ᠣᠨᠴᠠᠯᠠᠬᠤ ᠥᠭᠦᠯᠡᠯ/2018 3 ᠰᠠᠷ᠎ᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠲᠣᠶᠣᠲ᠋ᠠ
ᠲᠣᠶᠣᠲ᠋ᠠ

ᠲᠣᠶᠣᠲ᠋ᠠ ᠮᠣᠲ᠋ᠣᠷ ᠺᠣᠷᠫᠣᠷᠠᠼᠢ( ᠶᠠᠫᠤᠨ ᠶᠢᠡᠷ トヨタ自動車株式会社᠂ ᠠᠩᠭᠯᠢ ᠪᠡᠷ Toyota Jidōsha Kabushikigaisha᠂ ᠬᠢᠲᠠᠳ ᠶᠢᠡᠷ 丰田股份有限公司)᠄ ᠲᠣᠶᠣᠲ᠋ᠠ ᠭᠡᠳᠡᠭ ᠢᠶᠡᠷ ᠨᠢ ᠢᠯᠡᠭᠦᠦ ᠰᠠᠶᠢᠨ ᠮᠡᠳᠡᠬᠦ ᠪᠠ «TMC» ᠭᠡᠵᠦ ᠲᠣᠪᠴᠢᠯᠠᠨ ᠪᠢᠴᠢᠳᠡᠭ᠃ ᠲᠤᠰ ᠺᠣᠷᠫᠣᠷᠠᠼᠢ ᠶᠢᠨ ᠲᠥᠪ ᠵᠠᠬᠢᠷᠭᠠᠨ ᠤ ᠪᠠᠶᠢᠭᠤᠯᠤᠯᠭ᠎ᠠ ᠨᠢ ᠶᠠᠫᠣᠨ ᠳᠤ ᠪᠠᠶᠢᠷᠢᠯᠠᠳᠠᠭ᠃ 1937ᠡᠤᠨ ᠳᠤ ᠲᠣᠶᠣᠳᠠ ᠺᠢ-ᠢᠴᠡᠷᠣ ᠬᠡᠮᠡᠬᠦ ᠬᠦᠮᠦᠨ ᠥᠪᠡᠷ ᠦᠨ ᠡᠴᠢᠭᠡ ᠶᠢᠨ ᠲᠣᠶᠣᠲ᠋ᠠ ᠢᠩᠳᠠᠰᠲᠷᠢᠽ ᠦᠢᠯᠡᠳᠪᠦᠷᠢ ᠶᠢᠨ ᠳᠡᠷᠭᠡᠳᠡ ᠠᠦ᠋ᠲ᠋ᠣᠮᠠᠰᠢᠨ ᠦ ᠦᠢᠯᠡᠳᠪᠦᠷᠢᠯᠡᠯ ᠦᠨ ᠺᠣᠮᠫᠠᠨᠢ ᠪᠠᠶᠢᠭᠤᠯᠤᠭᠰᠠᠨ ᠨᠢ ᠣᠳᠣ ᠶᠢᠨ «TMC» ᠶᠤᠮ᠃ ᠳᠡᠭᠡᠷᠡᠬᠢ ᠦᠢᠯᠡᠳᠪᠦᠷᠢ ᠨᠢ ᠥᠪᠡᠷ ᠦᠨ ᠰᠠᠯᠪᠤᠷᠢ ᠪᠡᠷ ᠢᠶᠠᠨ ᠳᠠᠮᠵᠢᠭᠤᠯᠤᠨ 1934 ᠡᠤᠨ ᠳᠤ ᠠᠩᠬᠠᠨ ᠤ ᠪᠠᠨ ᠬᠥᠳᠡᠯᠭᠡᠭᠦᠷ ᠢᠶᠡᠨ ᠪᠦᠲᠦᠭᠡᠵᠦ ᠪᠠᠶᠢᠭᠰᠠᠨ ᠪᠣᠯ 1936 ᠤᠨ ᠳᠤ ᠠᠩᠬᠠᠨ ᠤ ᠵᠣᠷᠴᠢᠭᠴᠢ ᠲᠡᠭᠡᠭᠡᠪᠦᠷᠢ ᠶᠢᠨ ᠬᠡᠷᠡᠭᠰᠡᠯ ᠪᠦᠲᠦᠭᠡᠵᠦ ᠲᠡᠭᠦᠨ ᠢ ᠪᠡᠨ Toyota AA ᠬᠡᠮᠡᠨ ᠨᠡᠷᠡᠯᠡᠵᠦ ᠪᠠᠶᠢᠭᠰᠠᠨ ᠪᠠᠶᠢᠨ᠎ᠠ᠃ (ᠪᠦᠷᠢᠨ ᠠᠭᠤᠯᠭ᠎ᠠ ᠶᠢ ᠤᠩᠰᠢᠬᠤ)

ᠮᠣᠷᠢᠨ ᠬᠤᠭᠤᠷ
ᠮᠣᠷᠢᠨ ᠬᠤᠭᠤᠷ
Morin hugur24.PNG
ᠮᠣᠷᠢᠨ ᠬᠤᠭᠤᠷ ᠮᠣᠩᠭᠣᠯ ᠦᠨᠳᠦᠰᠦᠲᠡᠨ ᠦ ᠬᠥᠭᠵᠢᠮ ᠦᠨ ᠵᠢᠮᠰᠡᠭ ᠮᠥᠨ᠃ ᠮᠣᠷᠢᠨ ᠬᠤᠭᠤᠷ ᠥᠨᠢ ᠤᠳᠠᠭᠠᠨ ᠲᠡᠦᠬᠡ ᠲᠡᠢ᠂ ᠠᠯᠢ ᠡᠷᠲᠡ 13 ᠍ ᠳᠦᠭᠡᠷ ᠵᠠᠭᠤᠨ ᠤ ᠡᠬᠢᠨ ᠳᠦ ᠳᠠᠷᠤᠢ ᠮᠣᠩᠭᠣᠯ ᠦᠨᠳᠦᠰᠦᠲᠡᠨ ᠦ ᠬᠦᠮᠦᠨ ᠠᠷᠠᠳ ᠤᠨ ᠳᠤᠮᠳᠠ ᠥᠷᠭᠡᠨ ᠳᠡᠯᠭᠡᠷᠡᠭᠰᠡᠨ ᠶᠤᠮ᠃ ᠮᠣᠷᠢᠨ ᠬᠤᠭᠤᠷ ᠤᠨ ᠳᠡᠯᠭᠡᠷᠡᠭᠰᠡᠨ ᠨᠤᠲᠤᠭ ᠣᠷᠣᠨ ᠨᠢ ᠠᠳᠠᠯᠢ ᠪᠤᠰᠤ ᠪᠠᠶᠢᠳᠠᠭ ᠤᠨ ᠤᠯᠠᠮ ᠢᠶᠠᠷ᠂ ᠲᠡᠭᠦᠨ ᠦ ᠨᠡᠷ᠎ᠡ᠂ ᠬᠡᠯᠪᠡᠷᠢ ᠳᠦᠷᠰᠦ ᠳᠠᠭᠤᠨ ᠤ ᠥᠩᠭᠡ᠂ ᠬᠥᠭᠵᠢᠮᠳᠡᠬᠦ ᠠᠷᠭ᠎ᠠ ᠨᠢ ᠴᠤ ᠥᠪᠡᠷ ᠥᠪᠡᠷ ᠦᠨ ᠣᠨᠴᠠᠯᠢᠭ ᠲᠠᠢ ᠪᠠᠶᠢᠳᠠᠭ᠃ ᠮᠣᠩᠭᠣᠯᠴᠤᠳ ᠰᠠᠭᠤᠷᠢᠰᠢᠭᠰᠠᠨ ᠶᠡᠬᠡᠩᠬᠢ ᠨᠤᠲᠤᠭ ᠲᠤ ᠤᠭ ᠬᠥᠭᠵᠢᠮ ᠦᠨ ᠵᠢᠮᠰᠡᠭ ᠢ ᠮᠣᠷᠢᠨ ᠬᠤᠭᠤᠷ ᠭᠡᠵᠦ ᠨᠡᠷᠡᠯᠡᠵᠦ ᠪᠠᠶᠢᠬᠤ ᠳᠤ᠂ ᠥᠪᠥᠷ ᠮᠣᠩᠭᠣᠯ ᠍ ᠤᠨ ᠵᠠᠷᠢᠮ ᠨᠤᠲᠤᠭ ᠲᠤ ᠴᠣᠭᠣᠷ ᠭᠡᠵᠦ ᠨᠡᠷᠡᠯᠡᠬᠦ ᠲᠠᠯ᠎ᠠ ᠪᠠᠶᠢᠳᠠᠭ᠃ᠮᠣᠷᠢᠨ ᠬᠤᠭᠤᠷ ᠤᠨ ᠬᠠᠶᠢᠷᠴᠠᠭ ᠨᠢ ᠲᠡᠭᠰᠢ ᠳᠥᠷᠪᠡᠯᠵᠢᠨ ᠬᠡᠯᠪᠡᠷᠢ ᠲᠡᠢ᠂ ᠭᠷᠢᠪ ᠳᠡᠭᠡᠷ᠎ᠡ ᠪᠡᠨ ᠮᠣᠷᠢᠨ ᠲᠣᠯᠣᠭᠠᠢ ᠶᠢᠨ ᠰᠡᠶᠢᠯᠪᠦᠷᠢ ᠲᠡᠢ ᠪᠠᠶᠢᠳᠠᠭ᠃ ᠡᠨᠡ ᠪᠣᠯ ᠮᠣᠷᠢᠨ ᠬᠤᠭᠤᠷ ᠤᠨ ᠦᠨᠳᠦᠰᠦᠨ ᠲᠥᠷᠬᠥ ᠪᠥᠭᠡᠳ ᠮᠣᠷᠢᠨ ᠬᠤᠭᠤᠷ ᠭᠡᠰᠡᠨ ᠨᠡᠷ᠎ᠡ ᠶᠢᠨ ᠬᠢ ᠨᠢ ᠢᠯᠡᠷᠡᠯ ᠶᠤᠮ᠃ ᠮᠣᠷᠢᠨ ᠬᠤᠭᠤᠷ ᠤᠨ ᠴᠢᠪᠬᠠᠳᠠᠰᠤ ᠍ ᠢ ᠮᠣᠷᠢᠨ ᠤ ᠰᠡᠭᠦᠯ ᠢᠶᠡᠷ ᠬᠢᠨ᠎ᠡ᠃ ᠮᠣᠷᠢᠨ ᠬᠤᠭᠤᠷ ᠤᠨ ᠠᠶ᠎ᠠ ᠡᠭᠡᠰᠢᠭ ᠰᠣᠨᠣᠰᠬᠤᠯᠠᠩᠲᠠᠢ ᠰᠠᠶᠢᠬᠠᠨ ᠪᠥᠭᠡᠳ ᠤᠲᠠᠰᠤᠨ ᠬᠥᠭᠵᠢᠮ ᠦᠨ ᠳᠣᠲᠣᠷ᠎ᠠ ᠥᠪᠡᠷ ᠦᠨ ᠥᠪᠡᠷᠮᠢᠴᠡ ᠣᠨᠴᠠᠯᠢᠭ ᠲᠠᠢ ᠬᠥᠭᠵᠢᠮ ᠦᠨ ᠵᠢᠮᠰᠡᠭ ᠪᠣᠯᠬᠤ ᠶᠤᠮ᠃ (ᠪᠦᠷᠢᠨ ᠠᠭᠤᠯᠭ᠎ᠠ ᠶᠢ ᠤᠩᠰᠢᠬᠤ)
ᠭᠠᠶᠢᠯᠢ
ᠭᠠᠶᠢᠯᠢ

