠡᠭᠡᠷ᠎ᠡ ᠪᠡᠨ ᠪᠦᠷᠢᠨ ᠳᠦᠭᠦᠷᠡᠩ ᠡᠯᠧᠺᠲ᠋ᠷᠣᠨ ᠲᠠᠢ ᠪᠣᠯᠬᠤ ᠶᠢᠨ ᠲᠤᠯᠠᠳᠠ ᠲᠡᠳᠡᠨ ᠦ ᠬᠤᠪᠢ ᠳᠤ ᠡᠯᠧᠺᠲ᠋ᠷᠣᠨ ᠢ ᠨᠡᠮᠡᠵᠦ ᠠᠪᠬᠤ ᠶᠢᠨ ᠣᠷᠣᠨ ᠳᠤ ᠲᠡᠳᠡᠭᠡᠷ ᠢ ᠠᠯᠳᠠᠬᠤ ᠨᠢ ᠢᠯᠡᠭᠦᠦ ᠬᠢᠯᠪᠠᠷ ᠪᠠᠶᠢᠳᠠᠭ᠃ ᠨᠢᠭᠡ ᠪᠤᠶᠤ ᠬᠣᠶᠠᠷ ᠸᠠᠯᠧᠨᠲ ᠤᠨ ᠡᠯᠧᠺᠲ᠋ᠷᠣᠨ ᠲᠠᠢ ᠮᠧᠲ᠋ᠠᠯ ᠤᠨ ᠬᠤᠪᠢ ᠳᠤ ᠭᠤᠷᠪᠠᠨ ᠸᠠᠯᠧᠨᠲ ᠤᠨ ᠡᠯᠧᠺᠲ᠋ᠷᠣᠨ ᠲᠠᠢ ᠮᠧᠲ᠋ᠠᠯ ᠢ ᠪᠣᠳᠣᠪᠠᠯ ᠡᠯᠧᠺᠲ᠋ᠷᠣᠨ ᠢᠶᠠᠨ ᠢᠯᠡᠭᠦᠦ ᠬᠢᠯᠪᠠᠷᠬᠠᠨ ᠥᠭᠬᠦ ᠬᠠᠨᠳᠤᠯᠭ᠎ᠠ ᠲᠠᠢ ᠪᠠᠶᠢᠨ᠎ᠠ᠃ ᠮᠧᠲ᠋ᠠᠯ ᠨᠢ ᠠᠯᠢ ᠬᠢᠷᠢ ᠬᠢᠯᠪᠠᠷᠬᠠᠨ ᠡᠯᠧᠺᠲ᠋ᠷᠣᠨ ᠢᠶᠠᠨ ᠠᠯᠳᠠᠵᠤ ᠪᠠᠶᠢᠨ᠎ᠠ᠂ ᠲᠡᠷᠡ ᠬᠢᠷᠢ ᠪᠡᠷ ᠴᠠᠬᠢᠯᠭᠠᠨ ᠢ ᠢᠯᠡᠭᠦᠦ ᠰᠠᠶᠢᠨ ᠳᠠᠮᠵᠢᠭᠤᠯᠤᠨ᠎ᠠ᠃ ᠸᠠᠯᠧᠨᠲ ᠤᠨ ᠭᠤᠷᠪᠠᠨ ᠡᠯᠧᠺᠲ᠋ᠷᠣᠨ ᠲᠠᠢ ᠬᠥᠩᠭᠡᠨᠴᠠᠭᠠᠨ ᠍ ᠢ ᠪᠣᠳᠣᠪᠠᠯ ᠵᠡᠰ ᠨᠢ ᠴᠠᠬᠢᠯᠭᠠᠨ ᠢ ᠢᠯᠡᠭᠦᠦ ᠰᠠᠶᠢᠨ ᠳᠠᠮᠵᠢᠭᠤᠯᠤᠨ᠎ᠠ᠃ (ᠪᠦᠷᠢᠨ ᠠᠭᠤᠯᠭ᠎ᠠ ᠶᠢ ᠤᠩᠰᠢᠬᠤ)

ᠪᠤᠯᠠᠭ᠎ᠠ

ᠪᠤᠯᠠᠭ᠎ᠠ (Martes zibellina) ᠨᠢ ᠰᠤᠤᠰᠠᠷ ᠍ ᠤᠨ 1 ᠵᠦᠢᠯ ᠪᠥᠭᠡᠳ ᠣᠷᠣᠰ ᠍ ᠤᠨ ᠤᠷᠠᠯ ᠤᠨ ᠨᠢᠷᠤᠭᠤ ᠠᠴᠠ ᠰᠢᠪᠸᠷᠢᠶ ᠠᠮᠣᠩᠭᠣᠯ ᠍ ᠤᠨ ᠬᠣᠶᠢᠳᠤ ᠬᠡᠰᠡᠭ᠂ ᠳᠤᠮᠳᠠᠳᠤ ᠤᠯᠤᠰᠶᠠᠫᠣᠨ ᠤ ᠬᠣᠺᠺᠠᠶᠢᠳᠣᠣ᠋ ᠳᠤ ᠠᠮᠢᠳᠤᠷᠠᠨ᠎ᠠ᠃ ᠮᠥᠨ ᠫᠣᠯᠠᠨᠳ᠋ᠰᠺᠠᠨᠳᠢᠨᠠᠠᠸᠢᠶ᠎ᠠ ᠍ ᠶᠢᠨ ᠣᠷᠣᠨ ᠨᠤᠭᠤᠳ ᠲᠤ ᠲᠠᠷᠬᠠᠵᠠᠢ᠃ ᠡᠷᠲᠡ ᠳᠡᠭᠡᠷ᠎ᠡ ᠦᠶᠡᠰ ᠠᠩᠨᠠᠨ ᠥᠨᠳᠥᠷ ᠦᠨ᠎ᠡ ᠬᠦᠷᠳᠡᠭ ᠠᠷᠠᠰᠤ ᠶᠢ ᠨᠢ ᠠᠪᠴᠤ ᠪᠠᠶᠢᠭᠰᠠᠨ ᠪᠥᠭᠡᠳ ᠡᠳᠦᠭᠡ ᠴᠤ ᠲᠠᠩᠰᠤᠭ ᠬᠡᠷᠡᠭᠯᠡᠭᠡᠨ ᠳᠦ ᠲᠣᠭᠠᠴᠠᠭᠳᠠᠳᠠᠭ᠃ ᠣᠷᠣᠰ ᠲᠤ ᠵᠡᠷᠯᠢᠭ ᠪᠤᠯᠭ᠎ᠠ ᠶᠢ ᠠᠩᠨᠠᠭᠰᠠᠭᠠᠷ ᠪᠠᠶᠢᠭ᠎ᠠ ᠴᠤ᠂ ᠦᠰᠦᠯᠢᠭ ᠡᠳ᠋ᠯᠡᠯ ᠦᠨ ᠵᠠᠬ᠎ᠠ ᠵᠡᠭᠡᠯᠢ ᠳᠦ ᠬᠢ ᠠᠷᠠᠰᠤᠨ ᠤ ᠶᠡᠬᠡᠩᠬᠢ ᠨᠢ ᠪᠤᠯᠠᠭᠠᠨ ᠤ ᠹᠢᠷᠮ ᠡᠴᠡ ᠨᠡᠶᠢᠯᠡᠭᠦᠯᠦᠭᠳᠡᠵᠦ ᠪᠠᠶᠢᠨ᠎ᠠ᠃ (ᠪᠦᠷᠢᠨ ᠠᠭᠤᠯᠭ᠎ᠠ ᠶᠢ ᠤᠩᠰᠢᠬᠤ)

