ᠣᠨᠴᠠᠯᠠᠬᠤ ᠥᠭᠦᠯᠡᠯ/2018 2 ᠰᠠᠷ᠎ᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠬᠣᠲᠠ
ᠬᠣᠲᠠ

ᠬᠣᠲᠠ (ᠮᠣᠩᠭᠣᠯ:Hota by mongol scipt.pngᠬᠣᠲᠠ, ᠪᠤᠷᠢᠶᠠᠳ: ᠬᠣᠲᠠ, ᠬᠠᠯᠢᠮᠠᠭ: ᠪᠠᠯһᠰᠨ; ᠰᠠᠮᠭᠠᠷᠳᠢ: कोट्ट ᠺᠣᠲ᠋ᠲ᠋ᠠ 《ᠪᠡᠬᠢᠯᠡᠯᠲᠡ》; ᠠᠩᠭᠯᠢ: City) ᠨᠢ ᠬᠦᠮᠦᠨ ᠣᠯᠠᠨ ᠢᠶᠠᠷ ᠬᠤᠷᠠᠨ ᠴᠤᠭᠯᠠᠷᠠᠵᠤ᠂ ᠪᠠᠷᠢᠯᠭ᠎ᠠ ᠪᠠᠶᠢᠰᠢᠩ ᠴᠣᠭᠴᠠᠯᠠᠭᠠᠨ ᠰᠠᠭᠤᠷᠢᠰᠢᠭᠰᠠᠨ ᠲᠣᠮᠣᠬᠠᠨ ᠬᠡᠮᠵᠢᠶᠡᠨ ᠦ ᠰᠠᠭᠤᠷᠢᠨ ᠭᠠᠵᠠᠷ ᠶᠤᠮ᠃ ᠬᠦᠮᠦᠨ ᠠᠮᠠ ᠶᠡᠬᠡ ᠲᠡᠢ ᠰᠠᠭᠤᠷᠢᠨ ᠭᠠᠵᠠᠷ ᠢ ᠶᠡᠷᠦᠩᠬᠡᠢ ᠳᠤ ᠨᠢ ᠭᠠᠴᠠᠭ᠎ᠠ᠂ ᠲᠣᠰᠬᠣᠨᠣ ᠠᠴᠠ ᠢᠯᠭᠠᠨ ᠬᠣᠲᠠ ᠬᠡᠮᠡᠬᠦ ᠪᠣᠯᠪᠠᠴᠤ ᠵᠠᠬᠢᠷᠬᠤ᠂ ᠬᠠᠤᠯᠢ ᠵᠦᠢ ᠶᠢᠨ ᠲᠤᠰᠬᠠᠢ ᠡᠷᠬᠡ᠂ ᠲᠡᠦᠬᠡᠨ ᠲᠣᠬᠢᠶᠠᠯᠳᠤᠯ ᠤᠳ ᠠᠴᠠ ᠬᠠᠮᠢᠶᠠᠷᠤᠨ ᠬᠣᠲᠠ ᠬᠡᠮᠡᠭᠳᠡᠵᠦ ᠪᠣᠯᠳᠠᠭ᠃ᠬᠣᠲᠠ ᠨᠢ ᠳᠡᠳ᠋ ᠪᠦᠲᠦᠴᠡ᠂ ᠤᠰᠤ ᠳᠠᠮᠵᠢᠭᠤᠯᠬᠤ ᠲᠣᠭᠲᠠᠯᠴᠠᠭ᠎ᠠ᠂ ᠭᠠᠵᠠᠷ ᠠᠰᠢᠭᠯᠠᠯᠲᠠ᠂ ᠪᠠᠷᠢᠯᠭ᠎ᠠ ᠪᠠᠶᠢᠭᠤᠯᠤᠮᠵᠢ᠂ ᠲᠡᠭᠡᠭᠡᠪᠦᠷᠢ ᠬᠥᠭᠵᠢᠭᠰᠡᠨ ᠪᠠᠶᠢᠬᠤ ᠶᠢ ᠱᠠᠭᠠᠷᠳᠠᠳᠠᠭ᠃ᠣᠯᠠᠨ ᠬᠦᠮᠦᠨ ᠠᠮᠠ ᠲᠠᠢ᠂ ᠣᠷᠴᠢᠨ ᠲᠣᠭᠣᠷᠢᠨ ᠤ ᠬᠣᠲᠠ ᠠᠴᠠ ᠭᠠᠳᠠᠨᠠᠬᠢ ᠨᠤᠲᠤᠭ᠎ᠠ ᠶᠢ ᠬᠠᠮᠲᠤᠳᠬᠠᠭᠰᠠᠨ᠂ ᠵᠠᠰᠠᠭ ᠵᠠᠬᠢᠷᠭᠠᠨ ᠤ ᠠᠳᠠᠷᠠᠮ᠎ᠠ ᠲᠠᠢ ᠪᠦᠲᠦᠴᠡ ᠲᠡᠢ ᠪᠣᠯᠤᠭᠰᠠᠨ ᠬᠣᠲᠠ ᠶᠢ ᠶᠡᠬᠡ ᠬᠣᠲᠠ ᠭᠡᠬᠦ ᠪᠥᠭᠡᠳ ᠬᠠᠶᠠᠭ᠎ᠠ ᠪᠠᠨ ᠲᠡᠯᠡᠨ ᠥᠷᠭᠡᠵᠢᠵᠦ᠂ ᠥᠪᠡᠷ ᠡᠴᠡ ᠪᠡᠨ ᠵᠢᠵᠢᠭ ᠬᠣᠲᠠ ᠨᠤᠭᠤᠳ ᠲᠠᠢ ᠨᠡᠶᠢᠯᠡᠭᠰᠡᠨ (ᠬᠣᠲᠠ ᠨᠤᠭᠤᠳ ᠤᠨ ᠪᠥᠭᠡᠭᠡᠨᠡᠷᠡᠯ) ᠬᠣᠲᠠᠵᠢᠭ᠌ᠰᠠᠨ ᠨᠤᠲᠤᠭ ᠤᠨ ᠲᠥᠪ ᠪᠣᠯ ᠥᠷᠭᠡᠨ ᠬᠣᠲᠠ ᠬᠡᠮᠡᠨ᠎ᠡ᠃ (ᠪᠦᠷᠢᠨ ᠠᠭᠤᠯᠭ᠎ᠠ ᠶᠢ ᠤᠩᠰᠢᠬᠤ)

ᠮᠢᠩᠭᠠᠨᠴᠣᠭᠳᠣ
Mgchogt.jpg

ᠮᠢᠩᠭᠠᠨᠴᠣᠭᠳᠣ ᠂ ᠭᠡᠷ ᠦᠨ ᠵᠢᠭᠦᠷᠳᠡᠨ ᠦ ᠰᠣᠳᠣᠯᠣᠯ ᠤᠨ ᠨᠡᠷᠡᠳᠥ ᠰᠢᠨᠵᠢᠯᠡᠬᠦ ᠣᠬᠠᠭᠠᠨᠳᠠᠨ᠃ 1960 ᠤᠨ ᠤ 1 ᠳ᠋ᠦᠭᠡᠷ ᠰᠠᠷ᠎ᠠ ᠳᠤ ᠠᠷᠣ ᠬᠣᠷᠴᠢᠨ ᠬᠣᠰᠢᠭᠣᠨ ᠤ ᠪᠠᠶᠠᠨ ᠦᠨᠳᠥᠷ ᠰᠣᠮᠣᠨ ᠤ ᠬᠠᠶᠢᠯᠠᠰᠣᠳᠠᠢ ᠭᠠᠴᠠᠭᠠᠨ ᠳᠤ ᠮᠠᠯᠴᠢᠨ ᠳ᠋ᠸᠭᠡ ᠂ ᠣᠳᠬᠣᠨ ᠤ ᠬᠦᠪᠡᠭᠥᠨ ᠪᠣᠯᠵᠣ ᠵᠠᠶᠠᠭᠠᠵᠠᠢ᠃ ᠠᠪᠣ ᠡᠵᠢ ᠡᠴᠡ ᠪᠠᠨ ᠡᠭᠡᠴᠢ ᠲᠡᠬᠥᠥ ᠶᠢᠰᠣᠭᠦᠯᠡ᠃ ᠲᠡᠷᠡ ᠪᠡᠷ ᠷᠠᠰᠢᠰᠠᠩᠪᠣ᠂ ᠨᠠᠳᠮᠢᠳ᠂ ᠰᠸᠷᠣᠳᠣ ᠂ ᠨᠠᠰᠣᠨᠳᠣᠭᠳᠠᠬᠣ ᠭᠡᠬᠦ ᠲᠦᠷᠪᠡᠨ ᠠᠬ᠎ᠠ᠂ ᠰᠸᠪᠵᠢᠮᠸᠳᠡᠭ ᠭᠡᠬᠦ ᠨᠢᠭᠡ ᠡᠭᠡᠴᠢ᠂ ᠠᠯᠳᠠᠨᠰᠦᠭᠡ ᠭᠡᠬᠦ ᠨᠢᠭᠡ ᠲᠡᠭᠦᠦ᠂ ᠷᠣᠯᠭᠠᠷᠮ᠎ᠠ᠂ ᠣᠨᠳᠣᠷᠣᠨ᠎ᠠ ᠭᠡᠬᠦ ᠬᠣᠶᠠᠷ ᠦᠬᠢᠨ ᠲᠡᠬᠥᠥ ᠲᠠᠢ᠃ 