ᠭᠠᠶᠢᠯᠢ' (ᠠᠩᠭᠯᠢ ᠪᠠᠷ Tax︔ ᠬᠢᠲᠠᠳ ᠶᠢᠡᠷ 税 ) ᠭᠡᠳᠡᠭ ᠨᠢ ᠨᠢᠭᠡ ᠤᠯᠤᠰ ᠤᠨ ᠵᠠᠰᠠᠭ ᠤᠨ ᠭᠠᠵᠠᠷ ‍(‍ ᠵᠠᠰᠠᠭ ᠤᠨ ᠎ᠤᠷᠳᠤᠨ)ᠨᠢ ᠬᠤᠪᠢ ᠬᠦᠮᠦᠨ ᠂ ᠠᠵᠤ ᠠᠬᠤᠶᠢᠯᠠᠯ ᠵᠡᠷᠭᠡ ᠡᠴᠡ ᠬᠠᠤᠯᠢ ᠶᠤᠰᠤᠭᠠᠷ ᠲᠠᠲᠠᠪᠦᠷᠢᠯᠠᠵᠤ ᠠᠪᠳᠠᠭ ᠵᠤᠭᠤᠰ ᠮᠦᠨᠭᠭᠦ ᠪᠤᠶᠤ ᠡᠳ᠋ ᠬᠦᠷᠦᠨᠭᠭᠡ ᠵᠢ ᠵᠢᠭᠠᠨ᠋ ᠠ ᠃ ᠭᠠᠶᠢᠯᠢ ᠲᠤᠰᠢᠶᠠᠬᠤ ᠨᠢ ᠬᠠᠦᠯᠢ ᠶᠤᠰᠦᠭᠠᠷ ᠲᠤᠭᠲᠠᠭᠠᠭᠰᠠᠨ ᠠᠯᠪᠠᠳᠠᠯᠭ᠋ ᠠ  ᠶᠢᠨ ᠴᠢᠨᠠᠷ ᠲᠠᠢ ᠡᠭᠦᠷᠭᠡ ᠲᠤᠯᠠ ᠵᠠᠪᠠᠯ ᠭᠦᠢᠴᠡᠳᠭᠡᠭᠦ ᠬᠡᠷᠡᠭᠲᠡᠢ ᠪᠠᠢᠳᠠᠭ᠃ ᠬᠡᠷᠪᠡ ᠭᠠᠶᠢᠯᠢ ᠡᠴᠡ ᠲᠤᠲᠠᠭᠠᠪᠠᠯ ᠬᠠᠦᠯᠢ ᠶᠤᠰᠤᠨ ᠤ ᠰᠢᠢᠳᠭᠡᠯ ᠤᠯᠬᠤ ᠪᠤᠯᠤᠨ᠋ ᠠ᠃ ᠲᠠᠲᠠᠪᠦᠷᠢᠯᠠᠵᠤ ᠠᠪᠤᠭᠰᠠᠨ ᠭᠠᠶᠢᠯᠢ ᠨᠢ ᠵᠠᠰᠠᠭ ᠤᠨ ᠤᠷᠳᠤᠨ ᠤ ᠤᠷᠤᠯᠭ᠋ ᠠ ᠪᠤᠯᠤᠭᠰᠠᠨ ᠤ ᠬᠤᠪᠢ ᠳᠤ ᠵᠠᠰᠠᠭ ᠤᠨ ᠤᠷᠳᠤᠨ ᠤ ᠵᠦᠢᠯ ᠪᠦᠷᠢ ᠶᠢᠨ ᠵᠠᠷᠤᠳᠠᠯ ᠳᠤ ᠬᠡᠷᠡᠭᠯᠡᠳᠡᠳᠡᠭ᠃ ᠳᠦᠭᠦᠮ ᠶᠢᠡᠷ ᠬᠡᠯᠡᠪᠠᠯ ᠭᠤᠤᠯᠳᠠᠭᠤ ᠨᠡᠢᠭᠡᠮ ᠤᠨ ᠰᠠᠭᠤᠷᠢ ᠪᠦᠲᠦᠭᠡᠨ ᠪᠠᠢᠭᠤᠯᠤᠯᠲᠠ( ᠵᠢᠱᠢᠶᠡᠯᠡᠪᠠᠯ ᠂ ᠠᠷᠪᠠ ᠵᠢ ᠪᠦᠷᠬᠦᠭᠦᠯᠬᠦ ᠪᠦᠳᠦᠭᠡᠨ ᠪᠠᠢᠭᠤᠯᠦᠯᠲᠠ ᠵᠡᠷᠭᠡ ) ᠤᠯᠠᠨ ᠨᠡᠶᠢᠲᠡ ᠶᠢᠨ ᠦᠢᠯᠡᠴᠢᠯᠡᠯᠭᠡ (ᠵᠢᠱᠢᠶᠡᠯᠡᠪᠡᠯ᠂ ᠴᠡᠷᠢᠭ ᠴᠠᠭᠳᠠᠭ᠋ ᠠ ᠂ ᠬᠢᠯᠢ  ᠶᠢᠨ ᠬᠠᠮᠠᠭᠠᠯᠠᠯᠲᠠ᠂ ᠰᠤᠷᠭᠠᠨ ᠬᠦᠮᠦᠵᠢᠯ᠂ ᠡᠮᠴᠢᠯᠡᠯᠭᠡ᠂ ᠨᠠᠰᠦᠲᠠᠶᠢᠴᠤᠳ ᠤᠨ ᠠᠰᠠᠷᠠᠮᠵᠢ᠂ ᠠᠵᠢᠯ ᠠᠯᠳᠠᠭᠰᠠᠳ ᠤᠨ ᠳᠡᠳᠭᠦᠮᠵᠢ᠂ ᠤᠯᠠᠨ ᠨᠡᠶᠢᠲᠡ  ᠶᠢᠨ ᠵᠠᠮ ᠬᠠᠷᠢᠯᠴᠠᠭ᠋ ᠠ ᠬᠡᠬᠦ ᠮᠡᠲᠦ)  ᠳᠤ ᠬᠡᠷᠡᠭᠯᠡᠳᠡᠭ᠃ (ᠪᠦᠷᠢᠨ ᠠᠭᠤᠯᠭ᠎ᠠ ᠶᠢ ᠤᠩᠰᠢᠬᠤ)

ᠱᠣᠪᠲᠣᠭᠣᠷᠠᠯᠢᠭ ᠨᠤᠭᠤᠰᠤ
ᠱᠣᠪᠲᠣᠭᠣᠷᠠᠯᠢᠭ_ᠨᠤᠭᠤᠰᠤ

ᠱᠣᠪᠲᠣᠭᠣᠷᠠᠯᠢᠭ ᠨᠤᠭᠤᠰᠤ (Anas acuta) ᠂ ᠤᠷᠢᠳᠤ ᠱᠣᠪᠲᠣᠭᠣᠷ ᠠᠯᠠᠭ ᠨᠤᠭᠤᠰᠤ ᠭᠡᠵᠦ ᠪᠠᠶᠢᠭᠰᠠᠨ᠂ ᠨᠤᠭᠤᠰᠤᠨ ᠤ ᠬᠢᠨ ᠣᠪᠤᠭ ᠤᠨ ᠰᠢᠪᠠᠭᠤ ᠪᠥᠭᠡᠳ ᠨᠡᠯᠢᠶᠡᠳ ᠲᠦᠭᠡᠮᠡᠯ ᠲᠠᠷᠬᠠᠨ᠎ᠠ᠃ ᠡᠨᠡᠬᠦ ᠨᠤᠭᠤᠰᠤ ᠨᠢ ᠧᠦ᠋ᠷᠣᠫᠠᠠᠽᠢᠶ᠎ᠠ ᠍ ᠶᠢᠨ ᠬᠣᠶᠢᠳᠤ ᠬᠡᠰᠡᠭ ᠪᠣᠯᠤᠨ ᠬᠣᠶᠢᠳᠤ ᠠᠮᠧᠷᠢᠺᠠ ᠳᠤ ᠨᠤᠲᠤᠭᠯᠠᠳᠠᠭ᠃ ᠡᠪᠦᠯ ᠦᠨ ᠤᠯᠠᠷᠢᠯ ᠳᠤ ᠨᠡᠭᠦᠳᠡᠯᠯᠡᠨ ᠡᠮᠦᠨ᠎ᠡ ᠵᠦᠭ ᠦᠨ ᠳᠤᠯᠠᠭᠠᠨ ᠣᠷᠣᠨ ᠢ ᠵᠣᠷᠢᠳᠠᠭ᠃ (ᠪᠦᠷᠢᠨ ᠠᠭᠤᠯᠭ᠎ᠠ ᠶᠢ ᠤᠩᠰᠢᠬᠤ)