ᠰᠢᠷᠪᠦᠰᠦᠨ ᠴᠢᠯᠠᠭᠤ

ᠰᠢᠷᠪᠦᠰᠦᠨ ᠴᠢᠯᠠᠭᠤ (ᠬᠢᠲᠠᠳ ᠶᠢᠡᠷ 石棉 ᠪᠤᠶᠤ 石绵᠂ ᠠᠩᠭᠯᠢ: Asbestos) ᠨᠢ 6 ᠵᠦᠢᠯ ᠤᠨ ᠪᠠᠶᠢᠭᠠᠯᠢᠭ ᠴᠠᠬᠢᠭᠤᠷ ᠬᠦᠴᠢᠯ ᠤᠨ ᠳᠠᠪᠤᠰᠤᠨ ᠤ ᠡᠷᠦᠳᠠᠰᠦ ᠪᠤᠳᠠᠰ ᠤᠨ ᠶᠡᠷᠦᠨᠭᠬᠡᠢ ᠨᠡᠷᠡᠢᠳᠦᠯ ᠪᠤᠯᠤᠨ᠋ ᠡ᠃ ᠡᠳᠡᠭᠡᠷ ᠡᠷᠦᠳᠡᠰᠦ ᠪᠤᠳᠠᠰ ᠨᠢ ᠴᠦᠮ ᠮᠠᠰᠢ ᠤᠯᠠᠨ ᠨᠠᠷᠢᠨ ᠤᠷᠲᠤ ᠰᠢᠷᠬᠡᠭᠯᠢᠭ ᠲᠠᠯᠠᠰᠲᠤ ᠡᠴᠨ ᠪᠦᠷᠢᠯᠳᠦᠭᠰᠡᠨ ᠪᠠᠶᠢᠳᠠᠭ᠃ ᠡᠳᠡᠭᠡᠷ ᠰᠢᠷᠬᠡᠭᠯᠢᠭ ᠲᠠᠯᠠᠰᠲᠤ ᠨᠢ ᠠᠮᠠᠷᠬᠠᠨ ᠨᠢᠭᠡ ᠨᠢᠭᠡ ᠰᠢᠷᠬᠡᠭ ᠪᠤᠯᠵᠤ ᠴᠢᠳᠠᠳᠠᠭ ᠃ᠰᠢᠷᠪᠦᠰᠤᠨ ᠴᠢᠯᠠᠭᠤᠨ ᠤ ᠨᠢᠭᠡ ᠰᠢᠷᠭᠡᠭ ᠨᠢ ᠬᠦᠮᠦᠨ ᠦ ᠦᠰᠦ ᠶᠢ 5000 ᠬᠤᠪᠢᠶᠠᠭᠰᠠᠨ ᠤ ᠨᠢᠭᠡ ᠲᠡᠢ ᠣᠶᠢᠷᠠᠯᠴᠠᠭ᠎ᠠ ᠨᠠᠷᠢᠬᠠᠨ ᠪᠠᠶᠢᠳᠠᠭ ᠭᠡᠨ᠋ ᠡ᠃ ᠰᠢᠷᠪᠤᠰᠤᠨ ᠴᠢᠯᠠᠭᠤ ᠵᠢ ᠦᠨᠭᠭᠡ ᠪᠡᠷ ᠨᠢ ᠭᠤᠤᠯᠳᠠᠭᠤ ᠬᠦᠬᠡ ᠂ ᠬᠦᠷᠡᠩ᠂ ᠴᠠᠭᠠᠨ᠂ ᠨᠤᠭᠤᠭᠠᠨ ᠰᠢᠷᠪᠦᠰᠦᠨ ᠴᠢᠯᠠᠭᠤ ᠭᠡᠵᠦ ᠬᠤᠪᠢᠶᠡᠳᠠᠭ᠃ (ᠪᠦᠷᠢᠨ ᠠᠭᠤᠯᠭ᠎ᠠ ᠶᠢ ᠤᠩᠰᠢᠬᠤ)


ᠫᠧᠫᠰᠢ

ᠫᠧᠫᠰᠢ (Pepsi) ᠨᠢ ᠠᠷᠢᠬᠢᠨ ᠤ ᠨᠢᠭᠡᠳᠦᠯ ᠣᠷᠣᠭ᠎ᠠ ᠦᠭᠡᠢ ᠂ ᠴᠠᠩᠭᠠᠭ᠎ᠠ ᠲᠠᠶᠢᠯᠬᠤ ᠤᠮᠳᠠᠭ᠎ᠠ ᠶᠤᠮ᠃ ᠥᠨᠥ ᠶᠢᠨ ᠪᠠᠶᠢᠳᠠᠯ ᠢᠶᠠᠷ ᠳᠡᠯᠡᠬᠡᠢ ᠳᠠᠬᠢᠨ᠎ᠠ ᠲᠦᠬᠡᠬᠡᠨ ᠲᠠᠷᠬᠠᠵᠤ ᠳᠡᠯᠡᠬᠡᠢ ᠨᠡᠶᠢᠲᠡ ᠶᠢᠨ ᠬᠡᠷᠡᠭᠯᠡᠭᠡ ᠪᠣᠯᠤᠨ ᠬᠡᠪᠰᠢᠭᠰᠡᠨ᠃ 1893  ᠤᠨ ᠳᠤ ᠪᠤᠢ ᠪᠣᠯᠵᠤ ᠠᠩᠬ᠎ᠠ 《ᠪᠦᠷᠡᠳ ᠦᠨ ᠤᠮᠳᠠᠭ᠎ᠠ》 ᠭᠡᠵᠦ ᠶᠠᠪᠤᠳᠠᠭ ᠪᠠᠶᠢᠭᠰᠠᠨ ᠨᠢ 1898ᠤᠨ ᠳᠤ ᠠᠯᠪᠠᠨ ᠶᠣᠰᠣᠭᠠᠷ Pepsi-Cola ᠺᠣᠮᠫᠠᠨᠢ ᠪᠣᠯᠤᠭᠰᠠᠨ᠃ ᠦᠨᠳᠦᠰᠦᠨ ᠪᠷᠧᠨᠳ᠋ ᠍ ᠦᠨ ᠡᠷᠬᠡ ᠶᠢ (PepsiCo)ᠭᠡᠬᠦ ᠠᠮᠧᠷᠢᠺᠠ ᠶᠢᠨ ᠺᠣᠮᠫᠠᠨᠢ ᠡᠵᠡᠮᠰᠢᠳᠡᠭ᠃ (ᠪᠦᠷᠢᠨ ᠠᠭᠤᠯᠭ᠎ᠠ ᠶᠢ ᠤᠩᠰᠢᠬᠤ)

