ᠣᠨᠴᠠᠯᠠᠬᠤ ᠥᠭᠦᠯᠡᠯ/2018 4 ᠰᠠᠷ᠎ᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ


ᠤᠰᠤᠲᠥᠶᠢᠷᠦᠭᠴᠢ ᠠᠦ᠋ᠲ᠋ᠣᠮᠠᠰᠢᠨ 
ᠤᠰᠤᠲᠥᠶᠢᠷᠦᠭᠴᠢ ᠠᠦ᠋ᠲ᠋ᠣᠮᠠᠰᠢᠨ

ᠤᠰᠤᠲᠦᠷᠦᠭᠴᠢ ᠠᠦ᠋ᠲ᠋ᠣ᠋ ᠮᠠᠰᠢᠨ(ᠬᠢᠲᠠᠳ ᠶᠢᠡᠷ 氢能汽车) ᠭᠡᠳᠡᠭ ᠨᠢ ᠤᠰᠤᠲᠥᠷᠦᠭᠴᠢ ᠶᠢ ᠬᠡᠷᠡᠭᠯᠡᠵᠦ ᠠᠦ᠋ᠲ᠋ᠣ᠋ ᠮᠠᠰᠢᠨ ᠢ ᠬᠦᠳᠡᠯᠭᠡᠬᠦ ᠬᠦᠴᠦ ᠶᠢ ᠭᠠᠷᠭᠠᠵᠤ ᠠᠪᠳᠠᠭ ᠲᠡᠭᠡᠭᠡᠪᠦᠷᠢ ᠶᠢᠨ ᠬᠡᠷᠡᠭᠰᠡᠯ ᠶᠤᠮ᠃ ᠪᠤᠰᠤᠳ ᠲᠥᠷᠥᠯ ᠦᠨ ᠲᠡᠭᠡᠭᠡᠪᠦᠷᠢ ᠶᠢᠨ ᠬᠡᠷᠡᠭᠰᠡᠯ ᠴᠢᠯᠠᠭᠤᠨ ᠲᠤᠰᠤ ᠮᠡᠲᠦ ᠶᠢᠨ ᠰᠢᠲᠠᠮᠠᠬᠠᠢ ᠪᠤᠳᠠᠰ ᠢᠶᠠᠷ ᠴᠡᠨᠡᠭᠯᠡᠭᠰᠡᠨ ᠰᠢᠭ᠂ ᠤᠰᠤᠲᠥᠷᠦᠭᠴᠢ ᠠᠦ᠋ᠲ᠋ᠣ᠋ ᠮᠠᠰᠢᠨ ᠨᠢ ᠤᠰᠤᠲᠥᠷᠦᠭᠴᠢ ᠪᠡᠷ ᠴᠡᠨᠡᠭᠯᠡᠭᠰᠡᠨ ᠪᠠᠶᠢᠳᠠᠭ᠃ ᠤᠯᠠᠩᠬᠢ ᠲᠥᠷᠥᠯ ᠦᠨ ᠤᠰᠤᠲᠥᠷᠦᠭᠴᠢ ᠠᠦ᠋ᠲ᠋ᠣ᠋ ᠮᠠᠰᠢᠨ ᠤ ᠬᠥᠳᠡᠯᠭᠡᠭᠦᠷ ᠨᠢ ᠤᠰᠤᠲᠥᠷᠦᠭᠴᠢ ᠶᠢ ᠳᠣᠲᠣᠭᠠᠳᠤ ᠰᠢᠲᠠᠯᠲᠠ ᠶᠢᠨ ᠬᠥᠳᠡᠯᠭᠡᠭᠦᠷ ᠲᠦ ᠰᠢᠲᠠᠭᠠᠬᠤ ᠪᠣᠯᠤᠨ ᠤᠰᠤᠲᠥᠷᠦᠭᠴᠢ ᠶᠢ ᠬᠦᠴᠢᠯᠲᠥᠷᠦᠭᠴᠢ ᠲᠡᠢ ᠲᠤᠰᠬᠠᠢ ᠰᠠᠪᠠᠨ ᠳᠤᠲᠤᠷ ᠠ ᠤᠷᠪᠠᠯ ᠳᠤ ᠣᠷᠣᠭᠤᠯᠵᠤ᠂ ᠤᠷᠪᠠᠯ ᠤᠨ ᠦᠷ᠎ᠡ ᠳ᠋ᠦᠩ ᠳᠦ ᠡᠭᠦᠰᠴᠦ ᠪᠤᠢ ᠴᠠᠬᠢᠯᠭᠠᠨ ᠡᠨᠧᠷᠭᠢ ᠪᠡᠷ ᠴᠠᠬᠢᠯᠭᠠᠨ ᠮᠣᠲ᠋ᠣᠷ ᠢ ᠠᠵᠢᠯᠯᠠᠭᠤᠯᠬᠤ ᠵᠠᠮ ᠢᠶᠠᠷ ᠬᠢᠮᠢ ᠶᠢᠨ ᠡᠨᠧᠷᠭᠢ ᠶᠢ ᠮᠧᠬᠠᠨᠢᠭ ᠡᠨᠧᠷᠭᠢ ᠪᠣᠯᠭᠠᠨ ᠬᠤᠪᠢᠷᠠᠭᠠᠵᠤ ᠪᠠᠶᠢᠨ᠎ᠠ᠃ ᠲᠡᠭᠡᠭᠡᠪᠦᠷᠢ ᠶᠢᠨ ᠬᠡᠷᠡᠭᠰᠡᠯ ᠦᠨ ᠰᠢᠲᠠᠭᠠᠯᠭ᠎ ᠠ ᠶᠢᠨ ᠵᠣᠷᠢᠭᠤᠯᠤᠯᠲᠠ ᠪᠠᠷ ᠤᠰᠤᠲᠥᠷᠦᠭᠴᠢ ᠶᠢ ᠲᠦᠭᠡᠮᠡᠯ ᠬᠡᠷᠡᠭᠯᠡᠵᠦ ᠪᠤᠢ ᠰᠢᠯᠲᠠᠭᠠᠨ ᠨᠢ ᠤᠰᠤᠲᠥᠷᠦᠭᠴᠢ ᠪᠣᠯ ᠡᠳ᠋ ᠍ ᠦᠨ ᠵᠠᠰᠠᠭ ᠤᠨ ᠭᠠᠮᠨᠠᠯᠲᠠ ᠶᠢ ᠰᠠᠨᠠᠯ ᠪᠣᠯᠭᠠᠵᠤ ᠪᠠᠶᠢᠭ᠎ᠠ ᠭᠣᠣᠯ ᠡᠯᠧᠮᠧᠨ᠋ᠲ ᠶᠤᠮ᠃ (ᠪᠦᠷᠢᠨ ᠠᠭᠤᠯᠭ᠎ᠠ ᠶᠢ ᠤᠩᠰᠢᠬᠤ)

ᠤᠷᠴᠢᠨ ᠲᠤᠭᠤᠷᠢᠨ  ᠤ ᠠᠵᠤ ᠠᠬᠤᠢ ᠶᠢᠨ ᠤᠬᠠᠭᠠᠨ 
Economic-3.png

ᠤᠷᠴᠢᠨ ᠲᠤᠭᠤᠷᠢᠨ ᠤ ᠠᠵᠤ ᠠᠬᠤᠢ ᠶᠢᠨ ᠤᠬᠠᠭᠠᠨ ‍( Environmental Economics᠂ ᠬᠢᠲᠠᠳ ᠶᠢᠡᠷ 环境经济学) ᠨᠢ ᠤᠷᠴᠢᠨ ᠲᠤᠭᠤᠷᠢᠨ ᠤ ᠠᠰᠠᠭᠤᠳᠠᠯ ᠢ ᠠᠵᠤ ᠠᠬᠤᠢ  ᠶᠢᠨ ᠤᠬᠠᠭᠠᠨ ᠤ ᠵᠤᠭᠰᠤᠯᠲᠠ ᠡᠴᠡ ᠰᠤᠳᠤᠯᠬᠤ ᠪᠡᠷ ᠳᠠᠮᠵᠢᠵᠤ᠂ ᠤᠷᠴᠢᠨ ᠲᠤᠭᠤᠷᠢᠨ ᠤ ᠠᠰᠠᠭᠤᠳᠠᠯ ᠡᠭᠦᠰᠴᠦ ᠪᠠᠶᠢᠭ᠋ ᠠ ᠮᠸᠬᠠᠨᠢᠰᠸᠮ ᠢ ᠲᠤᠳᠤᠷᠬᠠᠢ ᠪᠤᠯᠭᠠᠬᠤ ᠶᠢᠨ ᠵᠡᠷᠭᠡ ᠪᠡᠷ ᠲᠡᠳᠡᠭᠡᠷ ᠤᠷᠴᠢᠨ ᠲᠤᠭᠤᠷᠢᠨ ᠤ ᠠᠰᠠᠭᠤᠳᠠᠯ ᠢ ᠰᠢᠢᠳᠪᠦᠷᠢᠯᠡᠬᠦ ᠪᠤᠲᠠᠲᠠᠢ ᠠᠷᠭ᠋ ᠠ ᠬᠡᠮᠵᠢᠶ ᠡ ᠵᠢ ᠳᠤᠷᠠᠳᠬᠤ ᠪᠡᠷ ᠵᠤᠷᠢᠯᠭ᠋ ᠠ ᠪᠡᠨ ᠪᠤᠯᠭᠠᠳᠠᠭ᠃ ᠤᠷᠴᠢᠨ ᠲᠤᠭᠤᠷᠢᠨ ᠤ ᠠᠰᠠᠭᠤᠳᠠᠯ ᠢ ᠰᠤᠳᠤᠯᠳᠠᠭ ᠠᠵᠤ ᠠᠬᠤᠢ ᠶᠢᠨ ᠤᠬᠠᠭᠠᠨ ᠤ ᠨᠢᠭᠡ ᠰᠠᠯᠪᠦᠷᠢ ᠪᠤᠯᠤᠭᠰᠠᠨ ᠤ ᠬᠤᠪᠢ ᠳᠤ ᠭᠤᠤᠯᠳᠠᠬᠤ ᠳᠡᠯᠡᠬᠡᠢ ᠶᠢᠨ ᠪᠦᠮᠪᠦᠷᠴᠡᠭ ᠤᠨ ᠲᠤᠯᠠᠭᠠᠷᠠᠯ  ᠶᠢᠨ ᠠᠰᠠᠭᠤᠳᠠᠯ ᠂ ᠬᠠᠶᠠᠭᠳᠠᠮᠠᠯ ᠪᠤᠳᠠᠰ ᠢ ᠰᠢᠢᠳᠪᠦᠷᠢᠯᠡᠬᠦ ᠪᠠ ᠳᠠᠬᠢᠨ ᠠᠰᠢᠭᠯᠠᠬᠤ᠂ ᠤᠢ ᠰᠢᠭᠤᠢ ᠶᠢᠨ ᠡᠪᠳᠡᠭᠳᠡᠯ᠂ ᠠᠮᠢᠳᠤ ᠪᠤᠳᠠᠰ ᠤᠨ ᠤᠯᠠᠨ ᠲᠦᠷᠦᠯᠲᠦ ᠴᠢᠨᠠᠷ ᠢ ᠬᠠᠮᠠᠭᠠᠯᠠᠬᠤ ᠵᠡᠷᠭᠡ ᠵᠢ ᠰᠤᠳᠤᠯᠳᠠᠭ᠃ (ᠪᠦᠷᠢᠨ ᠠᠭᠤᠯᠭ᠎ᠠ ᠶᠢ ᠤᠩᠰᠢᠬᠤ)