ᠰᠢᠯᠢ ᠶᠢᠨ_ᠪᠣᠭᠳᠠ_ᠠᠭᠤᠯᠠ
Slnbgd1.jpg

ᠰᠢᠯᠢ ᠶᠢᠨ ᠪᠣᠭᠳᠠ ᠠᠭᠤᠯᠠ - ᠰᠦᠬᠡᠪᠠᠭᠠᠲᠤᠷ ᠠᠶᠢᠮᠠᠭ ᠤᠨ ᠳᠠᠷᠢᠭᠠᠩᠭ᠎ᠠ ᠰᠤᠮᠤ ᠠᠴᠠ ᠵᠡᠭᠦᠨ ᠤᠷᠤᠭᠰᠢ 60 km ᠳᠦ ᠳᠠᠯᠠᠢ ᠶᠢᠨ ᠲᠦᠪᠰᠢᠨ ᠡᠴᠡ ᠳᠡᠭᠡᠭᠰᠢ 1778 ᠮᠧᠲ᠋ᠷ ᠲᠦ ᠣᠷᠣᠰᠢᠳᠠᠭ ᠳᠠᠷᠢᠭᠠᠩᠭ᠎ᠠ ᠶᠢᠨ ᠡᠨᠡ ᠥᠨᠳᠥᠷᠯᠢᠭ ᠲᠡᠭᠰᠢ ᠭᠠᠵᠠᠷ ᠲᠤ 200 ᠣᠷᠴᠢᠮ ᠤᠨᠲᠠᠷᠠᠭᠰᠠᠨ ᠭᠠᠯᠲᠤ ᠠᠭᠤᠯᠠ ᠪᠠᠶᠢᠳᠠᠭ ᠤᠨ ᠬᠠᠮᠤᠭ ᠤᠨ ᠥᠨᠳᠥᠷ ᠨᠢ ᠰᠢᠯᠢ ᠶᠢᠨ ᠪᠣᠭᠳᠠ ᠠᠭᠤᠯᠠ ᠶᠤᠮ᠃ ᠪᠣᠭᠳᠠ ᠠᠭᠤᠯᠠ ᠭᠡᠬᠦ ᠨᠡᠷᠡᠰᠢᠯ ᠨᠢ ᠰᠡᠭᠦᠯ ᠳᠦ ᠪᠤᠳ᠋ᠳ᠋ᠾᠠ ᠶᠢᠨ ᠱᠠᠰᠢᠨ ᠤ ᠨᠥᠯᠥᠭᠡ ᠪᠡᠷ ᠨᠡᠮᠡᠭᠳᠡᠵᠦ ᠨᠡᠷᠡᠯᠡᠭᠳᠡᠭᠰᠡᠨ ᠨᠡᠷᠡᠰᠢᠯ ᠪᠥᠭᠡᠳ ᠡᠷᠲᠡ ᠳᠡᠭᠡᠷ᠎ᠡ ᠦᠶ᠎ᠡ ᠪᠡᠨ ᠡᠴᠡ ᠮᠣᠩᠭᠣᠯᠴᠤᠳ "ᠰᠢᠪᠡᠭᠡᠲᠦ ᠰᠢᠯᠢ" "ᠠᠭᠰᠢᠭᠤᠨ" ᠬᠡᠮᠡᠨ ᠨᠡᠷᠡᠶᠢᠳᠳᠡᠭ ᠪᠠᠶᠢᠭᠰᠠᠨ ᠪᠠ ᠲᠠᠯ᠎ᠠ ᠨᠤᠲᠤᠭ ᠤᠨ ᠶᠡᠬᠡ ᠬᠠᠶᠢᠷᠬᠠᠨ ᠬᠡᠮᠡᠨ ᠲᠠᠬᠢᠨ ᠰᠢᠲᠦᠵᠦ ᠢᠷᠡᠵᠡᠢ᠃

ᠮᠥᠨ ᠡᠨᠡ ᠨᠤᠲᠤᠭ ᠲᠤ 60 ᠣᠷᠴᠢᠮ ᠬᠦᠮᠦᠨ ᠴᠢᠯᠠᠭᠤ ᠪᠤᠢ᠃ ᠰᠢᠯᠢ ᠶᠢᠨ ᠪᠣᠭᠳᠠ ᠠᠭᠤᠯᠠ ᠶᠢᠨ ᠲᠣᠭᠣᠭ᠎ᠠ ᠨᠢ ᠪᠠᠷᠠᠭᠤᠨ ᠬᠣᠶᠢᠰᠢ ᠪᠠᠨ ᠰᠡᠲᠡᠷᠡᠨ ᠤᠷᠤᠰᠤᠭᠰᠠᠨ ᠪᠥᠭᠡᠳ ᠠᠮᠠᠰᠠᠷ ᠨᠢ 2 km ᠣᠷᠴᠢᠮ ᠥᠷᠭᠡᠨ᠂ 300 ᠣᠷᠴᠢᠮ ᠮᠸᠲᠷ ᠭᠦᠨᠵᠡᠭᠡᠢ ᠠᠵᠡᠢ᠃ ᠰᠢᠯᠢ ᠶᠢᠨ ᠪᠣᠭᠳᠠ ᠠᠭᠤᠯᠠᠨ ᠳᠡᠭᠡᠷ᠎ᠡ ᠡᠴᠡ ᠵᠣᠲᠣᠯ ᠬᠠᠨ᠂ ᠳᠥᠰᠢ ᠵᠡᠷᠭᠡ 200 ᠣᠷᠴᠢᠮ ᠡᠷᠲᠡᠨ ᠦ ᠰᠥᠨᠥᠭᠰᠡᠨ ᠭᠠᠯᠲᠤ ᠠᠭᠤᠯᠠ ᠶᠢ ᠬᠠᠷᠠᠵᠤ ᠪᠣᠯᠬᠤ ᠪᠥᠭᠡᠳ ᠠᠭᠣᠯᠠᠰ ᠤᠨ ᠣᠷᠣᠢ ᠶᠢ ᠵᠣᠷᠢᠭᠤᠳᠠ ᠵᠠᠰᠠᠵᠣ ᠶᠠᠩᠵᠤᠯᠠᠨ ᠵᠦᠰᠦᠵᠦ ᠠᠪᠤᠭᠰᠠᠨ ᠮᠡᠲᠦ ᠦᠵᠡᠰᠬᠦᠯᠡᠩ ᠲᠡᠢ ᠬᠠᠷᠠᠭᠳᠠᠨ᠎ᠠ᠃ ᠡᠨᠡ ᠬᠠᠪᠢ ᠶᠢᠨ ᠠᠭᠣᠯᠠᠰ ᠨᠢ ᠠᠪᠳᠠᠷ᠎ᠠ᠂ ᠳᠥᠰᠢ᠂ ᠰᠡᠨᠵᠢᠲᠦ᠂ ᠠᠴᠠᠭ᠎ᠠ ᠭᠡᠬᠦᠴᠢᠯᠡᠨ ᠭᠠᠯᠲᠤ ᠠᠭᠤᠯᠠ ᠶᠢᠨ ᠱᠣᠪᠣᠭᠣᠷ ᠳᠦᠷᠰᠦ ᠬᠡᠯᠪᠡᠷᠢ ᠪᠡᠷ ᠢᠶᠡᠨ ᠨᠡᠷᠡᠯᠡᠭᠳᠡᠭᠰᠡᠨ ᠪᠠᠶᠢᠳᠠᠭ᠃ ᠶᠡᠬᠡ ᠲᠠᠯ᠎ᠠ ᠶᠢᠨ ᠬᠠᠮᠤᠭ ᠤᠨ ᠥᠨᠳᠥᠷ ᠠᠭᠤᠯᠠ ᠤᠴᠢᠷ ᠠᠴᠠ ᠲᠠᠯ᠎ᠠ ᠳᠡᠭᠡᠷ᠎ᠡ ᠬᠠᠮᠢᠭᠠᠰᠢ ᠬᠠᠮᠢᠭᠠᠰᠢ ᠪᠠᠨ 60 ᠍ ᠊ᠭᠠᠳ km ᠠᠯᠤᠰ ᠠᠴᠠ ᠮᠠᠶᠢᠬᠠᠨ ᠰᠢᠭ ᠱᠣᠪᠣᠭᠣᠷ ᠬᠠᠷᠠᠭᠳᠠᠳᠠᠭ᠃ ᠰᠢᠯᠢ ᠶᠢᠨ ᠪᠣᠭᠳᠠ ᠶᠢᠨ ᠵᠡᠭᠦᠨ ᠳᠣᠣᠷ᠎ᠠ ᠠᠭᠲᠠᠨ ᠤ ᠬᠦᠷᠢᠶ᠎ᠡ ᠭᠡᠵᠦ ᠳᠤᠭᠤᠢ ᠲᠣᠭᠣᠭ᠎ᠠ ᠲᠠᠢ ᠲᠠᠯ᠎ᠠ ᠶᠢᠨ ᠨᠠᠮᠬᠠᠨ ᠲᠠᠯ᠎ᠠ ᠳᠤ ᠠᠭᠤᠯᠠ ᠪᠤᠢ᠃ ᠰᠢᠯᠢ ᠶᠢᠨ ᠪᠣᠭᠳᠠ ᠳᠡᠭᠡᠷ᠎ᠡ ᠡᠴᠡ ᠲᠣᠳᠣ ᠬᠠᠷᠠᠭᠳᠠᠨ᠎ᠠ᠃ ᠡᠷᠲᠡᠨ ᠡᠴᠡ ᠨᠠᠭᠠᠰᠢ ᠮᠣᠩᠭᠣᠯᠴᠤᠳ ᠰᠢᠯᠢ ᠶᠢᠨ ᠪᠣᠭᠳᠠ ᠶᠢ ᠰᠢᠲᠦᠨ ᠪᠢᠰᠢᠷᠡᠵᠦ ᠥᠷᠯᠥᠭᠡᠨ ᠦ ᠤᠷᠭᠤᠬᠤ ᠨᠠᠷᠠᠨ ᠢᠶᠠᠷ ᠭᠠᠷᠤᠭᠰᠠᠨ ᠡᠷ᠎ᠡ ᠬᠦᠮᠦᠨ ᠦ ᠬᠡᠶᠢᠮᠣᠷᠢ ᠰᠡᠷᠭᠦᠵᠦ ᠬᠦᠯᠥᠭ ᠦᠨ ᠰᠢᠨᠳᠠᠰᠤ ᠬᠥᠪᠴᠢᠷᠡᠳᠡᠭ ᠭᠡᠯᠴᠡᠳᠡᠭ᠃ (ᠪᠦᠷᠢᠨ ᠠᠭᠤᠯᠭ᠎ᠠ ᠶᠢ ᠤᠩᠰᠢᠬᠤ)

ᠬᠦᠮᠦᠨ ᠠᠭᠠᠯᠵᠢ_(ᠺᠢᠨᠣ᠋)
Zhizhuxia.jpg

ᠬᠦᠮᠦᠨ ᠠᠭᠠᠯᠵᠢ (ᠠᠩᠭᠯᠢ ᠪᠠᠷ Spider-man) ᠨᠢ 2002 ᠤᠨ ᠤ ᠠᠮᠧᠷᠢᠺᠠ ᠶᠢᠨ ᠺᠢᠨᠣ᠋ ᠶᠤᠮ᠃ ᠵᠢᠷᠤᠭᠲᠤ ᠨᠣᠮ ᠰᠤᠫᠧᠷ ᠪᠠᠭᠠᠲᠤᠷ ᠬᠦᠮᠦᠨ ᠠᠭᠠᠯᠵᠢ ᠶᠢᠨ ᠠᠳᠠᠯ ᠶᠠᠪᠤᠳᠠᠯ ᠢ ᠳᠡᠪᠲ ᠺᠣᠧᠢᠫ᠂ ᠰᠡᠮ ᠷᠡᠶᠢᠮᠢ ᠨᠠᠷ ᠪᠢᠴᠢᠵᠦ ᠨᠠᠶᠢᠷᠠᠭᠤᠯᠤᠨ᠂ ᠲᠣᠪᠢ ᠮᠠᠭᠤᠸᠠᠶᠢᠷᠤᠢᠯᠯᠧᠮ ᠳᠧᠹᠣᠺᠢᠷᠰᠲ᠋ᠧᠨ ᠳᠠᠩᠰᠠᠳᠵᠡᠮᠰ ᠹᠷᠠᠨᠺᠣ ᠨᠠᠷ ᠤᠨ ᠵᠦᠴᠦᠭᠡᠴᠢᠳ ᠲᠣᠭᠯᠠᠵᠠᠢ᠃