ᠬᠦᠮᠦᠨ ᠠᠭᠠᠯᠵᠢ 3

ᠬᠦᠮᠦᠨ ᠠᠭᠠᠯᠵᠢ 3 (ᠠᠩᠭᠯᠢ ᠪᠠᠷ Spider-man 3) ᠨᠢ ᠠᠳᠠᠯ ᠶᠠᠪᠤᠳᠠᠯ ᠳᠤ 2007 ᠤᠨ ᠤ ᠠᠮᠧᠷᠢᠺᠠᠵᠢᠨ ᠺᠢᠨᠣ᠋ ᠶᠤᠮ᠃[1] ᠬᠦᠮᠦᠨ ᠠᠭᠠᠯᠵᠢ ᠴᠤᠪᠤᠷᠠᠯ ᠺᠢᠨᠣᠨ ᠤ ᠭᠤᠷᠪᠠᠳᠤᠭᠠᠷ ᠠᠩᠭᠢ ᠶᠢ ᠵᠢᠷᠤᠭᠲᠤ ᠨᠣᠮᠣᠨ ᠤ «ᠮᠠᠷᠸᠧᠯ ᠺᠣᠮᠢᠺᠰ» ᠺᠣᠮᠫᠠᠨᠢ ᠪᠠᠭᠠᠲᠤᠷ ᠬᠦᠮᠦᠨ ᠠᠭᠠᠯᠵᠢ ᠶᠢᠨ ᠠᠳᠠᠯ ᠶᠠᠪᠤᠳᠠᠯ ᠢ ᠠᠯᠸᠢᠨ ᠰᠠᠷᠭᠧᠨᠲ ᠪᠣᠯᠤᠨ ᠲᠡᠭᠦᠨ ᠦ ᠪᠠᠭ ᠤᠨ ᠬᠢᠨ᠂ ᠰᠡᠮ ᠷᠡᠶᠢᠮᠢ ᠨᠠᠷ ᠪᠢᠴᠢᠵᠦ ᠨᠠᠶᠢᠷᠠᠭᠤᠯᠤᠨ᠂ ᠲᠣᠪᠢ ᠮᠠᠭᠤᠸᠠᠶᠢᠷᠺᠢᠷᠰᠲ᠋ᠧᠨ ᠳᠠᠩᠰᠠᠲᠵᠡᠮᠰ ᠹᠷᠠᠨᠺᠣ ᠨᠠᠷ ᠤᠨ ᠵᠦᠵᠦᠭᠡᠴᠢᠳ ᠲᠣᠭᠯᠠᠵᠠᠢ᠃ (ᠪᠦᠷᠢᠨ ᠠᠭᠤᠯᠭ᠎ᠠ ᠶᠢ ᠤᠩᠰᠢᠬᠤ)

ᠬᠤᠷ᠎ᠠ ᠲᠤᠨᠤᠳᠠᠰᠤ

ᠬᠤᠷ᠎ᠠ ᠪᠤᠶᠤ ᠬᠤᠷ᠎ᠠ ᠲᠤᠨᠤᠳᠠᠰᠤ - ᠳᠡᠯᠡᠬᠡᠢ ᠳᠡᠭᠡᠷᠡᠬᠢ ᠤᠰᠤᠨ ᠤ ᠡᠷᠭᠢᠯᠲᠡ ᠶᠢᠨ ᠰᠢᠰᠲ᠋ᠧᠮ ᠦᠨ ᠲᠩᠷᠢ ᠡᠴᠡ ᠤᠰᠤ ᠪᠠᠭᠤᠵᠤ ᠢᠷᠡᠬᠦ ᠦᠵᠡᠭᠳᠡᠯ ᠢ ᠨᠡᠷᠡᠯᠡᠭᠰᠡᠨ ᠴᠠᠭ ᠠᠭᠠᠷ ᠰᠤᠳᠤᠯᠤᠯ ᠤᠨ ᠬᠡᠯᠡᠯᠭᠡ ᠪᠤᠯᠤᠨ᠎ᠡ᠃ ᠪᠣᠷᠣᠭ᠎ᠠᠴᠠᠰᠤ ᠵᠡᠷᠭᠡ ᠶᠢ ᠵᠢᠭᠠᠬᠤ ᠪᠥᠭᠡᠳ ᠮᠥᠨᠳᠥᠷ ᠮᠡᠲᠦ ᠶᠢᠨ ᠬᠠᠲᠠᠭᠤ ᠲᠥᠯᠥᠪ ᠲᠦ ᠣᠷᠣᠭᠰᠠᠨ ᠤᠰᠤ ᠶᠢ ᠴᠤ ᠮᠥᠨ ᠠᠭᠤᠯᠠᠨ᠎ᠠ᠃ ᠬᠤᠷ᠎ᠠ ᠲᠤᠨᠤᠳᠠᠰᠤᠨ ᠤ ᠦᠵᠡᠭᠳᠡᠯ  ᠦᠨ ᠦᠷ᠎ᠡ ᠳ᠋ᠦᠩ ᠳᠦ ᠤᠨᠠᠭᠰᠠᠨ ᠤᠰᠤᠨ ᠤ ᠬᠡᠮᠵᠢᠶ᠎ᠡ ᠶᠢ ᠬᠤᠷ᠎ᠠ ᠲᠤᠨᠳᠠᠰᠤᠨ ᠤ ᠬᠡᠮᠵᠢᠶ᠎ᠡ ᠬᠡᠮᠡᠨ ᠢᠯᠡᠷᠬᠡᠶᠢᠯᠡᠨ᠎ᠡ᠃ (ᠪᠦᠷᠢᠨ ᠠᠭᠤᠯᠭ᠎ᠠ ᠶᠢ ᠤᠩᠰᠢᠬᠤ)