ᠰᠣᠷᠭᠠᠨ ᠬᠦᠮᠦᠵᠢᠯ

1970 ᠤᠨ ᠳᠤ ᠬᠠᠶᠢᠯᠠᠰᠣᠳᠠᠢ ᠭᠠᠴᠠᠭᠠᠨ ᠤ ᠪᠠᠨ ᠪᠠᠭ᠎ᠠ ᠰᠣᠷᠭᠠᠭᠣᠯᠢ ᠡᠴᠡ ᠲᠡᠭᠦᠰᠴᠥ᠂ 1974 ᠤᠨ ᠳᠤ ᠪᠠᠶᠠᠨ ᠦᠨᠳᠥᠷ ᠲᠣᠮᠳᠠᠳᠣ ᠰᠣᠷᠭᠠᠭᠣᠯᠢ ᠳ᠋ᠣ ᠠᠩᠬ᠎ᠠ ᠲᠣᠮᠳᠠᠳᠣ ᠪᠠᠨ ᠦᠵᠡᠵᠥ᠂ 1977 ᠤᠨ ᠳᠤ ᠴᠢᠪᠠᠭ᠎ᠠ ᠶᠢᠨ ᠬᠣᠶᠠᠳᠣᠭᠠᠷ ᠲᠣᠮᠳᠠᠳᠣ ᠰᠣᠷᠭᠠᠭᠣᠯᠢ ᠳᠤ ᠲᠠᠪᠰᠢᠨ ᠰᠣᠷᠣᠯᠴᠠᠪᠠ᠃ 1979 ᠤᠨ ᠳᠤ ᠦᠪᠥᠷ ᠮᠣᠩᠭᠣᠯ ᠤᠨ ᠮᠠᠯ ᠲᠠᠷᠢᠶᠠᠯᠠᠩ ᠤᠨ ᠲᠡᠭᠡᠳᠥ ᠰᠣᠷᠭᠠᠭᠣᠯᠢ ᠳᠤ ᠰᠢᠯᠭᠠᠭᠳᠠᠨ ᠣᠷᠣᠵᠣ᠂ ᠮᠠᠯ ᠠᠵᠣ ᠠᠬᠣᠢ ᠶᠢᠨ ᠰᠠᠯᠪᠣᠷᠢ ᠳᠤ ᠮᠠᠯ ᠠᠵᠣ ᠠᠬᠣᠢ ᠶᠢᠨ ᠲᠣᠰᠬᠠᠢ ᠮᠡᠷᠭᠡᠵᠢᠯ ᠦᠨ ᠴᠢᠭᠯᠡᠯ ᠢᠶᠡᠷ ᠰᠣᠷᠣᠯᠴᠠᠪᠠ᠃ 1983 ᠤᠨ ᠳᠤ ᠶᠡᠭᠡ ᠰᠣᠷᠭᠠᠭᠣᠯᠢ ᠪᠠᠨ ᠲᠡᠭᠦᠰᠭᠡᠭᠡᠳ ᠰᠣᠷᠭᠠᠭᠣᠯᠢ ᠳ᠋ᠠᠭᠠᠨ ᠦᠯᠡᠳᠡᠨ ᠲᠡᠵᠢᠭᠡᠯ ᠪᠣᠷᠳᠣᠭᠠᠨ ᠤ ᠰᠢᠮ᠎ᠡ ᠲᠡᠵᠢᠭᠡᠯ ᠦᠨ ᠵᠢᠭᠠᠨ ᠰᠣᠳᠣᠯᠬᠣ ᠲᠠᠰᠣᠭ ᠲᠤ ᠪᠠᠭᠰᠢᠯᠠᠵᠠᠢ᠃ 1987 ᠤᠨ ᠤ ᠨᠢᠭᠡᠳᠦᠭᠡᠷ ᠰᠠᠷ᠎ᠠ ᠳᠤ ᠠᠦᠰᠲ᠋ᠷᠢᠯᠢᠶ᠎ᠠ ᠣᠯᠣᠰ ᠤᠨ ᠨᠢᠣᠰᠲ᠋ᠸᠢᠯᠡᠰ ᠶᠡᠭᠡ ᠰᠣᠷᠭᠠᠭᠣᠯᠢ ᠶᠢᠨ ᠠᠰᠫᠢᠷᠠᠨᠲ ᠪᠣᠯᠪᠠ᠃ 1988 ᠤᠨ ᠤ ᠠᠷᠪᠠᠳᠣᠭᠠᠷ ᠰᠠᠷ᠎ᠠ ᠳᠤ ᠬᠣᠨᠢᠨ ᠤ ᠨᠣᠣᠰᠣᠨ ᠤ ᠰᠣᠳᠣᠯᠭᠠᠨ ᠢᠶᠠᠷ ᠢᠶᠠᠨ ᠮᠠᠰᠲ᠋ᠸᠷ ᠴᠣᠯᠠ ᠬᠠᠮᠠᠭᠠᠯᠠᠵᠣ᠂ ᠵᠠᠯᠭᠠᠭᠠᠳ ᠰᠢᠳ᠋ᠸᠨᠢ ᠶᠡᠭᠡ ᠰᠣᠷᠭᠠᠭᠣᠯᠢ ᠳᠤ ᠰᠣᠷᠣᠯᠴᠠᠨ 1991 ᠤᠨ ᠳᠤ ᠳ᠋ᠣᠺᠲ᠋ᠣᠷ ᠴᠣᠯᠠ ᠬᠠᠮᠠᠭᠠᠯᠠᠵᠠᠢ᠃