ᠠᠬᠠᠯᠠᠬᠤ ᠰᠤᠷᠭᠠᠭᠤᠯᠢ ᠶᠢᠨ ᠰᠤᠷᠤᠭᠴᠢ ᠫᠢᠲ᠋ᠧᠷ ᠫᠠᠷᠺᠧᠷ ᠭᠧᠨ ᠦ ᠥᠭᠡᠷᠡᠴᠢᠯᠡᠯᠲᠡ ᠳᠦ ᠣᠷᠣᠭᠰᠠᠨ ᠠᠭᠠᠯᠵᠢᠨ ᠳᠤ ᠬᠠᠵᠠᠭᠤᠯᠤᠭᠰᠠᠨ ᠢᠶᠠᠷ ᠺᠢᠨᠣᠨ ᠤ ᠥᠷᠨᠢᠯ ᠡᠬᠢᠯᠡᠬᠦ ᠪᠠ ᠬᠤᠪᠢᠰᠤᠨ ᠥᠭᠡᠷᠡᠴᠢᠯᠡᠭᠳᠡᠭᠰᠡᠨ ᠴᠢᠳᠠᠪᠤᠷᠢ ᠪᠠᠨ ᠪᠤᠷᠤᠭᠤ ᠪᠠᠷ ᠠᠰᠢᠭᠯᠠᠭᠰᠠᠨ ᠠᠴᠠ ᠪᠣᠯᠵᠤ ᠠᠪᠠᠭ᠎ᠠ ᠪᠧᠨ ᠨᠢ ᠨᠠᠰᠤ ᠪᠠᠷᠠᠬᠤ ᠪᠠ ᠪᠠᠭᠠᠲᠤᠷᠯᠢᠭ ᠬᠦᠮᠦᠨ ᠠᠭᠠᠯᠵᠢ ᠪᠣᠯᠤᠨ᠎ᠠ᠃ ᠫᠧᠲ᠋ᠧᠷ ᠦᠨ ᠬᠠᠶᠢᠷᠠᠲᠠᠢ ᠪᠦᠰᠡᠭᠦᠢ ᠮᠡᠷᠢ ᠵᠡᠢᠢᠨ ᠤᠲᠰᠠᠨ ᠨᠢ ᠥᠭᠡᠷ᠎ᠡ ᠵᠠᠯᠠᠭᠤ ᠲᠠᠢ ᠦᠶᠡᠷᠬᠡᠳᠡᠭ ᠪᠠᠶᠢᠬᠤ ᠪᠠ ᠲᠡᠭᠦᠨ ᠦ ᠰᠠᠶᠢᠨ ᠨᠠᠶᠢᠵᠠ ᠬᠠᠷᠷᠢ ᠣᠰᠪᠣᠷᠤᠨ ᠤ ᠠᠪᠤ «ᠨᠣᠭᠣᠭᠠᠨ ᠭᠣᠪᠯᠢᠨ» ᠭᠡᠭᠴᠢ ᠪᠤᠷᠠᠩᠭᠤᠢ ᠦᠵᠡᠯᠲᠡᠨ ᠪᠣᠯᠬᠤ ᠪᠥᠭᠡᠳ ᠬᠦᠮᠦᠨ ᠠᠭᠠᠯᠵᠢ ᠲᠡᠭᠦᠨ ᠲᠡᠢ ᠥᠷᠢᠰᠦᠯᠳᠦᠨ᠎ᠡ᠃

«Columbia Pictures» ᠪᠦᠲᠦᠭᠡᠭᠰᠡᠨ ᠪᠠ 2002 ᠤᠨ ᠤ 5 ᠰᠠᠷ᠎ᠠ ᠶᠢᠨ 3 ᠍ ᠳᠦ ᠨᠡᠭᠡᠭᠡᠯᠲᠡ ᠪᠡᠨ ᠬᠢᠵᠦ᠂ ᠲᠤᠬᠠᠢ ᠶᠢᠨ ᠵᠢᠯ ᠳᠤ ᠪᠡᠨ 821.71 ᠰᠠᠶ᠎ᠠ ᠳ᠋ᠣᠯᠯᠠᠷ ᠤᠨ ᠠᠰᠢᠭ ᠣᠷᠣᠯᠭ᠎ᠠ ᠣᠯᠵᠤ ᠪᠦᠬᠦ ᠴᠠᠭ ᠦᠶ᠎ᠡ ᠶᠢᠨ ᠠᠰᠢᠭ ᠣᠷᠣᠯᠭ᠎ᠠ ᠪᠠᠷ ᠢᠶᠠᠨ ᠲᠡᠷᠢᠭᠦᠯᠡᠭᠴᠢ 24 ᠺᠢᠨᠣᠨ ᠳᠤ ᠪᠠᠭᠲᠠᠭᠰᠠᠨ ᠰᠢᠯᠢᠳᠡᠭ ᠪᠦᠲᠦᠭᠡᠯ ᠪᠣᠯᠤᠭᠰᠠᠨ ᠪᠠᠶᠢᠨ᠎ᠠ᠃ ᠳᠠᠷᠠᠭ᠎ᠠ ᠶᠢᠨ ᠬᠣᠶᠠᠷ ᠴᠤᠪᠤᠷᠠᠯ ᠨᠢ ᠴᠤ ᠮᠥᠨ ᠠᠳᠠᠯᠢ ᠳᠡᠭᠡᠷᠡᠬᠢ ᠠᠮᠵᠢᠯᠲᠠ ᠶᠢ ᠳᠠᠪᠲᠠᠭᠰᠠᠨ ᠪᠢᠯᠡ᠃ (ᠪᠦᠷᠢᠨ ᠠᠭᠤᠯᠭ᠎ᠠ ᠶᠢ ᠤᠩᠰᠢᠬᠤ)

ᠤᠰᠤᠵᠢᠭᠤᠯᠤᠯᠲᠠ
ᠤᠰᠤᠵᠢᠭᠤᠯᠤᠯᠲᠠ

ᠤᠰᠤᠵᠢᠭᠤᠯᠤᠯᠲᠠ ᠪᠣᠯ ᠶᠡᠬᠡᠪᠴᠢᠯᠡᠨ ᠲᠠᠷᠢᠮᠠᠯ ᠤᠷᠭᠤᠮᠠᠯ ᠢ ᠤᠷᠭᠤᠭᠤᠯᠬᠤ ᠳᠤ ᠲᠤᠰᠠᠯᠠᠬᠤ ᠵᠣᠷᠢᠯᠭ᠎ᠠ ᠪᠠᠷ ᠬᠥᠷᠦᠰᠤ ᠶᠢ ᠤᠰᠤᠵᠢᠭᠤᠯᠬᠤ ᠬᠦᠮᠦᠰ ᠦᠨ ᠵᠣᠬᠢᠶᠠᠮᠠᠯ ᠬᠡᠷᠡᠭᠯᠡᠭᠡ ᠶᠤᠮ᠃ ᠦᠷ᠎ᠡ ᠲᠠᠷᠢᠶ᠎ᠠ᠂ ᠬᠦᠨᠡᠰᠦᠨ ᠦ ᠨᠣᠭᠣᠭᠠᠨ ᠤ ᠦᠢᠯᠡᠳᠪᠦᠷᠢᠯᠡᠯ ᠳᠦ ᠤᠰᠤᠵᠢᠭᠤᠯᠤᠯᠲᠠ ᠶᠢ ᠬᠠᠭᠤᠷᠠᠢ ᠤᠯᠠᠷᠢᠯ ᠳᠤ ᠪᠤᠷᠤᠭᠠᠨ ᠤ ᠤᠰᠤ ᠶᠢ ᠣᠷᠣᠯᠠᠭᠤᠯᠬᠤ ᠳᠤ ᠠᠰᠢᠭᠯᠠᠳᠠᠭ᠃ ᠬᠠᠷᠢᠨ ᠡᠰᠡᠷᠭᠦ ᠪᠡᠷ ᠵᠥᠪᠬᠡᠨ ᠪᠠᠶᠢᠭᠠᠯᠢ ᠶᠢᠨ ᠪᠣᠷᠣᠭᠠᠨ ᠳᠤ ᠲᠦᠰᠢᠭᠯᠡᠭᠰᠡᠨ ᠠᠵᠤ ᠠᠬᠤᠢ ᠶᠢ ᠵᠠᠷᠢᠮ ᠳᠤ ᠪᠠᠨ ᠤᠰᠤᠯᠠᠭ᠎ᠠ ᠦᠭᠡᠢ ᠹᠧᠷᠮ ᠦᠨ ᠠᠵᠤ ᠠᠬᠤᠢ ᠴᠤ ᠭᠡᠵᠦ ᠨᠡᠷᠡᠯᠡᠳᠡᠭ᠃ ᠮᠥᠨ ᠡᠭᠦᠨ ᠢ ᠬᠥᠷᠥᠰᠥ ᠬᠠᠲᠠᠭᠠᠬᠤᠲᠠᠢ ᠬᠣᠯᠪᠣᠨ ᠰᠤᠳᠤᠯᠳᠠᠭ ᠪᠠ ᠡᠨᠡ ᠨᠢ ᠲᠣᠳᠣᠷᠬᠠᠢ ᠲᠠᠯᠠᠪᠠᠢ ᠠᠴᠠ ᠪᠠᠶᠢᠭᠠᠯᠢ ᠶᠢᠨ ᠠᠷᠭ᠎ᠠ ᠪᠠᠷ ᠡᠰᠡᠪᠡᠯ ᠵᠣᠬᠢᠶᠠᠮᠠᠯ ᠠᠷᠭ᠎ᠠ ᠪᠠᠷ ᠭᠠᠳᠠᠷᠭᠤ ᠶᠢᠨ ᠪᠣᠯᠤᠨ ᠬᠥᠷᠦᠰᠦᠨ ᠦ ᠤᠰᠤ ᠶᠢ ᠵᠠᠶᠢᠯᠠᠭᠤᠯᠬᠤ ᠶᠢ ᠬᠡᠯᠡᠳᠡᠭ᠃ (ᠪᠦᠷᠢᠨ ᠠᠭᠤᠯᠭ᠎ᠠ ᠶᠢ ᠤᠩᠰᠢᠬᠤ)