ᠴᠠᠬᠢᠯᠭᠠᠨ ᠭᠦᠶᠦᠳᠡᠯ

ᠴᠠᠬᠢᠯᠭᠠᠨ ᠭᠦᠶᠦᠳᠡᠯ ( ᠬᠢᠲᠠᠳ ᠶᠢᠡᠷ 电流) ᠨᠢ ᠴᠠᠬᠢᠯᠭᠠᠨ ᠴᠡᠨᠡᠭ ᠦᠨ ᠤᠷᠤᠰᠬᠠᠯ (ᠬᠥᠳᠡᠯᠭᠡᠭᠡᠨ) ᠶᠤᠮ᠃ ᠭᠦᠶᠦᠳᠡᠯ ᠦᠨ СИ ᠰᠢᠰᠲ᠋ᠧᠮ ᠳᠦ ᠬᠢ ᠨᠢᠭᠡᠴᠡ ᠨᠢ ᠠᠮᠫᠧᠷ ᠪᠥᠭᠡᠳ ᠨᠢᠭᠡ ᠠᠮᠫᠧᠷ ᠨᠢ ᠨᠢᠭᠡ ᠰᠧᠺᠦᠨ᠋ᠲ ᠍ᠲᠦ ᠤᠷᠤᠰᠤᠨ ᠥᠩᠭᠡᠷᠡᠬᠦ ᠨᠢᠭᠡ ᠺᠤᠯᠤᠨ ᠴᠡᠨᠡᠭ ᠦᠨ ᠬᠡᠮᠵᠢᠶ᠎ᠡ ᠪᠡᠷ ᠢᠯᠡᠷᠬᠡᠶᠢᠯᠡᠭᠳᠡᠨ᠎ᠡ᠃ (ᠪᠦᠷᠢᠨ ᠠᠭᠤᠯᠭ᠎ᠠ ᠶᠢ ᠤᠩᠰᠢᠬᠤ)

iOS

iOS ᠨᠢ Apple ᠺᠣᠮᠫᠠᠨᠢ ᠶᠢᠨ ᠭᠠᠷᠭᠠᠳᠠᠭ iPhone ᠤᠬᠠᠭᠠᠯᠢᠭ ᠤᠲᠠᠰᠤᠨ ᠤ ᠦᠢᠯᠡᠳᠦᠯ ᠦᠨ ᠰᠢᠰᠲ᠋ᠧᠮ ᠶᠤᠮ᠃ iOS ᠭᠡᠳᠡᠭ ᠨᠢ iPhone Operation System ᠍ ᠦᠨ ᠲᠣᠪᠴᠢᠯᠠᠯ ᠪᠥᠭᠡᠳ 2010 ᠤᠨ ᠠᠴᠠ ᠡᠮᠦᠨ᠎ᠡ iPhone OS ᠭᠡᠵᠦ ᠨᠡᠷᠡᠯᠡᠳᠡᠭ ᠪᠠᠶᠢᠭᠰᠠᠨ᠃ ᠠᠩᠬ᠎ᠠ iOS ᠨᠢ 2007 ᠤᠨ ᠳᠤ iPhone ᠪᠣᠯᠤᠨ iPod Touch – ᠳᠤ ᠵᠣᠷᠢᠭᠤᠯᠤᠭᠳᠠᠨ ᠭᠠᠷᠤᠭᠰᠠᠨ᠃ ᠡᠨᠡ ᠨᠢ ᠥᠷᠭᠡᠵᠢᠨ iPad ᠪᠣᠯᠤᠨ Apple TV᠂ Apple ᠍ ᠦᠨ ᠲᠥᠬᠥᠭᠡᠷᠦᠮᠵᠢ ᠨᠦᠭᠦᠳ ᠲᠦ ᠠᠰᠢᠭᠯᠠᠭᠳᠠᠵᠤ ᠡᠬᠢᠯᠡᠭᠰᠡᠨ᠃ Microsoft ᠍ ᠦᠨ Windows Phone ᠪᠣᠯᠤᠨ Google ᠍ ᠦᠨ Android ᠍ ᠲᠠᠢ ᠠᠳᠠᠯᠢ ᠦᠭᠡᠢ᠂ Apple ᠡᠴᠡ ᠪᠤᠰᠤᠳ ᠲᠧᠭᠨᠢᠭ ᠬᠠᠩᠭᠠᠮᠵᠢ᠂ ᠲᠥᠭᠦᠭᠡᠷᠦᠮᠵᠢ ᠳᠤ ᠠᠰᠢᠭᠯᠠᠬᠤ ᠡᠷᠬᠡ ᠣᠯᠭᠤᠭ᠎ᠠ ᠦᠭᠡᠢ᠃ 2012 ᠤᠨ ᠤ 9 ᠰᠠᠷ᠎ᠠ ᠶᠢᠨ ᠪᠠᠶᠢᠳᠠᠯ ᠢᠶᠠᠷ App Store ᠳᠤ 700000 ᠭᠠᠷᠤᠢ iOS ᠠᠫᠯᠢᠺᠧᠢᠰᠢᠨ ᠪᠠᠶᠢᠭ᠎ᠠ ᠪᠠ ᠲᠡᠳᠡᠭᠡᠷ ᠨᠢ 30 ᠲᠠᠷᠪᠤᠮ ᠤᠳᠠᠭ᠎ᠠ ᠲᠠᠲᠠᠭᠳᠠᠭᠰᠠᠨ ᠪᠠᠶᠢᠨ᠎ᠠ᠃ ᠡᠨᠡ ᠦᠵᠡᠭᠦᠯᠦᠯᠲᠡ ᠨᠢ 2012 ᠤᠨ ᠤ ᠭᠤᠷᠪᠠᠳᠤᠭᠠᠷ ᠤᠯᠠᠷᠢᠯ ᠳᠤ ᠤᠬᠠᠭᠠᠯᠢᠭ ᠤᠲᠠᠰᠤᠨ ᠤ ᠠᠫᠯᠢᠺᠧᠢᠰᠢᠨ ᠦ ᠵᠠᠬ᠎ᠠ ᠵᠡᠭᠡᠯᠢ ᠶᠢᠨ 14.9 % ᠍ ᠢ ᠡᠵᠡᠯᠡᠵᠦ ᠪᠠᠶᠢᠨ᠎ᠠ᠃ 2012 ᠤᠨ ᠤ ᠬᠠᠭᠠᠰ ᠲᠤ᠎ Apple ᠺᠣᠮᠫᠠᠨᠢ 410 ᠰᠠᠶ᠎ᠠ ᠲᠥᠬᠥᠭᠡᠷᠦᠮᠵᠢ ᠶᠢ ᠳᠡᠯᠡᠬᠡᠢ ᠳᠠᠬᠢᠨ ᠳᠤ ᠠᠵᠢᠯᠯᠠᠭᠤᠯᠤᠭᠠᠳ ᠪᠠᠶᠢᠨ᠎ᠠ᠃ (ᠪᠦᠷᠢᠨ ᠠᠭᠤᠯᠭ᠎ᠠ ᠶᠢ ᠤᠩᠰᠢᠬᠤ)