 ᠰᠤᠤᠰᠠᠷ
ᠣᠢ ᠶᠢᠨ ᠰᠤᠤᠰᠠᠷ

ᠰᠤᠤᠰᠠᠷ ᠨᠢ ᠬᠥᠬᠥᠲᠡᠨ ᠠᠮᠢᠲᠠᠨᠠᠮᠢᠲᠠᠨ ᠶᠤᠮ᠃ᠰᠤᠤᠰᠠᠷ ᠨᠢ ᠨᠠᠷᠢᠨ ᠪᠡᠶ᠎ᠡ ᠲᠡᠢ᠂ ᠱᠠᠯᠠᠮᠠᠭᠠᠢ ᠬᠥᠳᠡᠯᠭᠡᠭᠡᠨ ᠲᠡᠢ ᠠᠮᠢᠲᠠᠨ ᠪᠥᠭᠡᠳ ᠣᠢ ᠲᠠᠶᠢᠭ᠎ᠠ᠂ ᠳᠡᠯᠡᠬᠡᠢ ᠶᠢᠨ ᠪᠥᠮᠪᠥᠷᠴᠡᠭ ᠦᠨ ᠬᠣᠶᠢᠳᠤ ᠬᠠᠭᠠᠰ ᠤᠨ ᠰᠢᠯᠮᠦᠦᠰᠦᠲᠦ᠂ ᠨᠠᠮᠤᠷ ᠨᠠᠪᠴᠢ ᠪᠠᠨ ᠭᠥᠪᠳᠡᠭ ᠣᠢ ᠮᠣᠳᠣᠨ ᠳᠤ ᠲᠠᠷᠬᠠᠨ᠎ᠠ᠃ ᠲᠡᠳᠡ ᠰᠠᠭᠯᠠᠭᠠᠷ ᠰᠡᠭᠦᠯ ᠲᠡᠢ᠂ ᠲᠣᠮᠣ ᠰᠠᠪᠠᠷ ᠲᠠᠢ ᠪᠠ ᠬᠢᠮᠤᠰᠤ ᠪᠠᠨ ᠨᠢᠭᠤᠵᠤ ᠡᠪᠬᠡᠳᠡᠭ᠃ ᠰᠢᠷᠠᠳᠠᠭᠤ ᠥᠩᠭᠡ ᠡᠴᠡ ᠬᠠᠷ᠎ᠠ ᠬᠦᠷᠢᠨ ᠠᠷᠠᠰᠤ ᠦᠰᠦ ᠲᠡᠢ᠃ (ᠪᠦᠷᠢᠨ ᠠᠭᠤᠯᠭ᠎ᠠ ᠶᠢ ᠤᠩᠰᠢᠬᠤ)

 ᠨᠢᠰᠳᠡᠭ ᠵᠢᠭᠠᠰᠤ 
Tdgwetwimg.jpg

 ᠨᠢᠰᠳᠡᠭ ᠵᠢᠭᠠᠰᠤ ( Flying fish ) ᠨᠢ ᠳᠡᠯᠡᠬᠡᠢ ᠶᠢᠨ ᠪᠦᠬᠦ ᠳᠠᠯᠠᠢ ᠳᠤ ᠠᠮᠢᠳᠤᠷᠠᠳᠠᠭ᠃ ᠣᠳᠣ ᠲᠤᠯᠳᠠᠯ ᠡ 64 ᠲᠥᠷᠥᠯ ᠨᠢ ᠰᠢᠨᠵᠢᠯᠡᠬᠦ ᠤᠬᠠᠭᠠᠨ ᠳᠤ ᠪᠦᠷᠢᠳᠬᠡᠭᠳᠡᠭᠡᠳ ᠪᠠᠶᠢᠨ᠎ᠠ᠃ ᠤᠭ ᠵᠢᠭᠠᠰᠤᠨ ᠤ ᠤᠷᠳᠤ ᠬᠣᠶᠠᠷ ᠰᠡᠯᠢᠭᠦᠷ ᠨᠢ ᠳᠠᠯᠠᠪᠴᠢ ᠵᠢᠨ ᠬᠡᠯᠪᠡᠷᠢ ᠪᠡᠷ ᠬᠤᠪᠢᠰᠴᠤ ᠥᠭᠡᠷᠡᠴᠢᠯᠡᠭᠳᠡᠭᠰᠡᠨ ᠪᠥᠭᠡᠳ ᠪᠠᠶᠢᠭᠠᠯᠢ ᠵᠢᠨ ᠠᠮᠢ ᠪᠡᠨ ᠠᠪᠤᠷᠠᠬᠤ ᠵᠦᠢ ᠲᠣᠭᠲᠠᠯ ᠤᠨ ᠳᠠᠭᠠᠤ  ᠳᠤ ᠪᠤᠢ ᠪᠣᠯᠵᠠᠢ᠃ ᠠᠭᠠᠷ ᠲᠤ 200 m ᠬᠦᠷᠲᠡᠯ᠎ᠡ ᠨᠢᠰᠴᠤ ᠴᠢᠳᠠᠳᠠᠭ᠃ ᠬᠠᠮᠤᠭ ᠤᠨ ᠡᠷᠲᠡᠨ ᠦ ᠨᠢᠰᠳᠡᠭ ᠵᠢᠭᠠᠰᠤ ᠫᠣᠲ᠋ᠠᠨᠢᠺᠲ᠋ᠦᠶᠢᠰ ᠰᠢᠩᠭᠧᠢᠨᠰᠢᠰ ᠤᠨ 235–242 ᠰᠠᠶ᠎ᠠ ᠵᠢᠯ ᠦᠨ ᠨᠠᠰᠤᠲᠠᠢ ᠬᠡᠵᠤ ᠪᠦᠷᠢᠳᠬᠡᠭᠳᠡᠭᠰᠡᠨ ᠪᠠᠶᠢᠨ᠎ᠠ᠃ ᠭᠡᠬᠦ ᠳᠦ ᠪᠡᠨ ᠡᠨᠡ ᠣᠯᠳᠠᠪᠤᠷᠢ ᠣᠳᠣ ᠶᠢᠨ ᠵᠢᠭᠠᠰᠤ ᠲᠠᠢ ᠬᠣᠯᠪᠣᠭ᠎ᠠ ᠦᠭᠡᠢ ᠵᠦᠢᠯ ᠪᠥᠭᠡᠳ ᠣᠳᠣ ᠶᠢᠨ ᠨᠢᠰᠳᠡᠭ ᠵᠢᠭᠠᠰᠤ ᠨᠢ 66 ᠰᠠᠶ᠎ᠠ ᠵᠢᠯ ᠦᠨ ᠡᠮᠦᠨ᠎ᠡ  ᠪᠤᠢ ᠪᠣᠯᠤᠭᠰᠠᠨ᠃ (ᠪᠦᠷᠢᠨ ᠠᠭᠤᠯᠭ᠎ᠠ ᠶᠢ ᠤᠩᠰᠢᠬᠤ)