ᠣᠯᠠᠨ ᠤᠯᠤᠰ ᠤᠨ ᠰᠠᠨᠰᠠᠷ ᠤᠨ ᠰᠲ᠋ᠠᠨᠼ

ᠣᠯᠠᠨ ᠤᠯᠤᠰ ᠤᠨ ᠰᠠᠨᠰᠠᠷ ᠤᠨ ᠰᠲ᠋ᠠᠨᠼ (ᠠᠩᠭᠯᠢ ᠪᠠᠷ International Space Station᠂ ISS ᠬᠢᠲᠠᠳ ᠶᠢᠡᠷ 国际空间站) ᠍ ᠢ ᠰᠠᠨᠰᠠᠷ ᠲᠤ ᠪᠠᠶᠢᠩᠭᠤ ᠶᠢᠨ ᠰᠤᠳᠤᠯᠭ᠎ᠠ ᠰᠢᠨᠵᠢᠯᠡᠭᠡ ᠶᠠᠪᠤᠭᠤᠯᠬᠤ ᠵᠣᠷᠢᠯᠭ᠎ᠠ ᠪᠠᠷ 1998 ᠡᠤᠨ ᠤ 11 ᠰᠠᠷ᠎ᠠ ᠠᠴᠠ ᠡᠬᠢᠯᠡᠨ ᠲᠣᠭᠣᠷᠢᠭ ᠵᠠᠮ ᠳᠤ ᠤᠭᠰᠠᠷᠠᠨ ᠪᠠᠶᠢᠭᠤᠯᠵᠤ ᠣᠯᠠᠨ ᠤᠯᠤᠰ ᠤᠨ ᠰᠠᠨᠰᠠᠷ ᠤᠨ ᠪᠠᠶᠢᠭᠤᠯᠤᠯᠭ᠎ᠠ ᠨᠤᠭᠤᠳ ᠬᠠᠮᠲᠤᠷᠠᠨ ᠠᠰᠢᠭᠯᠠᠵᠤ ᠰᠢᠨᠵᠢᠯᠡᠬᠦ ᠤᠬᠠᠭᠠᠨ ᠤ ᠬᠥᠭᠵᠢᠯ ᠳ᠋ᠦ ᠴᠢᠬᠤᠯᠠ ᠬᠤᠪᠢ ᠨᠡᠮᠡᠷᠢ ᠶᠢ ᠣᠷᠣᠭᠤᠯᠵᠤ ᠪᠠᠶᠢᠨ᠎ᠠ᠃ ᠡᠨᠡ ᠪᠠᠶᠢᠭᠤᠯᠤᠮᠵᠢ ᠶᠢ ᠳᠡᠯᠡᠬᠡᠢ ᠶᠢᠨ ᠣᠯᠠᠨ ᠣᠷᠣᠨ ᠨᠤᠭᠤᠳ ᠤᠨ ᠰᠠᠨᠰᠠᠷ ᠤᠨ ᠲᠥᠪ ᠦᠳ ᠬᠠᠮᠲᠤᠷᠠᠨ ᠠᠰᠢᠭᠯᠠᠳᠠᠭ ᠠᠴᠠ National Aeronautics and Space Administration᠂ ᠧᠦ᠋ᠷᠣᠫᠠ ᠶᠢᠨ ᠰᠠᠨᠰᠠᠷ ᠤᠨ ᠠᠭᠧᠨᠲ᠋ᠯᠢᠭ᠂ JAXA᠂ CSA᠂ ᠷᠣᠰᠺᠣᠰᠮᠠᠰ ᠭᠡᠰᠡᠨ ᠪᠠᠶᠢᠭᠤᠯᠤᠯᠭ᠎ᠠ ᠨᠤᠭᠤᠳ ᠭᠣᠣᠯ ᠡᠭᠦᠷᠭᠡ ᠶᠢ ᠬᠦᠯᠢᠶᠡᠨ ᠠᠵᠢᠯᠯᠠᠳᠠᠭ᠃ (ᠪᠦᠷᠢᠨ ᠠᠭᠤᠯᠭ᠎ᠠ ᠶᠢ ᠤᠩᠰᠢᠬᠤ)

ᠵᠡᠷᠯᠢᠭ ᠴᠠᠴᠤᠭᠲᠤ ᠬᠢᠷᠭᠤᠤᠯ

ᠵᠡᠷᠯᠢᠭ ᠴᠠᠴᠤᠭᠲᠤ ᠬᠢᠷᠭᠤᠤᠯ (Meleagris gallopavo) ᠨᠢ ᠬᠣᠶᠢᠳᠤ ᠠᠮᠧᠷᠢᠺᠠ ᠠᠴᠠ ᠭᠠᠷᠤᠯ ᠲᠠᠢ᠂ ᠲᠠᠬᠢᠶ᠎ᠠ ᠬᠡᠯᠪᠡᠷᠢᠲᠡᠨ ᠪᠠᠭ ᠤᠨ ᠬᠠᠮᠤᠭ ᠤᠨ ᠬᠦᠨᠳᠦ ᠵᠢᠩ ᠲᠡᠢ ᠰᠢᠪᠠᠭᠤ ᠶᠤᠮ᠃ ᠡᠨᠡ ᠰᠢᠪᠠᠭᠤ ᠨᠢ ᠴᠠᠴᠤᠭᠲᠤ ᠬᠢᠷᠭᠤᠤᠯ ᠤᠨ ᠬᠣᠶᠠᠷ ᠵᠦᠢᠯ ᠦᠨ ᠨᠢᠭᠡ ᠪᠥᠭᠡᠳ ᠨᠥᠭᠥᠭᠡ ᠨᠢ ᠲᠥᠪ ᠠᠮᠧᠷᠢᠺᠠ ᠳᠤ ᠲᠠᠭᠠᠷᠠᠬᠤ ᠲᠣᠯᠪᠣᠲᠤ ᠴᠠᠴᠤᠭᠲᠤ ᠬᠢᠷᠭᠤᠤᠯ ᠶᠤᠮ᠃ ᠨᠠᠰᠤ ᠪᠡᠶ᠎ᠡ ᠭᠦᠢᠴᠡᠭᠰᠡᠨ ᠡᠷᠡᠭᠴᠢᠨ ᠨᠢ ᠥᠳᠥ ᠰᠥᠳᠦ ᠦᠭᠡᠢ᠂ ᠨᠢᠴᠦᠭᠦᠨ ᠤᠯᠠᠪᠲᠤᠷ ᠲᠣᠯᠣᠭᠠᠢ᠂ ᠤᠯᠠᠭᠠᠨ ᠬᠥᠵᠦᠭᠦᠦ ᠬᠣᠭᠣᠯᠠᠢ᠂ ᠤᠷᠲᠤ ᠰᠠᠷᠠᠯ ᠨᠣᠭᠣᠭᠠᠨᠳᠠᠭᠤ ᠬᠥᠯ᠂ ᠬᠠᠷ᠎ᠠ ᠪᠡᠶ᠎ᠡ ᠲᠡᠢ ᠪᠠᠶᠢᠨ᠎ᠠ᠃ ᠬᠥᠯ ᠨᠢ 3 ᠬᠤᠷᠤᠭᠤ ᠲᠠᠢ᠃ ᠴᠠᠴᠤᠭᠲᠤ ᠬᠢᠷᠭᠤᠤᠯ ᠨᠢ ᠤᠷᠲᠤ᠂ ᠪᠠᠷᠠᠭᠠᠨ ᠥᠩᠭᠡ ᠶᠢᠨ ᠳᠡᠪᠢᠭᠦᠷ ᠬᠡᠯᠪᠡᠷᠢ ᠶᠢᠨ ᠰᠡᠭᠦᠯ᠂ ᠭᠢᠯᠠᠯᠵᠠᠭᠰᠠᠨ ᠬᠦᠷᠡᠯ ᠥᠩᠭᠡ ᠶᠢᠨ ᠳᠠᠯᠠᠪᠴᠢ ᠲᠠᠢ᠃ ᠪᠤᠰᠤᠳ ᠲᠠᠬᠢᠶ᠎ᠠ ᠬᠡᠯᠪᠡᠷᠢᠲᠡᠨ ᠰᠢᠪᠠᠭᠤᠳ ᠲᠤ ᠣᠯᠠᠨ ᠲᠠᠭᠠᠷᠠᠬᠤ ᠬᠦᠢᠰ ᠦᠨ ᠡᠷᠡᠰ ᠢᠯᠭᠠᠭ᠎ᠠ ᠲᠠᠢ ᠥᠩᠭᠡ ᠦᠵᠡᠮᠵᠢᠲᠡᠢ ᠶᠤᠮ᠃ ᠡᠷᠡᠭᠴᠢᠨ ᠨᠢ ᠪᠡᠶ᠎ᠡ ᠪᠡᠷ ᠬᠠᠷᠢᠴᠠᠩᠭᠤᠢ ᠲᠣᠮᠣ᠂ ᠤᠯᠠᠭᠠᠨ᠂ ᠨᠣᠭᠣᠭᠠᠨ᠂ ᠰᠢᠷᠭᠠᠯ᠂ ᠬᠥᠬᠡ ᠶᠠᠭᠠᠨ ᠥᠩᠭᠡ ᠶᠢᠨ ᠥᠳᠥ ᠠᠯᠠᠭᠯᠠᠭᠰᠠᠨ ᠪᠠᠶᠢᠨ᠎ᠠ᠃ ᠡᠮᠡᠭᠴᠢᠨ ᠨᠢ ᠪᠣᠷᠣ ᠰᠠᠷᠠᠯᠳᠠᠭᠤ ᠨᠢᠭᠡ ᠬᠡᠪ ᠦᠨ ᠥᠩᠭᠡ ᠵᠢᠰᠦ ᠲᠡᠢ ᠶᠤᠮ᠃ ᠴᠠᠴᠤᠭᠲᠤ ᠬᠢᠷᠭᠤᠤᠯ ᠨᠢ 20 000-30 000 ᠥᠳᠥ ᠲᠡᠢ᠃ ᠰᠡᠭᠦᠯ ᠦᠨ ᠥᠳᠦᠨ ᠦ ᠤᠷᠲᠤ ᠨᠠᠰᠤ ᠪᠡᠶ᠎ᠡ ᠭᠦᠢᠴᠡᠭᠰᠡᠨ ᠪᠣᠯ ᠢᠵᠢᠯ ᠤᠷᠲᠤ ᠲᠠᠢ᠂ ᠭᠦᠢᠴᠡᠭᠡ ᠦᠭᠡᠢ ᠪᠣᠯ ᠤᠷᠲᠤ ᠪᠣᠭᠣᠨᠢ ᠪᠠᠶᠢᠳᠠᠭ᠃ ᠡᠷᠡᠭᠴᠢᠨ ᠨᠢ ᠳᠤᠮᠳᠠᠴᠢ ᠪᠠᠷ 5-11 ᠺᠢᠯᠣᠭ᠍ᠷᠠᠮ100-125 ᠰᠠᠨᠲ᠋ᠢᠮᠧᠲ᠋ᠷ ᠤᠷᠲᠤ ᠪᠠ ᠡᠮᠡᠭᠴᠢᠨ ᠨᠢ 3-5.4 ᠺᠢᠯᠣᠭ᠍ᠷᠠᠮ76-95 ᠰᠠᠨᠲ᠋ᠢᠮᠧᠲ᠋ᠷ ᠤᠷᠲᠤ ᠬᠡᠮᠵᠢᠶ᠎ᠡ ᠲᠡᠢ᠃ ᠳᠠᠯᠠᠪᠴᠢ ᠪᠠᠨ ᠳᠡᠯᠭᠡᠭᠰᠡᠨ ᠤᠷᠲᠤ ᠨᠢ 1.25-1.44 ᠮᠸᠲ᠋ᠷ  ᠶᠤᠮ᠃ (ᠪᠦᠷᠢᠨ ᠠᠭᠤᠯᠭ᠎ᠠ ᠶᠢ ᠤᠩᠰᠢᠬᠤ)