ᠠᠵᠢᠯ

1991 ᠤᠨ ᠡᠴᠡ 1995 ᠤᠨ ᠬᠦᠷᠳᠡᠯ᠎ᠡ ᠠᠦᠰᠲ᠋ᠷᠢᠯᠢᠶ᠎ᠠ ᠣᠯᠣᠰ ᠲᠤ ᠰᠢᠨᠵᠢᠯᠡᠬᠦ ᠣᠬᠠᠭᠠᠨ ᠤ ᠬᠦᠷᠢᠶᠡᠯᠡᠩ ᠦᠨ ᠨᠡᠭᠦᠷᠡᠰᠦᠬᠦᠡᠴᠢᠯ ᠦᠨ ᠨᠢᠭᠡᠳᠪᠥᠷᠢ ᠶᠢᠨ ᠴᠢᠭᠯᠡᠯ ᠦᠨ ᠰᠣᠳᠣᠯᠣᠭᠴᠢ ᠪᠡᠷ ᠲᠠᠪᠣᠨ ᠵᠢᠯ ᠠᠵᠢᠯᠯᠠᠵᠠᠢ᠃ 1995 ᠤᠨ ᠡᠴᠡ ᠰᠢᠨ᠎ᠡ ᠢᠩᠭᠡᠯᠠᠨᠳ᠋ ᠶᠡᠭᠡ ᠰᠣᠷᠭᠠᠭᠣᠯᠢ ᠶᠢᠨ ᠫᠷᠣᠹᠸᠰᠰᠣᠷ ᠢᠶᠠᠷ ᠠᠵᠢᠯᠯᠠᠪᠠ᠃ 2003 ᠤᠨ ᠡᠴᠡ ᠠᠦᠰᠲ᠋ᠷᠢᠯᠢᠶ᠎ᠠ ᠣᠯᠣᠰ ᠲᠤ ᠭᠡᠷ ᠦᠨ ᠵᠢᠭᠦᠷᠳᠡᠨ ᠦ ᠬᠠᠮᠳᠣᠷᠠᠨ ᠰᠣᠳᠣᠯᠬᠣ ᠲᠦᠪ ᠦᠨ ᠭᠣᠣᠯᠯᠠᠬᠣ ᠵᠠᠬᠢᠷᠣᠯ ᠤᠨ ᠲᠣᠰᠢᠶᠠᠯ ᠢ ᠬᠠᠷᠢᠭᠣᠴᠠᠪᠠ᠃ ᠲᠡᠷᠡ ᠪᠠᠰᠠ ᠠᠮᠸᠷᠢᠺᠠ ᠶᠢᠨ ᠬᠣᠢᠳᠣ ᠺᠠᠷᠣᠯᠢᠨᠠ ᠮᠣᠵᠢ ᠶᠢᠨ ᠶᠡᠭᠡ ᠰᠣᠷᠭᠠᠭᠣᠯᠢ ᠶᠢᠨ ᠵᠣᠴᠢᠨ ᠫᠷᠣᠹᠸᠰᠰᠣᠷ᠂ ᠠᠮᠸᠷᠢᠺᠠ ᠶᠢᠨ ᠣᠾᠢᠣ᠋ ᠮᠣᠵᠢ ᠶᠢᠨ ᠶᠡᠭᠡ ᠰᠣᠷᠭᠠᠭᠣᠯᠢ ᠶᠢᠨ ᠵᠣᠴᠢᠨ ᠫᠷᠣᠹᠸᠰᠰᠣᠷ᠂ ᠠᠩᠭ᠍ᠯᠢ ᠣᠯᠣᠰ ᠤᠨ《ᠭᠡᠷ ᠦᠨ ᠵᠢᠭᠦᠷᠳᠡᠨ ᠦ ᠰᠢᠨᠵᠢᠯᠡᠬᠦ ᠣᠬᠠᠭᠠᠨᠳᠠᠨ 》ᠰᠡᠳᠬᠦᠯ ᠦᠨ ᠲᠡᠳ᠋ ᠶᠡᠷᠥᠩᠭᠡᠢ ᠨᠠᠶᠢᠷᠠᠭᠣᠯᠣᠭᠴᠢ᠂ ᠠᠮᠸᠷᠢᠺᠠ ᠶᠢᠨ 《ᠭᠡᠷ ᠦᠨ ᠵᠢᠭᠦᠷᠳᠡᠨ ᠰᠣᠳᠣᠯᠣᠯ 》 ᠦᠨ ᠲᠡᠳ᠋ ᠶᠡᠷᠥᠩᠭᠡᠢ ᠨᠠᠶᠢᠷᠠᠭᠣᠯᠣᠭᠴᠢ᠂ ᠠᠽᠢᠶ᠎ᠠ ᠶᠢᠨ 《 ᠮᠠᠯ ᠠᠵᠣ ᠠᠬᠣᠢ ᠶᠢᠨ ᠰᠢᠨᠵᠢᠯᠡᠬᠦ ᠣᠬᠠᠭᠠᠨ 》ᠰᠡᠳᠬᠦᠯ ᠦᠨ ᠲᠡᠳ᠋ ᠶᠡᠷᠥᠩᠭᠡᠢ ᠨᠠᠶᠢᠷᠠᠭᠣᠯᠣᠭᠴᠢ ᠂ ᠲᠣᠮᠳᠠᠳᠣ ᠣᠯᠣᠰ ᠤᠨ 《ᠮᠠᠯ ᠤᠨ ᠰᠢᠮ᠎ᠡ ᠲᠡᠵᠢᠭᠡᠯ 》ᠰᠡᠳᠬᠦᠯ ᠦᠨ ᠨᠠᠶᠢᠷᠠᠭᠣᠯᠬᠣ ᠺᠣᠮᠢᠰ ᠤᠨ ᠭᠡᠰᠢᠭᠦᠨ᠂ ᠣᠯᠠᠨ ᠣᠯᠣᠰ ᠤᠨ ᠰᠢᠨᠵᠢᠯᠡᠬᠦ ᠣᠬᠠᠭᠠᠨ ᠤ ᠰᠠᠭᠣᠷᠢ ᠮᠦᠩᠬᠦᠨ ᠦ ᠵᠦᠪᠯᠡᠭᠴᠢ᠃ (ᠪᠦᠷᠢᠨ ᠠᠭᠤᠯᠭ᠎ᠠ ᠶᠢ ᠤᠩᠰᠢᠬᠤ)

ᠳᠠᠮᠳᠢᠨ ᠤ ᠰᠦᠬᠡᠪᠠᠭᠠᠲᠤᠷ
ᠳᠠᠮᠳᠢᠨ ᠤ ᠰᠦᠬᠡᠪᠠᠭᠠᠲᠤᠷ

ᠳᠠᠮᠳᠢᠨ ᠤ ᠰᠦᠬᠡᠪᠠᠭᠠᠲᠤᠷ᠂ ᠮᠣᠩᠭᠤᠯ ᠠᠷᠠᠳ ᠤᠨ ᠵᠠᠰᠠᠭ ᠲᠥᠷᠥ ᠶᠢ ᠡᠭᠦᠰᠬᠡᠨ ᠪᠠᠶᠢᠭᠤᠯᠤᠭᠴᠢ᠂ ᠴᠡᠷᠢᠭ ᠦᠨ ᠵᠠᠩᠵᠤᠨ᠂ ᠮᠣᠩᠭᠣᠯ ᠠᠷᠠᠳ ᠲᠦᠮᠡᠨ ᠦ ᠭᠠᠷᠮᠠᠭᠠᠢ ᠬᠦᠦ ᠳ᠋ᠠᠮᠳᠢᠨ ᠤ ᠰᠦᠬᠡᠪᠠᠭᠠᠲᠤᠷ 1893 ᠤᠨ ᠤ 2 ᠍ ᠳ᠋ᠤᠭᠠᠷ ᠰᠠᠷ᠎ᠠ ᠶᠢᠨ 2 ᠍ ᠳᠦ ᠲᠡᠷᠡ ᠦᠶ᠎ᠡ ᠶᠢᠨ ᠮᠠᠶᠢᠮᠠᠢ (ᠣᠳᠣ ᠶᠢᠨ ᠠᠮᠤᠭᠤᠯᠠᠩᠪᠠᠭᠠᠲᠤᠷ) ᠬᠣᠲᠠᠨ ᠳᠤ ᠶᠠᠳᠠᠭᠤ ᠠᠷᠠᠳ ᠳ᠋ᠠᠮᠳᠢᠨ ᠤ ᠭᠡᠷ ᠲᠦ ᠲᠥᠷᠦᠪᠡ᠃ ᠳ ∙ ᠰᠦᠬᠡᠪᠠᠭᠠᠲᠤᠷ ᠪᠠᠭ᠎ᠠ ᠳᠤ ᠪᠠᠨ ᠬᠠᠷᠠᠴᠤ ᠠᠷᠠᠳ ᠤᠨ ᠬᠦᠨᠳᠦ ᠪᠡᠷᠬᠡ ᠠᠮᠢᠳᠤᠷᠠᠯ ᠢ ᠪᠡᠶ᠎ᠡ ᠪᠡᠷ ᠪᠠᠨ ᠲᠤᠭᠤᠯᠤᠨ᠂ ᠪᠤᠰᠤᠳ ᠲᠤ ᠵᠠᠷᠤᠭᠳᠠᠵᠤ ᠵᠠᠬ᠎ᠠ ᠳᠡᠭᠡᠷ᠎ᠡ ᠡᠴᠡ ᠮᠢᠬ᠎ᠠ ᠡᠭᠦᠷᠡᠬᠦ᠂ ᠮᠣᠳᠣ ᠲᠦᠯᠡᠭᠡ ᠵᠥᠭᠡᠬᠦ᠂ ᠤᠯᠠᠭ᠎ᠠ ᠨᠡᠬᠡᠬᠦ ᠵᠡᠷᠭᠡ ᠠᠵᠢᠯ ᠬᠢᠵᠦ ᠠᠷᠤ ᠭᠡᠷ ᠦᠨ ᠢᠶᠡᠨ ᠶᠠᠳᠠᠭᠤ ᠠᠮᠢ ᠵᠢᠭᠤᠯᠭᠠᠨ ᠳᠤ ᠲᠤᠰᠠᠯᠠᠳᠠᠭ ᠪᠠᠶᠢᠪᠠ᠃ ᠳ ∙ ᠰᠦᠬᠡᠪᠠᠭᠠᠲᠤᠷ ᠤᠨ ᠪᠠᠯᠴᠢᠷ ᠠᠬᠤᠢ ᠳᠤ ᠠᠷᠠᠳ ᠣᠯᠠᠨ ᠤ ᠬᠡᠦᠬᠡᠳ ᠢ ᠰᠤᠷᠭᠠᠨ ᠬᠦᠮᠦᠵᠢᠭᠦᠯᠬᠦ ᠤᠯᠤᠰ ᠤᠨ ᠰᠤᠷᠭᠠᠭᠤᠯᠢ ᠪᠠᠶᠢᠭᠰᠠᠨ ᠦᠭᠡᠢ᠃ ᠡᠶᠢᠮᠦ ᠡᠴᠡ ᠳ ∙ ᠰᠦᠬᠡᠪᠠᠭᠠᠲᠤᠷ ᠪᠠᠭ᠎ᠠ ᠨᠠᠰᠤᠨ ᠳᠤ ᠪᠠᠨ ᠰᠤᠷᠭᠠᠭᠤᠯᠢ ᠳᠤ ᠰᠤᠷᠴᠤ ᠴᠢᠳᠠᠭᠰᠠᠨ ᠦᠭᠡᠢ᠃ ᠬᠠᠷᠢᠨ ᠡᠴᠢᠭᠡ ᠨᠢ ᠬᠦᠦ ᠳᠤ ᠪᠡᠨ ᠡᠷᠳᠡᠮ ᠨᠣᠮ ᠲᠠᠢ ᠬᠦᠮᠦᠨ ᠪᠣᠯᠭᠠᠬᠤ ᠶᠢ ᠬᠢᠴᠢᠶᠡᠵᠦ 1907 ᠤᠨ ᠳᠤ ᠰ ∙ ᠵᠠᠮᠢᠶᠠᠨ ᠳᠤ ᠱᠠᠪᠢ ᠣᠷᠣᠭᠤᠯᠤᠨ ᠮᠣᠩᠭᠣᠯ ᠪᠢᠴᠢᠭ᠌᠂ ᠲᠣᠭ᠎ᠠ ᠵᠢᠭᠠᠯᠭᠠᠵᠤ ᠪᠠᠶᠢᠪᠠ᠃ (ᠪᠦᠷᠢᠨ ᠠᠭᠤᠯᠭ᠎ᠠ ᠶᠢ ᠤᠩᠰᠢᠬᠤ)