ᠬᠦᠮᠦᠨ ᠠᠭᠠᠯᠵᠢ_2 

ᠬᠦᠮᠦᠨ ᠠᠭᠠᠯᠵᠢ 2 (ᠠᠩᠭᠯᠢ ᠪᠠᠷ Spider-man 2) ᠨᠢ ᠠᠳᠠᠯ ᠶᠠᠪᠤᠳᠠᠯ ᠳᠤ 2004 ᠤᠨ ᠤ ᠠᠮᠧᠷᠢᠺᠠ ᠶᠢᠨ ᠺᠢᠨᠣ᠋ ᠶᠠᠭᠤᠮ᠎ᠠ᠃ ᠬᠦᠮᠦᠨ ᠠᠭᠠᠯᠵᠢ ᠴᠤᠪᠤᠷᠠᠯ ᠺᠢᠨᠣ᠋ᠨ ᠤ ᠬᠣᠶᠠᠳᠤᠭᠠᠷ ᠠᠩᠭᠢ ᠶᠢ ᠵᠢᠷᠤᠭᠲᠤ ᠨᠣᠮᠣᠨ ᠤ «ᠮᠠᠷᠸᠧᠯ ᠺᠣᠮᠢᠺᠰ» ᠺᠣᠮᠫᠠᠨᠢᠢ ᠰᠤᠫᠧᠷ ᠪᠠᠭᠠᠲᠤᠷ ᠬᠦᠮᠦᠨ ᠠᠭᠠᠯᠵᠢ ᠶᠢᠨ ᠠᠳᠠᠯ ᠶᠠᠪᠤᠳᠠᠯ ᠢ ᠠᠯᠸᠢᠨ ᠰᠠᠷᠭᠧᠨᠲ ᠪᠣᠯᠤᠨ ᠲᠡᠭᠦᠨ ᠦ ᠪᠠᠭ ᠤᠨ ᠬᠢᠨ᠂ ᠰᠡᠮ ᠷᠡᠶᠢᠮᠢ ᠨᠠᠷ ᠪᠢᠴᠢᠵᠦ ᠨᠠᠶᠢᠷᠠᠭᠤᠯᠤᠨ᠂ ᠲᠣᠪᠢ ᠮᠠᠭᠤᠸᠠᠶᠢᠷᠺᠢᠷᠰᠲ᠋ᠧᠨ ᠳᠠᠩᠰᠠ ᠳᠤᠵᠡᠮᠰ ᠹᠷᠠᠨᠺᠣ ᠨᠠᠷ ᠤᠨ ᠵᠦᠵᠦᠭᠡᠴᠢᠳ ᠲᠣᠭᠯᠠᠵᠠᠢ᠃ (ᠪᠦᠷᠢᠨ ᠠᠭᠤᠯᠭ᠎ᠠ ᠶᠢ ᠤᠩᠰᠢᠬᠤ)

  ᠵᠢᠭ᠍ᠵᠢᠳ ᠦᠨ ᠮᠥᠩᠬᠡᠪᠠᠲᠤ
ᠵᠢᠭ᠍ᠵᠢᠳ ᠦᠨ ᠮᠥᠩᠬᠡᠪᠠᠲᠤ

ᠵᠢᠭ᠍ᠵᠢᠳ ᠦᠨ ᠮᠥᠩᠬᠡᠪᠠᠲᠤ 1941 ᠤᠨ ᠤ 6 ᠰᠠᠷ᠎ᠠ ᠶᠢᠨ 1 ᠍ ᠳᠦ ᠮᠤᠩᠭᠤᠯ ᠤᠯᠤᠰ᠎ ᠤᠨ ᠲᠥᠪ ᠠᠶᠢᠮᠠᠭ ᠤᠨ ᠡᠷᠳᠡᠨᠢᠰᠠᠩᠳᠤ ᠰᠤᠮᠤᠨ ᠳᠤ ᠮᠡᠨᠳᠦᠯᠡᠵᠡᠢ᠃ ᠮᠣᠩᠭᠣᠯ ᠤᠯᠤᠰ ᠤᠨ ᠭᠠᠪᠢᠶᠠᠲᠤ ᠲᠠᠮᠢᠷᠴᠢᠨᠬᠥᠳᠡᠯᠮᠦᠷᠢ ᠶᠢᠨ ᠪᠠᠭᠠᠲᠤᠷᠦᠨᠳᠦᠰᠦᠨ ᠦ ᠪᠥᠬᠡ ᠶᠢᠨ ᠳᠠᠷᠬᠠᠨ ᠠᠪᠤᠷᠭᠤ᠂ ᠣᠯᠢᠮᠫᠢᠺ ᠤᠨ ᠮᠥᠩᠭᠥᠨ ᠮᠧᠳᠠᠯᠳᠤ ᠲᠠᠮᠢᠷᠴᠢᠨ ᠪᠤᠯᠤᠨ ᠠ᠃ (ᠪᠦᠷᠢᠨ ᠠᠭᠤᠯᠭ᠎ᠠ ᠶᠢ ᠤᠩᠰᠢᠬᠤ)

  ᠭᠤᠷᠪᠠᠨ ᠬᠡᠮᠵᠢᠶᠡᠰᠦ ᠳᠦ ᠬᠡᠪᠯᠡᠭᠴᠢ
ᠭᠤᠷᠪᠠᠨ ᠬᠡᠮᠵᠢᠶᠡᠰᠦ ᠳᠦ ᠬᠡᠪᠯᠡᠭᠴᠢ

ᠭᠤᠷᠪᠠᠨ ᠬᠡᠮᠵᠢᠶᠡᠰᠦᠳᠦ ᠬᠡᠪᠯᠡᠭᠴᠢ (ᠠᠩᠭᠯᠢ ᠪᠠᠷ 3D printer᠂ ᠬᠢᠲᠠᠳ ᠶᠢᠡᠷ 3D打印) ᠨᠢ ᠶᠠᠮᠠᠷ ᠴᠤ ᠬᠡᠯᠪᠡᠷᠢ ᠳᠦᠷᠰᠦ ᠪᠦᠬᠦᠢ ᠪᠡᠶᠡᠳᠦ ᠳᠦᠷᠰᠦ ᠶᠢ ᠳ᠋ᠢᠵᠢᠲᠠᠯ᠎ᠠ ᠵᠠᠭᠪᠤᠷ ᠠᠴᠠ ᠬᠡᠪᠯᠡᠬᠦ ᠲᠥᠬᠥᠭᠡᠷᠦᠮᠵᠢ ᠶᠤᠮ᠃ ᠡᠬᠡ ᠪᠡᠯᠡᠳᠴᠡ ᠡᠴᠡ ᠤᠬᠤᠬᠤ᠂ ᠬᠢᠷᠦᠭᠡᠳᠡᠬᠦ᠂ ᠰᠡᠶᠢᠯᠬᠦ ᠵᠡᠷᠭᠡ ᠪᠡᠷ ᠬᠠᠰᠤᠵᠤ ᠪᠡᠯᠡᠳᠳᠡᠭ ᠤᠯᠠᠮᠵᠢᠯᠠᠯᠲᠤ ᠪᠡᠶᠡᠲᠦ ᠳᠦᠷᠰᠦ ᠪᠦᠲᠦᠭᠡᠬᠦ ᠠᠷᠭ᠎ᠠ ᠠᠴᠠ ᠢᠯᠭᠠᠭ᠎ᠠ ᠲᠠᠢ ᠨᠢ᠂ ᠭᠤᠷᠪᠠᠨ ᠬᠡᠮᠵᠢᠶᠡᠰᠦᠳᠦ ᠬᠡᠪᠯᠡᠭᠴᠢ ᠨᠢ ᠦᠶ᠎ᠡ ᠦᠶ᠎ᠡ ᠪᠡᠷ ᠨᠢ ᠳᠠᠪᠬᠤᠷᠯᠠᠨ ᠨᠡᠮᠡᠬᠦ ᠵᠠᠷᠴᠢᠮ ᠢᠶᠠᠷ ᠠᠵᠢᠯᠯᠠᠳᠠᠭ᠃ ᠬᠠᠮᠤᠭ ᠤᠨ ᠠᠩᠬᠠᠨ ᠤ ᠠᠮᠵᠢᠯᠲᠠ ᠲᠠᠢ 3 ᠬᠡᠮᠵᠢᠶᠡᠰᠦᠲᠦ ᠬᠡᠪᠯᠡᠭᠴᠢ ᠶᠢ 1984 ᠡᠤᠨ ᠳᠤ ᠴᠠᠺ ᠬᠠᠯ ᠭᠡᠳᠡᠭ ᠬᠦᠮᠦᠨ ᠪᠦᠲᠦᠭᠡᠵᠡᠢ᠃ (ᠪᠦᠷᠢᠨ ᠠᠭᠤᠯᠭ᠎ᠠ ᠶᠢ ᠤᠩᠰᠢᠬᠤ)