ᠨᠡᠶᠢᠰᠯᠡᠯ ᠬᠣᠲᠠ

ᠨᠡᠶᠢᠰᠯᠡᠯ ᠬᠣᠲᠠ᠂ ᠪᠠᠰᠠ ᠤᠯᠤᠰ ᠤᠨ ᠨᠡᠶᠢᠰᠯᠡᠯ ᠂ ᠲᠡᠷᠢᠭᠦᠨ ᠬᠣᠲᠠ ᠪᠤᠶᠤ ᠵᠠᠰᠠᠭ ᠵᠠᠬᠢᠷᠭᠠᠨ ᠤ ᠲᠥᠪ ᠬᠣᠲᠠ ᠬᠡᠳᠡᠭ᠂ ᠨᠡᠶᠢᠰᠯᠡᠯ ᠨᠢ ᠨᠢᠭᠡ ᠤᠯᠤᠰ ᠤᠨ ᠤᠯᠤᠰ ᠲᠥᠷᠥ ᠶᠢᠨ ᠲᠥᠪ ᠪᠠ ᠲᠥᠪ ᠤᠨ ᠵᠠᠰᠠᠭ ᠤᠨ ᠣᠷᠳᠣᠨ  ᠤ ᠪᠠᠢᠷᠢᠯᠠᠵᠤ ᠪᠠᠢᠭ᠎ᠠ ᠭᠠᠵᠠᠷ ᠤᠨ ᠤᠯᠤᠰ ᠲᠥᠷᠥ ᠶᠢᠨ ᠨᠡᠷᠡᠶᠢᠳᠦᠯ ᠪᠣᠯᠤᠨ᠎ᠠ ᠃ 1927 ᠤᠨ ᠳᠤ ᠢᠷᠭᠡᠨ ᠤᠯᠤᠰ ᠤᠨ ᠵᠠᠰᠠᠭ ᠤᠨ ᠣᠷᠳᠣᠨ ᠨᠡᠶᠢᠰᠯᠡᠯ ᠢᠶᠡᠨ ᠨᠠᠨᠵᠢᠩ ᠳᠤ ᠪᠠᠶᠢᠭᠤᠯᠵᠣ ᠂ ᠨᠠᠨᠵᠢᠩ ᠢ ᠨᠡᠶᠢᠰᠯᠡᠯ ᠢᠶᠡᠨ ᠪᠣᠯᠭᠠᠭᠰᠠᠨ ᠪᠠᠢᠨ᠎ᠠ ᠂ ᠢᠩᠭᠢᠭᠡᠳ ᠳᠤᠮᠳᠠᠳᠤ ᠤᠯᠤᠰ ᠲᠤ ᠠᠩᠬ᠎ᠠ ᠤᠳᠠᠭ᠎ᠠ 《 ᠨᠡᠶᠢᠰᠯᠡᠯ 》ᠭᠡᠬᠦ ᠨᠡᠷᠡᠶᠢᠳᠦᠯ ᠢ ᠬᠡᠷᠡᠭᠯᠡᠭᠰᠡᠨ ᠪᠥᠭᠡᠳ ᠲᠤᠰ ᠦᠭᠡ ᠨᠢ ᠣᠳᠣ ᠪᠣᠯᠲᠠᠯ᠎ᠠ ᠬᠡᠷᠡᠭᠯᠡᠭᠰᠡᠭᠡᠷ ᠪᠠᠶᠢᠨ᠎ᠠ ᠃ (ᠪᠦᠷᠢᠨ ᠠᠭᠤᠯᠭ᠎ᠠ ᠶᠢ ᠤᠩᠰᠢᠬᠤ)

Alan-Turing.jpg

ᠠᠢᠯᠦᠨ ᠲ᠋‍ᠦ᠋ᠷᠢᠩ 1912ᠤᠨ ᠤ 6 ᠰᠠᠷ᠎ᠠ ᠶᠢᠨ 23 ᠳᠤ ᠯᠤᠨᠳᠤᠨ ᠳᠤ ᠮᠠᠨᠳᠤᠯᠡᠵᠦ᠂ 1936 ᠤᠨ ᠳᠤ ᠪᠢᠴᠢᠭᠰᠡᠨ ᠦᠭᠦᠯᠡᠯ ᠳᠡᠭᠡᠷ᠎ᠡ ᠪᠡᠨ ᠲᠤᠭᠠᠨ ᠤ ᠵᠢᠩᠬᠢᠨᠢ ᠬᠡᠮᠵᠢᠭᠳᠡᠯ ᠢ ᠪᠠᠲᠤᠯᠠᠬᠤ ᠪᠤᠲᠤᠯᠭ᠎ᠠ ᠶᠢᠨ ᠠᠷᠭ᠎ᠠ ᠤᠷᠤᠰᠢᠬᠤ ᠦᠭᠡᠢ ᠂ ᠪᠠᠰᠠ ᠲᠤᠭᠠᠨ ᠤ ᠤᠬᠠᠭᠠᠨ ᠳᠤ ᠬᠡᠵᠢᠶᠡᠳᠡ ᠮᠠᠭᠠᠳᠯᠠᠵᠤ ᠪᠤᠯᠬᠤ ᠦᠭᠡᠢ ᠦᠭᠦᠯᠡᠯ ᠠᠭᠤᠯᠠᠭᠳᠠᠨ᠎ᠠ ᠭᠡᠳᠡᠭ ᠢ ᠭᠡᠷᠡᠴᠢᠯᠠᠵᠡᠢ ᠃ᠮᠦᠨ ᠴᠤ ᠬᠠᠮᠤᠭ ᠠᠩᠬᠠᠨ ᠤ ᠺᠤᠮᠫᠢᠦᠲᠸᠷ ᠢ ᠵᠤᠭᠢᠶᠠᠬᠤ ᠳᠤ ᠴᠢᠬᠤᠯᠠ ᠭᠠᠪᠢᠶ᠎ᠠ ᠪᠠᠢᠭᠤᠯᠤᠭᠰᠠᠨ ᠬᠦᠮᠦᠨ ᠮᠦᠨ᠃ ᠲᠡᠷᠡ 1950 ᠤᠨ ᠳᠤ ᠨᠡᠢᠲᠡᠯᠡᠭᠰᠠᠨ (ᠺᠣᠮᠫᠢᠦ᠋ᠲᠧᠷ ᠪᠤᠯᠤᠨ ᠤᠶᠤᠨᠲᠤ) ᠭᠡᠬᠦ ᠲᠤᠷᠰᠢᠯᠲᠠ ᠶᠢ ᠳᠤᠷᠠᠳᠴᠤ᠂ ᠰᠢᠨᠵᠢᠯᠡᠬᠦ ᠮᠡᠷᠭᠡᠵᠢᠯ ᠦᠨ ᠠᠵᠢᠯ ᠲᠦᠷᠦᠯ ᠳᠦ ᠤᠶᠤᠨᠲᠤ ᠲᠦᠰᠦᠯ ᠦᠨ ᠪᠠᠷᠢᠮᠵᠢᠶ᠎ᠠ ᠶᠢ ᠲᠤᠭᠲᠠᠭᠠᠵᠤ ᠦᠭᠭᠦ ᠪᠡᠷ ᠴᠢᠷᠮᠠᠢᠭᠰᠠᠨ ᠪᠠᠢᠨ᠎ᠠ᠃ ᠦᠩᠭᠡᠷᠡᠭᠰᠡᠨ ᠬᠡᠲᠦᠨ ᠠᠷᠪᠠᠨ ᠵᠢᠯ ᠳᠦ ᠡᠨᠡᠬᠦ ᠲᠤᠷᠰᠢᠯᠲᠠ ᠨᠢ ᠬᠦᠮᠦᠨᠴᠢ ᠴᠢᠳᠠᠪᠤᠷᠢ ᠶᠢᠨ ᠮᠠᠷᠭᠤᠯᠳᠠᠭᠠᠨ ᠢ ᠨᠦᠯᠦᠭᠡᠯᠡᠭᠰᠡᠭᠡᠷ ᠢᠷᠡᠭᠰᠡᠨ ᠶᠤᠮ᠃ (ᠪᠦᠷᠢᠨ ᠠᠭᠤᠯᠭ᠎ᠠ ᠶᠢ ᠤᠩᠰᠢᠬᠤ)