ᠬᠥᠬᠡᠨᠠᠭᠤᠷ
ᠬᠥᠬᠡ ᠨᠠᠭᠤᠷ

ᠬᠥᠬᠡᠨᠠᠭᠤᠷ (ᠬᠢᠲᠠᠳ ᠢᠶᠠᠷ 青海 - ᠴᠢᠩᠬᠠᠢ᠂ ᠬᠤᠳᠤᠮ ᠮᠣᠩᠭᠣᠯ ᠢᠶᠠᠷ ᠬᠥᠬᠡᠨᠠᠭᠤᠷ᠂ ᠠᠩᠭᠯᠢ ᠪᠠᠷ Qinghai) — ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠍ ᠤᠨ ᠮᠤᠵᠢ. 721,000 км² (4/33) ᠭᠠᠵᠠᠷ ᠨᠤᠲᠤᠭ ᠲᠤ ᠨᠢ 2010  ᠳᠤ 5,626,722 ᠬᠦᠮᠦᠨ (30/33) ᠠᠮᠢᠳᠤᠷᠠᠵᠤ ᠪᠠᠶᠢᠭᠰᠠᠨ᠃[1] ᠬᠦᠮᠦᠨ ᠠᠮᠠ ᠶᠢᠨ 54% ᠍ ᠶᠢ ᠬᠢᠲᠠᠳ ᠦᠨᠳᠦᠰᠦᠲᠡᠨ᠂ 21% ᠍ ᠢ ᠲᠥᠪᠡᠳ ᠦᠨᠳᠦᠰᠦᠲᠡᠨ᠂ 16% ᠍ ᠶᠢ ᠬᠣᠲᠣᠩ ᠦᠨᠳᠦᠰᠦᠲᠡᠨ᠂ 4% - ᠮᠣᠩᠭᠣᠷ ᠶᠠᠰᠤᠲᠠᠨ᠂ ᠦᠯᠡᠳᠡᠭᠰᠡᠨ 5% ᠍ ᠢ ᠪᠤᠰᠤ ᠠᠷᠠᠳ ᠲᠦᠮᠡᠨ ᠪᠦᠷᠢᠳᠦᠭᠦᠯᠵᠦ ᠪᠠᠶᠢᠳᠠᠭ᠃ ᠮᠤᠵᠢ ᠶᠢᠨ ᠬᠦᠮᠦᠨ ᠠᠮᠠ ᠶᠢᠨ 1.8% ᠍ ᠶᠢ ᠡᠵᠡᠯᠡᠨ 2005 ᠤᠨ ᠤ ᠪᠠᠶᠢᠳᠠᠯ ᠢᠶᠠᠷ 86 ᠮᠢᠩᠭ᠎ᠠ ᠣᠷᠴᠢᠮ ᠮᠣᠩᠭᠣᠯ ᠦᠨᠳᠦᠰᠦᠲᠡᠨ ᠠᠮᠢᠳᠤᠷᠠᠵᠤ ᠪᠠᠶᠢᠭ᠎ᠠ᠃ ᠲᠡᠳᠡᠨ ᠡᠴᠡ ᠬᠢᠨᠡᠨ ᠦ ᠭᠡᠬᠦ ᠭᠤᠴᠢᠭᠠᠳ ᠮᠢᠩᠭ᠎ᠠ ᠨᠢ ᠮᠣᠩᠭᠣᠯ ᠬᠡᠯᠡ ᠪᠡᠨ ᠭᠡᠭᠡᠭᠰᠡᠨ᠂ ᠬᠥᠬᠡ ᠨᠠᠭᠤᠷ ᠍ ᠤᠨ ᠪᠠᠷᠠᠭᠤᠨ ᠲᠠᠯ᠎ᠠ᠂ ᠴᠠᠶᠢᠳᠠᠮ ᠳᠤ ᠪᠠᠶᠢᠭ᠎ᠠ (ᠳᠡᠭᠡᠳᠦ ᠮᠣᠩᠭᠣᠯᠴᠤᠳ ᠴᠤ ᠭᠡᠵᠦ ᠪᠠᠰᠠ ᠬᠡᠯᠡᠳᠡᠭ) ᠦᠯᠡᠳᠡᠭᠰᠡᠨ ᠬᠡᠰᠡᠭ ᠨᠢ ᠮᠣᠩᠭᠣᠯ ᠬᠡᠯᠡ ᠪᠡᠨ ᠭᠡᠭᠡᠭᠡ ᠦᠭᠡᠢ᠂ ᠭᠣᠣᠯᠴᠠᠭᠤ ᠮᠠᠯ ᠮᠠᠯᠯᠠᠳᠠᠭ᠃ ᠲᠥᠪ ᠨᠢ ᠰᠢᠨᠢᠩ ᠬᠣᠲᠠ᠃ (ᠪᠦᠷᠢᠨ ᠠᠭᠤᠯᠭ᠎ᠠ ᠶᠢ ᠤᠩᠰᠢᠬᠤ)