  ᠪᠡᠭᠡᠵᠢᠩ ᠤᠨ ᠯᠦᠩ ᠴᠢᠦᠸᠠᠨ ᠰᠧ ᠬᠡᠢᠳ
ᠪᠡᠭᠡᠵᠢᠩ ᠤᠨ ᠯᠦᠩ ᠴᠢᠦᠸᠠᠨ ᠰᠧ ᠬᠡᠢᠳ

ᠪᠡᠭᠡᠵᠢᠩ ᠤᠨ ᠯᠦᠩ ᠴᠢᠤᠸᠠᠨ ᠰᠧ ᠬᠡᠢᠳᠪᠡᠭᠡᠵᠢᠩ ᠤᠨ ᠯᠦᠩ ᠴᠢᠦᠸᠠᠨ ᠰᠧ ᠬᠡᠢᠳ ᠪᠣᠯ ᠮᠢᠩᠭᠠᠨ ᠵᠢᠯ  ᠤᠨ ᠲᠡᠦᠬᠡ ᠲᠠᠢ᠂ ᠲᠡᠯᠡᠭᠡᠢ ᠨᠡᠢᠲᠡ ᠳᠤ ᠮᠡᠳᠡᠷᠡᠭᠳᠡᠵᠦ᠂ ᠰᠤᠳᠤᠨ ᠬᠤᠸᠠᠷᠠᠭᠴᠤᠤᠯ ᠴᠤᠭᠯᠠᠷᠠᠭᠰᠠᠨ ᠰᠢᠨ᠎ᠡ ᠴᠠᠭ ᠤᠨ ᠬᠢᠳᠠᠳ  ᠤᠯᠠᠮᠵᠢᠯᠠᠯ ᠤᠨ ᠪᠤᠷᠬᠠᠨ ᠱᠠᠰᠢᠨ ᠤ ᠰᠦᠮ᠎ᠡ ᠪᠤᠯᠤᠨ᠎ᠠ᠃ ᠯᠦᠩ ᠴᠢᠤᠸᠠᠨ ᠰᠧ ᠬᠡᠢᠳ ᠨᠢ ᠨᠡᠢᠳᠠ ᠶᠢᠨ ᠤᠨ ᠲᠣᠭᠠᠯᠠᠯ ᠤᠨ 951 ᠤᠨ(ᠯᠢᠶᠤᠥ ᠤᠯᠤᠰ ᠤᠨ ᠶᠢ᠍ᠩ ᠯᠢ ᠶᠢᠨ ᠠᠩᠬᠠᠨ ᠤ ᠤᠨ) ᠳᠦ ᠡᠬᠢᠯᠠᠨ ᠪᠠᠢᠭᠤᠯᠤᠳᠠᠵᠤ᠂ ᠠᠩᠬᠠᠳᠠᠭᠴᠢ ᠬᠠᠮᠪᠦ ᠨᠢ ᠵᠢᠢ ᠱᠸᠩ ᠠᠬᠠᠮᠠᠳ ᠲᠣᠢᠨ ᠪᠣᠯᠤᠨ᠎ᠠ᠃ ᠮᠢᠩᠭ᠎ᠠ ᠭᠠᠷᠤᠢ ᠵᠢᠯ ᠦᠨ ᠲᠥᠷᠦ ᠭᠦᠷᠦᠨ ᠤ ᠡᠭᠡᠯᠵᠢᠯᠡᠯ ᠰᠤᠯᠢᠭᠳᠠᠯ ᠢ ᠳᠠᠮᠵᠢᠵᠤ᠂ 2005 ᠤᠨ ᠤ ᠲᠦᠷᠪᠡᠨ ᠰᠠᠷ᠎ᠠ ᠶᠢᠨ 11 ᠤ ᠡᠳᠦᠷ ᠡᠴᠡ ᠯᠦᠩ ᠴᠢᠦᠸᠠᠨ ᠰᠧ ᠬᠡᠢᠳ ᠨᠢ ᠱᠠᠰᠢᠨ ᠰᠤᠷᠳᠠᠬᠤᠨ ᠤ ᠬᠥᠳᠡᠯᠭᠡᠭᠡᠨ ᠤ ᠲᠠᠯᠠᠪᠠᠢ ᠪᠡᠷ ᠰᠡᠷᠭᠦᠭᠡᠭᠳᠡᠨ᠂ ᠰᠢᠦᠸᠠᠢ ᠴᠸᠩ ᠶᠡᠬᠡ ᠬᠤᠤᠱᠠᠩ ᠬᠠᠮᠪᠦ ᠶᠢᠨ ᠲᠤᠰᠢᠶᠠᠯ ᠢ ᠡᠭᠦᠷᠭᠡᠯᠡᠪᠡ᠃ ᠲᠤᠰ ᠰᠦᠮ᠎ᠡ ᠨᠢ ᠳᠤᠮᠳᠠᠳᠤ ᠤᠯᠤᠰ ᠤᠨ ᠨᠡᠢᠰᠯᠡᠯ ᠪᠡᠭᠡᠵᠢᠩ ᠤᠨ ᠪᠠᠷᠠᠭᠤᠨ ᠬᠣᠢᠨᠠᠬᠢ ᠹᠧᠩ ᠬᠤᠸᠠᠩ ᠯᠢᠩ ᠳᠠᠪᠠᠭ᠎ᠠ ᠳᠤ ᠪᠠᠢᠷᠢᠯᠠᠵᠤ᠂ ᠲᠡᠦᠬᠡᠨ ᠳᠤ ᠠᠯᠳᠠᠷᠲᠠᠢ ᠠᠷᠢᠭᠤᠨ ᠳᠠᠭᠱᠠᠨ ᠪᠢᠰᠢᠯᠭᠠᠯ  ᠶᠢᠨ ᠣᠷᠤᠨ ᠪᠠᠢᠵᠤ᠂ ᠡᠳᠦᠭᠡ ᠬᠦᠷᠲᠡᠯ᠎ᠡ ᠦᠢ ᠤᠯᠠᠨ ᠪᠢᠰᠢᠯᠭᠠᠭᠴᠢᠳ ᠤᠨ ᠤᠯᠠ ᠮᠦᠷ ᠬᠢᠭᠡᠳ ᠲᠡᠦᠬᠡᠨ ᠲᠤᠷᠠᠰᠬᠠᠯ ᠤᠳ ᠪᠤᠢ᠃ (ᠪᠦᠷᠢᠨ ᠠᠭᠤᠯᠭ᠎ᠠ ᠶᠢ ᠤᠩᠰᠢᠬᠤ)

 ᠪᠠᠯ ᠠᠷᠠᠯ
Bali-Lage.png

ᠪᠠᠯ ᠠᠷᠠᠯ(巴厘岛) ᠨᠢ ᠵᠡᠭᠦᠨ ᠡᠮᠦᠨᠡᠲᠦ ᠠᠽᠢᠶ᠎ᠠ ᠍ ᠶᠢᠨ ᠢᠨᠳᠣᠨᠧᠰᠢᠶ᠎ᠠ  ᠳᠤ ᠬᠠᠷᠢᠶᠠᠯᠠᠭᠳᠠᠬᠤ ᠠᠷᠠᠯ᠃ ᠪᠠᠯ ᠠᠷᠠᠯ ᠨᠢ ᠢᠨᠳᠣᠨᠧᠰᠢᠶ᠎ᠠ ᠶᠢᠨ 17000 ᠭᠠᠷᠤᠶ ᠠᠷᠠᠯ ᠬᠣᠶᠢᠭ ᠳᠣᠲᠣᠷ᠎ᠠ ᠬᠠᠮᠤᠭ ᠤᠨ ᠨᠢᠳᠦ ᠭᠢᠯᠠᠰᠤᠮ᠎ᠠ ᠨᠢᠭᠡᠨ ᠠᠷᠠᠯ ᠂ ᠡᠨᠡᠳᠬᠡᠭ ᠳᠠᠯᠠᠶ ᠶᠢᠨ ᠳᠡᠯᠡᠬᠡᠶ ᠶᠢᠨ ᠪᠦᠰᠡᠯᠡᠭᠦᠷ ᠦᠨ ᠡᠮᠦᠨᠡᠲᠦ ᠵᠦᠭ ᠤᠨ 8 ᠭᠷᠠᠳᠦ᠋ᠰ ᠲᠤ  ᠪᠠᠶᠢᠷᠢᠯᠠᠵᠤ ᠪᠠᠶᠢᠭ᠎ᠠ ᠂ ᠵᠠᠸᠠ ᠠᠷᠠᠯ ᠤᠨ ᠵᠡᠭᠦᠨ ᠬᠡᠰᠡᠭ ᠲᠤ ᠪᠠᠢᠵᠤ᠂ ᠠᠷᠠᠯ ᠳᠡᠭᠡᠷᠡᠬᠢ ᠵᠡᠭᠦᠨᠰᠢ ᠪᠠᠷᠠᠭᠤᠨᠰᠢ ᠥᠷᠭᠡᠨ ᠨᠢ 140 ᠺᠢᠯᠣᠮᠧᠲ᠋ᠷ ᠂ ᠡᠮᠦᠨ᠎ᠡ ᠤᠮᠠᠷ᠎ᠠ ᠶᠢᠨ ᠬᠣᠭᠣᠷᠣᠨᠳᠣᠬᠢ ᠵᠠᠶ ᠨᠢ 80 ᠺᠢᠯᠣᠮᠧᠲ᠋ᠷ ᠂ ᠪᠦᠬᠦ ᠠᠷᠠᠯ ᠤᠨ ᠶᠡᠷᠦᠩᠬᠡᠶ ᠲᠠᠯᠠᠪᠠᠶ ᠨᠢ 5620㎞²᠃ ᠳᠡᠯᠡᠬᠡᠶ  ᠳᠤ ᠠᠯᠳᠠᠷᠲᠠᠶ ᠵᠢᠭᠤᠯᠴᠢᠯᠠᠯ ᠤᠨ ᠠᠷᠠᠯ ᠂ ᠢᠨᠳᠣᠨᠧᠰᠢᠶ᠎ᠠ ᠶᠢᠨ 33  ᠨᠢᠭᠡᠳᠦᠭᠡᠷ ᠳᠡᠰ ᠤᠨ ᠵᠠᠰᠠᠭ ᠵᠠᠬᠢᠷᠭᠠᠨ ᠤ ᠣᠷᠣᠨ ᠤ ᠨᠢᠭᠡ ᠨᠢ ᠪᠣᠯᠤᠨ᠎ᠠ ᠃ (ᠪᠦᠷᠢᠨ ᠠᠭᠤᠯᠭ᠎ᠠ ᠶᠢ ᠤᠩᠰᠢᠬᠤ)