ᠴᠠᠬᠢᠯᠭᠠᠨ ᠴᠡᠨᠡᠭ

ᠴᠠᠬᠢᠯᠭᠠᠨ ᠴᠡᠨᠡᠭ ᠨᠢ ᠪᠡᠶᠡᠲᠦ ᠪᠤᠶᠤ ᠪᠡᠶᠡᠲᠦ ᠵᠢ ᠪᠦᠷᠢᠯᠳᠦᠭᠦᠯᠦᠭᠰᠡᠨ ᠮᠠᠰ ᠤᠨ ᠠᠪᠴᠤ ᠶᠠᠪᠤᠭ᠎ᠠ ᠠᠷᠭ᠎ᠠ ᠴᠠᠬᠢᠯᠭᠠᠨ ᠪᠤᠶᠤ ᠪᠢᠯᠢᠭ ᠴᠠᠬᠢᠯᠭᠠᠨ ᠂ ᠡᠶᠡᠷᠭᠦ ᠴᠠᠬᠢᠯᠭᠠᠨ ᠲᠠᠶ ᠠᠷᠭ᠎ᠠ ᠴᠠᠬᠢᠯᠭᠠᠨ ᠴᠡᠨᠡᠭ (《 + 》ᠲᠡᠮᠳᠡᠭ  ᠢᠶᠡᠷ ᠢᠯᠡᠷᠬᠡᠢᠯᠡᠨ᠎ᠡ ) ᠂ ᠪᠢᠯᠢᠭ᠌ ᠴᠠᠬᠢᠯᠭᠠᠨ ᠲᠠᠶ ᠪᠢᠯᠢᠭ ᠴᠠᠬᠢᠯᠭᠠᠨ ᠴᠡᠨᠡᠭ ᠭᠡᠨ᠎ᠡ ( 《 ﹣ 》ᠲᠡᠮᠳᠡᠭ  ᠢᠶᠡᠷ ᠢᠯᠡᠷᠬᠡᠢᠯᠡᠨ᠎ᠡ ) ᠃ ᠪᠠᠰᠠ ᠵᠠᠷᠢᠮ ᠦᠨᠳᠦᠰᠦᠨ ᠮᠥᠬᠥᠯᠢᠭ ( ᠵᠢᠱᠢᠶᠡᠯᠡᠪᠡᠯ ᠡᠯᠧᠺᠲ᠋ᠷᠣᠨ ᠪᠠ ᠫᠷᠣᠲ᠋ᠣᠨ ) ᠤᠨ ᠰᠢᠨᠵᠢ ᠴᠢᠨᠠᠷ ᠂ ᠢᠵᠢᠯᠢ ᠲᠦᠷᠦᠯ ᠦᠨ ᠴᠠᠬᠢᠯᠭᠠᠨ ᠴᠡᠨᠡᠭ ᠬᠠᠷᠢᠯᠴᠠᠨ ᠲᠦᠯᠬᠢᠯᠴᠡᠵᠦ ᠂ ᠢᠵᠢᠯᠢ ᠪᠤᠰᠤ ᠲᠦᠷᠦᠯ ᠦᠨ ᠴᠠᠬᠢᠯᠭᠠᠨ ᠴᠡᠨᠡᠭ ᠬᠠᠷᠢᠯᠴᠠᠨ ᠲᠠᠲᠠᠯᠴᠠᠨ᠎ᠠ ᠃ (ᠪᠦᠷᠢᠨ ᠠᠭᠤᠯᠭ᠎ᠠ ᠶᠢ ᠤᠩᠰᠢᠬᠤ)

Uhaan:ᠣᠨᠴᠠᠯᠠᠬᠤ ᠥᠭᠦᠯᠡᠯ/2018 03 11 1

ᠳᠠᠭᠤᠲᠤ ᠰᠤᠮᠤ

ᠳᠠᠭᠤᠲᠤ ᠰᠤᠮᠤ ᠨᠢ ᠬᠣᠪᠳᠣ ᠠᠶᠢᠮᠠᠭ ᠤᠨ ᠰᠤᠮᠤ ᠶᠤᠮ᠃ ᠰᠤᠮᠤ ᠶᠢᠨ ᠲᠥᠪ ᠨᠢ 1942 ᠤᠨ ᠳᠤ 《ᠪᠣᠰᠬ᠎ᠠ ᠶᠢᠨ ᠡᠬᠡ》 ᠭᠡᠳᠡᠭ ᠭᠠᠵᠠᠷ ᠪᠠᠶᠢᠭᠤᠯᠤᠭᠳᠠᠭᠰᠠᠨ᠃ ᠳᠠᠯᠠᠢ ᠶᠢᠨ ᠲᠥᠪᠰᠢᠨ ᠡᠴᠡ ᠳᠡᠭᠡᠭᠰᠢ 2400 ᠭᠠᠷᠤᠢ ᠮᠧᠲ᠋ᠷ ᠲᠦ ᠣᠷᠣᠰᠢᠳᠠᠭ᠂ ᠮᠣᠩᠭᠣᠯ ᠍ ᠤᠨ ᠬᠠᠮᠤᠭ ᠤᠨ ᠥᠨᠳᠥᠷ ᠴᠡᠭ ᠲᠦ ᠣᠷᠣᠰᠢᠳᠠᠭ ᠰᠠᠭᠤᠷᠢᠨ ᠭᠠᠵᠠᠷ ᠭᠡᠳᠡᠭ ᠢᠶᠡᠷ ᠢᠶᠡᠨ ᠣᠨᠴᠠᠯᠢᠭ ᠲᠠᠢ᠃ 2076 ᠬᠦᠮᠦᠨ ᠠᠮᠠᠲᠠᠢ ᠶᠢᠨ 80 ᠭᠠᠷᠤᠢ ᠬᠤᠪᠢ ᠨᠢ ᠤᠷᠢᠶᠠᠩᠬᠠᠢ᠂ 10 ᠭᠠᠷᠤᠢ ᠬᠤᠪᠢ ᠶᠢ ᠬᠠᠯᠬ᠎ᠠ᠂ ᠦᠯᠡᠳᠡᠭᠰᠡᠨ ᠴᠥᠭᠡᠨ ᠬᠤᠪᠢ ᠶᠢ ᠪᠤᠰᠤᠳ ᠶᠠᠰᠤᠲᠠᠨ ᠨᠤᠭᠤᠳ ᠡᠵᠡᠯᠡᠳᠡᠭ᠃ (ᠪᠦᠷᠢᠨ ᠠᠭᠤᠯᠭ᠎ᠠ ᠶᠢ ᠤᠩᠰᠢᠬᠤ)

ᠪᠠᠶᠠᠨᠨᠠᠮᠣᠷ
ᠪᠠᠶᠠᠨᠨᠠᠮᠣᠷ

ᠪᠤᠷᠵᠢᠬᠢᠨ ᠪᠠᠶᠠᠨᠨᠠᠮᠤᠷ ᠮᠣᠩᠭᠣᠯ ᠲᠡᠥᠬᠡ ‍᠂‍ ᠴᠢᠩᠭᠢᠰ ᠬᠠᠭᠠᠨ ᠤ ᠬᠠᠮᠢᠶᠠᠲᠠᠢ ᠨᠣᠮ ᠰᠣᠳᠣᠷ ‍᠂‍ ᠬᠦᠷᠦᠭ ᠵᠢᠷᠤᠭ ‍᠂‍ ᠡᠳ᠋ ᠪᠣᠳᠠᠰ  ᠢ ᠬᠣᠷᠢᠶᠠᠨ ᠬᠠᠳᠠᠭᠠᠯᠠᠭᠴᠢ ‍᠂‍ ᠮᠣᠩᠭᠣᠯ ᠰᠣᠷᠭᠠᠨ ᠬᠦᠮᠦᠵᠢᠯ ᠦᠨ ᠥᠢᠯᠡᠰ ᠲᠦ ᠤᠳᠠᠭᠠᠨ ᠵᠢᠯ ᠵᠢᠳᠬᠦᠭᠰᠡᠨ ᠬᠦᠨᠳᠦᠲᠦ ᠪᠠᠭᠰᠢ ‍᠂‍ ‍《‍ ᠮᠣᠩᠭᠣᠯ ᠥᠢᠯᠡᠰ ‍》‍ ᠸᠢᠴᠠᠲ ᠬᠣᠯᠪᠣᠭ᠎᠎ᠠ ᠶᠢ ᠡᠭᠦᠰᠬᠡᠨ ᠪᠠᠶᠢᠭᠣᠯᠣᠭᠴᠢ᠃

ᠪᠣᠷᠵᠢᠭᠢᠨ ᠪᠠᠶᠠᠨᠨᠠᠮᠣᠷ ‍(‍ 1970 ‍—‍2018 ‍)‍ ‍―‍ ᠥᠭᠡᠷ᠎ᠡ ᠨᠡᠷ᠎ᠡ ᠬᠤᠷᠴᠢᠨᠬᠦᠦ ‍᠂‍ ᠪᠦᠷᠳᠡ ᠴᠢᠨᠤ᠎ᠠ ᠶ᠋ᠢᠨ55 ᠳ᠋ᠤᠭᠠᠷ ᠥᠶ᠎ᠡ ᠶ᠋ᠢᠨ ᠬᠤᠶᠢᠴᠢᠰ ‍᠂‍ ᠬᠠᠪᠤᠳᠤ ᠬᠠᠰᠠᠷ ‍ᠤᠨ 32 ᠳ᠋ᠤᠭᠠᠷ ᠥᠶ᠎ᠡ ᠶᠢᠨ ᠠᠴᠢ ‍᠂‍ ᠨᠢᠭᠡᠳᠦᠭᠡᠷ ᠥᠶ᠎ᠡ ᠶ᠋ᠢᠨ ᠵᠤᠷᠢᠭᠳᠤ ᠴᠢᠨ ᠸᠠᠩ ᠤᠭᠱᠠᠨ  ᠤ ᠠᠷᠪᠠᠨ ᠲᠤᠯᠤᠳᠤᠭᠠᠷ ᠬᠦᠦ ᠡᠷᠳᠡᠨᠢ ᠶ᠋ᠢᠨ 12 ᠳ᠋ᠤᠭᠠᠷ ᠥᠶ᠎ᠡ ᠶ᠋ᠢᠨ ᠠᠴᠢ ‍᠃‍ 1970 ᠤᠨ ᠳ᠋ᠥ ᠥᠪᠦᠷ ᠮᠤᠩᠭᠤᠯ ‍ᠤᠨ ᠥᠪᠡᠷᠳᠡᠭᠡᠨ ᠵᠠᠰᠠᠬᠤ ᠤᠷᠤᠨ  ᠤ ᠵᠢᠷᠢᠮ ᠠᠶᠢᠮᠠᠭ ‍(‍ ᠤᠳᠤ ᠶ᠋ᠢᠨ ᠲᠦᠩᠯᠢᠶᠤᠤ ᠬᠤᠳᠠ ‍) ᠤᠨ ᠬᠤᠷᠴᠢᠨ ᠵᠡᠭᠦᠨ ᠭᠠᠷᠤᠨ ᠬᠤᠶᠢᠳᠦ ᠬᠤᠰᠢᠭᠤ ᠶ᠋ᠢᠨ ᠴᠢᠯᠠᠭᠤᠳᠤ ᠨᠢᠭᠡᠳᠦᠯ ‍ᠤᠨ ᠠᠪᠬ᠎ᠠ ᠨᠢᠭᠡᠳᠦᠭᠡᠷ ᠪᠠᠷᠢᠭᠠᠳᠠ ‍(‍ ᠤᠳᠤ ᠶ᠋ᠢᠨ ᠪᠠᠶᠠᠨᠮᠤᠳᠤ ᠰᠤᠮᠤ ᠶ᠋ᠢᠨ ᠡᠮᠦᠨ᠎ᠠ ᠠᠪᠬ᠎ᠠ ᠭᠠᠴᠠᠭ᠎᠎ᠠ ‍)‍ ᠶ᠋ᠢᠨ ᠪᠤᠷᠵᠢᠬᠢᠨ ᠤᠪᠤᠭᠳᠤ ᠡᠷᠳᠡᠮᠳᠦ ᠶ᠋ᠢᠨ ᠭᠡᠷ ᠲᠤ ᠤᠤᠭᠠᠨ ᠬᠦᠪᠡᠭᠦᠨ ᠨᠢ ᠪᠣᠯᠵᠤ ᠵᠠᠶᠠᠭᠠᠵᠠᠢ ‍᠃‍