ᠺᠣᠹᠧ
ᠺᠣᠹᠧ

ᠪᠣᠷᠭᠣᠯ ᠪᠤᠶᠤ ᠺᠣᠹᠧ (ᠠᠩᠭᠯᠢ ᠪᠠᠷ Coffee᠂ ᠬᠢᠲᠠᠳ ᠶ᠋ᠢᠡᠷ 咖啡) ᠭᠡᠳᠡᠭ ᠨᠢ ᠺᠣᠹᠧᠨ ᠤ ᠪᠤᠷᠴᠠᠭ ᠢ (ᠺᠣᠹᠧᠨ ᠤ ᠮᠣᠳᠣᠨ ᠤ ᠦᠷ᠎ᠡ) ᠬᠠᠭᠤᠷᠴᠤ ᠨᠦᠳᠦᠭᠰᠡᠨ ᠨᠤᠨᠲᠠᠭ ᠲᠤ ᠪᠤᠴᠠᠯᠤᠭᠰᠠᠨ ᠤᠰᠤ᠂ ᠤᠰᠤ ᠬᠢᠵᠦ ᠨᠠᠶᠢᠷᠠᠭᠤᠯᠤᠭᠰᠠᠨ ᠬᠠᠷ᠎ᠠ ᠬᠦᠷᠢᠨ ᠥᠩᠭᠡ ᠶᠢᠨ ᠤᠮᠳᠠᠭ᠎ᠠ ᠍ ᠵᠢ ᠬᠡᠯᠡᠨ᠎ᠡ᠃ ᠺᠣᠹᠧ ᠭᠡᠳᠡᠭ ᠦᠭᠡ ᠨᠢ ᠠᠷᠠᠪ ᠬᠡᠯᠡᠨ  ᠦ kffa ᠬᠡᠮᠡᠬᠦ ᠦᠭᠡᠨ ᠡᠴᠡ ᠭᠠᠷᠤᠯᠲᠠᠢ᠃ ᠺᠣᠹᠧᠨ ᠤ ᠤᠷᠭᠤᠮᠠᠯ ᠨᠢ ᠪᠤᠲᠠᠯᠢᠭ ᠮᠣᠳᠣ ᠪᠠᠶᠢᠬᠤ ᠪᠥᠭᠡᠳ ᠡᠲ᠋ᠢᠣᠫᠣ ᠠᠴᠠ ᠭᠠᠷᠤᠯ ᠲᠠᠢ᠃ ᠭᠣᠣᠯᠳᠠᠭᠤ ᠠᠹᠷᠢᠺᠠ᠂ ᠡᠮᠦᠨᠡᠲᠦ ᠠᠮᠧᠷᠢᠺᠠ᠂ ᠲᠥᠪ ᠠᠮᠧᠷᠢᠺᠠ ᠪᠣᠯᠤᠨ ᠡᠮᠦᠨᠡᠲᠦ ᠠᠽᠢᠶ᠎ᠠ ᠳᠤ ᠤᠷᠭᠤᠳᠠᠭ ᠪᠠᠶᠢᠨ᠎ᠠ᠃ ᠬᠦᠮᠦᠨ ᠲᠥᠷᠥᠯᠬᠢᠲᠡᠨ ᠦ ᠲᠡᠦᠬᠡᠨ ᠳᠦ ᠺᠣᠹᠧ ᠭᠠᠷᠴᠤ ᠢᠷᠡᠭᠰᠡᠨ ᠨᠢ ᠠᠷᠢᠬᠢ᠂ ᠴᠠᠢ ᠲᠠᠢ ᠬᠠᠷᠢᠴᠠᠭᠤᠯᠬᠤ ᠳᠤ ᠰᠡᠭᠦᠯ ᠳᠦ ᠪᠣᠯᠪᠠᠴᠤ ᠳᠡᠯᠡᠬᠡᠢ ᠳᠠᠶᠠᠭᠠᠷ ᠬᠠᠮᠤᠭ ᠤᠨ ᠣᠯᠠᠨ ᠣᠷᠣᠨ ᠳᠤ ᠬᠦᠮᠦᠰ ᠦᠨ ᠲᠠᠯᠠᠷᠬᠠᠨ ᠤᠤᠭᠤᠳᠠᠭ ᠤᠮᠳᠠᠭ᠎ᠠ ᠪᠣᠯᠵᠠᠢ᠃ ᠶᠡᠬᠡᠪᠴᠢᠯᠡᠨ ᠬᠠᠯᠠᠭᠤᠨ ᠢᠶᠠᠷ ᠤᠤᠭᠤᠬᠤ ᠪᠠ ᠺᠣᠹᠧᠨᠳ ᠺᠣᠹᠧᠢᠨ ᠬᠡᠮᠡᠬᠦ ᠵᠥᠭᠡᠯᠡᠨ ᠰᠡᠷᠭᠦᠭᠡᠭᠴᠢ (ᠥᠳᠥᠭᠡᠭᠴᠢ) ᠪᠣᠳᠠᠰ ᠠᠭᠤᠯᠤᠭᠳᠠᠨ᠎ᠠ᠃ ᠥᠨᠥ ᠦᠶ᠎ᠡ ᠳᠦ ᠺᠣᠹᠧ ᠡᠺᠰᠫᠣᠷᠲ ᠤᠨ ᠴᠢᠬᠤᠯᠠ ᠪᠠᠷᠠᠭ᠎ᠠ ᠪᠥᠭᠡᠳ 2004 ᠡᠤᠨ ᠤ ᠪᠠᠶᠢᠳᠠᠯ ᠢᠶᠠᠷ 12 ᠣᠷᠣᠨ ᠤ ᠬᠤᠪᠢ ᠳᠤ ᠡᠺᠰᠫᠣᠷᠲ ᠤᠨ ᠲᠣᠫ ᠪᠦᠲᠦᠭᠡᠭᠳᠡᠬᠦᠨ ᠨᠢ ᠪᠣᠯᠵᠤ ᠪᠠᠶᠢᠨ᠎ᠠ᠃ (ᠪᠦᠷᠢᠨ ᠠᠭᠤᠯᠭ᠎ᠠ ᠶᠢ ᠤᠩᠰᠢᠬᠤ)

Frozen (2013)
Frozen_(2013)