  ᠮᠤᠩᠭᠤᠯ ᠤᠷᠤᠨ ᠤ ᠭᠤᠤᠯ ᠮᠦᠷᠡᠨ ᠨᠤᠭᠤᠳ
Selenga2.jpg

ᠳᠣᠣᠷᠠᠬᠢ ᠨᠢ ᠮᠣᠩᠭᠣᠯ ᠤᠯᠤᠰ ᠤᠨ ᠨᠤᠲᠤᠭ ᠳᠡᠪᠢᠰᠬᠡᠷ ᠲᠦ ᠤᠷᠤᠰᠬᠤ ᠤᠷᠲᠤ ᠪᠠᠷ ᠵᠢᠭᠰᠠᠭᠠᠭᠰᠠᠨ ᠵᠢᠭᠰᠠᠭᠠᠯᠲᠠ᠃

  1. ᠣᠷᠬᠣᠨ ᠭᠣᠣᠯ - 1124 km
  2. ᠬᠡᠷᠡᠯᠦᠨ ᠭᠣᠣᠯ - 1264 km 1090 km ᠮᠣᠩᠭᠣᠯ ᠤᠨ ᠨᠤᠲᠤᠭ ᠳᠡᠪᠢᠰᠬᠡᠷ ᠳᠡᠭᠡᠷ᠎ᠡ ᠤᠷᠤᠰᠳᠠᠭ᠃
  3. ᠲᠤᠭᠤᠯ ᠭᠣᠣᠯ - 819 km
  4. ᠵᠠᠪᠬᠠᠨ ᠭᠣᠣᠯ - 670 km
  5. ᠰᠡᠯᠡᠩᠭᠡ ᠮᠥᠷᠡᠨ - 593 km
  6. ᠲᠡᠰ ᠦᠨ ᠭᠣᠣᠯ - 568 km
  7. ᠬᠣᠪᠳᠣ ᠭᠣᠣᠯ - 516 km
  8. ᠡᠭ ᠦᠨ ᠭᠣᠣᠯ - 475 km
  9. ᠢᠳᠡᠷ ᠭᠣᠣᠯ - 452 km
  10. ᠳᠡᠯᠭᠡᠷᠮᠥᠶᠢᠷᠡᠨ - 445 km

ᠬᠣᠶᠢᠳᠤ ᠮᠥᠰᠦᠨ ᠳᠠᠯᠠᠢ ᠳᠤ ᠴᠢᠳᠭᠤᠬᠤ

ᠰᠡᠯᠡᠩᠭᠡ ᠮᠥᠷᠡᠨ
ᠢᠳᠡᠷ ᠭᠣᠣᠯ
ᠲᠤᠭᠤᠯ ᠭᠣᠣᠯ
ᠰᠢᠰᠢᠭᠡᠳ ᠭᠣᠣᠯ

ᠠᠩᠨᠠᠭᠤᠷ ᠤᠨ ᠲᠡᠩᠭᠢᠰ ᠲᠤ (ᠨᠣᠮᠣᠬᠠᠨ ᠳᠠᠯᠠᠢ) ᠴᠢᠳᠭᠤᠬᠤ

ᠬᠠᠭᠠᠯᠲᠠᠲᠠᠢ ᠨᠠᠭᠤᠷ ᠲᠤ ᠴᠢᠳᠭᠤᠬᠤ

ᠳᠠᠯᠠᠢ ᠨᠠᠭᠤᠷ (ᠬᠥᠯᠥᠨ ᠨᠠᠭᠤᠷ)

ᠤᠯᠠᠭᠠᠨ ᠨᠠᠭᠤᠷ

ᠶᠡᠬᠡ ᠨᠠᠭᠤᠷ ᠤᠳ ᠤᠨ ᠬᠣᠲᠣᠭᠣᠷ

ᠬᠠᠷ᠎ᠠ-ᠤᠰᠤ ᠨᠠᠭᠤᠷ

ᠬᠢᠮᠡᠯ ᠣᠶᠤᠨ 
Artificial-intelligence.jpg

ᠬᠢᠮᠡᠯ ᠣᠶᠤᠨ ᠤᠬᠠᠭᠠᠨ ( Artificial Intelligence᠂ AI ᠬᠢᠳᠡᠳ ᠢᠶᠡᠷ 人工智能) ᠭᠡᠳᠡᠭ ᠨᠢ ᠮᠠᠰᠢᠨ ᠲᠧᠭᠨᠢᠭ ᠪᠣᠯᠤᠨ ᠺᠣᠮᠫᠢᠦ᠋ᠲ᠋ᠧᠷ ᠲᠦ ᠰᠠᠭᠤᠷᠢᠯᠠᠭᠰᠠᠨ ᠣᠶᠤᠨ ᠤᠬᠠᠭᠠᠨ ᠢ ᠵᠢᠭᠠᠵᠣ ᠪᠠᠢᠭ᠎ᠠ ᠶᠤᠮ᠃ ᠮᠥᠨ ᠡᠨᠡ ᠠᠰᠠᠭᠤᠳᠠᠯ ᠢ ᠰᠤᠳᠤᠯᠳᠠᠭ ᠰᠢᠨᠵᠢᠯᠡᠬᠦ ᠤᠬᠠᠭᠠᠨ ᠤ ᠰᠠᠯᠪᠤᠷᠢ᠂ ᠰᠤᠳᠤᠯᠭ᠎ᠠ ᠰᠢᠨᠵᠢᠯᠡᠭᠡᠨ ᠦ ᠴᠢᠭᠯᠡᠯ᠂ ᠶᠡᠬᠡ ᠳᠡᠭᠡᠳᠦ ᠰᠤᠷᠭᠠᠭᠤᠯᠢ ᠶᠢᠨ ᠬᠢᠴᠢᠶᠡᠯ ᠢ ᠨᠡᠷᠡᠯᠡᠬᠦ ᠳᠦ ᠪᠡᠨ ᠡᠨᠡ ᠨᠡᠷ᠎ᠡ ᠲᠣᠮᠢᠶ᠎ᠠ ᠶᠢ ᠠᠰᠢᠭᠯᠠᠨ᠎ᠠ᠃ ᠬᠢᠮᠡᠯ ᠣᠶᠤᠨ ᠤᠬᠠᠭᠠᠨ ᠰᠤᠳᠤᠯᠤᠯ᠂ ᠬᠢᠮᠡᠯ ᠣᠶᠤᠨ ᠤᠬᠠᠭᠠᠨ ᠤ ᠬᠢᠴᠢᠶᠡᠯ ᠭᠡᠬᠦ ᠮᠡᠲᠦ᠃ ᠠᠩᠬ᠎ᠠ ᠬᠢᠮᠡᠯ ᠣᠶᠤᠨ ᠤᠬᠠᠭᠠᠨ ᠬᠡᠮᠡᠬᠦ ᠨᠡᠷ᠎ᠡ ᠲᠣᠮᠢᠶ᠎ᠠ ᠶᠢ John McCarthy 1955  ᠤᠨ ᠳᠤ ᠥᠪᠡᠷ ᠦᠨ ᠪᠦᠲᠦᠭᠡᠯ ᠳᠦ ᠪᠡᠨ ᠠᠰᠢᠭᠯᠠᠵᠤ ᠤᠬᠠᠭᠠᠨᠲᠤ ᠮᠠᠰᠢᠨ ᠲᠧᠭᠨᠢᠭ ᠪᠦᠲᠦᠭᠡᠬᠦ ᠣᠨᠣᠯ ᠤᠨ ᠪᠣᠯᠤᠨ ᠢᠨᠵᠧᠨᠧᠷ ᠦᠨ ᠰᠢᠨᠵᠢᠯᠡᠬᠦ ᠤᠬᠠᠭᠠᠨ ᠭᠡᠵᠦ ᠲᠣᠳᠣᠷᠬᠠᠶᠢᠯᠠᠵᠠᠢ᠃

ᠬᠢᠮᠡᠯ ᠣᠶᠤᠨ ᠳᠤ ᠪᠠᠶᠢᠪᠠᠯ ᠵᠣᠬᠢᠬᠤ ᠴᠢᠳᠠᠪᠤᠷᠢ ᠨᠤᠭᠤᠳ: 1. ᠥᠪᠡᠷᠳᠡᠭᠡᠨ ᠰᠢᠨᠵᠢᠯᠡᠭᠡ ᠬᠢᠵᠦ ᠬᠠᠷᠢᠭᠤᠯᠲᠠ ᠶᠢ ᠥᠪᠡᠷ ᠦᠨ ᠬᠢ ᠪᠡᠷ ᠢᠯᠡᠷᠬᠡᠶᠢᠯᠡᠳᠡᠭ ᠪᠠᠶᠢᠬᠤ 2. ᠥᠪᠡᠷ ᠦᠨ ᠠᠯᠳᠠᠭ᠎ᠠ ᠶᠢ ᠣᠯᠵᠤ ᠵᠠᠰᠠᠪᠤᠷᠢᠯᠠᠳᠠᠭ 3. ᠬᠦᠮᠦᠨ ᠦ ᠰᠡᠳᠬᠢᠬᠦᠢ ᠡᠴᠡ ᠢᠯᠡᠭᠦᠦ ᠳᠠᠪᠠᠭᠣᠯᠵᠣ ᠰᠡᠳᠭᠢᠭᠦ (ᠪᠦᠷᠢᠨ ᠠᠭᠤᠯᠭ᠎ᠠ ᠶᠢ ᠤᠩᠰᠢᠬᠤ)