Sun to Earth.JPG

ᠭᠡᠷᠡᠯ ᠦᠨ ᠬᠤᠷᠳᠤ ᠨᠢ c ᠦᠰᠦᠭ ᠢᠶᠡᠷ ᠲᠡᠮᠳᠡᠭᠯᠡᠭᠳᠡᠳᠡᠭ ᠹᠢᠽᠢᠺ ᠦᠨ ᠲᠣᠭᠲᠠᠮᠠᠯ᠃ ᠬᠡᠮᠵᠢᠶ᠎ᠡ ᠨᠢ ᠶᠠᠭ 299,792,458 ᠮᠧᠲ᠋ᠷ/ᠰᠸᠺᠦ᠋ᠨ᠋ᠳ᠋[1][2] ᠪᠥᠭᠡᠳ 300,000 ᠺᠢᠯᠣᠮᠧᠲ᠋ᠷ/ᠰᠸᠺᠦ᠋ᠨ᠋ᠳ᠋ ᠭᠡᠰᠡᠨ ᠣᠶᠢᠷᠠᠯᠴᠠᠭ᠎ᠠ ᠤᠳᠬ᠎ᠠ ᠶᠢ ᠥᠷᠭᠡᠨ ᠢᠶᠡᠷ ᠠᠰᠢᠭᠯᠠᠳᠠᠭ᠃ ᠡᠨᠡ ᠨᠢ ᠬᠤᠷᠳᠤ ᠶᠢ ᠨᠢ ᠰᠠᠭᠠᠷᠠᠭᠤᠯᠬᠤ ᠠᠲ᠋ᠣᠮ᠂ ᠮᠣᠯᠧᠺᠦᠯ᠂ ᠪᠤᠰᠤᠳ ᠲᠥᠷᠥᠯ ᠦᠨ ᠮᠠᠲ᠋ᠧᠷᠢᠶᠠᠯ ᠣᠷᠣᠰᠢᠨ ᠪᠠᠶᠢᠬᠤ ᠦᠭᠡᠢ ᠴᠡᠪᠡᠷ ᠬᠣᠭᠣᠰᠣᠨ ᠳᠤ ᠴᠠᠬᠢᠯᠭᠠᠨ ᠰᠣᠷᠢᠨᠵᠢᠨ ᠰᠠᠴᠤᠷᠠᠭ ᠤᠨ ᠲᠠᠷᠬᠠᠬᠤ ᠬᠤᠷᠳᠤ ᠶᠤᠮ᠃

ᠬᠦᠮᠦᠨ ᠲᠥᠷᠥᠯᠬᠢᠲᠡᠨ ᠦ ᠲᠡᠦᠬᠡ ᠶᠢᠨ ᠶᠠᠪᠤᠴᠠ ᠳᠤ ᠭᠡᠷᠡᠯ ᠨᠢ ᠭᠱᠠᠨ ᠵᠠᠭᠤᠷ᠎ᠠ ᠳᠤ ᠲᠠᠷᠬᠠᠳᠠᠭ᠂ ᠡᠰᠡᠪᠡᠯ ᠶᠡᠷᠦ ᠳᠡᠭᠡᠨ ᠯᠠ ᠮᠠᠰᠢ ᠬᠤᠷᠳᠤᠨ ᠲᠠᠷᠬᠠᠳᠠᠭ ᠡᠰᠡᠬᠦ ᠨᠢ ᠮᠡᠳᠡᠭᠳᠡᠵᠦ ᠪᠠᠶᠢᠭᠰᠠᠨ ᠦᠭᠡᠢ᠃ 17 ᠍ᠳ᠋ᠦᠭᠡᠷ ᠵᠠᠭᠤᠨ ᠳᠤ ᠣᠳᠣᠨ ᠣᠷᠣᠨ ᠰᠤᠳᠤᠯᠤᠭᠠᠴᠢ ᠣᠯᠧ ᠷᠦᠮᠡᠷ ᠪᠠᠷᠬᠠᠰᠪᠠᠳᠢ ᠶᠢᠨ ᠳᠠᠭᠠᠭᠤᠯᠢ ᠶᠢᠨ ᠦᠵᠡᠭᠳᠡᠬᠦ ᠬᠥᠳᠡᠯᠭᠡᠭᠡᠨ ᠦ ᠰᠤᠳᠤᠯᠭ᠎ᠠ ᠳᠡᠭᠡᠷ᠎ᠡ ᠦᠨᠳᠦᠰᠦᠯᠡᠨ ᠭᠡᠷᠡᠯ ᠬᠢᠵᠠᠭᠠᠷ ᠲᠠᠢ ᠬᠤᠷᠳᠤ ᠪᠠᠷ ᠲᠠᠷᠬᠠᠳᠠᠭ ᠪᠣᠯᠬᠤ ᠶᠢ ᠪᠠᠲᠤᠯᠠᠵᠠᠢ᠃ ᠡᠭᠦᠨ ᠡᠴᠡ ᠬᠣᠶᠢᠰᠢ ᠣᠯᠠᠨ ᠵᠠᠭᠤᠨ ᠤ ᠲᠤᠷᠰᠢᠳᠠ ᠤᠯᠠᠮ ᠨᠠᠷᠢᠨ ᠬᠡᠮᠵᠢᠯᠲᠡ ᠨᠦᠭᠦᠳ ᠢ ᠬᠢᠭᠰᠡᠨ ᠢᠶᠡᠷ 1975 ᠤᠨ ᠳᠤ ᠭᠡᠷᠡᠯ ᠦᠨ ᠬᠤᠷᠳᠤ ᠶᠢ ᠨᠠᠷᠢᠪᠴᠢᠯᠠᠯ ᠲᠠᠢ ᠪᠠᠷ 299,792,458 m/s ᠪᠣᠯᠬᠤ ᠶᠢ ᠲᠣᠭᠲᠠᠭᠠᠴᠠᠢ᠃ 1983 ᠤᠨ ᠳᠤ СИ ᠰᠢᠰᠲ᠋ᠧᠮ ᠳᠤ ᠮᠧᠲ᠋ᠷ  ᠢ  "1⁄299,792,458 ᠰᠸᠺᠦ᠋ᠨ᠋ᠳ᠋ ᠲᠦ ᠭᠡᠷᠡᠯ ᠦᠨ ᠲᠠᠷᠠᠬᠤ ᠬᠤᠷᠳᠤ" ᠬᠡᠮᠡᠨ ᠲᠣᠳᠣᠷᠬᠠᠶᠢᠯᠠᠭᠰᠠᠨ᠃ (ᠪᠦᠷᠢᠨ ᠠᠭᠤᠯᠭ᠎ᠠ ᠶᠢ ᠤᠩᠰᠢᠬᠤ)