ᠮᠥᠰᠦᠨ ᠰᠢᠳᠢᠲᠡᠨ ᠠᠷᠧᠨᠳᠧᠯ ᠤᠨ(Arendelle ) ᠬᠠᠭᠠᠨᠲᠤ ᠤᠯᠤᠰ ᠤᠨ ᠬᠠᠭᠠᠨ ᠬᠠᠲᠤᠨ ᠬᠣᠶᠠᠷ Elsa᠂ Anna ᠬᠡᠮᠡᠬᠦ ᠬᠣᠶᠠᠷ ᠥᠬᠢᠨ ᠲᠠᠢ ᠪᠠᠶᠢᠴᠠᠢ᠃ ᠬᠣᠶᠠᠷ ᠪᠢᠴᠢᠬᠠᠨ ᠭᠦᠩᠵᠦ ᠤᠷᠤᠬᠤ ᠵᠠᠢ ᠦᠭᠡᠢ ᠳᠣᠲᠣᠨᠣ ᠪᠠᠶᠢᠯ᠎ᠠ᠃ ᠠᠯᠤᠰ ᠬᠣᠯᠠ ᠶᠢᠨ ᠤᠯᠤᠰ ᠤᠨ ᠲᠣᠮᠣ ᠥᠬᠢᠨ Elsa ᠨᠢ ᠴᠠᠰᠤ᠂ ᠮᠥᠰᠥ ᠪᠦᠲᠦᠭᠡᠬᠦ ᠶᠡᠷᠦ ᠪᠤᠰᠤ ᠶᠢᠨ ᠴᠢᠳᠠᠪᠤᠷᠢ ᠲᠠᠢ᠃ ᠡᠭᠡᠴᠢ ᠶᠢᠨ ᠢᠶᠡᠨ ᠡᠨᠡ ᠴᠢᠳᠠᠪᠤᠷᠢ ᠶᠢ ᠮᠡᠳᠡᠳᠡᠭ ᠳᠡᠭᠦᠦ Anna ᠨᠢ ᠭᠡᠷ ᠲᠦ ᠪᠡᠨ ᠴᠠᠰᠤ ᠣᠷᠣᠭᠤᠯᠵᠤ ᠭᠤᠯᠭᠤᠵᠤ ᠲᠣᠭᠯᠠᠬᠤ ᠳᠤᠷᠠᠲᠠᠢ᠃ ᠬᠠᠷᠢᠨ ᠨᠢᠭᠡ ᠤᠳᠠᠭ᠎ᠠ Elsa ᠭᠦᠩᠵᠦ ᠳᠡᠭᠦᠦ Anna ᠍ ᠪᠠᠨ ᠰᠠᠨᠠᠭᠠᠨ ᠳᠤ ᠦᠭᠡᠢ ᠭᠡᠮᠲᠦᠭᠡᠭᠰᠡᠨ ᠡᠴᠡ ᠪᠣᠯᠵᠤ᠂ ᠮᠠᠰᠢ ᠶᠡᠬᠡ ᠭᠡᠮᠰᠢᠨ ᠦᠯᠡᠳᠡᠭᠰᠡᠨ ᠠᠮᠢᠳᠤᠷᠠᠯ ᠢᠶᠠᠨ ᠥᠷᠥᠭᠡᠨ ᠳᠦ ᠪᠡᠨ ᠭᠠᠭᠴᠠᠭᠠᠷ ᠥᠩᠭᠡᠷᠡᠭᠡᠬᠦ ᠪᠡᠷ ᠰᠢᠢᠳᠦᠨ᠎ᠡ᠃ ᠡᠭᠡᠴᠢ ᠨᠢ ᠴᠠᠰᠤ᠂ ᠮᠥᠰᠥ ᠪᠤᠢ ᠪᠣᠯᠭᠠᠬᠤ᠂ ᠬᠡᠯᠪᠡᠷᠢᠵᠢᠭᠦᠯᠬᠦ ᠣᠨᠴᠠᠭᠠᠢ ᠰᠢᠳᠢ ᠲᠡᠢ ᠪᠥᠭᠡᠳ ᠡᠨᠡ ᠨᠢ ᠳᠡᠭᠦᠦ ᠳᠦ ᠨᠢ ᠪᠣᠯᠤᠨ ᠡᠷᠭᠢᠨ ᠲᠣᠭᠣᠷᠢᠨ ᠤ ᠬᠦᠮᠦᠰ ᠲᠦ ᠣᠨᠴᠠᠭᠠᠢ ᠠᠶᠤᠯ ᠤᠴᠠᠷᠠᠭᠤᠯᠵᠤ ᠪᠣᠯᠵᠣᠰᠢ ᠦᠭᠡᠢ ᠤᠴᠢᠷ ᠡᠴᠡ ᠬᠠᠭᠠᠨ᠂ ᠬᠠᠲᠤᠨ ᠬᠣᠶᠠᠷ ᠲᠣᠮᠣ ᠣᠬᠢᠨ᠎ᠠ ᠪᠠᠨ ᠲᠤᠰᠠᠭᠠᠷᠯᠠᠨ ᠣᠷᠳᠣᠨ ᠤ ᠡᠭᠦᠳᠡ ᠶᠢ ᠲᠦᠭᠵᠢᠨ᠎ᠡ᠃ ᠬᠡᠳᠦᠨ ᠵᠢᠯ ᠦᠨ ᠳᠠᠷᠠᠭ᠎ᠠ ᠤᠤᠭᠠᠨ ᠭᠦᠩᠵᠦ ᠨᠠᠰᠤ ᠪᠡᠶ᠎ᠡ ᠳᠦ ᠬᠦᠷᠦᠨ ᠬᠠᠲᠤᠨ ᠲᠢᠲᠢᠮ ᠵᠠᠯᠭᠠᠮᠵᠢᠯᠠᠬᠤ ᠡᠳᠦᠷ ᠪᠣᠯᠵᠤ᠂ ᠶᠡᠬᠡ ᠨᠠᠶᠢᠷ ᠴᠡᠩᠭᠡᠯ ᠪᠣᠯᠵᠤ ᠪᠠᠶᠢᠬᠤ ᠵᠠᠭᠤᠷ᠎ᠠ ᠲᠡᠭᠦᠨ ᠦ ᠠᠶᠤᠮᠰᠢᠭᠲᠤ ᠰᠢᠳᠢ ᠰᠠᠨᠠᠮᠰᠠᠷ ᠦᠭᠡᠢ ᠪᠡᠷ ᠢᠯᠡᠷᠡᠵᠦ ᠠᠷᠠᠳ ᠢᠷᠭᠡᠳ ᠨᠢ ᠡᠭᠦᠨ ᠢ ᠮᠡᠳᠡᠭᠡᠳ ᠶᠡᠬᠡᠳᠡ ᠠᠶᠤᠵᠤ ᠪᠠᠯᠠᠮᠠᠭᠳᠠᠳᠠᠭ᠃ (ᠪᠦᠷᠢᠨ ᠠᠭᠤᠯᠭ᠎ᠠ ᠶᠢ ᠤᠩᠰᠢᠬᠤ)

ᠬᠠᠭᠠᠨ ᠲᠦᠷᠦ ᠶᠢᠨ ᠲᠠᠮᠠᠭ᠎ᠠ
ᠬᠠᠭᠠᠨ ᠲᠦᠷᠦ ᠶᠢᠨ ᠲᠠᠮᠠᠭ᠎ᠠ

ᠮᠣᠩᠭᠣᠯ ᠤᠨ ᠲᠤᠯᠭᠤᠷ ᠲᠦᠷᠦ ᠶᠢ ᠦᠨᠳᠦᠰᠦᠯᠡᠭᠴᠢ ᠰᠤᠤᠲᠤ ᠪᠣᠭᠳᠠ ᠡᠵᠡᠨ ᠴᠢᠩᠭᠢᠰ ᠬᠠᠭᠠᠨ ᠤ ᠲᠦᠷᠦ ᠶᠢᠨ ᠲᠠᠮᠠᠭ᠎ᠠ 17 ᠍ ᠳ᠋ᠦᠭᠡᠷ ᠵᠠᠭᠤᠨ ᠤ ᠦᠶ ᠡ ᠬᠦᠷᠲᠡᠯ᠎ᠡ ᠬᠡᠷᠡᠭᠯᠡᠭᠳᠡᠵᠦ ᠪᠠᠶᠢᠭᠰᠠᠨ ᠪᠦᠭᠡᠳ ᠴᠠᠬᠠᠷ ᠤᠨ ᠯᠢᠭᠳᠡᠨ ᠬᠠᠭᠠᠨ ᠮᠠᠨᠵᠤ ᠳᠤ ᠢᠯᠠᠭᠳᠠᠵᠤ ᠪᠡᠶ᠎ᠡ ᠪᠠᠷᠠᠬᠤ ᠪᠣᠯᠤᠮᠠᠭᠴᠠ ᠳᠠᠶᠢᠰᠤᠨ ᠤ ᠭᠠᠷ ᠲᠤ ᠣᠷᠣᠭᠤᠯᠬᠤ ᠦᠭᠡᠢ ᠍ ᠶᠢᠨ ᠲᠤᠯᠠᠳᠠ ᠠᠷᠤ᠂ ᠦᠪᠦᠷ ᠮᠣᠩᠭᠣᠯ ᠤᠨ ᠵᠡᠯᠢᠳ ᠠᠭᠤᠯᠠᠰ ᠤᠨ ᠠᠯᠢ ᠨᠢᠭᠡᠨ ᠦ ᠬᠠᠳᠠᠨ ᠬᠣᠩᠭᠢᠯ ᠳᠤ ᠡᠭᠡᠨᠡᠭᠲᠡ ᠳᠠᠯᠳᠠᠯᠠᠭᠤᠯᠤᠨ ᠨᠢᠭᠤᠯᠭᠠᠭᠰᠠᠨ ᠢ ᠰᠤᠷᠪᠤᠯᠵᠢ ᠪᠢᠴᠢᠭ ᠲᠤ ᠲᠡᠮᠳᠡᠭᠯᠡᠭᠰᠡᠨ ᠪᠠᠶᠢᠳᠠᠭ᠃ (ᠪᠦᠷᠢᠨ ᠠᠭᠤᠯᠭ᠎ᠠ ᠶᠢ ᠤᠩᠰᠢᠬᠤ)


ᠵᠥᠪᠯᠡᠯᠲᠦ ᠶᠢᠨ ᠵᠡᠪᠰᠡᠭᠲᠦ ᠬᠦᠴᠦᠨ ᠦ ᠴᠡᠷᠢᠭ ᠦᠨ ᠠᠩᠭᠢ ᠨᠤᠭᠤᠳ ᠮᠣᠩᠭᠣᠯ ᠳᠤ
ᠵᠥᠪᠯᠡᠯᠲᠦ ᠶᠢᠨ ᠵᠡᠪᠰᠡᠭᠲᠦ ᠬᠦᠴᠦᠨ ᠦ ᠴᠡᠷᠢᠭ ᠦᠨ ᠠᠩᠭᠢ ᠨᠤᠭᠤᠳ ᠮᠣᠩᠭᠣᠯ ᠳᠤ