 ᠶᠦᠷᠡᠢ_ᠭᠠᠭᠠᠷᠢᠨ 
Gagarin in Sweden.jpg

ᠶᠦᠷᠡᠢ ᠠᠯᠧᠺᠰᠧᠸᠢᠴ ᠭᠠᠭᠠᠷᠢᠨ (1934  ᠤᠨ ᠤ 3 ᠰᠠᠷ᠎ᠠ ᠶᠢᠨ 9 - 1968  ᠤᠨ ᠤ 3 ᠰᠠᠷ᠎ᠠ ᠶᠢᠨ 27) ᠨᠢ 1961 ᠤᠨ ᠤ 4 ᠰᠠᠷ᠎ᠠ ᠶᠢᠨ 12 ᠍ ᠍ ᠍ ᠳᠦ ᠬᠦᠮᠦᠨ ᠲᠥᠷᠥᠯᠬᠢᠲᠡᠨ ᠦ ᠳᠤᠮᠳᠠ ᠠᠴᠠ ᠠᠩᠬ᠎ᠠ ᠤᠳᠠᠭ᠎ᠠ ᠰᠠᠨᠰᠠᠷ ᠲᠤ ᠨᠢᠰᠦᠭᠰᠡᠨ᠂ ᠵᠥᠪᠯᠡᠯᠲᠦ ᠬᠣᠯᠪᠣᠭᠠᠲᠤ ᠤᠯᠤᠰ ᠤᠨ ᠨᠢᠰᠦᠭᠴᠢᠰᠠᠨᠰᠠᠷ ᠤᠨ ᠨᠢᠰᠦᠭᠴᠢ

ᠥᠰᠪᠦᠷᠢ ᠵᠠᠯᠠᠭᠤ ᠨᠠᠰᠤ

ᠭᠠᠭᠠᠷᠢᠨ ᠨᠢ ᠰᠮᠠᠯᠧᠨᠰᠺ ᠬᠢᠵᠠᠭᠠᠷ ᠤᠨ ᠭᠵᠢᠳᠰᠺ ᠬᠣᠲᠠ ᠶᠢᠨ (ᠣᠳᠣ ᠶᠢᠨ ᠭᠠᠭᠠᠷᠢᠨ ᠬᠣᠲᠠ) ᠣᠶᠢᠷᠠᠯᠴᠠᠭᠠᠬᠢ ᠺᠯᠤᠰᠢᠨ᠎ᠠ ᠬᠡᠮᠡᠬᠦ ᠪᠢᠴᠢᠬᠠᠨ ᠲᠣᠰᠬᠣᠨ ᠳᠤ ᠮᠡᠨᠳᠦᠯᠡᠵᠡᠢ᠃ ᠡᠴᠢᠭᠡ ᠡᠬᠡ ᠨᠢ ᠬᠠᠮᠲᠤᠷᠠᠯ ᠤᠨ ᠠᠵᠢᠯᠴᠢᠳ ᠪᠠᠶᠢᠪᠠ᠃ ᠶᠦᠷᠡᠢ ᠳᠡᠭᠡᠷ᠎ᠡ ᠪᠡᠨ ᠬᠣᠶᠠᠷ ᠠᠬ᠎ᠠ ᠲᠠᠢ᠂ ᠳᠣᠣᠷ᠎ᠠ ᠪᠠᠨ ᠨᠢᠭᠡ ᠳᠡᠭᠦᠦ ᠲᠡᠢ ᠪᠠᠶᠢᠯ᠎ᠠ᠃ ᠲᠡᠭᠦᠨ ᠦ ᠪᠠᠭ᠎ᠠ ᠰᠤᠷᠭᠠᠭᠤᠯᠢ ᠶᠢᠨ ᠲᠣᠭᠠᠨ ᠤ ᠪᠠᠭᠰᠢ ᠨᠢ ᠠᠷᠮᠢ ᠳᠤ ᠨᠢᠰᠦᠭᠴᠢ ᠪᠣᠯᠵᠤ᠂ ᠳᠠᠶᠢᠨ ᠳᠤ ᠣᠷᠣᠯᠴᠠᠬᠤ ᠪᠠᠷ ᠶᠠᠪᠤᠭᠰᠠᠨ ᠨᠢ ᠲᠡᠭᠦᠨ ᠦ ᠠᠮᠢᠳᠤᠷᠠᠯ ᠳᠤ ᠲᠣᠮᠣ ᠨᠥᠯᠥᠭᠡ ᠦᠵᠡᠭᠦᠯᠦᠭᠰᠡᠨ ᠭᠡᠳᠡᠭ᠃

ᠮᠧᠲ᠋ᠲ᠋ᠠᠯᠦ᠋ᠷᠭᠢ ᠶᠢᠨ ᠦᠢᠯᠡᠳᠪᠦᠷᠢ ᠳᠦ ᠳᠠᠳᠤᠯᠭ᠎ᠠ ᠪᠠᠷ ᠠᠵᠢᠯᠯᠠᠵᠤ ᠡᠬᠢᠯᠡᠭᠰᠡᠨ ᠭᠠᠭᠠᠷᠢᠨ ᠠᠵᠢᠯ ᠢᠶᠠᠨ ᠰᠠᠶᠢᠨ ᠬᠢᠵᠦ ᠪᠠᠶᠢᠭᠰᠠᠨ ᠲᠤᠯᠠ ᠰᠠᠷᠠᠲ᠋ᠣᠪ ᠬᠣᠲᠠ ᠶᠢᠨ ᠠᠵᠤ ᠦᠢᠯᠡᠳᠪᠦᠷᠢ ᠶᠢᠨ ᠰᠤᠷᠭᠠᠭᠤᠯᠢ ᠳᠤ ᠰᠤᠷᠤᠯᠴᠠᠭᠤᠯᠬᠤ ᠪᠠᠷ ᠪᠣᠯᠵᠠᠢ᠃ ᠲᠡᠨᠳᠡ ᠭᠠᠭᠠᠷᠢᠨ ᠠᠭᠠᠷ ᠤᠨ ᠺᠯᠥ᠋ᠪ ᠲᠤ ᠡᠯᠰᠡᠨ ᠣᠷᠣᠵᠤ᠂ ᠣᠩᠭᠣᠴᠠ ᠪᠠᠷ ᠨᠢᠰᠴᠣ ᠦᠵᠡᠵᠡᠢ᠃ ᠰᠤᠷᠭᠠᠭᠤᠯᠢ ᠪᠠᠨ ᠲᠡᠭᠦᠰᠦᠭᠰᠡᠨ ᠭᠠᠭᠠᠷᠢᠨ ᠨᠢᠰᠦᠭᠴᠢ ᠪᠣᠯᠬᠣ ᠪᠠᠷ ᠵᠣᠷᠢᠵᠤ᠂ 1955  ᠤᠨ ᠳᠤ ᠣᠷᠧᠨᠪᠦᠦᠭ ᠲᠦ ᠪᠠᠶᠢᠭᠰᠠᠨ ᠠᠭᠠᠷ ᠤᠨ ᠴᠡᠷᠢᠭ ᠦᠨ ᠣᠹᠢᠼᠧᠷ ᠤᠨ ᠰᠤᠷᠭᠠᠭᠤᠯᠢ ᠳᠤ ᠡᠯᠰᠡᠨ ᠤᠷᠤᠪᠠ᠃ 1957  ᠤᠨ ᠳᠤ ᠣᠷᠧᠨᠪᠦᠦᠭ ᠲᠦ ᠲᠠᠨᠢᠯᠴᠠᠭᠰᠠᠨ ᠸᠠᠯᠧᠨᠲᠤᠨ᠎ᠠ ᠭᠣᠣᠯᠽᠧᠸᠠ ᠬᠡᠮᠡᠬᠦ ᠪᠦᠰᠡᠭᠦᠢ ᠲᠡᠢ ᠭᠡᠷᠯᠡᠵᠡᠢ᠃ ᠰᠤᠷᠭᠠᠭᠤᠯᠢ ᠪᠠᠨ ᠲᠡᠭᠦᠰᠦᠮᠡᠭᠴᠡ ᠮᠤᠷᠮᠠᠨᠰᠺ ᠳᠠᠬᠢ ᠴᠡᠷᠢᠭ ᠦᠨ ᠠᠩᠭᠢ ᠳᠤ ᠬᠤᠪᠢᠶᠠᠷᠢᠯᠠᠭᠳᠠᠨ ᠣᠴᠢᠵᠠᠢ᠃ (ᠪᠦᠷᠢᠨ ᠠᠭᠤᠯᠭ᠎ᠠ ᠶᠢ ᠤᠩᠰᠢᠬᠤ)