2018 ᠤᠨ ᠤ 2 ᠰᠠᠷ᠎ᠠ ᠶᠢᠨ 23‍ ᠦ ᠣᠷᠣᠢ ᠶᠢᠨ ᠵᠢᠷᠭᠣᠭᠠᠨ ᠴᠠᠭ ᠣᠷᠴᠢᠮ ᠳ᠋ᠤ ᠲᠥᠩᠯᠢᠶᠣᠣ ᠬᠣᠲᠠ ᠳ᠋ᠤ ᠭᠡᠨᠡᠳᠲᠡ ᠶᠢᠨ ᠲᠠᠷᠢᠬᠢᠨ ᠳ᠋ᠤ ᠴᠢᠰᠤ ᠬᠠᠷᠪᠣᠬᠣ ᠡᠪᠡᠳᠴᠢᠨ ᠢᠶ᠋ᠡᠷ ᠳᠥᠴᠢ  ᠶᠢᠰᠦᠨ ᠨᠠᠰᠣᠨ ᠳ᠋ᠤ ᠪᠠᠨ ᠬᠣᠷᠸ᠎ᠠ ᠶᠢᠨ ᠮᠥᠩᠬᠡ ᠪᠣᠰᠤ ᠶᠢ ᠥᠵᠡᠭᠦᠯᠵᠡᠢ᠃‍ (ᠪᠦᠷᠢᠨ ᠠᠭᠤᠯᠭ᠎ᠠ ᠶᠢ ᠤᠩᠰᠢᠬᠤ)

ᠠᠮᠠᠽᠣᠨ ᠮᠥᠷᠡᠨ
ᠠᠮᠠᠽᠣᠨ ᠮᠥᠷᠡᠨ

ᠠᠮᠠᠽᠣᠨ ᠮᠥᠷᠡᠨ (ᠫᠣᠷᠲ᠋ᠤᠭᠠᠯ ᠢᠶᠠᠷ Rio Amazonasᠢᠰᠫᠠᠨᠢ ᠪᠠᠷ Río Amazonas) ᠨᠢ ᠡᠮᠦᠨᠡᠲᠦ ᠠᠮᠧᠷᠢᠺᠠ ᠲᠤ ᠤᠷᠤᠰᠢᠬᠤ᠂ ᠤᠷᠤᠰᠬᠠᠯ ᠤᠨ ᠬᠡᠮᠵᠢᠶ᠎ᠡ ᠪᠡᠷ ᠢᠶᠡᠨ ᠳᠡᠯᠡᠬᠡᠢ ᠶᠢᠨ ᠬᠠᠮᠤᠭ ᠤᠨ ᠲᠣᠮᠣ ᠮᠥᠷᠡᠨ ᠶᠤᠮ᠃ ᠢᠨᠳᠢᠶᠠᠨᠴᠤᠳ ᠠᠮᠠᠽᠣᠨ ᠢ "ᠫᠠᠷᠠᠨ-ᠲᠢᠩ" ᠭᠡᠵᠦ ᠨᠡᠷᠡᠯᠡᠳᠡᠭ ᠨᠢ ᠭᠣᠣᠯ ᠤᠳ ᠤᠨ ᠬᠠᠲᠤᠨ ᠬᠠᠭᠠᠨ ᠭᠡᠰᠡᠨ ᠤᠳᠬ᠎ᠠ ᠲᠠᠢ ᠠᠵᠢ᠃ ᠦᠨᠡᠬᠡᠷ ᠡᠨᠡ ᠮᠥᠷᠡᠨ ᠨᠢ ᠪᠦᠬᠦ ᠲᠠᠯ᠎ᠠ ᠪᠠᠷ ᠨᠢ ᠠᠪᠤᠭᠠᠳ ᠦᠵᠡᠭᠰᠡᠨ ᠴᠤ ᠳᠡᠯᠡᠬᠡᠢ ᠶᠢᠨ ᠪᠦᠮᠪᠦᠷᠴᠡᠭ ᠤᠨ ᠬᠠᠮᠤᠭ ᠤᠨ ᠠᠤᠭ᠎ᠠ ᠶᠡᠬᠡ ᠮᠥᠷᠡᠨ ᠪᠢᠯᠡ᠃ (ᠪᠦᠷᠢᠨ ᠠᠭᠤᠯᠭ᠎ᠠ ᠶᠢ ᠤᠩᠰᠢᠬᠤ)

ᠨᠠᠷᠠᠨ ᠤ ᠵᠠᠢ ᠶᠢᠨ ᠮᠠᠰᠢᠨ
ᠨᠠᠷᠠᠨ ᠤ ᠵᠠᠢ ᠶᠢᠨ ᠮᠠᠰᠢᠨ

ᠨᠠᠷᠠᠨ ᠤ ᠵᠠᠢ ᠶᠢᠨ ᠮᠠᠰᠢᠨ (ᠬᠢᠲᠠᠳ ᠶᠢᠡᠷ 太阳能汽车)᠄ ᠨᠠᠷᠠᠨ ᠤ ᠵᠠᠢ ᠬᠤᠷᠢᠶᠠᠭᠤᠷ᠂ ᠴᠠᠬᠢᠯᠭᠠᠨ ᠬᠥᠳᠡᠯᠭᠡᠭᠦᠷ᠂ ᠮᠠᠰᠢ ᠬᠥᠩᠭᠡᠨ ᠶᠡᠬᠡ ᠪᠡᠶᠡᠨ ᠡᠴᠡ ᠪᠥᠷᠢᠳᠬᠦ ᠲᠡᠭᠡᠭᠡᠪᠦᠷᠢ ᠶᠢᠨ ᠬᠡᠷᠡᠭᠰᠡᠯ ᠢ ᠨᠠᠷᠠᠨ ᠤ ᠵᠠᠢ ᠶᠢᠨ ᠮᠠᠰᠢᠨ ᠭᠡᠨ᠎ᠡ᠃ ᠣᠳᠣ ᠪᠠᠷ ᠲᠧᠭᠨᠣᠯᠣᠭᠢ ᠶᠢᠨ ᠬᠢᠵᠠᠭᠠᠷᠯᠠᠭᠳᠠᠮᠠᠯ ᠪᠣᠯᠤᠮᠵᠢ ᠠᠴᠠ ᠬᠠᠮᠢᠶᠠᠷᠴᠤ ᠨᠠᠷᠠᠨ ᠤ ᠵᠠᠢ ᠶᠢᠨ ᠮᠠᠰᠢᠨ ᠨᠢ ᠵᠥᠪᠬᠡᠨ ᠤᠷᠤᠯᠳᠤᠭᠠᠨ ᠤ ᠵᠣᠷᠢᠭᠤᠯᠤᠯᠲᠠ ᠪᠠᠷ ᠡᠷᠴᠢᠮᠲᠡᠢ ᠬᠥᠭᠵᠢᠵᠦ ᠪᠠᠶᠢᠨ᠎ᠠ᠃ ᠡᠶᠢᠮᠦ ᠮᠠᠰᠢᠨ ᠨᠢ ᠣᠩᠭᠣᠴᠠ᠂ ᠤᠨᠤᠳᠠᠭ ᠳᠤᠭᠤᠢ᠂ ᠰᠡᠷᠭᠦᠭᠡᠭᠳᠡᠬᠦ ᠡᠷᠴᠢᠮ ᠬᠦᠴᠦ᠂ ᠠᠦ᠋ᠲ᠋ᠣᠮᠠᠰᠢᠨ ᠤ ᠲᠧᠭᠨᠣᠯᠣᠬᠢ ᠤᠳ ᠢ ᠬᠣᠣᠰᠯᠠᠭᠰᠠᠨ ᠨᠡᠶᠢᠯᠡᠮᠡᠯ ᠲᠧᠭᠨᠣᠯᠣᠭᠢ ᠢᠶᠠᠷ ᠪᠦᠲᠦᠭᠡᠭᠳᠡᠳᠡᠭ᠃ ᠨᠠᠷᠠᠨ ᠤ ᠡᠷᠴᠢᠮ ᠬᠦᠴᠦ ᠶᠢ ᠬᠤᠷᠢᠶᠠᠭᠴᠢ ᠪᠤᠶᠤ ᠨᠠᠷᠠᠨ ᠤ ᠭᠡᠷᠡᠯ ᠢ ᠴᠠᠬᠢᠯᠭᠠᠨ ᠭᠦᠶᠦᠳᠡᠯ ᠳᠦ ᠬᠤᠪᠢᠷᠠᠭᠠᠭᠴᠢ ᠭᠣᠣᠯ ᠬᠡᠰᠡᠭ ᠨᠢ ᠴᠠᠬᠢᠭᠤᠷ᠂ ᠭᠠᠯᠯᠢᠤᠮ᠂ ᠨᠢᠲ᠋ᠷᠣᠭᠧᠨ ᠢᠶᠡᠷ ᠬᠢᠭᠰᠡᠨ ᠬᠠᠪᠲᠠᠩ ᠪᠠᠶᠢᠳᠠᠭ᠃ ᠬᠠᠮᠤᠭ ᠤᠨ ᠥᠷᠭᠡᠨ ᠬᠡᠷᠡᠭᠯᠡᠭᠳᠡᠳᠡᠭ ᠨᠢ ᠴᠠᠬᠢᠭᠤᠷ ᠢᠶᠠᠷ ᠬᠢᠭᠰᠡᠨ ᠬᠠᠪᠲᠠᠩ 15 - 20% ᠍ ᠶᠢᠨ ᠠᠰᠢᠭᠲᠤ ᠦᠢᠯᠡ ᠶᠢᠨ ᠺᠣᠸᠹᠢᠼᠧᠨᠲ ᠲᠡᠢ ᠪᠡᠷ ᠨᠠᠷᠠᠨ ᠤ ᠭᠡᠷᠡᠯ ᠢ ᠴᠠᠬᠢᠯᠭᠠᠨ ᠳᠤ ᠬᠤᠪᠢᠷᠠᠭᠠᠳᠠᠭ᠃ (ᠪᠦᠷᠢᠨ ᠠᠭᠤᠯᠭ᠎ᠠ ᠶᠢ ᠤᠩᠰᠢᠬᠤ)