ᠵᠥᠪᠯᠡᠯᠲᠦ ᠶᠢᠨ ᠴᠡᠷᠢᠭ ᠮᠣᠩᠭᠣᠯ ᠳᠤ-ᠲᠤᠬᠠᠢ ᠶᠢᠨ ᠦᠶ᠎ᠡ ᠳᠦ ᠨᠡᠷᠡᠯᠡᠵᠦ ᠪᠠᠶᠢᠭᠰᠠᠨ ᠵᠥᠪᠯᠡᠯᠲᠦ ᠬᠣᠯᠪᠣᠭᠠᠲᠤ ᠤᠯᠤᠰ ᠍ ᠤᠨ ᠤᠯᠠᠭᠠᠨ ᠠᠷᠮᠢ ᠪᠤᠶᠤ ᠵᠥᠪᠯᠡᠯᠲᠦ ᠶᠢᠨ ᠵᠡᠪᠰᠡᠭᠲᠦ ᠬᠦᠴᠦᠨ ᠨᠢ ᠶᠠᠩᠵᠤ ᠪᠦᠷᠢ ᠶᠢᠨ ᠴᠠᠭ ᠦᠶ᠎ᠡ ᠳᠦ ᠮᠣᠩᠭᠣᠯ ᠤᠯᠤᠰ ᠪᠣᠯᠤᠨ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠦᠨ ᠨᠤᠲᠤᠭ ᠳᠡᠪᠢᠰᠬᠡᠷ ᠲᠦ ᠪᠠᠶᠢᠷᠢᠯᠠᠵᠤ ᠪᠠᠶᠢᠭᠰᠠᠨ ᠢ ᠬᠡᠯᠡᠳᠡᠭ᠃ ᠵᠥᠪᠯᠡᠯᠲᠦ ᠶᠢᠨ ᠴᠡᠷᠢᠭ ᠨᠢ ᠮᠣᠩᠭᠣᠯ ᠤᠨ ᠨᠤᠲᠤᠭ ᠳᠡᠪᠢᠰᠬᠡᠷ ᠲᠦ 1921᠂ 1939᠂ 1945 ᠪᠠ 1967 ᠡᠤᠨ ᠨᠤᠭᠤᠳ ᠲᠤ 4 ᠤᠳᠠᠭ᠎ᠠ ᠣᠷᠣᠵᠤ ᠪᠠᠶᠢᠷᠢᠯᠠᠭᠰᠠᠨ ᠪᠠᠶᠢᠳᠠᠭ᠃ ᠡᠶᠢᠨ ᠬᠦ ᠴᠡᠷᠢᠭ ᠦᠨ ᠬᠦᠴᠦ ᠶᠢ ᠰᠢᠯᠵᠢᠭᠦᠯᠦᠨ ᠪᠠᠶᠢᠷᠢᠯᠠᠭᠤᠯᠬᠤ ᠪᠣᠯᠤᠭᠰᠠᠨ ᠨᠢ ᠮᠣᠩᠭᠣᠯ ᠤᠯᠤᠰ ᠤᠨ ᠡᠰᠡᠷᠬᠦ ᠭᠠᠳᠠᠨ᠎ᠠ ᠶᠢᠨ ᠬᠠᠯᠳᠠᠯᠭ᠎ᠠ ᠶᠢ ᠵᠣᠭᠰᠣᠭᠠᠬᠤ ᠪᠣᠯᠤᠨ ᠪᠣᠯᠵᠣᠰᠢ ᠦᠭᠡᠢ ᠳᠠᠶᠢᠰᠤᠨ ᠤ ᠡᠰᠡᠷᠬᠦ ᠵᠥᠪᠯᠡᠯᠲᠦ ᠬᠣᠯᠪᠣᠭᠠᠲᠤ ᠤᠯᠤᠰ ᠪᠣᠯᠤᠨ ᠮᠣᠩᠭᠣᠯ ᠣᠷᠣᠨ ᠢ ᠪᠠᠲᠤᠯᠠᠨ ᠬᠠᠮᠠᠭᠠᠯᠠᠬᠤ ᠵᠣᠷᠢᠯᠭ᠎ᠠ ᠲᠠᠢ ᠪᠠᠶᠢᠭᠰᠠᠨ ᠭᠡᠵᠦ ᠦᠵᠡᠳᠡᠭ ᠪᠠᠶᠢᠨ᠎ᠠ᠃ ᠮᠣᠩᠭᠣᠯ ᠳᠤ ᠪᠠᠶᠢᠷᠢᠯᠠᠭᠰᠠᠨ ᠴᠡᠷᠢᠭ ᠢ ᠬᠡᠵᠢᠶ᠎ᠡ ᠴᠤ 《ᠴᠡᠷᠢᠭ ᠦᠨ ᠪᠦᠯᠦᠭ》᠂《 ᠴᠡᠷᠢᠭ ᠦᠨ ᠪᠦᠯᠦᠭᠯᠡᠯ》 ᠭᠡᠵᠦ ᠨᠡᠷᠡᠯᠡᠨ ᠪᠦᠷᠢᠳᠦᠭᠦᠯᠵᠦ ᠪᠠᠶᠢᠭ᠎ᠠ ᠦᠭᠡᠢ ᠪᠥᠭᠡᠳ ᠤᠴᠢᠷ ᠨᠢ ᠡᠭᠦᠨ ᠢ ᠰᠢᠭᠤᠳ ᠲᠥᠪᠡᠳ ᠵᠠᠩᠵᠤᠨ ᠱᠲ᠋ᠠᠪ ᠡᠰᠡᠪᠡᠯ ᠥᠪᠥᠷ ᠪᠠᠶᠢᠭᠠᠯ  ᠦᠨ ᠴᠡᠷᠢᠭ ᠦᠨ ᠲᠣᠭᠣᠷᠢᠭ ᠲᠤ ᠬᠠᠷᠢᠶᠠᠯᠠᠭᠳᠠᠳᠠᠭ ᠪᠠᠶᠢᠭᠰᠠᠨ ᠢᠶᠠᠷ ᠢᠶᠠᠨ ᠪᠤᠰᠤᠳ ᠰᠣᠽᠢᠶᠠᠯᠢᠰᠲᠤ ᠪᠣᠯᠤᠨ ᠬᠣᠯᠪᠣᠭᠠᠲᠠᠨ ᠤᠯᠤᠰ ᠤᠳ ᠳᠡᠬᠢ ᠴᠡᠷᠢᠭ ᠡᠴᠡ ᠢᠯᠭᠠᠭ᠎ᠠ ᠲᠠᠢ᠃ (ᠪᠦᠷᠢᠨ ᠠᠭᠤᠯᠭ᠎ᠠ ᠶᠢ ᠤᠩᠰᠢᠬᠤ)