Uhaan:ᠣᠨᠴᠠᠯᠠᠬᠤ ᠥᠭᠦᠯᠡᠯ/2018 06 07 1

ᠰᠣᠳᠨᠠᠮᠪᠠᠯᠵᠢᠷ ᠤᠨ ᠪᠤᠶᠠᠨᠨᠡᠮᠡᠬᠦ

ᠰᠣᠳᠨᠠᠮᠪᠠᠯᠵᠢᠷ ᠦᠨ ᠪᠤᠶᠠᠨᠨᠡᠮᠡᠬᠦ ᠨᠢ ᠬᠤᠪᠢᠰᠬᠠᠯᠲᠤ ᠬᠡᠪᠯᠡᠯ᠂ ᠤᠳᠬ᠎ᠠ ᠵᠣᠬᠢᠶᠠᠯ᠂ ᠤᠷᠠᠯᠢᠭ ᠤᠨ ᠨᠡᠷᠡᠲᠦ ᠵᠢᠳᠬᠦᠯᠲᠡᠨ᠂ ᠮᠤᠩᠭᠤᠯ ᠤᠯᠤᠰ  ᠤᠨ ᠤᠷᠴᠢᠨ ᠦᠶ᠎ᠡ  ᠶᠢᠨ ᠣᠷᠠᠨ ᠵᠤᠬᠢᠶᠠᠯ ᠢ ᠡᠭᠦᠰᠭᠡᠨ ᠭᠦ᠋ᠭᠵᠢᠭᠦᠯᠦᠭᠰᠡᠨ ᠤᠷᠠᠨ ᠪᠦ᠋ᠢᠲᠦᠭᠡᠯᠴᠢ  ᠶᠢᠨ  ᠨᠢᠭᠡ  ᠶᠤᠮ᠃ 1902 ᠤᠨ ᠳᠤ ᠭᠣᠪᠢ ᠲᠦᠰᠢᠶ᠎ᠡ ᠭᠦᠩ  ᠤᠨ ᠬᠣᠰᠢᠭᠤ ᠪᠤᠶᠤ ᠣᠳᠣ ᠶᠢᠨ ᠳᠤᠮᠳᠠᠭᠤᠪᠢ ᠠᠶᠢᠮᠠᠭ ᠤᠨ ᠳᠡᠯᠭᠡᠷᠬᠠᠩᠭᠠᠢ ᠰᠤᠮᠤᠨ ᠳᠤ  ᠲᠦ᠋ᠷᠦᠵᠠᠢ᠃ (ᠪᠦᠷᠢᠨ ᠠᠭᠤᠯᠭ᠎ᠠ ᠶᠢ ᠤᠩᠰᠢᠬᠤ)

ᠴᠠᠬᠢᠯᠭᠠᠨ ᠮᠣᠲ᠋ᠣᠷ

ᠴᠠᠬᠢᠯᠭᠠᠨ ᠮᠣᠲ᠋ᠣᠷ (ᠠᠩᠭᠯᠢ ᠪᠠᠷ Electric motor᠂ ᠬᠢᠲᠠᠳ ᠶᠢᠡᠷ 电动机) ᠨᠢ ᠴᠠᠬᠢᠯᠭᠠᠨ ᠡᠨᠧᠷᠭᠢ ᠠᠰᠢᠭᠯᠠᠨ ᠮᠧᠬᠠᠨᠢᠭ ᠡᠨᠧᠷᠭᠢ ᠪᠤᠢ ᠪᠣᠯᠭᠠᠳᠠᠭ ᠲᠥᠬᠥᠭᠡᠷᠦᠮᠵᠢ ᠶᠤᠮ᠃ ᠡᠰᠡᠷᠭᠦ ᠪᠡᠷ ᠨᠢ᠂ ᠮᠧᠬᠠᠨᠢᠭ ᠡᠨᠧᠷᠭᠢ ᠶᠢ ᠴᠠᠬᠢᠯᠭᠠᠨ ᠪᠣᠯᠭᠠᠨ ᠬᠤᠪᠢᠷᠠᠭᠠᠳᠠᠭ ᠲᠥᠬᠥᠭᠡᠷᠦᠮᠵᠢ ᠶᠢ ᠭᠧᠨᠧᠷᠠᠲ᠋ᠣᠷ ᠭᠡᠨ᠎ᠡ᠃ (ᠪᠦᠷᠢᠨ ᠠᠭᠤᠯᠭ᠎ᠠ ᠶᠢ ᠤᠩᠰᠢᠬᠤ)