 ᠴᠠᠭᠠᠨ ᠵᠡᠭᠡᠷ᠎ᠡ
ᠴᠠᠭᠠᠨ ᠵᠡᠭᠡᠷ᠎ᠡ

ᠮᠣᠩᠭᠣᠯ ᠤᠯᠤᠰ ᠤᠨ ᠡᠮᠦᠨ᠎ᠡ᠂ ᠳᠣᠷᠣᠨ᠎ᠠ ᠶᠢᠨ ᠠᠭᠤᠳᠠᠮ ᠲᠠᠯ᠎ᠠ᠂ ᠬᠤᠸᠠ ᠲᠣᠯᠣᠭᠠᠳ ᠢᠶᠠᠷ ᠢᠳᠡᠭᠡᠰᠢᠵᠦ ᠪᠡᠯᠴᠢᠳᠡᠭ᠃ ᠵᠡᠭᠡᠷ᠎ᠡ ᠶᠢᠨ ᠭᠣᠣᠯ ᠰᠦᠷᠦᠭ ᠮᠣᠩᠭᠣᠯ ᠳᠤ ᠪᠠᠶᠢᠷᠢᠯᠠᠳᠠᠭ ᠪᠠ ᠰᠢᠪᠸᠷᠢᠶ ᠠ ᠶᠢᠨ ᠡᠮᠦᠨᠡᠲᠦ ᠬᠡᠰᠡᠭ ᠢᠶᠡᠷ ᠪᠠ ᠦᠪᠦᠷ ᠮᠤᠩᠭᠤᠯ ᠤᠨ ᠵᠡᠭᠦᠨ ᠬᠡᠰᠡᠭ ᠢᠶᠡᠷ ᠪᠠᠭ᠎ᠠ ᠵᠡᠷᠭᠡ ᠲᠠᠷᠬᠠᠭᠰᠠᠨ ᠪᠠᠶᠢᠳᠠᠭ᠃ ᠴᠠᠭᠠᠨ ᠵᠡᠭᠡᠷ᠎ᠡ ᠶᠢᠨ ᠠᠩᠬᠠᠨ ᠤ ᠲᠣᠭᠠᠯᠠᠯᠭ᠎ᠠ ᠪᠠᠷ ᠮᠣᠩᠭᠣᠯ ᠤᠯᠤᠰ ᠲᠤ 1970 ᠍ ᠊ᠭᠠᠳ  ᠤᠨ ᠳᠤ 5 ᠵᠠᠭᠤᠨ ᠲᠦᠮᠡᠨ ᠲᠤᠯᠤᠭᠠᠢ ᠴᠠᠭᠠᠨ ᠵᠡᠭᠡᠷ᠎ᠡ ᠲᠣᠭᠠᠯᠠᠭᠳᠠᠭᠰᠠᠨ ᠪᠠᠶᠢᠳᠠᠭ᠃ ᠬᠠᠷᠢᠨ 2010 ᠤᠨ ᠤ ᠲᠣᠭᠠᠯᠠᠯᠭ᠎ᠠ ᠪᠠᠷ 3 ᠵᠠᠭᠤᠨ ᠲᠦᠮᠡᠨ ᠲᠤᠯᠤᠭᠠᠢ ᠴᠠᠭᠠᠨ ᠵᠡᠭᠡᠷ᠎ᠡ ᠲᠣᠭᠠᠯᠠᠭᠳᠠᠵᠠᠢ᠃ ᠬᠠᠮᠢᠶ᠎ᠠ ᠦᠭᠡᠢ ᠬᠠᠤᠯᠢ ᠪᠤᠰᠤ ᠠᠩᠨᠠᠯᠲᠠ ᠠᠴᠠ ᠪᠣᠯᠵᠤ ᠵᠡᠭᠡᠷ᠎ᠡ ᠶᠢᠨ ᠰᠦᠷᠦᠭ ᠪᠠᠭᠠᠰᠤᠭᠰᠠᠨ ᠪᠠᠶᠢᠨ᠎ᠠ᠃ ᠵᠡᠭᠡᠷ᠎ᠡ ᠨᠢ ᠭᠣᠣᠯᠳᠠᠭᠤ 20-30 ᠍ᠲᠤᠯᠤᠭᠠᠢ  ᠪᠡᠷ ᠰᠦᠷᠦᠭᠯᠡᠨ᠎ᠡ ᠵᠠᠷᠢᠮ ᠦᠶ᠎ᠡ ᠳᠦ 5000 ᠲᠤᠯᠤᠭᠠᠢ ᠬᠦᠷᠲᠡᠯ᠎ᠡ ᠰᠦᠷᠦᠭᠯᠡᠨ᠎ᠡ᠃ (ᠪᠦᠷᠢᠨ ᠠᠭᠤᠯᠭ᠎ᠠ ᠶᠢ ᠤᠩᠰᠢᠬᠤ)

 ᠨᠠᠷᠠᠨ ᠤ ᠵᠠᠢ ᠶᠢᠨ ᠣᠩᠭᠣᠴᠠ
ᠨᠠᠷᠠᠨ ᠤ ᠵᠠᠢ ᠶᠢᠨ ᠣᠩᠭᠣᠴᠠ

ᠨᠠᠷᠠᠨ ᠤ ᠵᠠᠢ ᠶᠢᠨ ᠣᠩᠭᠣᠴᠠ(ᠬᠢᠲᠠᠳ ᠶ᠋ᠢᠡᠷ 太阳能飞机)᠄ ᠨᠠᠷᠠᠨ ᠤ ᠵᠠᠢ ᠬᠤᠷᠢᠶᠠᠭᠤᠷ ᠠᠴᠠ ᠴᠡᠨᠡᠭᠯᠡᠭᠳᠡᠳᠡᠭ ᠴᠠᠬᠢᠯᠭᠠᠨ ᠬᠥᠳᠡᠯᠭᠡᠭᠦᠷᠲᠦ ᠨᠢᠰᠳᠡᠭ ᠲᠥᠬᠥᠭᠡᠷᠦᠮᠵᠢ ᠶᠢ ᠨᠠᠷᠠᠨ ᠤ ᠵᠠᠢ ᠶᠢᠨ ᠣᠩᠭᠣᠴᠠ ᠭᠡᠨ᠎ᠡ᠃ ᠡᠨᠡ ᠲᠧᠭᠨᠣᠯᠣᠭᠢ ᠨᠢ ᠣᠳᠣ ᠪᠠᠷ ᠡᠭᠦᠰᠬᠡᠯᠲᠡ ᠶᠢᠨ ᠲᠦᠪᠰᠢᠨ ᠳᠦ ᠬᠥᠭᠵᠢᠵᠦ ᠪᠠᠶᠢᠭ᠎ᠠ ᠰᠢᠪᠬᠠᠭᠳᠠᠰᠢ ᠦᠭᠡᠢ ᠡᠨᠧᠷᠭᠢ ᠶᠢ ᠠᠰᠢᠭᠯᠠᠭᠴᠢ ᠮᠠᠰᠢ ᠢᠷᠡᠭᠡᠳᠦᠢ ᠲᠡᠢ ᠲᠧᠭᠨᠣᠯᠣᠭᠢ ᠶᠤᠮ᠃ ᠠᠩᠬᠠᠨ ᠤ ᠨᠠᠷᠠᠨ ᠤ ᠵᠠᠢ ᠶᠢᠨ ᠣᠩᠭᠣᠴᠠ 1974 ᠡᠤᠨ ᠳᠤ ᠠᠮᠧᠷᠢᠺᠠ ᠶᠢᠨ ᠨᠢᠭᠡᠳᠦᠭᠰᠡᠨ ᠤᠯᠤᠰ ᠲᠤ ᠴᠡᠷᠢᠭ ᠦᠨ ᠵᠣᠷᠢᠭᠤᠯᠤᠯᠲᠠ ᠲᠤᠷᠰᠢᠯᠲᠠ ᠪᠠᠷ ᠨᠢᠰᠬᠡᠭᠰᠡᠨ ᠪᠠᠶᠢᠨ᠎ᠠ᠃ ᠠᠯᠢᠪᠠ ᠨᠢᠰᠬᠦ ᠲᠥᠬᠦᠭᠡᠷᠦᠮᠵᠢ ᠨᠢ ᠬᠦᠮᠦᠨ ᠪᠠ ᠠᠴᠢᠶ᠎ᠠ ᠲᠡᠭᠡᠭᠡᠬᠦ ᠶᠢᠨ ᠲᠤᠯᠠᠳᠠ ᠮᠠᠰᠢ ᠬᠥᠩᠭᠡᠨ ᠪᠠᠶᠢᠬᠤ ᠭᠣᠣᠯ ᠬᠢᠵᠠᠭᠠᠷᠯᠠᠯᠲᠠ ᠠᠴᠠ ᠪᠣᠯᠵᠤ ᠨᠠᠷᠠᠨ ᠤ ᠵᠠᠢ ᠶᠢᠨ ᠣᠩᠭᠣᠴᠠ ᠶᠢ ᠭᠣᠣᠯᠴᠠᠭᠤ ᠵᠥᠪᠬᠡᠨ ᠨᠠᠷᠠᠨ ᠤ ᠴᠡᠨᠡᠭ ᠬᠤᠷᠢᠶᠠᠭᠤᠷ ᠪᠠ ᠴᠠᠬᠢᠯᠭᠠᠨ ᠬᠥᠳᠡᠯᠭᠡᠭᠦᠷ ᠭᠡᠰᠡᠨ ᠦᠨᠳᠦᠰᠦᠨ ᠬᠥᠳᠡᠯᠭᠡᠬᠦ ᠮᠧᠬᠠᠨᠢᠰᠮ ᠲᠠᠢ ᠪᠠ ᠵᠠᠷᠢᠮ ᠦᠶ᠎ᠡ ᠳᠦ ᠪᠠᠭ᠎ᠠ ᠵᠡᠷᠭᠡ ᠵᠠᠢ ᠬᠤᠷᠢᠶᠠᠭᠤᠷ ᠨᠡᠮᠡᠵᠦ ᠪᠦᠲᠦᠭᠡᠵᠦ ᠪᠠᠶᠢᠨ᠎ᠠ᠃ ᠴᠡᠨᠡᠭ ᠬᠤᠷᠢᠶᠠᠭᠴᠢ ᠨᠠᠷᠠᠨ ᠤ ᠬᠠᠪᠲᠠᠩᠭ᠎ᠠ ᠨᠤᠭᠤᠳ ᠣᠩᠭᠣᠴᠠᠨ ᠤ ᠳᠠᠯᠠᠪᠴᠢ ᠪᠠ ᠰᠡᠭᠦᠯᠡᠨ ᠳᠡᠭᠡᠷ᠎ᠡ ᠨᠠᠷᠠᠨ ᠤ ᠭᠡᠷᠡᠯ ᠢ ᠪᠥᠷᠢᠨ ᠲᠤᠰᠬᠠᠬᠤ ᠵᠣᠷᠢᠭᠤᠯᠤᠯᠲᠠ ᠲᠠᠢ ᠪᠠᠶᠢᠷᠢᠯᠠᠨ᠎ᠠ᠃ ᠰᠡᠩᠰᠡ ᠶᠢ ᠪᠠᠭ᠎ᠠ ᠬᠦᠴᠦᠨ ᠴᠢᠳᠠᠯ ᠤᠨ ᠨᠢᠭᠡ ᠪᠠ ᠬᠡᠳᠦ ᠬᠡᠳᠦᠨ ᠴᠠᠬᠢᠯᠭᠠᠨ ᠬᠥᠳᠡᠯᠭᠡᠭᠦᠷ ᠦᠳ ᠡᠷᠭᠢᠭᠦᠯᠳᠡᠭ᠃ (ᠪᠦᠷᠢᠨ ᠠᠭᠤᠯᠭ᠎ᠠ ᠶᠢ ᠤᠩᠰᠢᠬᠤ)