ᠰᠡᠯᠪᠢ ᠭᠣᠣᠯ
ᠰᠡᠯᠪᠢ

ᠰᠡᠯᠪᠢ ᠭᠣᠣᠯ ᠨᠢ ᠬᠡᠨᠲᠡᠢ ᠶᠢᠨ ᠨᠢᠷᠤᠭᠤᠨ ᠤ ᠤᠷᠢᠳᠤ ᠬᠡᠰᠡᠭ ᠦᠨ ᠰᠠᠯᠪᠤᠷᠢ ᠠᠭᠤᠯᠠᠯᠠᠰ ᠲᠤ ᠪᠠᠭᠠᠳᠬᠤ ᠪᠥᠭᠡᠳ ᠳᠠᠯᠠᠢ ᠶᠢᠨ ᠲᠦᠪᠰᠢᠨ ᠡᠴᠡ ᠳᠡᠭᠡᠭᠰᠢ 1510-1620 ᠮᠧᠲ᠋ᠷ ᠥᠨᠳᠥᠷ ᠲᠦ ᠣᠷᠣᠰᠢᠳᠠᠭ᠃ ᠨᠡᠶᠢᠲᠡ 342.2 km ᠺᠦᠸᠠᠳ᠋ ᠨᠤᠲᠤᠭ ᠬᠠᠮᠤᠷᠳᠠᠭ᠃ ᠡᠨᠡ ᠭᠣᠣᠯ ᠤᠨ ᠰᠠᠪᠠ ᠭᠠᠵᠠᠷ ᠲᠤ ᠤᠷᠭᠤᠮᠠᠯ ᠤᠨ ᠠᠶᠢᠮᠠᠭ ᠤᠨ 7 ᠵᠦᠢᠯ ᠮᠣᠳᠣ ᠰᠥᠭᠡᠭ᠂ 40 ᠣᠪᠤᠭ ᠤᠨ 183 ᠵᠦᠢᠯ ᠤᠷᠭᠤᠮᠠᠯ ᠲᠠᠢ᠃ ᠠᠮᠢᠲᠠᠨ ᠤ ᠠᠶᠢᠮᠠᠭ ᠤᠨ ᠲᠥᠷᠥᠯ ᠵᠦᠢᠯ ᠪᠣᠯᠬᠤ ᠵᠠᠷᠠᠭ᠎ᠠᠲᠠᠤᠯᠠᠢᠬᠡᠷᠡᠮᠦᠦᠨᠡᠭᠡ ᠬᠢᠷᠰᠠ᠂ ᠰᠠᠷᠠᠯ ᠴᠢᠨᠣ᠎ᠠ ᠴᠥᠭᠡᠨ ᠲᠣᠭ᠎ᠠ ᠲᠠᠢ ᠠᠮᠢᠳᠤᠷᠠᠵᠤ᠂ ᠵᠡᠷᠯᠢᠭ ᠭᠠᠬᠠᠢᠪᠣᠷᠣ ᠭᠥᠷ ᠡᠴᠡᠬᠠᠨᠳᠠᠭᠠᠢ᠂ ᠬᠠᠯᠢᠭᠤᠨ ᠪᠤᠭᠤᠰᠢᠯᠦᠭᠦᠰᠦ ᠭᠦᠶᠦᠳᠡᠯ ᠢᠶᠡᠷ ᠦᠵᠡᠭᠳᠡᠵᠦ᠂ ᠲᠦᠷᠢ ᠬᠤᠭᠤᠴᠠᠭ᠎ᠠ ᠪᠠᠷ ᠪᠠᠶᠢᠷᠢᠰᠢᠨ ᠠᠮᠢᠳᠤᠷᠠᠳᠠᠭ ᠪᠠᠶᠢᠨ᠎ᠠ᠃ ᠲᠡᠳᠡᠨ ᠢ ᠴᠢᠨᠠᠭᠰᠢᠳᠠ ᠨᠤᠲᠤᠭᠰᠢᠬᠤ ᠪᠦᠷᠢᠨ ᠪᠣᠯᠤᠮᠵᠢ ᠲᠠᠢ ᠭᠡᠵᠦ ᠮᠡᠷᠭᠡᠵᠢᠯᠲᠡᠨ ᠨᠦᠭᠦᠳ ᠦᠵᠡᠳᠡᠭ᠃ ᠤᠯᠠᠭᠠᠨᠪᠠᠭᠠᠲᠤᠷ ᠬᠣᠲᠠ ᠶᠢᠨ ᠬᠦᠮᠦᠨ ᠠᠮᠠ ᠶᠢᠨ ᠲᠥᠪᠯᠡᠷᠡᠯ ᠶᠡᠬᠡ ᠲᠡᠢ ᠵᠤᠰᠠᠯᠠᠩ᠂ ᠭᠡᠷ ᠬᠣᠷᠢᠶᠠᠯᠠᠯ ᠪᠦᠬᠦᠢ ᠨᠤᠲᠤᠭ ᠲᠤ ᠣᠷᠣᠰᠢᠳᠠᠭ᠃ ᠬᠣᠶᠢᠨ᠎ᠠ ᠠᠴᠠ ᠤᠷᠤᠭᠰᠢ ᠪᠠᠨ ᠨᠠᠮᠰᠠᠭᠰᠠᠨ ᠪᠠᠶᠢᠳᠠᠯ ᠲᠠᠢ ᠠᠭᠤᠯᠠᠷᠬᠠᠭ᠂ ᠭᠠᠳᠠᠷᠭᠤ ᠶᠡᠬᠡ ᠲᠡᠢ ᠤᠴᠢᠷ ᠠᠴᠠ ᠬᠥᠷᠦᠰᠦᠨ ᠦ ᠪᠣᠬᠢᠷᠳᠠᠯ ᠨᠢ ᠭᠠᠵᠠᠷ ᠤᠨ ᠳᠣᠣᠷᠠᠬᠢ ᠤᠷᠤᠰᠠᠴᠠ ᠪᠠᠷ ᠬᠣᠲᠠ ᠶᠢᠨ ᠲᠥᠪ ᠤᠷᠤᠭᠤ ᠴᠢᠭᠯᠡᠭᠰᠡᠨ ᠪᠠᠶᠢᠳᠠᠭ ᠪᠠᠶᠢᠨ᠎ᠠ᠃ (ᠪᠦᠷᠢᠨ ᠠᠭᠤᠯᠭ᠎ᠠ ᠶᠢ ᠤᠩᠰᠢᠬᠤ)

2016[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠤᠷᠪᠠᠳᠤᠭᠠᠷ ᠰᠠᠷ᠎ᠠᠳᠥᠷᠪᠡᠳᠦᠭᠡᠷ ᠰᠠᠷ᠎ᠠᠲᠠᠪᠤᠳᠤᠭᠠᠷ ᠰᠠᠷ᠎ᠠᠵᠢᠷᠭᠤᠳᠤᠭᠠᠷ ᠰᠠᠷ᠎ᠠᠳᠣᠯᠤᠳᠤᠭᠠᠷ ᠰᠠᠷ᠎ᠠᠨᠠᠢ᠍ᠮᠠᠳᠤᠭᠠᠷ ᠰᠠᠷ᠎ᠠᠶᠢᠰᠦᠳᠦᠭᠡᠷ ᠰᠠᠷ᠎ᠠᠠᠷᠪᠠᠳᠤᠭᠠᠷ ᠰᠠᠷ᠎ᠠᠠᠷᠪᠠᠳᠤᠭᠠᠷ ᠨᠢᠭᠡᠳᠦᠭᠡᠷ ᠰᠠᠷ᠎ᠠᠠᠷᠪᠠᠳᠤᠭᠠᠷ ᠬᠣᠶᠠᠳᠤᠭᠠᠷ ᠰᠠᠷ᠎ᠠ

2017[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠢᠭᠡᠳᠦᠭᠡᠷ ᠰᠠᠷ᠎ᠠᠬᠣᠶᠠᠳᠤᠭᠠᠷ ᠰᠠᠷ᠎ᠠᠭᠤᠷᠪᠠᠳᠤᠭᠠᠷ ᠰᠠᠷ᠎ᠠᠳᠥᠷᠪᠡᠳᠦᠭᠡᠷ ᠰᠠᠷ᠎ᠠᠲᠠᠪᠤᠳᠤᠭᠠᠷ ᠰᠠᠷ᠎ᠠᠵᠢᠷᠭᠤᠳᠤᠭᠠᠷ ᠰᠠᠷ᠎ᠠᠳᠣᠯᠤᠳᠤᠭᠠᠷ ᠰᠠᠷ᠎ᠠᠨᠠᠢ᠍ᠮᠠᠳᠤᠭᠠᠷ ᠰᠠᠷ᠎ᠠ ᠶᠢᠰᠦᠳᠦᠭᠡᠷ ᠰᠠᠷ᠎ᠠ

2018[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠢᠭᠡᠳᠦᠭᠡᠷ ᠰᠠᠷ᠎ᠠ
  1. ᠳᠤᠮᠳᠠᠳᠤ ᠤᠯᠤᠰ ᠤᠨ ᠬᠦᠮᠦᠨ ᠠᠮᠠ ᠶᠢᠨ 2010 ᠤᠨ ᠤ ᠤᠯᠤᠰ ᠤᠨ ᠲᠣᠭᠠᠯᠠᠯᠭ᠎ᠠ ᠶᠢᠨ ᠳ᠋ᠦᠩ

ᠪᠢᠴᠢᠭᠡᠰᠦ