ᠪᠣᠭᠳᠠ ᠬᠠᠭᠠᠨ ᠤ ᠣᠷᠳᠣᠨ ᠮᠦᠽᠧᠢ
ᠪᠣᠭᠳᠠ ᠬᠠᠭᠠᠨ ᠤ ᠣᠷᠳᠣᠨ ᠮᠦᠽᠧᠢ

ᠪᠣᠭᠳᠠ ᠬᠠᠭᠠᠨ ᠤ ᠣᠷᠳᠣᠨ ᠮᠦᠽᠧᠢ ᠨᠢ ᠮᠣᠩᠭᠣᠯ ᠤᠨ ᠰᠡᠭᠦᠯᠴᠢ ᠶᠢᠨ ᠬᠠᠭᠠᠨ ᠨᠠᠢ᠍ᠮᠠᠳᠤᠭᠠᠷ ᠪᠣᠭᠳᠠ ᠵᠠᠪᠵᠠᠩᠳᠠᠮᠪᠠ ᠬᠤᠲᠤᠭᠲᠤ ᠶᠢᠨ ᠨᠣᠭᠣᠭᠠᠨ ᠣᠷᠳᠣᠨ ᠳᠤ ᠪᠠᠶᠢᠷᠢᠯᠠᠬᠤ ᠮᠦᠽᠧᠢ ᠶᠢᠨ ᠴᠣᠭᠴᠠᠯᠠᠪᠤᠷᠢ ᠶᠤᠮ᠃ ᠮᠣᠩᠭᠣᠯ ᠤᠯᠤᠰ ᠤᠨ ᠤᠤᠭᠠᠨ ᠪᠥᠭᠡᠳ ᠬᠠᠮᠤᠭ ᠤᠨ ᠪᠠᠶᠠᠯᠢᠭ ᠰᠠᠩ ᠬᠥᠮᠦᠷᠢᠭᠡ ᠪᠦᠬᠦᠢ ᠮᠦᠽᠧᠢ ᠶᠢᠨ ᠨᠢᠭᠡ᠃ 1924 ᠤᠨ ᠳᠤ ᠪᠠᠶᠢᠭᠤᠯᠤᠭᠳᠠᠭᠰᠠᠨ ᠮᠣᠩᠭᠣᠯ ᠤᠯᠤᠰ ᠤᠨ ᠠᠩᠬᠠᠨ ᠤ ᠮᠦᠽᠧᠢ ᠶᠢ 1926 ᠤᠨ ᠤ ᠵᠠᠰᠠᠭ ᠤᠨ ᠭᠠᠵᠠᠷ ᠤᠨ ᠲᠣᠭᠲᠠᠭᠠᠯ ᠢᠶᠠᠷ ᠪᠣᠭᠳᠠ ᠬᠠᠭᠠᠨ ᠤ ᠡᠪᠦᠯ ᠦᠨ ᠣᠷᠳᠣᠨ ᠳᠤ ᠰᠢᠯᠵᠢᠭᠦᠯᠦᠨ ᠪᠠᠶᠢᠷᠢᠯᠠᠭᠤᠯᠵᠤ᠂ ᠤᠭ ᠣᠷᠳᠣᠨ ᠳᠤ ᠪᠠᠶᠢᠭᠰᠠᠨ ᠲᠡᠦᠬᠡ᠂ ᠰᠤᠶᠤᠯ ᠤᠷᠠᠯᠢᠭ ᠤᠨ ᠵᠦᠢᠯ᠂ ᠪᠤᠷᠬᠠᠨ ᠲᠠᠬᠢᠯ᠂ ᠤᠭᠰᠠᠭᠠᠲᠠᠨ ᠤ ᠵᠦᠢ ᠶᠢᠨ ᠡᠳ᠋ ᠥᠯᠥᠭ᠂ ᠲᠥᠷᠥᠯ ᠪᠦᠷᠢ ᠶᠢᠨ ᠠᠮᠢᠲᠠᠨ ᠤ ᠴᠢᠬᠢᠮᠡᠯ ᠳᠦᠷᠰᠦ ᠵᠡᠷᠭᠡ ᠶᠢ ᠮᠦᠽᠧᠢ ᠶᠢᠨ ᠦᠵᠡᠮᠦᠷᠢ ᠲᠡᠢ ᠨᠢᠭᠡᠳᠬᠡᠭᠰᠡᠨ ᠢᠶᠡᠷ ᠤᠭ ᠮᠦᠽᠧᠢ ᠶᠢᠨ ᠦᠨᠳᠦᠰᠦ ᠰᠠᠭᠤᠷᠢ ᠪᠤᠢ ᠪᠣᠯᠵᠠᠢ᠃ 1954 ᠤᠨ ᠠᠴᠠ ᠤᠯᠤᠰ ᠤᠨ ᠲᠥᠪ ᠮᠦᠽᠧᠢ ᠶᠢᠨ ᠬᠠᠷᠢᠶ᠎ᠠ ᠪᠣᠯᠵᠤ ᠪᠠᠶᠢᠭᠠᠳ 1961ᠤᠨ ᠳᠤ ᠪᠡᠶ᠎ᠡ ᠳᠠᠭᠠᠭᠰᠠᠨ ᠮᠦᠽᠧᠢ ᠶᠢᠨ ᠰᠲ᠋ᠠᠲ᠋ᠦ᠋ᠰ ᠲᠠᠢ ᠪᠣᠯᠤᠭᠰᠠᠨ᠃ ᠨᠠᠶᠢᠳᠠᠨ ᠰᠦᠮ᠎ᠡ᠂ ᠮᠠᠬᠠᠷᠠᠨᠵᠠ ᠶᠢᠨ ᠰᠦᠮ᠎ᠡ᠂ ᠨᠣᠮ ᠤᠨ ᠰᠠᠩ ᠤᠨ ᠰᠦᠮ᠎ᠡ ᠲᠡᠷᠢᠭᠦᠲᠡᠢ ᠳᠣᠯᠣᠭᠠᠨ ᠰᠦᠮ᠎ᠡ᠂ ᠡᠪᠦᠯ ᠦᠨ ᠣᠷᠳᠣᠨ᠂ ᠠᠮᠤᠭᠤᠯᠠᠩ ᠡᠩᠬᠡ ᠶᠢᠨ ᠬᠠᠭᠠᠯᠭ᠎ᠠ᠂ ᠰᠡᠷᠢᠭᠦᠨ ᠠᠰᠠᠷ ᠵᠡᠷᠭᠡ 20 ᠰᠢᠬᠠᠮ ᠪᠠᠶᠢᠭᠤᠯᠤᠮᠵᠢ ᠠᠴᠠ ᠪᠦᠷᠢᠳᠦᠭᠰᠡᠨ ᠴᠣᠭᠴᠠᠯᠠᠪᠤᠷᠢ ᠶᠤᠮ᠃ ᠮᠦᠽᠧᠢ 8600 ᠭᠠᠷᠤᠢ ᠦᠵᠡᠮᠦᠷᠢ ᠲᠡᠢ᠂ ᠵᠢᠯ ᠳᠦ 40 ᠮᠢᠩᠭ᠎ᠠ ᠭᠠᠷᠤᠢ ᠦᠵᠡᠭᠴᠢ ᠬᠦᠯᠢᠶᠡᠨ ᠠᠪᠳᠠᠭ᠃ ᠡᠳᠦᠭᠡ ᠪᠠᠶᠢᠭᠠᠯᠢ ᠣᠷᠴᠢᠨ᠂ ᠰᠫᠣᠷᠲ᠂ ᠰᠤᠶᠤᠯ᠂ ᠰᠢᠨᠵᠢᠯᠡᠬᠦ ᠤᠬᠠᠭᠠᠨ ᠤ ᠶᠠᠮᠤᠨ ᠳᠤ ᠬᠠᠷᠢᠶᠠᠯᠠᠭᠳᠠᠭ᠃ (ᠪᠦᠷᠢᠨ ᠠᠭᠤᠯᠭ᠎ᠠ ᠶᠢ ᠤᠩᠰᠢᠬᠤ)


2016[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠤᠷᠪᠠᠳᠤᠭᠠᠷ ᠰᠠᠷ᠎ᠠᠳᠥᠷᠪᠡᠳᠦᠭᠡᠷ ᠰᠠᠷ᠎ᠠᠲᠠᠪᠤᠳᠤᠭᠠᠷ ᠰᠠᠷ᠎ᠠᠵᠢᠷᠭᠤᠳᠤᠭᠠᠷ ᠰᠠᠷ᠎ᠠᠳᠣᠯᠤᠳᠤᠭᠠᠷ ᠰᠠᠷ᠎ᠠᠨᠠᠢ᠍ᠮᠠᠳᠤᠭᠠᠷ ᠰᠠᠷ᠎ᠠᠶᠢᠰᠦᠳᠦᠭᠡᠷ ᠰᠠᠷ᠎ᠠᠠᠷᠪᠠᠳᠤᠭᠠᠷ ᠰᠠᠷ᠎ᠠᠠᠷᠪᠠᠳᠤᠭᠠᠷ ᠨᠢᠭᠡᠳᠦᠭᠡᠷ ᠰᠠᠷ᠎ᠠᠠᠷᠪᠠᠳᠤᠭᠠᠷ ᠬᠣᠶᠠᠳᠤᠭᠠᠷ ᠰᠠᠷ᠎ᠠ

2017[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠢᠭᠡᠳᠦᠭᠡᠷ ᠰᠠᠷ᠎ᠠᠬᠣᠶᠠᠳᠤᠭᠠᠷ ᠰᠠᠷ᠎ᠠᠭᠤᠷᠪᠠᠳᠤᠭᠠᠷ ᠰᠠᠷ᠎ᠠᠳᠥᠷᠪᠡᠳᠦᠭᠡᠷ ᠰᠠᠷ᠎ᠠᠲᠠᠪᠤᠳᠤᠭᠠᠷ ᠰᠠᠷ᠎ᠠᠵᠢᠷᠭᠤᠳᠤᠭᠠᠷ ᠰᠠᠷ᠎ᠠᠳᠣᠯᠤᠳᠤᠭᠠᠷ ᠰᠠᠷ᠎ᠠᠨᠠᠢ᠍ᠮᠠᠳᠤᠭᠠᠷ ᠰᠠᠷ᠎ᠠ ᠶᠢᠰᠦᠳᠦᠭᠡᠷ ᠰᠠᠷ᠎ᠠ

2018[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠢᠭᠡᠳᠦᠭᠡᠷ ᠰᠠᠷ᠎ᠠᠬᠣᠶᠠᠳᠤᠭᠠᠷ ᠰᠠᠷ᠎ᠠ

ᠪᠢᠴᠢᠭᠡᠰᠦ