ᠢᠰᠯᠠᠮ
ᠢᠰᠯᠠᠮ

ᠢᠰᠯᠠᠮ (ᠠᠷᠠᠪ: الإسلام ) ᠡᠰᠡᠪᠡᠯ ᠢᠰᠯᠠᠮ ᠤᠨ ᠱᠠᠰᠢᠨ ᠨᠢ 7 ᠳᠦᠭᠡᠷ ᠵᠠᠭᠤᠨ ᠤ ᠠᠷᠠᠪ ᠍ ᠤᠨ ᠡᠯᠴᠢ ᠮᠤᠬᠤᠮᠮᠧᠳ ᠳᠦ ᠢᠯᠡᠭᠡᠭᠳᠡᠭᠰᠡᠨ ᠱᠠᠰᠢᠨ ᠶᠤᠮ᠃ ᠡᠨᠡᠬᠦ ᠱᠠᠰᠢᠨ ᠢ ᠰᠢᠲᠦᠭᠴᠢ ᠬᠦᠮᠦᠨ ᠢ ᠮᠦᠰᠦ᠋ᠯᠮᠠᠨ ᠭᠡᠳᠡᠭ᠃ ᠮᠦᠰᠦ᠋ᠯᠮᠠᠨᠴᠤᠳ ᠪᠤᠷᠬᠠᠨ ᠮᠤᠬᠤᠮᠮᠧᠳ ᠲᠦ ᠺᠣᠷᠠᠨ ᠰᠤᠳᠤᠷ ᠢ ᠢᠯᠡᠭᠡᠭᠰᠡᠨ ᠭᠡᠵᠦ ᠦᠵᠡᠳᠡᠭ᠃ ᠡᠨᠡ ᠱᠠᠰᠢᠨ ᠨᠢ ᠢᠲᠡᠭᠡᠭᠴᠢᠳ ᠦᠨ ᠲᠣᠭ᠎ᠠ ᠪᠠᠷ ᠳᠡᠯᠡᠬᠡᠢ ᠶᠢᠨ ᠬᠣᠶᠠᠳᠠᠭᠴᠢ ᠲᠣᠮᠣ ᠱᠠᠰᠢᠨ ᠶᠤᠮ᠃ ᠠᠷᠠᠪ ᠬᠡᠯᠡᠨ ᠡᠴᠡ ᠭᠠᠯᠢᠭᠴᠢᠯᠠᠭᠰᠠᠨ 《ᠠᠯᠢ-ᠢᠰᠯᠠᠮ》 ᠭᠡᠬᠦ ᠦᠭᠡ ᠶᠢ ᠮᠣᠩᠭᠣᠯᠴᠢᠯᠠᠪᠠᠯ ᠠᠯᠪᠠᠳᠠᠯᠭ᠎ᠠ ᠦᠭᠡᠢ ᠪᠡᠷ ᠪᠤᠷᠬᠠᠨ ᠢ ᠳᠠᠭᠠᠬᠤ ᠭᠡᠰᠡᠨ ᠤᠳᠬ᠎ᠠ ᠪᠦᠬᠦᠢ ᠲᠤᠶᠢᠯ ᠤᠨ ᠦᠨᠡᠨ (ᠳᠡᠪᠡᠲᠡ)᠂ ᠠᠯᠢ ᠡᠰᠡᠪᠡᠯ ᠬᠢᠵᠠᠭᠠᠷ ᠦᠭᠡᠢ ᠡᠩᠬᠡ ᠠᠮᠤᠭᠤᠯᠠᠩ ᠭᠡᠳᠡᠭ ᠠᠭᠤᠯᠭ᠎ᠠ ᠲᠠᠢ ᠠᠵᠢ᠃ ᠮᠣᠩᠭᠣᠯᠴᠤᠳ ᠍ ᠤᠨ ᠬᠡᠷᠡᠭᠯᠡᠳᠡᠭ 《ᠯᠠᠯᠤ》 ᠬᠡᠮᠡᠬᠦ ᠦᠭᠡ ᠨᠢ ᠲᠥᠪᠡᠳ ᠬᠡᠯᠡᠨᠢᠭᠢ 《ᠯᠣᠯ》 (ᠮᠣᠩᠭᠣᠯᠴᠢᠯᠠᠪᠠᠯ ᠪᠤᠷᠤᠭᠤ ᠨᠣᠮᠲᠠᠨ) ᠭᠡᠬᠦ ᠦᠭᠡᠨ ᠡᠴᠡ ᠭᠠᠷᠤᠯᠲᠠᠢ ᠪᠤᠷᠤᠭᠤ ᠣᠶᠢᠯᠠᠭᠠᠯᠲᠠ ᠪᠥᠭᠡᠳ ᠳᠡᠯᠡᠬᠡᠢ ᠶᠢᠨ ᠪᠦᠬᠦ ᠬᠡᠯᠡᠨ ᠳᠦ ᠢᠰᠯᠠᠮ ᠤᠨ ᠱᠠᠰᠢᠨ᠂ ᠮᠥᠰᠥᠶᠢᠯᠮᠡᠨ ᠬᠡᠮᠡᠨ ᠬᠡᠯᠡᠭᠳᠡᠳᠡᠭ᠃ (ᠪᠦᠷᠢᠨ ᠠᠭᠤᠯᠭ᠎ᠠ ᠶᠢ ᠤᠩᠰᠢᠬᠤ)


2016[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠤᠷᠪᠠᠳᠤᠭᠠᠷ ᠰᠠᠷ᠎ᠠᠳᠥᠷᠪᠡᠳᠦᠭᠡᠷ ᠰᠠᠷ᠎ᠠᠲᠠᠪᠤᠳᠤᠭᠠᠷ ᠰᠠᠷ᠎ᠠᠵᠢᠷᠭᠤᠳᠤᠭᠠᠷ ᠰᠠᠷ᠎ᠠᠳᠣᠯᠤᠳᠤᠭᠠᠷ ᠰᠠᠷ᠎ᠠᠨᠠᠢ᠍ᠮᠠᠳᠤᠭᠠᠷ ᠰᠠᠷ᠎ᠠᠶᠢᠰᠦᠳᠦᠭᠡᠷ ᠰᠠᠷ᠎ᠠᠠᠷᠪᠠᠳᠤᠭᠠᠷ ᠰᠠᠷ᠎ᠠᠠᠷᠪᠠᠳᠤᠭᠠᠷ ᠨᠢᠭᠡᠳᠦᠭᠡᠷ ᠰᠠᠷ᠎ᠠᠠᠷᠪᠠᠳᠤᠭᠠᠷ ᠬᠣᠶᠠᠳᠤᠭᠠᠷ ᠰᠠᠷ᠎ᠠ

2017[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠢᠭᠡᠳᠦᠭᠡᠷ ᠰᠠᠷ᠎ᠠᠬᠣᠶᠠᠳᠤᠭᠠᠷ ᠰᠠᠷ᠎ᠠᠭᠤᠷᠪᠠᠳᠤᠭᠠᠷ ᠰᠠᠷ᠎ᠠᠳᠥᠷᠪᠡᠳᠦᠭᠡᠷ ᠰᠠᠷ᠎ᠠᠲᠠᠪᠤᠳᠤᠭᠠᠷ ᠰᠠᠷ᠎ᠠᠵᠢᠷᠭᠤᠳᠤᠭᠠᠷ ᠰᠠᠷ᠎ᠠᠳᠣᠯᠤᠳᠤᠭᠠᠷ ᠰᠠᠷ᠎ᠠᠨᠠᠢ᠍ᠮᠠᠳᠤᠭᠠᠷ ᠰᠠᠷ᠎ᠠ ᠶᠢᠰᠦᠳᠦᠭᠡᠷ ᠰᠠᠷ᠎ᠠ

2018[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠢᠭᠡᠳᠦᠭᠡᠷ ᠰᠠᠷ᠎ᠠᠬᠣᠶᠠᠳᠤᠭᠠᠷ ᠰᠠᠷ᠎ᠠᠭᠤᠷᠪᠠᠳᠤᠭᠠᠷ ᠰᠠᠷ᠎ᠠᠳᠥᠷᠪᠡᠳᠦᠭᠡᠷ ᠰᠠᠷ᠎ᠠ

ᠪᠢᠴᠢᠭᠡᠰᠦ