ᠤᠰᠤᠨ ᠲᠡᠭᠡᠭᠡᠪᠦᠷᠢ
ᠴᠢᠯᠠᠭᠤ

ᠴᠢᠯᠠᠭᠤ (ᠴᠢᠯᠠᠭᠤᠯᠢᠭ) ᠭᠡᠳᠡᠭ ᠨᠢ ᠡᠷᠦᠳᠡᠰᠦ ᠶᠢᠨ ᠠᠭᠷᠧᠭᠠᠲ ᠍ ᠢ ᠬᠡᠯᠡᠬᠦ ᠪᠠ ᠮᠠᠭᠮᠠ ᠶᠢᠨ ᠴᠢᠯᠠᠭᠤᠯᠢᠭᠲᠤᠨᠤᠮᠠᠯ ᠴᠢᠯᠠᠭᠤᠯᠢᠭ᠂ ᠪᠠ ᠬᠤᠪᠢᠷᠠᠮᠠᠯ ᠴᠢᠯᠠᠭᠤᠯᠢᠭ ᠭᠡᠰᠡᠨ ᠦᠨᠳᠦᠰᠦᠨ ᠲᠥᠷᠥᠯ ᠳᠦ ᠬᠤᠪᠢᠶᠠᠭᠳᠠᠨ᠎ᠠ᠃ ᠫᠧᠲ᠋ᠷᠣᠯᠣᠭᠢ ᠨᠢ ᠴᠢᠯᠠᠭᠤᠯᠢᠭ ᠢ ᠰᠤᠳᠤᠯᠳᠠᠭ ᠤᠬᠠᠭᠠᠨ ᠶᠤᠮ᠃ ᠳᠡᠯᠡᠬᠡᠢ ᠶᠢᠨ ᠬᠠᠮᠤᠭ ᠤᠨ ᠭᠠᠳᠠᠨ᠎ᠠ ᠲᠠᠯ᠎ᠠ ᠶᠢᠨ ᠬᠠᠲᠠᠭᠤ ᠪᠦᠷᠬᠦᠭᠦᠯ ᠪᠣᠯᠬᠤ ᠯᠢᠲ᠋ᠣᠰᠹᠧᠷᠢ ᠨᠢ ᠴᠢᠯᠠᠭᠤᠯᠢᠭ ᠠᠴᠠ ᠪᠥᠷᠢᠯᠳᠦᠨ᠎ᠡ᠃ ᠴᠢᠯᠠᠭᠤᠯᠢᠭ ᠨᠢ ᠲᠡᠭᠦᠨ ᠢ ᠪᠦᠷᠢᠳᠦᠭᠦᠯᠦᠭᠴᠢ ᠡᠷᠦᠳᠡᠰᠦ ᠶᠢᠨ ᠢᠶᠡᠨ ᠬᠢᠮᠢ ᠶᠢᠨ ᠨᠠᠶᠢᠷᠠᠯᠭ᠎ᠠᠲᠧᠺᠰᠲᠦ᠋ᠷ᠂ ᠡᠭᠦᠰᠦᠭᠰᠡᠨ ᠨᠥᠬᠥᠴᠡᠯ ᠢᠶᠡᠷ ᠢᠶᠡᠨ ᠲᠤᠨᠤᠮᠠᠯ᠂ ᠮᠠᠭᠮᠠ ᠶᠢᠨ᠂ ᠪᠣᠯᠤᠨ ᠬᠤᠪᠢᠷᠠᠮᠠᠯ ᠴᠢᠯᠠᠭᠤᠯᠢᠭ ᠭᠡᠵᠦ ᠠᠩᠭᠢᠯᠠᠭᠳᠠᠬᠤ ᠪᠠ ᠨᠢᠭᠡ ᠲᠥᠷᠥᠯ ᠡᠴᠡ ᠨᠥᠭᠥᠭᠡ ᠲᠥᠷᠥᠯ ᠤᠷᠤᠭᠤ ᠰᠢᠯᠵᠢᠵᠦ ᠪᠠᠶᠢᠳᠠᠭ᠃ (ᠪᠦᠷᠢᠨ ᠠᠭᠤᠯᠭ᠎ᠠ ᠶᠢ ᠤᠩᠰᠢᠬᠤ)


2016[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠤᠷᠪᠠᠳᠤᠭᠠᠷ ᠰᠠᠷ᠎ᠠᠳᠥᠷᠪᠡᠳᠦᠭᠡᠷ ᠰᠠᠷ᠎ᠠᠲᠠᠪᠤᠳᠤᠭᠠᠷ ᠰᠠᠷ᠎ᠠᠵᠢᠷᠭᠤᠳᠤᠭᠠᠷ ᠰᠠᠷ᠎ᠠᠳᠣᠯᠤᠳᠤᠭᠠᠷ ᠰᠠᠷ᠎ᠠᠨᠠᠢ᠍ᠮᠠᠳᠤᠭᠠᠷ ᠰᠠᠷ᠎ᠠᠶᠢᠰᠦᠳᠦᠭᠡᠷ ᠰᠠᠷ᠎ᠠᠠᠷᠪᠠᠳᠤᠭᠠᠷ ᠰᠠᠷ᠎ᠠᠠᠷᠪᠠᠳᠤᠭᠠᠷ ᠨᠢᠭᠡᠳᠦᠭᠡᠷ ᠰᠠᠷ᠎ᠠᠠᠷᠪᠠᠳᠤᠭᠠᠷ ᠬᠣᠶᠠᠳᠤᠭᠠᠷ ᠰᠠᠷ᠎ᠠ

2017[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠢᠭᠡᠳᠦᠭᠡᠷ ᠰᠠᠷ᠎ᠠᠬᠣᠶᠠᠳᠤᠭᠠᠷ ᠰᠠᠷ᠎ᠠᠭᠤᠷᠪᠠᠳᠤᠭᠠᠷ ᠰᠠᠷ᠎ᠠᠳᠥᠷᠪᠡᠳᠦᠭᠡᠷ ᠰᠠᠷ᠎ᠠᠲᠠᠪᠤᠳᠤᠭᠠᠷ ᠰᠠᠷ᠎ᠠᠵᠢᠷᠭᠤᠳᠤᠭᠠᠷ ᠰᠠᠷ᠎ᠠᠳᠣᠯᠤᠳᠤᠭᠠᠷ ᠰᠠᠷ᠎ᠠᠨᠠᠢ᠍ᠮᠠᠳᠤᠭᠠᠷ ᠰᠠᠷ᠎ᠠ ᠶᠢᠰᠦᠳᠦᠭᠡᠷ ᠰᠠᠷ᠎ᠠ

2018[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠢᠭᠡᠳᠦᠭᠡᠷ ᠰᠠᠷ᠎ᠠᠬᠣᠶᠠᠳᠤᠭᠠᠷ ᠰᠠᠷ᠎ᠠᠭᠤᠷᠪᠠᠳᠤᠭᠠᠷ ᠰᠠᠷ᠎ᠠᠳᠥᠷᠪᠡᠳᠦᠭᠡᠷ ᠰᠠᠷ᠎ᠠᠲᠠᠪᠤᠳᠤᠭᠠᠷ ᠰᠠᠷ᠎ᠠᠵᠢᠷᠭᠤᠳᠤᠭᠠᠷ ᠰᠠᠷ᠎ᠠ
  1. Buchanan, Jason. Spider-Man 3: Overview. Allmovie. September 7, 2009 ᠍ ᠳᠦ ᠬᠠᠨᠳᠤᠭᠰᠠᠨ᠃

ᠪᠢᠴᠢᠭᠡᠰᠦ